ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠲᠠᠢᠯᠤᠮᠵᠢ

2020-02-25 10:54:16

ᠵᠣᠬᠢᠶᠠᠭ᠍ᠴᠢ᠄ ᠰᠢᠨᠡᠪᠢᠯᠢᠭ ᠣᠩᠱᠢᠭ᠍ᠰᠠᠨ ᠣᠳᠠᠭ᠎ᠠ᠄ 3

ᠰᠢᠨ᠎ᠠ ᠲᠢᠳᠢᠮᠯᠢᠭ ᠠᠭᠤᠰᠬᠢᠨ ᠦᠷᠪᠢᠰᠦᠯ᠎ᠤᠨ ᠬᠢᠵᠢᠭ ᠦᠷᠪᠢᠰᠦᠨ ᠲᠡᠯᠬᠡᠷᠡᠵᠦ ᠂ ᠠᠷᠠᠳ ᠤᠯᠠᠨ᠎ᠤ ᠠᠮᠢ ᠨᠠᠰᠤ ᠡᠷᠡᠬᠦᠯ ᠮᠡᠨᠳᠦ᠎ᠶᠢᠨ ᠠᠮᠤᠷ ᠲᠦᠪᠰᠢᠨ᠎ᠢ ᠬᠦᠨᠳᠦ ᠨᠤᠴᠢᠳᠠᠢ ᠰᠦᠷᠳᠡᠬᠦᠯᠵᠦ ᠪᠠᠢᠭ᠎ᠠ ᠲᠦᠭᠰᠢᠬᠦᠷᠢᠳᠦ ᠡᠷᠢᠨ᠎ᠳ᠋ᠤ ᠂ ᠬᠢᠵᠢᠭ᠎ᠤᠨ ᠪᠠᠢᠳᠠᠯ᠎ᠢ ᠰᠡᠷᠬᠡᠢᠯᠡᠵᠦ ᠡᠵᠡᠮᠳᠡᠬᠦ ᠠᠵᠢᠯᠳᠠᠳ ᠡᠳᠦᠷ ᠰᠦᠨᠢ᠎ᠶᠢᠨ ᠬᠣᠪᠢᠨ᠎ᠳ᠋ᠤ ᠬᠢᠵᠢᠭ᠎ᠢ ᠰᠡᠷᠬᠡᠢᠯᠡᠨ ᠡᠵᠡᠮᠳᠡᠬᠦ ᠨᠢᠬᠡᠳᠦᠬᠡᠷ ᠹᠷᠤᠨᠲ᠎ᠲᠤ ᠭᠠᠪᠰᠢᠭᠠᠢᠯᠠᠨ ᠠᠵᠢᠯᠯᠠᠵᠤ ᠪᠠᠢᠬᠣ᠎ᠳ᠋ᠤ ᠂ ᠣᠨᠴᠠ ᠵᠠᠷᠢᠮ ᠬᠦᠮᠦᠰ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠠᠵᠢᠯ᠎ᠤᠨ ᠱᠠᠭᠠᠷᠳᠠᠯᠭ᠎ᠠ᠎ᠶᠢ ᠤᠬᠠᠮᠰᠠᠷ᠎ᠡᠴᠠ᠎ᠪᠠᠨ ᠵᠢᠷᠤᠮᠯᠠᠬᠤ ᠦᠬᠡᠢ ᠮᠦᠷᠳᠡᠬᠡᠨ ᠬᠢᠵᠢᠭ᠎ᠢ ᠰᠡᠷᠬᠡᠢᠯᠡᠨ ᠡᠵᠡᠮᠳᠡᠬᠦ ᠠᠵᠢᠯ᠎ᠳ᠋ᠤ ᠦᠯᠦ ᠬᠠᠮᠵᠢᠯᠴᠠᠵᠣ ᠂ ᠬᠢᠵᠢᠭ᠎ᠢ ᠰᠡᠷᠬᠡᠢᠯᠡᠨ ᠡᠵᠡᠮᠳᠡᠬᠦ ᠠᠵᠢᠯᠳᠠᠳ᠎ᠤᠨ ᠠᠵᠢᠯ᠎ᠢᠶᠡᠨ ᠦᠷᠨᠢᠬᠦᠯᠬᠦ᠎ᠶᠢ ᠬᠠᠷᠰᠢᠯᠠᠬᠰᠠᠨ ᠪᠠᠢᠨ᠎ᠠ ᠃ ᠲᠤᠳᠤᠭᠠᠳᠤ᠎ᠶᠢ ᠬᠠᠮᠠᠭᠠᠯᠠᠬᠤ ᠪᠠᠢᠭᠤᠯᠭ᠎ᠠ᠎ᠶᠢᠨ᠎ᠬᠢᠨ ᠬᠠᠮᠢᠶ᠎ᠠ ᠪᠦᠬᠦᠢ ᠬᠠᠤᠯᠢ ᠴᠠᠭᠠᠵᠠ᠎ᠶᠢᠨ ᠵᠦᠢᠯ ᠵᠤᠷᠪᠤᠰ᠎ᠢ ᠦᠨᠳᠦᠰᠦᠯᠡᠨ ᠴᠢᠩᠭ᠎ᠠ ᠴᠤᠬᠢᠯᠳᠠ ᠦᠭᠴᠡᠢ ᠃
ᠬᠢᠵᠢᠭ᠎ᠢ ᠰᠡᠷᠬᠡᠢᠯᠡᠨ ᠡᠵᠡᠮᠳᠡᠬᠦ ᠠᠵᠢᠯ᠎ᠳ᠋ᠤ ᠦᠯᠦ ᠬᠠᠮᠵᠢᠯᠴᠠᠬᠰᠠᠨ᠎ᠡᠴᠠ ᠪᠤᠯᠵᠤ ᠲᠦᠷ ᠬᠤᠷᠢᠬᠳᠠᠪᠠ
2 ᠰᠠᠷ᠎ᠠ᠎ᠶᠢᠨ 4᠎ᠤ ᠦᠳᠡ᠎ᠶᠢᠨ ᠬᠤᠢᠨ᠎ᠠ ᠂ ᠡᠵᠡᠨ ᠬᠤᠷᠤᠭ᠎ᠠ ᠬᠤᠰᠢᠭᠤᠨ᠎ᠤ ᠲᠤᠳᠤᠭᠠᠳᠤ᠎ᠶᠢ ᠬᠠᠮᠠᠭᠠᠯᠠᠬᠤ ᠲᠤᠪᠴᠢᠶ᠎ᠠ ︽ ᠠᠯᠳᠠᠨᠰᠢᠷᠡᠬᠡᠳᠦ ᠪᠠᠯᠭᠠᠰᠤ᠎ᠶᠢᠨ ᠨᠢᠭᠡᠨ ᠰᠠᠭᠣᠭᠠᠯᠢ ᠠᠷᠠᠳ᠎ᠤᠨ ᠲᠤᠭᠤᠷᠢᠬ᠎ᠤᠨ ᠡᠬᠦᠳᠡᠨ ᠲᠡᠭᠡᠷ᠎ᠡ 2 ᠡᠷᠡᠭᠳᠡᠢ ᠬᠡᠷᠡᠭ ᠦᠳᠦᠬᠡᠵᠦ ᠬᠢᠵᠢᠭ᠎ᠢ ᠰᠡᠷᠭᠡᠢᠯᠡᠨ ᠡᠵᠡᠮᠳᠡᠬᠦ ᠠᠵᠢᠯ᠎ᠢ ᠬᠠᠷᠰᠢᠯᠠᠵᠣ ᠪᠠᠢᠨ᠎ᠠ ︾ ᠭᠡᠰᠡᠨ ᠬᠡᠷᠡᠭ᠎ᠤᠨ ᠮᠡᠳᠡᠭᠦᠯᠦᠯᠳᠡ᠎ᠶᠢ ᠳᠣᠰᠪᠠ ᠃ ᠠᠯᠳᠠᠨᠰᠢᠷᠡᠬᠡᠳᠦ ᠪᠠᠯᠭᠠᠰᠤ᠎ᠶᠢᠨ ᠨᠢᠬᠡᠳᠦᠬᠡᠷ ᠲᠤᠮᠢᠯᠠᠬᠰᠠᠨ ᠰᠠᠯᠪᠤᠷᠢ᠎ᠶᠢᠨ ᠴᠠᠬᠳᠠᠭ᠎ᠠ ᠨᠠᠷ ᠲᠠᠷᠤᠢᠬᠠᠨ ᠲᠤᠬᠠᠢ᠎ᠶᠢᠨ ᠲᠠᠯᠠᠪᠠᠢ᠎ᠳ᠋ᠤ ᠬᠦᠷᠴᠦ ᠪᠠᠢᠴᠠᠭᠠᠬᠣ᠎ᠪᠠᠷ ᠳᠠᠮᠵᠢᠨ ᠂ ᠳᠣᠰ ᠡᠳᠦᠷ᠎ᠤᠨ 15 ᠴᠠᠬ᠎ᠤᠨ ᠠᠯᠳᠠ᠎ᠳ᠋ᠤ ᠂ ᠳᠣᠰ ᠰᠠᠭᠣᠭᠠᠯᠢ ᠠᠷᠠᠳ᠎ᠤᠨ ᠲᠤᠭᠤᠷᠢᠬ᠎ᠲᠤ ᠰᠠᠭᠤᠭ᠎ᠠ ᠪᠤᠤ ᠤᠪᠤᠬᠳᠤ ᠂ ᠵᠢᠢ ᠤᠪᠤᠬᠳᠤ ᠠᠷᠢᠬᠢ ᠤᠤᠭᠤᠭᠠᠳ ᠰᠠᠭᠣᠭᠠᠯᠢ ᠠᠷᠠᠳ᠎ᠤᠨ ᠲᠤᠭᠤᠷᠢᠬ᠎ᠤᠨ ᠡᠬᠦᠳᠡᠨ᠎ᠳ᠋ᠠᠬᠢ ᠬᠢᠵᠢᠭ᠎ᠢ ᠰᠡᠷᠬᠡᠢᠯᠡᠨ ᠡᠵᠡᠮᠳᠡᠬᠦ ᠠᠵᠢᠯᠳᠠᠳ᠎ᠤᠨ ᠪᠠᠢᠴᠠᠭᠠᠬᠣ ᠠᠵᠢᠯ᠎ᠳ᠋ᠤ ᠦᠯᠦ ᠬᠠᠮᠵᠢᠯᠴᠠᠵᠣ ᠂ ᠪᠤᠤ ᠤᠪᠤᠬᠳᠤ᠎ᠨᠢ ᠪᠠᠰᠠ ᠵᠢᠵᠢᠭᠦᠷᠯᠡᠵᠦ ᠪᠠᠢᠭᠰᠠᠨ ᠠᠵᠢᠯᠳᠠᠨ᠎ᠢ ᠲᠦᠯᠬᠢᠵᠦ ᠳᠠᠳᠠᠭᠰᠠᠨ ᠪᠦᠬᠡᠳ ᠴᠣᠬᠢᠨ ᠵᠤᠳᠤᠭᠰᠠᠨ᠎ᠢ ᠪᠠᠢᠴᠠᠭᠠᠨ ᠳᠣᠳᠣᠯᠠᠪᠠ ᠃
︽ ᠪᠦᠬᠦᠳᠡ ᠨᠠᠢᠷᠠᠮᠳᠠᠬᠤ ᠲᠤᠮᠳᠠᠳᠤ ᠠᠷᠠᠳ ᠤᠯᠤᠰ᠎ᠤᠨ ᠠᠮᠤᠷ᠎ᠢ ᠬᠠᠮᠠᠭᠠᠯᠠᠬᠤ ᠬᠠᠮᠢᠶᠠᠷᠤᠯᠳᠠ᠎ᠶᠢᠨ ᠰᠢᠢᠳᠭᠡᠯ᠎ᠤᠨ ᠬᠠᠤᠯᠢ ︾᠎ᠶᠢᠨ ᠬᠠᠮᠢᠶ᠎ᠠ ᠪᠦᠬᠦᠢ ᠲᠤᠬᠳᠠᠭᠠᠯ᠎ᠢ ᠦᠨᠳᠦᠰᠦᠯᠡᠪᠡᠯ ᠂ ᠪᠤᠤ ᠤᠪᠤᠬᠳᠤ᠎ᠶᠢᠨ ᠠᠵᠢᠯᠯᠠᠭ᠎ᠠ᠎ᠨᠢ ᠠᠷᠠᠳ᠎ᠤᠨ ᠵᠠᠰᠠᠬ᠎ᠤᠨ ᠤᠷᠳᠤᠨ᠎ᠤ ᠪᠠᠴᠢᠮ ᠪᠠᠢᠳᠠᠯ ᠲᠤᠤᠷ᠎ᠠ ᠬᠠᠤᠯᠢ ᠶᠤᠰᠤᠭᠠᠷ ᠨᠡᠢᠳᠡᠯᠡᠭᠰᠡᠨ ᠲᠤᠬᠳᠠᠭᠠᠯ ᠂ ᠵᠠᠷᠯᠢᠬ᠎ᠢ ᠬᠡᠷᠡᠭᠵᠢᠬᠦᠯᠬᠦ᠎ᠶᠢ ᠲᠡᠪᠴᠢᠭᠰᠡᠨ ᠪᠠ ᠪᠤᠰᠤᠳ᠎ᠢ ᠴᠤᠬᠢᠬᠰᠠᠨ ᠶᠠᠯᠠᠳᠣ ᠠᠵᠢᠯᠯᠠᠭ᠎ᠠ᠎ᠶᠢ ᠪᠦᠷᠢᠯᠳᠦᠭᠦᠯᠪᠡ ᠃ ᠡᠵᠡᠨ ᠬᠤᠷᠤᠭ᠎ᠠ ᠬᠤᠰᠢᠭᠤᠨ᠎ᠤ ᠲᠤᠳᠤᠭᠠᠳᠤ᠎ᠶᠢ ᠬᠠᠮᠠᠭᠠᠯᠠᠬᠤ ᠲᠤᠪᠴᠢᠶ᠎ᠠ ᠪᠤᠤ ᠤᠪᠤᠬᠳᠤ᠎ᠶᠢ ᠬᠠᠤᠯᠢ ᠶᠤᠰᠤᠭᠠᠷ 14 ᠡᠳᠦᠷ ᠵᠠᠰᠠᠬ ᠵᠠᠬᠢᠷᠭᠠᠨ᠎ᠤ ᠬᠡᠷᠡᠭ᠎ᠢᠶᠠᠷ ᠲᠦᠷ ᠬᠤᠷᠢᠬᠤ᠎ᠪᠠᠷ ᠰᠢᠢᠳᠬᠡᠵᠡᠢ ᠃ ᠵᠢᠢ ᠤᠪᠤᠬᠳᠤ᠎ᠶᠢᠨ ᠠᠵᠢᠯᠯᠠᠭ᠎ᠠ᠎ᠨᠢ ᠠᠷᠠᠳ᠎ᠤᠨ ᠵᠠᠰᠠᠬ᠎ᠤᠨ ᠤᠷᠳᠤᠨ᠎ᠤ ᠪᠠᠴᠢᠮ ᠪᠠᠢᠳᠠᠯ ᠲᠤᠤᠷ᠎ᠠ ᠬᠠᠤᠯᠢ ᠶᠤᠰᠤᠭᠠᠷ ᠨᠡᠢᠳᠡᠯᠡᠭᠰᠡᠨ ᠲᠤᠬᠳᠠᠭᠠᠯ ᠂ ᠵᠠᠷᠯᠢᠬ᠎ᠢ ᠬᠡᠷᠡᠭᠵᠢᠬᠦᠯᠬᠦ᠎ᠶᠢ ᠲᠡᠪᠴᠢᠭᠰᠡᠨ ᠠᠵᠢᠯᠯᠠᠭ᠎ᠠ᠎ᠶᠢ ᠪᠦᠷᠢᠯᠳᠦᠭᠦᠯᠵᠦ ᠂ ᠡᠵᠡᠨ ᠬᠤᠷᠤᠭ᠎ᠠ ᠬᠤᠰᠢᠭᠤᠨ᠎ᠤ ᠲᠤᠳᠤᠭᠠᠳᠤ᠎ᠶᠢ ᠬᠠᠮᠠᠭᠠᠯᠠᠬᠤ ᠲᠤᠪᠴᠢᠶ᠎ᠠ ᠬᠠᠤᠯᠢ ᠶᠤᠰᠤᠭᠠᠷ ᠵᠢᠢ ᠤᠪᠤᠬᠳᠤ᠎ᠶᠢ 5 ᠡᠳᠦᠷ ᠵᠠᠰᠠᠬ ᠵᠠᠬᠢᠷᠭᠠᠨ᠎ᠤ ᠬᠡᠷᠡᠭ᠎ᠢᠶᠠᠷ ᠲᠦᠷ ᠬᠤᠷᠢᠪᠠ ᠃
ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠤ ᠲᠠᠩᠰᠠᠯᠠᠭᠤᠯᠬᠤ᠎ᠶᠢ ᠲᠡᠪᠴᠢᠬᠡᠳ ᠲᠤᠷᠭᠠᠬᠳᠠᠪᠠ
2 ᠰᠠᠷ᠎ᠠ᠎ᠶᠢᠨ 5᠎ᠤ ᠡᠳᠦᠷ᠎ᠤᠨ 8 ᠴᠠᠬ᠎ᠤᠨ ᠦᠶ᠎ᠡ᠎ᠪᠠᠷ ᠂ ᠦᠦᠰᠢᠨ ᠬᠤᠰᠢᠭᠤᠨ᠎ᠤ ᠲᠤᠳᠤᠭᠠᠳᠤ᠎ᠶᠢ ᠬᠠᠮᠠᠭᠠᠯᠠᠬᠤ ᠲᠤᠪᠴᠢᠶ᠎ᠠ᠎ᠶᠢᠨ ᠭᠠᠯᠠᠭᠤᠳᠤ ᠬᠤᠶᠠᠳᠤᠭᠠᠷ ᠲᠤᠮᠢᠯᠠᠬᠰᠠᠨ ᠰᠠᠯᠪᠤᠷᠢ ᠳᠣᠪᠴᠢᠶ᠎ᠠ᠎ᠶᠢᠨ᠎ᠢᠶᠡᠨ ᠵᠢᠯᠤᠭᠤᠳᠬᠤ ᠲᠦᠪ᠎ᠤᠨ ︽ ᠭᠠᠯᠠᠭᠤᠳᠤ ᠪᠠᠯᠭᠠᠰᠤᠨ᠎ᠤ ᠴᠠᠬᠢᠯᠭᠠᠨ ᠬᠦᠴᠦᠨ᠎ᠤ ᠰᠠᠭᠣᠭᠠᠯᠢ ᠠᠷᠠᠳ᠎ᠤᠨ ᠲᠤᠭᠤᠷᠢᠬ᠎ᠤᠨ ᠡᠬᠦᠳᠡᠨ᠎ᠳ᠋ᠤ ᠵᠠᠷᠢᠮ ᠬᠦᠮᠦᠨ ᠬᠡᠷᠡᠭ ᠦᠳᠦᠬᠡᠨ ᠲᠠᠩᠰᠠᠯᠠᠭᠤᠯᠬᠤ ᠦᠬᠡᠢ ᠪᠠᠢᠨ᠎ᠠ ︾ ᠭᠡᠰᠡᠨ ᠴᠠᠭᠳᠠᠭ᠎ᠠ ᠳᠣᠮᠢᠯᠠᠬᠣ ᠵᠠᠷᠯᠢᠭ᠎ᠢ ᠳᠣᠰᠪᠠ ᠃ ᠳᠣᠰ ᠰᠠᠯᠪᠤᠷᠢ᠎ᠶᠢᠨ᠎ᠬᠢᠨ ᠲᠠᠷᠤᠢ ᠲᠦᠷᠬᠡᠨ ᠲᠤᠬᠠᠢ᠎ᠶᠢᠨ ᠲᠠᠯᠠᠪᠠᠢ᠎ᠳ᠋ᠤ ᠬᠦᠷᠴᠦ ᠪᠠᠢᠴᠠᠭᠠᠵᠣ ᠬᠡᠷᠡᠴᠢ ᠠᠪᠬᠤ᠎ᠪᠠᠷ ᠳᠠᠮᠵᠢᠨ ᠂ 2 ᠰᠠᠷ᠎ᠠ᠎ᠶᠢᠨ 5᠎ᠤ 8 ᠴᠠᠬ᠎ᠤᠨ ᠦᠶ᠎ᠡ᠎ᠪᠠᠷ ᠂ ᠲᠢᠶᠠᠨ ᠤᠪᠤᠬᠳᠤ ᠲᠡᠷᠬᠡ ᠵᠢᠯᠤᠭᠤᠳᠤᠨ ᠭᠠᠯᠠᠭᠤᠳᠤ ᠪᠠᠯᠭᠠᠰᠤᠨ᠎ᠤ ᠴᠠᠬᠢᠯᠭᠠᠨ ᠬᠦᠴᠦᠨ᠎ᠤ ᠰᠠᠭᠣᠭᠠᠯᠢ ᠠᠷᠠᠳ᠎ᠤᠨ ᠲᠤᠭᠤᠷᠢᠬ᠎ᠤᠨ ᠡᠬᠦᠳᠡᠨ᠎ᠳ᠋ᠠᠬᠢ ᠬᠢᠵᠢᠭ᠎ᠢ ᠰᠡᠷᠬᠡᠢᠯᠡᠬᠦ ᠬᠢᠨᠠᠨ ᠬᠡᠮᠵᠢᠬᠦ ᠴᠡᠭ᠎ᠲᠤ ᠬᠦᠷᠴᠦ ᠂ ᠰᠠᠭᠣᠭᠠᠯᠢ ᠠᠷᠠᠳ᠎ᠤᠨ ᠳᠣᠭᠣᠷᠢᠭ᠎ᠲᠤ ᠣᠷᠣᠬᠣ᠎ᠪᠠᠷ ᠲᠠᠩᠰᠠᠯᠠᠭᠤᠯᠬᠤ ᠦᠶ᠎ᠡ᠎ᠳ᠋ᠡᠭᠡᠨ ᠂ ᠠᠵᠢᠯᠳᠠᠳ᠎ᠲᠠᠢ ᠬᠡᠷᠡᠭᠦᠯ ᠪᠣᠯᠵᠣ ᠂ ᠦᠨᠡᠨ ᠪᠤᠳᠠᠳᠠᠢ ᠮᠡᠳᠡᠬᠡ ᠵᠠᠩᠬᠢ᠎ᠪᠠᠨ ᠬᠠᠩᠭᠠᠨ ᠲᠠᠩᠰᠠᠯᠠᠭᠤᠯᠣᠭᠰᠠᠨ ᠦᠬᠡᠢ ᠮᠦᠷᠳᠡᠬᠡᠨ ᠪᠡᠶ᠎ᠡ᠎ᠶᠢᠨ ᠬᠠᠯᠠᠭᠣᠨ᠎ᠢᠶᠡᠨ ᠬᠡᠮᠵᠢᠬᠦᠯᠬᠦ᠎ᠶᠢ ᠲᠡᠪᠴᠢᠵᠦ ᠂ ︽ ᠤᠷᠳᠤᠰ ᠬᠤᠳᠠ᠎ᠶᠢᠨ ᠰᠢᠨ᠎ᠡ ᠲᠢᠳᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠵᠢᠯᠤᠭᠤᠳᠬᠤ ᠬᠡᠯᠳᠡᠰ᠎ᠤᠨ 4 ᠲᠤᠭᠠᠳᠤ ᠵᠠᠷᠯᠢᠬ ︾᠎ᠤᠨ ᠬᠠᠮᠢᠶ᠎ᠠ ᠪᠦᠬᠦᠢ ᠲᠤᠬᠳᠠᠭᠠᠯ᠎ᠢ ᠬᠡᠷᠡᠭᠵᠢᠬᠦᠯᠬᠦ᠎ᠶᠢ ᠲᠡᠪᠴᠢᠭᠰᠡᠨ᠎ᠢ ᠳᠣᠳᠣᠯᠠᠪᠠ ᠃ ᠲᠢᠶᠠᠨ ᠤᠪᠤᠬᠳᠤ᠎ᠶᠢᠨ ᠠᠵᠢᠯᠯᠠᠭ᠎ᠠ᠎ᠨᠢ ᠨᠢᠬᠡᠨᠳᠡ ︽ ᠪᠦᠬᠦᠳᠡ ᠨᠠᠢᠷᠠᠮᠳᠠᠬᠤ ᠲᠤᠮᠳᠠᠳᠤ ᠠᠷᠠᠳ ᠤᠯᠤᠰ᠎ᠤᠨ ᠠᠮᠤᠷ᠎ᠢ ᠬᠠᠮᠠᠭᠠᠯᠠᠬᠤ ᠬᠠᠮᠢᠶᠠᠷᠤᠯᠳᠠ᠎ᠶᠢᠨ ᠰᠢᠢᠳᠭᠡᠯ᠎ᠤᠨ ᠬᠠᠤᠯᠢ ︾᠎ᠶᠢᠨ ᠲᠠᠪᠢᠳᠤᠭᠠᠷ ᠵᠦᠢᠯ᠎ᠳ᠋ᠠᠬᠢ ᠳᠣᠭᠳᠠᠭᠠᠯ᠎ᠢ ᠵᠦᠷᠢᠴᠡᠵᠦ ᠂ ᠪᠠᠴᠢᠮ ᠪᠠᠢᠳᠠᠯ ᠲᠤᠤᠷᠠᠬᠢ ᠲᠤᠬᠳᠠᠭᠠᠯ ᠂ ᠵᠠᠷᠯᠢᠬ᠎ᠢ ᠬᠡᠷᠡᠭᠵᠢᠬᠦᠯᠬᠦ᠎ᠶᠢ ᠲᠡᠪᠴᠢᠭᠰᠡᠨ ᠪᠣᠯᠬᠣᠷ ᠂ ᠦᠦᠰᠢᠨ ᠬᠤᠰᠢᠭᠤᠨ᠎ᠤ ᠲᠤᠳᠤᠭᠠᠳᠤ᠎ᠶᠢ ᠬᠠᠮᠠᠭᠠᠯᠠᠬᠤ ᠲᠤᠪᠴᠢᠶ᠎ᠠ᠎ᠶᠢᠨ ᠭᠠᠯᠠᠭᠤᠳᠤ ᠬᠤᠶᠠᠳᠤᠭᠠᠷ ᠲᠤᠮᠢᠯᠠᠬᠰᠠᠨ ᠰᠠᠯᠪᠤᠷᠢ ᠬᠠᠤᠯᠢ ᠶᠤᠰᠤᠭᠠᠷ ᠲᠢᠶᠠᠨ ᠤᠪᠤᠬᠳᠤ᠎ᠳ᠋ᠤ 200 ᠲᠦᠬᠦᠷᠢᠭ᠎ᠢᠶᠠᠷ ᠲᠤᠷᠭᠠᠬᠤ ᠵᠠᠰᠠᠬ ᠵᠠᠬᠢᠷᠭᠠᠨ᠎ᠤ ᠰᠢᠢᠳᠬᠡᠯ ᠦᠭᠴᠡᠢ ᠃
︽ ᠰᠦᠷᠳᠡᠢ ᠠᠬ᠎ᠠ ︾ ᠫᠠᠷᠠᠳᠣ᠋᠎ᠪᠠᠷ ᠬᠠᠷᠠᠭᠤᠯ᠎ᠢ ᠲᠠᠭᠠᠷᠢᠭᠠᠳ ᠡᠷᠡᠬᠦᠦ᠎ᠶᠢᠨ ᠬᠡᠷᠡᠭ᠎ᠢᠶᠠᠷ ᠲᠦᠷ ᠬᠤᠷᠢᠬᠳᠠᠪᠠ
2 ᠰᠠᠷ᠎ᠠ᠎ᠶᠢᠨ 3᠎ᠤ ᠤᠷᠤᠢ ᠂ ︽ ᠨᠢᠬᠡᠨ ᠲᠤᠶᠤᠲ᠋ᠠ ᠬᠡᠬᠡᠷᠡᠯᠡᠨ ᠳᠠᠪᠬᠢᠬᠣ ᠮᠠᠰᠢᠨ ᠵᠢᠯᠤᠭᠤᠳᠴᠤ ᠰᠢᠳᠠᠮ ᠪᠦᠮᠪᠦᠬᠡ᠎ᠶᠢᠨ ᠮᠠᠯᠠᠭᠠᠢ ᠵᠡᠭᠦᠭᠰᠡᠨ ᠡᠷᠡᠭᠳᠡᠢ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠪᠠᠢᠴᠠᠭᠠᠯᠳᠠ᠎ᠶᠢᠨ ᠴᠡᠭ᠎ᠢᠶᠠᠷ ᠦᠩᠬᠡᠷᠡᠬᠦ ᠦᠶᠡᠰ ᠂ ᠠᠵᠢᠯᠳᠠᠳ᠎ᠤᠨ ᠪᠠᠢᠴᠠᠭᠠᠬᠣ᠎ᠳ᠋ᠤ ᠬᠠᠮᠵᠢᠯᠴᠠᠬᠤ᠎ᠶᠢ ᠲᠡᠪᠴᠢᠭᠰᠡᠨ ᠪᠦᠬᠡᠳ ᠠᠵᠢᠯᠳᠠᠳ᠎ᠢ ᠭᠤᠳᠤᠭᠠᠨ ᠬᠠᠷᠢᠶᠠᠵᠤ ᠂ ᠤᠯᠠᠨ ᠬᠦᠮᠦᠰ ᠲᠤᠭᠤᠷᠢᠨ ᠦᠵᠡᠵᠦ ᠂ ᠬᠢᠵᠢᠭ᠎ᠤᠨ ᠪᠠᠢᠳᠠᠯ᠎ᠢ ᠰᠡᠷᠬᠡᠢᠯᠡᠵᠦ ᠡᠵᠡᠮᠳᠡᠬᠦ ᠠᠵᠢᠯ᠎ᠢ ᠬᠦᠨᠳᠦ ᠨᠤᠴᠢᠳᠠᠢ ᠨᠦᠯᠦᠬᠡᠯᠡᠵᠦ ᠂ ᠠᠷᠠᠳ ᠤᠯᠠᠨ᠎ᠤ ᠠᠮᠢ ᠨᠠᠰᠤ ᠡᠳ᠋ ᠬᠦᠷᠦᠩᠬᠡ᠎ᠶᠢᠨ ᠠᠮᠣᠷ ᠲᠦᠪᠰᠢᠨ᠎ᠳ᠋ᠤ ᠲᠤᠢᠯ᠎ᠤᠨ ᠶᠡᠬᠡ ᠬᠡᠮ ᠰᠤᠭᠤᠬ ᠠᠪᠴᠢᠷᠠᠭᠰᠠᠨ ︾ ᠪᠢᠴᠢᠯ ᠸᠢᠳᠢᠣ᠋ ᠨᠠᠢᠵᠨ᠎ᠶᠢᠨ ᠲᠤᠭᠤᠷᠢᠬ᠎ᠢᠶᠠᠷ ᠲᠠᠮᠵᠢᠬᠳᠠᠪᠠ ᠃
ᠬᠡᠷᠡᠭ ᠡᠬᠦᠰᠦᠭᠰᠨᠨ᠎ᠤ ᠲᠠᠷᠠᠭ᠎ᠠ ᠂ ᠲᠦᠮᠡᠳ ᠪᠠᠷᠠᠭᠤᠨ ᠬᠤᠰᠢᠭᠤ᠎ᠶᠢᠨ ᠲᠤᠳᠤᠭᠠᠳᠤ᠎ᠶᠢ ᠬᠠᠮᠠᠭᠠᠯᠠᠬᠤ ᠲᠤᠪᠴᠢᠶ᠎ᠠ ᠲᠡᠭᠡᠳᠦ ᠬᠡᠮᠵᠢᠶ᠎ᠡ᠎ᠪᠠᠷ ᠬᠦᠨᠳᠦᠳᠭᠡᠵᠦ ᠂ ᠲᠠᠷᠤᠢᠬᠠᠨ ᠬᠠᠷᠢᠶ᠎ᠠ ᠲᠤᠭᠤᠷᠢᠬ᠎ᠤᠨ ᠬᠢᠨᠢ ᠲᠤᠮᠢᠯᠠᠬᠰᠠᠨ ᠰᠠᠯᠪᠤᠷᠢ᠎ᠶᠢ ᠰᠦᠨᠢ᠎ᠪᠠᠷ ᠲᠤᠰ ᠬᠡᠷᠡᠭ᠎ᠢ ᠪᠠᠢᠴᠠᠭᠠᠨ ᠰᠢᠢᠳᠪᠦᠷᠢᠯᠡᠬᠦ᠎ᠶᠢ ᠱᠠᠭᠠᠷᠳᠠᠪᠠ ᠃ ᠪᠠᠢᠴᠠᠭᠠᠨ ᠳᠣᠳᠣᠯᠠᠭᠰᠠᠨ᠎ᠢᠶᠠᠷ ᠂ ᠲᠤᠶᠤᠲ᠋ᠠ ᠲᠡᠷᠬᠡ᠎ᠶᠢᠨ ᠵᠢᠯᠤᠭᠤᠴᠢ ᠵᠤᠤ ᠤᠪᠤᠬᠳᠤ ᠷᠸᠨ ᠤᠪᠤᠬᠳᠤ ᠠᠪᠠᠬᠠᠢ᠎ᠶᠢ ᠬᠦᠷᠬᠡᠨ ᠦᠭᠬᠦ᠎ᠪᠠᠷ ᠵᠢᠶᠠᠩ ᠵᠢᠶᠦ᠋ᠨ ᠷᠤᠤ ᠪᠠᠯᠭᠠᠰᠤᠨ᠎ᠤ ᠡᠾᠸᠦ ᠬᠤᠸᠠᠩ ᠳ᠋ᠢ ᠲᠤᠰᠬᠤᠨ᠎ᠳ᠋ᠤ ᠬᠦᠷᠦᠭᠡᠳ ᠲᠤᠰᠬᠤᠨ᠎ᠤ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠪᠠᠢᠴᠠᠭᠠᠬᠤ ᠴᠡᠭ᠎ᠢᠶᠠᠷ ᠦᠩᠬᠡᠷᠡᠬᠦ ᠦᠶ᠎ᠡ᠎ᠳ᠋ᠤ ᠂ ᠠᠵᠢᠯᠳᠠᠳ ᠲᠠᠩᠰᠠᠯᠠᠨ ᠪᠠᠢᠴᠠᠭᠠᠬᠤ ᠶᠠᠪᠤᠴᠠ᠎ᠳᠠᠭᠠᠨ ᠵᠤᠤ ᠤᠪᠤᠬᠳᠤ ᠵᠢᠶᠠᠩ ᠵᠢᠶᠦ᠋ᠨ ᠷᠤᠤ ᠪᠠᠯᠭᠠᠰᠤ᠎ᠶᠢᠨ ᠡᠷᠦᠬᠡ ᠠᠮᠠ᠎ᠲᠠᠢ ᠪᠡᠶ᠎ᠡ᠎ᠶᠢᠨ ᠦᠨᠡᠮᠯᠡᠯ ᠦᠬᠡᠢ᠎ᠶᠢ ᠮᠡᠳᠡᠬᠡᠳ ᠬᠠᠰᠢᠨ ᠬᠤᠷᠢᠬᠯᠠᠵᠣ ᠢᠳᠬᠠᠨ ᠪᠤᠴᠠᠭᠠᠵᠠᠢ ᠂ ᠵᠤᠤ ᠤᠪᠤᠬᠳᠤ ᠪᠠ ᠷᠸᠨ ᠤᠪᠤᠬᠳᠤ ᠬᠤᠷᠤᠰᠤᠯ᠎ᠢᠶᠡᠨ ᠭᠠᠷᠭᠠᠬᠤ᠎ᠶᠢᠨ ᠲᠤᠯᠠᠳᠠ ᠨᠢᠬᠡᠳᠦᠬᠡᠷ ᠹᠷᠤᠨᠲ᠎ᠤᠨ ᠬᠢᠵᠢᠭ᠎ᠢ ᠰᠡᠷᠬᠡᠢᠯᠡᠬᠦ ᠠᠵᠢᠯᠳᠠᠳ᠎ᠢ ᠤᠯᠠᠨᠳᠠ ᠲᠤᠷᠤᠮᠵᠢᠯᠠᠨ ᠬᠠᠷᠢᠶᠠᠵᠤ ᠲᠠᠳᠠᠵᠤ ᠴᠢᠩᠭᠠᠭᠠᠵᠤ ᠂ ᠳᠣᠩ ᠮᠠᠭᠤ ᠨᠦᠯᠦᠬᠡ ᠭᠠᠷᠭᠠᠵᠠᠢ ᠃ ᠤᠳᠤᠬᠠᠨ᠎ᠳ᠋ᠤ ᠂ ᠵᠤᠤ ᠤᠪᠤᠬᠳᠤ᠎ᠶᠢ ᠠᠯᠪᠠᠨ ᠠᠵᠢᠯ᠎ᠢ ᠬᠠᠷᠰᠢᠯᠠᠬᠰᠠᠨ ᠶᠠᠯ᠎ᠠ᠎ᠪᠠᠷ ᠬᠠᠤᠯᠢ ᠶᠤᠰᠤᠭᠠᠷ ᠡᠷᠡᠬᠦᠦ᠎ᠶᠢᠨ ᠬᠡᠷᠡᠭ᠎ᠢᠶᠠᠷ ᠲᠦᠷ ᠬᠤᠷᠢᠵᠣ ᠪᠣᠢ ᠃ ᠷᠸᠨ ᠤᠪᠤᠬᠳᠤ ᠴᠦ ᠠᠵᠢᠯᠳᠠᠳ᠎ᠤᠨ ᠲᠤᠰᠢᠶᠠᠯ᠎ᠢᠶᠠᠷ ᠬᠦᠢᠴᠡᠳᠬᠡᠬᠦ᠎ᠶᠢ ᠬᠠᠷᠰᠢᠯᠠᠭᠠᠳ 10 ᠡᠳᠦᠷ ᠵᠠᠰᠠᠬ ᠵᠠᠬᠢᠷᠭᠠᠨ ᠬᠡᠷᠡᠭ᠎ᠢᠶᠠᠷ ᠲᠦᠷ ᠬᠤᠷᠢᠭᠳᠠᠪᠠ ᠃
ᠬᠠᠯᠠᠭᠤᠷᠠᠵᠤ ᠪᠠᠢᠨ᠎ᠠ ᠬᠡᠵᠦ ᠬᠤᠳᠠᠯ ᠬᠡᠯᠡᠨ ᠪᠡᠶ᠎ᠡ᠎ᠶᠢᠨ ᠬᠠᠯᠠᠭᠣᠨ᠎ᠢ᠎ᠨᠢ ᠬᠡᠮᠵᠢᠬᠦ᠎ᠳ᠋ᠤ ᠬᠠᠮᠵᠢᠯᠴᠠᠬᠤ᠎ᠶᠢ ᠲᠡᠪᠴᠢᠬᠡᠳ ᠬᠤᠷᠢᠬᠳᠠᠪᠠ
1 ᠰᠠᠷ᠎ᠠ᠎ᠶᠢᠨ 30᠎ᠤ 17 ᠴᠠᠬ᠎ᠤᠨ ᠦᠶ᠎ᠡ᠎ᠪᠠᠷ ᠂ ᠬᠣᠷᠴᠢᠨ ᠵᠡᠭᠦᠨ ᠭᠠᠷᠣᠨ ᠬᠣᠢᠳᠣ ᠬᠣᠰᠢᠭᠣᠨ᠎ᠤ ᠠᠳᠤᠭᠤᠴᠢᠨ ᠰᠤᠮᠤ᠎ᠶᠢᠨ ᠨᠢᠬᠡᠨ ᠭᠠᠴᠠᠭ᠎ᠠ᠎ᠶᠢᠨ ᠠᠷᠠᠳ᠎ᠶᠢᠨ ᠤᠪᠤᠬᠳᠤ ᠠᠷᠢᠬᠢ ᠤᠤᠭᠤᠬᠰᠠᠨ᠎ᠤ ᠲᠠᠷᠠᠭ᠎ᠠ ᠭᠠᠴᠠᠭ᠎ᠠ᠎ᠶᠢᠨ᠎ᠢᠶᠡᠨ ᠵᠢᠷᠬᠢᠶ᠎ᠠ᠎ᠶᠢᠨ ᠴᠤᠬᠯᠠᠷᠠᠯ ᠳᠡᠭᠡᠷ᠎ᠡ ︽ ᠪᠢ ᠬᠠᠯᠠᠭᠤᠷᠠᠵᠣ ᠪᠠᠢᠨ᠎ᠠ ︾ ᠬᠡᠵᠦ ᠬᠤᠳᠠᠯ ᠬᠡᠯᠡᠪᠡ ᠃ ᠲᠤᠰ ᠮᠡᠳᠡᠬᠡ᠎ᠶᠢ ᠤᠯᠵᠣ ᠦᠵᠡᠭᠰᠡᠨ ᠭᠠᠴᠠᠭ᠎ᠠ᠎ᠶᠢᠨ ᠬᠢᠵᠢᠭ᠎ᠢ ᠰᠡᠷᠭᠡᠢᠯᠡᠨ ᠡᠵᠡᠮᠳᠡᠬᠦ ᠠᠵᠢᠯᠯᠠᠬᠤ ᠲᠤᠭᠤᠢᠯᠠᠩ᠎ᠤᠨ ᠠᠵᠢᠯᠳᠠᠳ᠎ᠶᠢᠨ ᠤᠪᠤᠬᠳᠤ᠎ᠶᠢᠨ ᠬᠡᠷ᠎ᠲᠤ ᠬᠦᠷᠴᠦ ᠪᠡᠶ᠎ᠡ᠎ᠶᠢᠨ ᠬᠠᠯᠠᠭᠣᠨ᠎ᠢ᠎ᠨᠢ ᠬᠡᠮᠵᠢᠬᠦ ᠭᠡᠰᠡᠨ᠎ᠳ᠋ᠤ᠎ᠶᠢᠨ ᠤᠪᠤᠬᠳᠤ ᠣᠭᠳᠣ ᠬᠠᠮᠵᠢᠯᠴᠠᠬᠤ ᠦᠬᠡᠢ ᠮᠦᠷᠳᠡᠭᠡᠨ ᠬᠡᠮᠵᠢᠬᠦᠷ᠎ᠢ ᠰᠠᠪᠠᠵᠤ ᠬᠠᠭᠠᠯᠬᠣ᠎ᠶᠢᠨ ᠬᠠᠮᠳᠣ ᠠᠯᠤᠬ᠎ᠠ᠎ᠪᠠᠷ ᠠᠵᠢᠯᠳᠠᠳ᠎ᠤᠨ ᠲᠡᠷᠬᠡ᠎ᠶᠢ ᠪᠠᠯᠪᠠᠯᠠᠵᠤ ᠂ ᠠᠵᠢᠯᠳᠠᠳ᠎ᠢ ᠴᠤᠬᠢᠬᠤ᠎ᠪᠠᠷ ᠣᠷᠣᠯᠳᠣᠪᠠ ᠃ ᠬᠤᠷᠴᠢᠨ ᠵᠡᠬᠦᠨ ᠭᠠᠷᠤᠨ ᠬᠤᠢᠳᠤ ᠬᠤᠰᠢᠭᠤᠨ᠎ᠤ ᠲᠤᠳᠤᠭᠠᠳᠤ᠎ᠶᠢ ᠬᠠᠮᠠᠭᠠᠯᠠᠬᠤ ᠲᠤᠪᠴᠢᠶ᠎ᠠ ᠬᠡᠷᠡᠭ᠎ᠤᠨ ᠮᠡᠳᠡᠬᠦᠯᠦᠯᠳᠡ᠎ᠶᠢ ᠲᠤᠰᠤᠬᠰᠠᠨ᠎ᠤ ᠲᠠᠷᠠᠭ᠎ᠠ ᠤᠷᠢᠳ ᠬᠤᠵᠢᠳ ᠡᠮᠡᠭᠡᠯ ᠲᠤᠮᠢᠯᠠᠬᠰᠠᠨ ᠰᠠᠯᠪᠤᠷᠢ ᠂ ᠠᠮᠤᠷ᠎ᠢ ᠬᠠᠮᠠᠭᠠᠯᠠᠬᠤ ᠶᠡᠬᠡ ᠠᠩᠬᠢ᠎ᠶᠢᠨ ᠴᠠᠭᠳᠠᠭ᠎ᠠ᠎ᠪᠠᠨ ᠲᠤᠮᠢᠯᠠᠨ ᠲᠤᠬᠠᠢ᠎ᠶᠢᠨ ᠲᠠᠯᠠᠪᠠᠢ᠎ᠳ᠋ᠤ ᠤᠴᠢᠭᠤᠯᠣᠨ ᠪᠠᠢᠴᠠᠭᠠᠨ ᠰᠢᠢᠳᠪᠦᠷᠢᠯᠡᠬᠦᠯᠪᠡ ᠃
᠎ᠶᠢᠨ ᠣᠪᠣᠭᠳᠣ᠎ᠶᠢ ᠪᠠᠷᠢᠪᠴᠢᠯᠠᠬᠤ ᠦᠶᠡᠰ ᠴᠠᠬᠳᠠᠭ᠎ᠠ ᠨᠠᠷ᠎ᠢ ᠶᠠᠭᠠᠬᠢᠬᠤ᠎ᠶᠢᠨ ᠴᠤ ᠠᠷᠭ᠎ᠠ ᠦᠬᠡᠢ ᠪᠤᠯᠭᠠᠬᠰᠠᠨ ᠪᠠᠢᠳᠠᠯ ᠭᠠᠷᠪᠠ ᠄ ᠬᠠᠤᠯᠢ᠎ᠡᠴᠠ ᠵᠦᠷᠢᠴᠡᠭᠴᠢ᠎ᠶᠢᠨ ᠤᠪᠤᠬᠳᠤ ᠠᠷᠢᠬᠢ᠎ᠨᠢ ᠰᠡᠷᠬᠦᠭᠰᠡᠨ᠎ᠤ ᠲᠠᠷᠠᠭ᠎ᠠ ᠲᠤᠷ᠎ᠠ᠎ᠪᠠᠷ᠎ᠢᠶᠡᠨ ᠰᠠᠬᠰᠠᠭᠤᠷᠠᠨ ᠠᠭᠠᠰᠢᠯᠠᠵᠤ ᠪᠠᠢᠬᠰᠠᠨ ᠤᠮᠤᠬ ᠰᠦᠷ᠎ᠨᠢ ᠣᠷᠣ ᠦᠭᠡᠢ ᠠᠷᠢᠯᠵᠣ ᠂ ᠦᠬᠡᠷ᠎ᠤᠨ ᠰᠠᠷᠠᠪᠴᠢ᠎ᠳᠠᠭᠠᠨ ᠨᠢᠭᠤᠬᠰᠠᠨ ᠪᠠᠢᠪᠠ ᠃ ᠰᠢᠭᠦᠨ ᠪᠠᠢᠴᠠᠭᠠᠯᠳᠠ᠎ᠳ᠋ᠤ ᠂᠎ᠶᠢᠨ ᠤᠪᠤᠬᠳᠤ ᠬᠠᠤᠯᠢ᠎ᠡᠴᠠ ᠵᠦᠷᠢᠴᠡᠭᠰᠡᠨ ᠠᠵᠢᠯᠯᠠᠭ᠎ᠠ᠎ᠪᠠᠨ ᠨᠢᠭᠤᠯᠳᠠ ᠦᠬᠡᠢ ᠦᠴᠢᠭᠯᠡᠵᠦ ᠂ ᠬᠤᠷᠴᠢᠨ ᠵᠡᠬᠦᠨ ᠭᠠᠷᠤᠨ ᠬᠤᠢᠳᠤ ᠬᠤᠰᠢᠭᠤ᠎ᠶᠢᠨ ᠲᠤᠳᠤᠭᠠᠳᠤ᠎ᠶᠢ ᠬᠠᠮᠠᠭᠠᠯᠠᠬᠤ ᠲᠤᠪᠴᠢᠶ᠎ᠠ ︽ ᠪᠦᠬᠦᠳᠡ ᠨᠠᠢᠷᠠᠮᠳᠠᠬᠤ ᠲᠤᠮᠳᠠᠳᠤ ᠠᠷᠠᠳ ᠤᠯᠤᠰ᠎ᠤᠨ ᠠᠮᠤᠷ᠎ᠢ ᠬᠠᠮᠠᠭᠠᠯᠠᠬᠤ ᠬᠠᠮᠢᠶᠠᠷᠤᠯᠳᠠ᠎ᠶᠢᠨ ᠰᠢᠢᠳᠭᠡᠯ᠎ᠤᠨ ᠬᠠᠤᠯᠢ ︾᠎ᠳ᠋ᠠᠬᠢ ᠬᠠᠮᠢᠶ᠎ᠠ ᠪᠦᠬᠦᠢ ᠲᠤᠬᠳᠠᠭᠠᠯ᠎ᠢ ᠦᠨᠳᠦᠰᠦᠯᠡᠨ᠎ᠶᠢᠨ ᠤᠪᠤᠬᠳᠤ᠎ᠶᠢ ᠵᠠᠰᠠᠬ ᠵᠠᠬᠢᠷᠭᠠᠨ᠎ᠤ ᠬᠡᠷᠡᠭ᠎ᠢᠶᠠᠷ 15 ᠡᠳᠦᠷ ᠲᠦᠷ ᠬᠤᠷᠢᠬᠤ᠎ᠶᠢᠨ ᠬᠠᠮᠳᠤ 1000 ᠲᠦᠬᠦᠷᠢᠭ᠎ᠢᠶᠠᠷ ᠲᠤᠷᠭᠠᠵᠤ ᠂ ᠬᠡᠷᠡᠭ ᠬᠢᠭᠰᠡᠨ ᠪᠠᠭᠠᠵᠢ ᠪᠤᠯᠬᠤ ᠲᠡᠮᠦᠷ ᠠᠯᠤᠬ᠎ᠠ᠎ᠶᠢ᠎ᠨᠢ ᠬᠤᠷᠢᠶᠠᠮᠵᠢᠯᠠᠨ ᠠᠪᠴᠠᠢ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面