2020-02-25 10:54:30
ᠤᠢᠷ᠎ᠠ᠎ᠶᠢᠨ ᠬᠤᠭᠤᠴᠠᠭᠠᠨ᠎ᠳ᠋ᠤ ᠂ ᠰᠢᠨ᠎ᠠ ᠲᠢᠳᠢᠮᠯᠢᠭ ᠠᠭᠤᠰᠬᠢᠨ ᠦᠷᠪᠢᠰᠤᠯ ᠨᠡᠢᠭᠡᠮ ᠨᠡᠢᠳᠡ᠎ᠶᠢᠨ ᠠᠡᠭᠬᠠᠷᠤᠯ᠎ᠢ ᠶᠡᠬᠡ᠎ᠪᠠᠷ ᠲᠠᠳᠠᠵᠣ ᠪᠣᠢ ᠃ ᠢᠯᠠᠡᠭᠭᠤᠶ᠎ᠠ ᠮᠡᠳᠡᠭᠡ ᠵᠠᠡᠭᠭᠢ᠎ᠶᠢᠨ ᠲᠠᠮᠵᠢᠭᠤᠯᠭ᠎ᠠ ᠲᠦᠷᠭᠡᠳᠦᠭᠰᠡᠨ ᠦᠨᠤᠳᠤᠷ ᠭᠠᠷ ᠤᠳᠠᠰᠦ ᠤᠯᠠᠨ ᠲᠦᠮᠡᠨ᠎ᠤ ᠬᠢᠵᠢᠭ᠎ᠤᠨ ᠪᠠᠢᠳᠠᠯ᠎ᠤᠨ ᠬᠠᠨᠳᠤᠰᠢ᠎ᠶᠢ ᠤᠢᠯᠠᠭᠠᠬᠤ ᠪᠦᠲᠦᠮᠵᠢᠳᠠᠢ ᠠᠷᠭ᠎ᠠ ᠵᠠᠮ ᠪᠤᠯᠵᠦ ᠂ ᠮᠡᠳᠡᠭᠡ ᠵᠠᠡᠭᠭᠢ ᠪᠦᠷᠢ᠎ᠨᠢ ᠲᠦᠭ ᠲᠦᠮᠡᠨ ᠬᠦᠮᠦᠨ ᠠᠷᠠᠳ᠎ᠤᠨ ᠰᠠᠨᠠᠭᠠᠰᠢᠷᠠᠯ ᠠᠩᠬᠠᠷᠣᠯ᠎ᠢ ᠲᠠᠳᠠᠵᠦ ᠪᠠᠢᠨ᠎ᠠ ᠃ ᠰᠤᠷᠪᠤᠯᠵᠢᠯᠠᠬᠴᠢ ᠵᠠᠷᠢᠮ ᠰᠦᠯᠵᠢᠶᠠᠨ ᠢᠷᠭᠡᠨ ᠰᠦᠯᠵᠢᠶᠠᠨ ᠲᠡᠭᠡᠷ᠎ᠠ ᠬᠤᠳᠠᠯ ᠬᠠᠭᠤᠷᠮᠠᠬ ᠮᠡᠳᠡᠭᠡ ᠵᠠᠡᠭᠭᠢ᠎ᠶᠢ ᠲᠠᠮᠵᠢᠭᠤᠯᠤᠨ ᠨᠡᠢᠳᠡᠯᠡᠭᠰᠡᠨ ᠪᠤᠶᠤ ᠴᠠᠭᠠᠰᠢᠯᠠᠨ ᠴᠤᠤᠷᠬᠠᠯ ᠵᠤᠬᠢᠶᠠᠨ ᠲᠠᠷᠬᠠᠭᠠᠵᠦ ᠨᠡᠢᠭᠡᠮ ᠨᠡᠢᠳᠡ᠎ᠳ᠋ᠤ ᠮᠠᠭᠤ ᠨᠦᠯᠦᠭᠡ ᠦᠵᠡᠭᠦᠯᠦᠭᠰᠡᠨ ᠠᠵᠢᠯᠯᠠᠭ᠎ᠠ ᠶᠠᠮᠠᠷ ᠬᠠᠣᠯᠢ ᠴᠠᠭᠠᠵᠠ ᠬᠠᠷᠢᠭᠤᠴᠠᠯᠭ᠎ᠠ ᠡᠭᠦᠷᠭᠡᠯᠡᠬᠦ ᠠᠰᠠᠭᠣᠳᠠᠯ᠎ᠤᠨ ᠲᠤᠬᠠᠢ ᠦᠪᠡᠷᠳᠡᠭᠡᠨ ᠵᠠᠰᠠᠬᠤ ᠤᠷᠤᠨ᠎ᠤ ᠬᠠᠤᠯᠢ ᠴᠠᠭᠠᠵᠠ᠎ᠶᠢᠨ ᠲᠢᠡᠭᠭᠢᠮ᠎ᠤᠨ ᠬᠠᠮᠢᠶ᠎ᠠ ᠪᠦᠬᠦᠢ ᠬᠦᠮᠦᠰ᠎ᠢ ᠰᠤᠷᠪᠤᠯᠵᠢᠯᠠᠨ ᠤᠢᠯᠠᠭᠠᠪᠠ ᠃
◤ ᠬᠡᠷᠡᠭ᠎ᠤᠨ ᠵᠢᠱᠢᠶ᠎ᠠ ◢
ᠲᠦᠷᠦᠭᠦᠦ ᠭᠡᠲᠦᠨ ᠡᠳᠦᠷ ᠪᠢᠴᠢᠯ ᠪᠦᠷᠭᠡ ᠲᠡᠭᠡᠷ᠎ᠠ ︽ ᠲᠤᠰᠠᠭᠠᠷᠯᠠᠬᠤ ᠦᠷᠦᠭᠡ ︾᠎ᠶᠢᠨ ᠵᠢᠷᠤᠭ ᠲᠠᠮᠵᠢᠭᠤᠯᠤᠬᠳᠠᠵᠦ ᠂ ᠵᠢᠷᠤᠬ ᠲᠡᠭᠡᠷ᠎ᠠ ᠡᠪᠡᠳᠴᠢᠳᠠᠨ᠎ᠤ ᠬᠤᠪᠴᠠᠰᠦ ᠡᠮᠦᠰᠦᠭᠰᠡᠨ ᠨᠢᠭᠡᠨ ᠡᠪᠡᠳᠴᠢᠳᠠᠨ ᠰᠡᠷᠭᠡᠢᠯᠡᠨ ᠬᠠᠮᠠᠭᠠᠯᠠᠬᠤ ᠦᠷᠦᠭᠡ᠎ᠶᠢᠨ ᠲᠠᠮᠨᠠᠭᠤᠷ ᠲᠡᠭᠡᠷ᠎ᠠ ᠬᠡᠪᠳᠡᠵᠦ ᠪᠠᠢᠭ᠎ᠠ ᠬᠠᠷᠠᠬᠳᠠᠨ᠎ᠠ ᠃ ᠬᠠᠵᠠᠭᠤᠳ᠋ᠤᠨᠢ ᠂ ︽ ᠲᠤᠰᠠᠭᠠᠷᠯᠠᠬᠤ ᠬᠡᠳᠡᠭ ᠴᠢᠨᠢ ᠡᠢᠮᠦ ᠪᠠᠢᠭ᠎ᠠ ᠶᠤᠮ ᠪᠠᠢᠨ᠎ᠠ ᠂ ᠪᠢ ᠨᠠᠭᠠᠳᠤ ᠵᠠᠬ᠎ᠠ᠎ᠳᠠᠭᠠᠨ 20 ᠲᠡᠭᠰᠢ ᠲᠦᠷᠪᠡᠯᠵᠢᠨ ᠮᠸᠲᠷ᠎ᠤᠨ ᠬᠡᠷ᠎ᠲᠤ ᠬᠤᠷᠢᠬᠤ ᠪᠠᠢᠬ᠎ᠠ ᠭᠡᠵᠦ ᠪᠤᠳᠤᠵᠦ ᠪᠠᠢᠬᠰᠠᠨ ᠁ ᠃ ︾ ᠪᠤᠳᠠᠳᠣ ᠪᠠᠢᠳᠠᠯ᠎ᠨᠢ ᠬᠠᠷᠢᠨ ᠡᠢᠮᠦ ᠪᠠᠢᠨ᠎ᠠ ᠄ ᠦᠨᠡᠨᠳ᠋ᠡᠭᠡᠨ ᠂ ᠡᠨᠡ ᠬᠦ ᠲᠦᠭᠦᠭᠡᠷᠦᠮᠵᠢ᠎ᠶᠢᠨ ᠲᠤᠰᠠᠭᠠᠷᠯᠠᠬᠤ ᠤᠷᠤ ᠭᠡᠳᠡᠭ ᠂ ᠬᠠᠯᠳᠠᠪᠤᠷᠢᠯᠠᠬᠤ ᠴᠢᠨᠠᠷᠳᠠᠢ ᠡᠪᠡᠳᠴᠢᠨ ᠬᠠᠯᠳᠠᠪᠤᠷᠢᠳᠤ ᠡᠪᠡᠳᠴᠢᠳᠠᠨ ᠪᠤᠶᠤ ᠰᠡᠵᠢᠭᠯᠡᠯᠳᠡᠢ ᠡᠪᠡᠳᠴᠢᠳᠡᠨ᠎ᠢ ᠰᠢᠯᠵᠢᠭᠦᠯᠦᠨ ᠵᠦᠭᠡᠭᠡᠪᠤᠷᠢᠯᠡᠭᠦ᠎ᠳ᠋ᠤ ᠬᠡᠷᠡᠭᠯᠡᠵᠦ ᠂ ᠰᠢᠯᠵᠢᠭᠦᠯᠦᠨ ᠵᠦᠭᠡᠭᠡᠪᠤᠷᠢᠯᠡᠭᠦ ᠲᠤᠮᠳᠠ ᠦᠷᠭᠦᠯᠵᠢᠯᠡᠭᠦ ᠴᠢᠨᠠᠷᠳᠠᠢ ᠬᠠᠯᠳᠠᠪᠤᠷᠢᠯᠡᠯ ᠡᠭᠦᠰᠭᠦ᠎ᠡᠴᠠ ᠵᠠᠢᠯᠠᠰᠬᠢᠵᠦ ᠴᠢᠳᠠᠨ᠎ᠠ ᠭᠡᠪᠡ ᠃ ᠲᠤᠰᠠᠭᠠᠷᠯᠠᠬᠤ ᠬᠡᠳᠡᠭ ᠴᠢᠨᠢ ᠲᠤᠰᠬᠠᠢ ᠲᠤᠰᠠᠭᠠᠷᠯᠠᠬᠤ ᠡᠪᠡᠳᠴᠢᠳᠡᠨ᠎ᠤ ᠦᠷᠦᠭᠡ ᠪᠠᠢᠭ᠎ᠠ ᠶᠤᠮ ᠪᠠᠢᠨ᠎ᠠ ᠃ ᠡᠢᠮᠦ ᠲᠤᠰᠠᠭᠠᠷᠯᠠᠬᠤ ᠲᠠᠮᠨᠠᠭᠤᠷ ᠲᠡᠭᠡᠷ᠎ᠠ ᠲᠤᠰᠠᠭᠠᠷᠯᠠᠬᠤ ᠪᠢᠰᠢ ᠪᠠᠢᠨ᠎ᠠ ᠭᠡᠵᠦ ᠦᠰᠦᠭ᠎ᠢᠶᠠᠷ ᠲᠤᠳᠤᠷᠬᠠᠢᠯᠠᠨ ᠪᠢᠴᠢᠪᠠ ᠃ ᠤᠳᠠᠯ ᠦᠭᠡᠢ ᠂ ᠬᠠᠮᠤᠭ᠎ᠤᠨ ᠠᠡᠭᠬ᠎ᠠ ᠡᠨᠡ ᠬᠦ ᠪᠢᠴᠢᠯ ᠪᠦᠷᠭᠡ᠎ᠶᠢ ᠨᠡᠢᠳᠡᠯᠡᠭᠰᠡᠨ ᠪᠦᠷᠭᠡ᠎ᠶᠢᠨ ᠡᠵᠡᠨ ᠬᠤᠳᠠᠯ ᠬᠠᠭᠤᠷᠮᠠᠭ ᠠᠭᠤᠯᠭ᠎ᠠ᠎ᠪᠠᠨ ᠬᠠᠰᠤᠬᠰᠨᠨ ᠪᠦᠭᠡᠳ ᠪᠤᠷᠤᠭᠤ᠎ᠪᠠᠨ ᠮᠡᠳᠡᠷᠡᠵᠦ ᠂ ︽ ᠨᠠᠢᠵᠨ᠎ᠶᠢᠨ ᠲᠤᠭᠤᠷᠢᠭ᠎ᠲᠠᠬᠢ ᠵᠢᠷᠤᠬ ᠲᠦᠷᠰᠦ᠎ᠶᠢ ᠬᠦᠡᠭᠭᠡᠨ ᠬᠠᠭᠤᠳᠠᠮ ᠢᠳᠡᠭᠡᠭᠰᠡᠨ᠎ᠡᠴᠠ ᠪᠤᠯᠵᠠᠢ ︾ ᠭᠡᠵᠦ ᠬᠡᠯᠡᠨ᠎ᠡ ᠃
ᠴᠤᠤᠷᠬᠠᠯ ᠵᠤᠬᠢᠶᠠᠬᠤ ᠪᠤᠶᠤ ᠲᠠᠷᠬᠠᠭᠠᠪᠠᠯ ᠶᠠᠮᠠᠷ ᠬᠠᠤᠯᠢ ᠴᠠᠭᠠᠵᠠ᠎ᠶᠢᠨ ᠬᠠᠷᠢᠭᠤᠴᠠᠯᠭ᠎ᠠ ᠡᠭᠦᠷᠭᠡᠯᠡᠭᠦ ᠪᠤᠢ ︖
︽ ᠰᠢᠨ᠎ᠠ ᠲᠢᠳᠢᠮᠯᠢᠭ ᠠᠭᠣᠰᠬᠢᠨ ᠦᠷᠪᠢᠰᠦᠯ ︾᠎ᠤᠨ ᠲᠤᠬᠠᠢ ᠬᠤᠳᠠᠯ ᠬᠠᠭᠤᠷᠮᠠᠬ ᠮᠡᠳᠡᠭᠡ ᠵᠠᠡᠭᠭᠢ ᠵᠤᠬᠢᠶᠠᠨ ᠲᠠᠮᠵᠢᠭᠤᠯᠤᠬᠰᠠᠨ ᠂ ᠨᠡᠢᠭᠡᠮ᠎ᠤᠨ ᠡᠮᠭᠢ ᠵᠢᠷᠤᠮ᠎ᠢ ᠬᠠᠷᠰᠢᠯᠠᠬᠰᠠᠨ ᠠᠵᠢᠯᠯᠠᠭ᠎ᠠ᠎ᠨᠢ ᠂ ᠡᠷᠡᠭᠦᠦ᠎ᠶᠢᠨ ᠬᠠᠤᠯᠢ᠎ᠶᠢᠨ 291 ᠳ᠋ᠤᠭᠡᠷ ᠵᠦᠢᠯᠳ᠋ᠠᠬᠢ ᠲᠤᠬᠳᠠᠭᠠᠯ᠎ᠡᠴᠠ ᠵᠦᠷᠢᠴᠡᠭᠰᠡᠨ᠎ᠢᠶᠠᠷ ᠰᠡᠵᠢᠭᠯᠡᠭᠳᠡᠵᠦ ᠂ ᠬᠤᠳᠠᠯ ᠬᠠᠭᠤᠷᠮᠠᠬ ᠮᠡᠳᠡᠭᠡ ᠵᠠᠡᠭᠭᠢ ᠵᠤᠬᠢᠶᠠᠨ ᠵᠤᠷᠢᠭᠤᠳᠠ ᠲᠠᠮᠵᠢᠭᠤᠯᠤᠬᠰᠠᠨ ᠶᠠᠯ᠎ᠠ᠎ᠶᠢ ᠪᠦᠷᠢᠯᠳᠦᠭᠦᠯᠵᠦ ᠂ ᠬᠠᠮᠤᠭ᠎ᠤᠨ ᠦᠨᠳᠤᠷᠲᠡᠭᠡᠨ 7 ᠵᠢᠯ᠎ᠤᠨ ᠬᠤᠭᠤᠴᠠᠭ᠎ᠠ᠎ᠲᠠᠢ ᠬᠤᠷᠢᠬᠤ᠎ᠪᠠᠷ ᠰᠢᠢᠳᠭᠡᠭᠳᠡᠵᠦ ᠮᠡᠳᠡᠨ᠎ᠠ ᠃ ᠶᠠᠯ᠎ᠠ ᠪᠦᠷᠢᠯᠳᠦᠭᠦᠯᠦᠭᠰᠡᠨ ᠦᠭᠡᠢ ᠪᠤᠯ ᠂ ᠠᠮᠤᠷ᠎ᠢ ᠬᠠᠮᠠᠭᠠᠯᠠᠬᠤ ᠬᠠᠮᠢᠶᠠᠷᠤᠯᠳᠠ᠎ᠶᠢᠨ ᠰᠢᠢᠳᠭᠡᠯ᠎ᠤᠨ ᠬᠠᠤᠯᠢ᠎ᠶᠢᠨ 25 ᠳ᠋ᠣᠭᠠᠷ ᠵᠦᠢᠯᠳ᠋ᠠᠬᠢ ᠲᠤᠬᠳᠠᠭᠠᠯ ᠶᠤᠰᠤᠭᠠᠷ ᠂ 5 ᠡᠳᠦᠷ᠎ᠡᠴᠠ ᠲᠡᠭᠡᠭᠰᠢ 10 ᠡᠳᠦᠷ᠎ᠡᠴᠠ ᠲᠤᠷᠤᠬᠰᠢ ᠲᠦᠷ ᠬᠤᠷᠢᠬᠣᠶᠢᠨ ᠬᠠᠮᠳᠤ 500 ᠲᠦᠭᠦᠷᠢᠭ᠎ᠡᠴᠠ ᠲᠤᠷᠤᠬᠰᠢ ᠵᠤᠭᠤᠰ᠎ᠢᠶᠠᠷ ᠲᠤᠷᠭᠠᠨ᠎ᠠ ︔ ᠦᠢᠯᠡ ᠪᠠᠢᠳᠠᠯ᠎ᠨᠢ ᠬᠦᠡᠭᠭᠡᠪᠳᠦᠷ ᠪᠤᠯ ᠂ 5 ᠡᠳᠦᠷ᠎ᠡᠴᠠ ᠲᠤᠷᠤᠬᠰᠢ ᠲᠦᠷ ᠬᠤᠷᠢᠬᠤ ᠪᠤᠶᠤ 500 ᠲᠦᠭᠦᠷᠢᠭ᠎ᠡᠴᠠ ᠲᠤᠷᠤᠬᠰᠢ ᠵᠤᠭᠤᠰ᠎ᠢᠶᠠᠷ ᠲᠤᠷᠭᠠᠨ᠎ᠠ ᠃
◤ ᠬᠠᠤᠯᠢ ᠴᠠᠭᠠᠵᠠ᠎ᠶᠢᠨ ᠦᠨᠳᠤᠰᠦᠯᠡᠯ ◢
︽ ᠠᠮᠤᠷ᠎ᠢ ᠬᠠᠮᠠᠭᠠᠯᠠᠬᠤ ᠬᠠᠮᠢᠶᠠᠷᠤᠯᠳᠠ᠎ᠶᠢᠨ ᠰᠢᠢᠳᠭᠡᠯ᠎ᠤᠨ ᠬᠠᠤᠯᠢ ︾᠎ᠶᠢᠨ 25 ᠳ᠋ᠣᠭᠠᠷ ᠵᠦᠢᠯ᠎ᠳ᠋ᠤ ᠄ ︽ ᠲᠤᠤᠷᠠᠬᠢ ᠦᠢᠯᠡ ᠪᠠᠢᠳᠠᠯ᠎ᠤᠨ ᠨᠢᠭᠡ᠎ᠨᠢ ᠪᠠᠢᠪᠠᠯ ᠂ 5 ᠡᠳᠦᠷ᠎ᠡᠴᠠ ᠲᠡᠭᠡᠭᠰᠢ 10 ᠡᠳᠦᠷ᠎ᠡᠴᠠ ᠲᠤᠷᠤᠬᠰᠢ ᠲᠦᠷ ᠬᠤᠷᠢᠬᠣᠶᠢᠨ ᠬᠠᠮᠳᠤ500 ᠲᠦᠭᠦᠷᠢᠭ᠎ᠡᠴᠠ ᠲᠤᠷᠤᠬᠰᠢ ᠵᠤᠭᠤᠰ᠎ᠢᠶᠠᠷ ᠲᠤᠷᠭᠠᠨ᠎ᠠ ︔ ᠦᠢᠯᠡ ᠪᠠᠢᠳᠠᠯ᠎ᠨᠢ ᠬᠦᠡᠭᠭᠡᠪᠳᠦᠷ ᠪᠤᠯ ᠂ 5 ᠡᠳᠦᠷ᠎ᠡᠴᠠ ᠲᠤᠷᠤᠬᠰᠢ ᠲᠦᠷ ᠬᠤᠷᠢᠬᠤ ᠪᠤᠶᠤ 500 ᠲᠦᠭᠦᠷᠢᠭ᠎ᠡᠴᠠ ᠲᠤᠷᠤᠬᠰᠢ ᠵᠤᠭᠤᠰ᠎ᠢᠶᠠᠷ ᠲᠤᠷᠭᠠᠨ᠎ᠠ ᠄
︵ ᠨᠢᠭᠡ ︶ ᠴᠤᠤᠷᠬᠠᠯ ᠲᠠᠷᠬᠠᠭᠠᠵᠦ ᠂ ᠲᠦᠭᠰᠢᠭᠦᠷᠢ᠎ᠶᠢᠨ ᠪᠠᠢᠳᠠᠯ ᠂ ᠬᠢᠵᠢᠭ᠎ᠤᠨ ᠪᠠᠢᠳᠠᠯ ᠂ ᠰᠡᠷᠡᠮᠵᠢ᠎ᠶᠢᠨ ᠪᠠᠢᠳᠠᠯ᠎ᠢ ᠬᠤᠳᠠᠯ ᠮᠡᠳᠡᠭᠦᠯᠭᠦ ᠪᠤᠶᠤ ᠪᠤᠰᠤᠳ ᠠᠷᠭ᠎ᠠ᠎ᠪᠠᠷ ᠤᠯᠠᠨ ᠨᠡᠢᠳᠡ᠎ᠶᠢᠨ ᠡᠮᠭᠢ ᠵᠢᠷᠤᠮ᠎ᠢ ᠵᠤᠷᠢᠭᠤᠳᠠ ᠰᠠᠮᠠᠭᠤᠷᠠᠭᠤᠯᠤᠬᠰᠠᠨ ︔
︵ ᠬᠤᠶᠠᠷ ︶ ᠬᠤᠳᠠᠯ ᠬᠠᠭᠤᠷᠮᠠᠬ ᠲᠡᠯᠪᠡᠷᠡᠯᠤᠨ ᠴᠢᠨᠠᠷᠳᠠᠢ ᠂ ᠬᠤᠤᠷᠳᠠᠯ᠎ᠤᠨ ᠴᠢᠨᠠᠷᠳᠠᠢ ᠂ ᠰᠠᠴᠤᠷᠠᠬ᠎ᠤᠨ ᠴᠢᠨᠠᠷᠳᠠᠢ ᠂ ᠢᠯᠵᠢᠷᠠᠯ᠎ᠤᠨ ᠴᠢᠨᠠᠷᠳᠠᠢ ᠪᠤᠳᠠᠰ ᠪᠤᠶᠤ ᠬᠠᠯᠳᠠᠪᠤᠷᠢᠳᠤ ᠡᠪᠡᠳᠴᠢᠨ᠎ᠤ ᠡᠪᠡᠳᠴᠢᠨ᠎ᠤ ᠰᠤᠷᠪᠤᠯᠵᠢ ᠵᠡᠷᠭᠡ ᠠᠶᠤᠯ᠎ᠳᠤ ᠪᠤᠳᠠᠰ ᠬᠠᠶᠠᠵᠦ ᠤᠯᠠᠨ ᠨᠡᠢᠳᠡ᠎ᠶᠢᠨ ᠡᠮᠭᠢ ᠵᠢᠷᠤᠮ᠎ᠢ ᠰᠠᠮᠠᠭᠤᠷᠠᠭᠤᠯᠤᠬᠰᠠᠨ ︔
︵ ᠭᠤᠷᠪᠠ ︶ ᠭᠠᠯ ᠲᠠᠯᠪᠢᠬᠤ ᠂ ᠲᠡᠯᠪᠡᠷᠡᠭᠦᠯᠭᠦ ᠂ ᠠᠶᠤᠯ᠎ᠳᠤ ᠪᠤᠳᠠᠰ ᠬᠠᠶᠠᠬᠤ ᠵᠡᠷᠭᠡ᠎ᠪᠠᠷ ᠶᠠᠷᠢᠵᠦ ᠤᠯᠠᠨ ᠨᠡᠢᠳᠡ᠎ᠶᠢᠨ ᠡᠮᠭᠢ ᠵᠢᠷᠤᠮ᠎ᠢ ᠰᠠᠮᠠᠭᠤᠷᠠᠭᠤᠯᠤᠬᠰᠠᠨ ᠃
︽ ᠡᠷᠡᠭᠦᠦ᠎ᠶᠢᠨ ᠬᠠᠤᠯᠢ ︾᠎ᠶᠢᠨ 291 ᠳ᠋ᠣᠭᠠᠷ ᠵᠦᠢᠯ᠎ᠤᠨ ᠲᠤᠬᠳᠠᠭᠠᠯ᠎ᠢ ᠦᠨᠳᠦᠰᠦᠯᠡᠪᠡᠯ ᠂ ᠬᠤᠳᠠᠯ ᠬᠠᠭᠤᠷᠮᠠᠬ ᠲᠦᠭᠰᠢᠭᠦᠷᠢ᠎ᠶᠢᠨ ᠪᠠᠢᠳᠠᠯ ᠂ ᠬᠢᠵᠢᠭ᠎ᠤᠨ ᠪᠠᠢᠳᠠᠯ ᠂ ᠭᠠᠮᠰᠢᠭ᠎ᠤᠨ ᠪᠠᠢᠳᠠᠯ ᠂ ᠰᠡᠷᠡᠮᠵᠢ᠎ᠶᠢᠨ ᠪᠠᠢᠳᠠᠯ᠎ᠢ ᠨᠠᠢᠷᠠᠭᠤᠯᠤᠨ ᠵᠤᠬᠢᠶᠠᠵᠦ ᠂ ᠮᠡᠳᠡᠭᠡ ᠵᠠᠡᠭᠭᠢ᠎ᠶᠢᠨ ᠰᠦᠯᠵᠢᠶ᠎ᠠ ᠪᠤᠶᠤ ᠪᠤᠰᠤᠳ ᠵᠠᠭᠤᠴᠢᠯᠠᠭᠤᠷ ᠲᠡᠭᠡᠷ᠎ᠠ ᠲᠠᠮᠵᠢᠭᠤᠯᠬᠤ ᠪᠤᠶᠤ ᠲᠡᠭᠡᠷ᠎ᠠ ᠲᠤᠷᠠᠳᠤᠬᠰᠠᠨ ᠮᠡᠳᠡᠭᠡ᠎ᠨᠢ ᠬᠤᠳᠠᠯ ᠬᠠᠭᠤᠷᠮᠠᠬ ᠭᠡᠰᠡᠨ᠎ᠢ ᠠᠨᠳᠠᠬᠤ ᠦᠭᠡᠢ ᠮᠡᠳᠡᠵᠦ ᠪᠠᠢᠳᠠᠯ᠎ᠠ᠎ᠪᠠᠨ ᠵᠤᠷᠢᠭᠤᠳᠠ ᠮᠡᠳᠡᠭᠡ ᠵᠠᠡᠭᠭᠢ᠎ᠶᠢᠨ ᠰᠦᠯᠵᠢᠶ᠎ᠠ ᠪᠤᠶᠤ ᠪᠤᠰᠤᠳ ᠵᠠᠭᠤᠴᠢᠯᠠᠭᠤᠷ ᠲᠡᠭᠡᠷ᠎ᠠ ᠲᠠᠮᠵᠢᠭᠤᠯᠵᠦ ᠂ ᠨᠡᠢᠭᠡᠮ᠎ᠤᠨ ᠡᠮᠭᠢ ᠵᠢᠷᠤᠮ᠎ᠢ ᠬᠦᠨᠳᠤ ᠨᠤᠴᠢᠳᠠᠢ ᠰᠠᠮᠠᠭᠤᠷᠠᠭᠤᠯᠤᠬᠰᠠᠨ ᠪᠤᠯ ᠂ 3 ᠵᠢᠯ᠎ᠡᠴᠠ ᠲᠤᠷᠤᠬᠰᠢ ᠬᠤᠭᠤᠴᠠᠭ᠎ᠠ᠎ᠲᠠᠢ ᠬᠤᠷᠢᠬᠤ ᠂ ᠬᠤᠷᠢᠵᠦ ᠬᠦᠳᠡᠯᠮᠦᠷᠢᠯᠡᠭᠦᠯᠭᠦ ᠪᠤᠶᠤ ᠵᠠᠬᠢᠷᠤᠨ ᠬᠠᠮᠢᠶᠠᠷᠤᠨ᠎ᠠ ︔ ᠬᠦᠨᠳᠤ ᠨᠤᠴᠢᠳᠠᠢ ᠦᠷ᠎ᠠ ᠳ᠋ᠦ᠋ᠢᠡᠭ ᠭᠠᠷᠭᠠᠬᠰᠠᠨ ᠪᠤᠯ ᠂ 3 ᠵᠢᠯ᠎ᠡᠴᠠ ᠲᠡᠭᠡᠭᠰᠢ 7 ᠵᠢᠯ᠎ᠡᠴᠠ ᠲᠤᠷᠤᠬᠰᠢ ᠬᠤᠭᠤᠴᠠᠭ᠎ᠠ᠎ᠲᠠᠢ ᠬᠤᠷᠢᠨ᠎ᠠ ᠃
◤ ᠰᠠᠨᠠᠭᠤᠯᠤᠮᠵᠢ ◢
ᠤᠳᠤᠬᠠᠨ᠎ᠤ ᠲᠦᠭ ᠲᠦᠮᠡᠨ ᠬᠦᠮᠦᠨ ᠠᠷᠠᠳ ᠬᠦᠴᠦ ᠰᠡᠳᠭᠢᠯ᠎ᠢᠶᠡᠨ ᠨᠢᠭᠡᠳᠭᠡᠨ ᠲᠦᠢᠳᠭᠡᠷ ᠬᠢᠵᠢᠭ ᠰᠢᠨ᠎ᠠ ᠲᠢᠳᠢᠮᠯᠢᠭ ᠠᠭᠣᠰᠬᠢᠨ ᠦᠷᠪᠢᠰᠦᠯ᠎ᠤᠨ ᠬᠢᠵᠢᠭ᠎ᠤᠨ ᠪᠠᠢᠳᠠᠯ᠎ᠢ ᠬᠤᠷᠢᠬᠯᠠᠨ ᠬᠢᠵᠠᠭᠠᠷᠯᠠᠵᠣ ᠪᠠᠢᠭ᠎ᠠ ᠬᠦᠨᠳᠤ ᠭᠡᠴᠡᠭᠦᠦ ᠪᠠᠢᠳᠠᠯ ᠲᠤᠤᠷ᠎ᠠ ᠂ ᠤᠯᠠᠨ᠎ᠢᠶᠠᠷ᠎ᠢᠶᠡᠨ ᠰᠢᠨᠵᠢᠯᠡᠭᠦ ᠤᠬᠠᠭᠠᠨᠴᠢ ᠤᠪᠤᠷ᠎ᠢ ᠪᠠᠷᠢᠮᠳᠠᠯᠠᠵᠦ ᠂ ᠠᠯᠪᠠᠨ᠎ᠤ ᠲᠠᠯ᠎ᠠ᠎ᠶᠢᠨ ᠠᠷᠭ᠎ᠠ ᠵᠠᠮ᠎ᠡᠴᠠ ᠦᠨᠡᠨ ᠪᠤᠳᠠᠳᠠᠢ ᠮᠡᠳᠡᠭᠡ ᠵᠠᠡᠭᠭᠢ᠎ᠶᠢ ᠤᠢᠯᠠᠭᠠᠵᠦ ᠂ ᠬᠢᠵᠢᠭ᠎ᠤᠨ ᠪᠠᠢᠳᠠᠯ᠎ᠢ ᠪᠤᠰᠤᠳᠴᠢ᠎ᠪᠠᠷ ᠲᠠᠨᠢᠵᠦ ᠂ ᠬᠢᠵᠢᠭ᠎ᠤᠨ ᠪᠠᠢᠳᠠᠯ᠎ᠢ ᠰᠢᠨᠵᠢᠯᠡᠭᠦ ᠤᠬᠠᠭᠠᠨᠴᠢ᠎ᠪᠠᠷ ᠰᠡᠷᠭᠡᠢᠯᠡᠵᠦ ᠂ ᠬᠢᠵᠢᠭ᠎ᠤᠨ ᠪᠠᠢᠳᠠᠯ᠎ᠢ ᠪᠦᠲᠦᠮᠵᠢᠳᠠᠢ ᠰᠡᠷᠭᠡᠢᠯᠡᠨ ᠬᠢᠵᠠᠭᠠᠷᠯᠠᠵᠣ ᠂ ᠦᠨᠡᠨ ᠪᠤᠰᠤ ᠮᠡᠳᠡᠭᠡ ᠵᠠᠡᠭᠭᠢ᠎ᠶᠢ ᠶᠠᠭᠠᠬᠢᠬᠰᠠᠨ ᠴᠤ ᠢᠳᠡᠭᠡᠭᠦ ᠪᠤᠶᠤ ᠲᠠᠮᠵᠢᠭᠤᠯᠵᠦ ᠪᠤᠯᠬᠤ ᠦᠭᠡᠢ ᠂ ᠨᠡᠡᠭ ᠨᠠᠢᠷᠠᠭᠤᠯᠤᠨ ᠵᠤᠬᠢᠶᠠᠬᠤ ᠪᠠ ᠨᠡᠢᠳᠡᠯᠡᠵᠦ ᠪᠤᠯᠬᠤ ᠦᠭᠡᠢ ᠃ ᠴᠤᠤᠷᠬᠠᠯ ᠵᠤᠬᠢᠶᠠᠬᠤ ᠦᠭᠡᠢ ᠂ ᠴᠤᠤᠷᠬᠠᠯ᠎ᠢ ᠢᠳᠡᠭᠡᠭᠦ ᠦᠭᠡᠢ ᠂ ᠴᠤᠤᠷᠬᠠᠯ᠎ᠢ ᠲᠠᠮᠵᠢᠭᠤᠯᠬᠤ ᠦᠭᠡᠢ ᠪᠠᠢᠬᠤ᠎ᠨᠢ ᠬᠦᠮᠦᠨ ᠨᠢᠭᠡᠪᠤᠷᠢ᠎ᠶᠢᠨ ᠬᠤᠪᠢ ᠨᠡᠮᠡᠷᠢ ᠪᠣᠯᠣᠨ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃