ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠲᠠᠢᠯᠤᠮᠵᠢ

2020-02-26 13:20:13

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

 ᠮᠠᠨ᠎ᠤ ᠤᠷᠤᠨ᠎ᠤ ᠰᠢᠨ᠎ᠠ ᠲᠢᠳᠢᠮᠯᠢᠭ ᠠᠭᠤᠰᠬᠢᠨ ᠥᠷᠪᠢᠰᠥᠯ᠎ᠤᠨ ᠬᠢᠵᠢᠭ᠎ᠤᠨ ᠪᠠᠢᠳᠠᠯ᠎ᠲᠠᠢ ᠲᠡᠮᠡᠴᠡᠵᠤ ᠪᠠᠢᠭ᠎ᠠ ᠪᠤᠳᠠᠳᠤ ᠲᠡᠮᠳᠡᠭᠯᠡᠯ


2020 ᠤᠨ᠎ᠤ 1 ᠰᠠᠷ᠎ᠠ᠎ᠶᠢᠨ ᠬᠤᠷᠢᠳ᠎ᠢᠶᠠᠷ ᠂ ᠡᠬᠡ ᠤᠯᠤᠰ᠎ᠤᠨ ᠤᠮᠠᠷᠠᠳᠤ ᠬᠢᠯᠢ᠎ᠶᠢᠨ ᠦᠪᠦᠷ ᠮᠤᠩᠭᠤᠯ ᠮᠠᠨᠢ ᠰᠠᠷ᠎ᠠ ᠰᠢᠨ᠎ᠡ᠎ᠶᠢᠨ ᠬᠦᠷ ᠨᠠᠷᠬᠢᠶᠠᠨ᠎ᠢᠶᠠᠷ ᠪᠢᠯᠬᠠᠨ ᠬᠦᠮᠥᠨ ᠠᠷᠠᠳ ᠪᠠᠶᠠᠷ᠎ᠤᠨ ᠮᠠᠩᠨᠠᠢ ᠲᠡᠨᠢᠢᠨ᠎ᠡ ᠃ ᠵᠢᠯᠵᠢᠨ ᠠᠵᠢᠯ ᠠᠮᠢᠳᠤᠷᠠᠯ ᠬᠡᠵᠥ ᠵᠢᠳᠬᠦᠵᠥ ᠶᠠᠪᠤᠭᠰᠠᠨ ᠬᠦᠮᠥᠰ ᠡᠷᠦᠬᠡ ᠬᠤᠳᠠᠯᠠᠭᠠᠷ᠎ᠢᠶᠡᠨ ᠴᠤᠭᠯᠠᠷᠠᠨ ᠰᠢᠨᠡᠯᠡᠵᠥ ᠴᠠᠭᠠᠯᠠᠬᠤ ᠪᠠᠶᠠᠷ ᠪᠠᠬᠠᠳᠤᠯ᠎ᠢᠶᠡᠨ ᠠᠮᠳᠠᠷᠬᠠᠨ ᠪᠠᠢᠳᠠᠯ᠎ᠠ ᠨᠢᠬᠦᠯᠳᠦ ᠬᠢᠵᠢᠭ᠎ᠤᠨ ᠬᠠᠷ᠎ᠠ ᠰᠠᠪᠠᠷ ᠲᠤᠮᠳᠠᠳᠤ᠎ᠶᠢᠨ ᠨᠤᠳᠤᠭ ᠲᠡᠢᠰᠢ ᠰᠠᠷᠪᠠᠢᠯ᠎ᠠ ᠃ 1 ᠰᠠᠷ᠎ᠠ᠎ᠶᠢᠨ 23᠎ᠤ ᠡᠳᠦᠷ ᠂ ᠰᠢᠨ᠎ᠠ ᠲᠢᠳᠢᠮᠯᠢᠭ ᠠᠭᠤᠰᠬᠢᠨ ᠥᠷᠪᠢᠰᠥᠯ᠎ᠤᠨ ᠬᠢᠵᠢᠭ᠎ᠤᠨ ᠭᠤᠤᠯ ᠤᠷᠤᠨ ᠪᠤᠯᠬᠤ᠋ ‍ᠦᠬᠠᠨ ᠬᠤᠲᠠ ᠪᠦᠬᠦ ᠬᠤᠳᠠ᠎ᠶᠢᠨ ᠨᠡᠶᠢᠲᠡ᠎ᠶᠢᠨ ᠠᠶᠠᠨᠴᠢᠨ᠎ᠤ ᠮᠠᠰᠢᠨ ᠲᠡᠷᠬᠡ ᠂ ᠭᠠᠵᠠᠷ ᠳᠣᠤᠷᠠᠬᠢ ᠲᠡᠮᠦᠷ ᠵᠠᠮ᠎ᠤᠨ ᠵᠦᠬᠡᠬᠡᠪᠦᠷᠢ ᠂ ᠤᠩᠭᠤᠴᠠᠨ᠎ᠤ ᠵᠦᠬᠡᠬᠡᠪᠦᠷᠢ ᠂ ᠬᠤᠯᠠ ᠵᠠᠮ᠎ᠤᠨ ᠠᠶᠠᠨᠴᠢᠳ᠎ᠤᠨ ᠵᠦᠬᠡᠬᠡᠪᠦᠷᠢ᠎ᠶᠢ ᠲᠦᠷ ᠵᠤᠬᠰᠤᠭᠠᠪᠠ ᠃ ᠭᠠᠢᠬᠠᠵᠤ ᠬᠡᠯᠮᠡᠭᠳᠡᠭᠰᠡᠨ ᠦᠪᠦᠷ ᠮᠤᠩᠭᠤᠯᠴᠤᠳ ᠤᠴᠢᠷ ᠤᠬᠠᠭᠠᠨ᠎ᠢ᠎ᠨᠢ ᠤᠯᠬᠤ᠎ᠡᠴᠠ ᠡᠮᠥᠨ᠎ᠡ 1 ᠰᠠᠷ᠎ᠠ᠎ᠶᠢᠨ 24᠎ᠤ ᠡᠳᠦᠷ ᠂ ᠬᠦᠯᠥᠨ ᠪᠤᠢᠷ ᠬᠤᠳᠠ᠎ᠶᠢᠨ ᠮᠠᠨᠵᠤᠤᠷ ᠬᠤᠳᠠ᠎ᠳ᠋ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠢᠶᠠᠷ ᠲᠤᠳᠤᠯᠠᠬᠰᠠᠨ ᠡᠪᠡᠳᠴᠢᠨ᠎ᠤ ᠵᠢᠱᠢᠶ᠎ᠡ ᠢᠯᠡᠷᠡᠭᠰᠡᠨ ᠮᠡᠳᠡᠭᠡ ᠰᠦᠯᠵᠢᠶ᠎ᠡ ᠵᠢᠷᠬᠢᠶ᠎ᠡ᠎ᠪᠠᠷ ᠰᠠᠴᠤᠭᠳᠠᠵᠤ ᠂ ᠰᠡᠵᠢᠭᠯᠡᠯᠳᠡᠢ ᠡᠪᠡᠳᠴᠢᠨ᠎ᠤ ᠵᠢᠱᠢᠶ᠎ᠡ 2᠎ᠢ ᠮᠡᠳᠡᠬᠦᠯᠪᠡ ᠃ ᠦᠪᠦᠷ ᠮᠤᠩᠭᠤᠯ ᠦᠬᠠᠨ ᠬᠤᠳᠠ᠎ᠡᠴᠠ ᠬᠡᠳᠦᠨ ᠮᠢᠩᠭᠠᠨ ᠭᠠᠵᠠᠷ ᠬᠤᠯᠠ ᠪᠠᠢᠭᠰᠠᠨ ᠴᠤ ᠠᠶᠤᠮᠰᠢᠭᠳᠤ ᠬᠢᠵᠢᠭ᠎ᠤᠨ ᠬᠤᠤᠷᠳᠤ ᠴᠡᠯᠮ᠎ᠠ ᠦᠷᠬᠡᠨ ᠠᠭᠤᠳᠠᠮ ᠲᠠᠯ᠎ᠠ ᠨᠤᠳᠤᠭ᠎ᠲᠤ ᠤᠷᠤᠵᠤ ᠢᠷᠡᠭᠰᠡᠨ ᠪᠠᠢᠵᠠᠢ ᠃
ᠬᠢᠵᠢᠭ᠎ᠤᠨ ᠪᠠᠢᠳᠠᠯ ᠪᠤᠯ ᠲᠠᠷᠤᠢ ᠵᠠᠷᠯᠢᠭ
1 ᠰᠠᠷ᠎ᠠ᠎ᠶᠢᠨ 25᠎ᠤ ᠡᠳᠦᠷ ᠂ ᠪᠢᠯᠢᠭ᠎ᠤᠨ ᠤᠯᠠᠷᠢᠯ᠎ᠤᠨ ᠴᠠᠭᠠᠨ ᠰᠠᠷ᠎ᠠ᠎ᠶᠢᠨ ᠰᠢᠨ᠎ᠡ᠎ᠶᠢᠨ ᠨᠢᠭᠡᠨ᠎ᠳ᠋ᠤ ᠂ ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠤᠷᠳᠤᠨ᠎ᠤ ᠲᠡᠷᠢᠬᠦᠯᠡᠭᠴᠢ ᠪᠥ᠋ ᠰᠢᠶᠤᠤ ᠯᠢᠨ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠬᠦ ᠠᠵᠢᠯ᠎ᠤᠨ ᠪᠠᠴᠢᠮ ᠲᠧᠯᠸᠢᠰ ᠤᠲᠠᠰᠤ ᠬᠤᠷᠠᠯ ᠬᠤᠷᠠᠯᠳᠤᠭᠤᠯᠵᠤ ᠂ ᠤᠯᠠᠨ ᠨᠡᠶᠢᠲᠡ᠎ᠶᠢᠨ ᠬᠦᠨᠳᠦ ᠶᠡᠬᠡ ᠭᠡᠨᠡᠳᠳᠡ ᠡᠭᠦᠰᠬᠦ ᠡᠷᠡᠭᠦᠯ ᠬᠠᠮᠠᠭᠠᠯᠠᠯ᠎ᠤᠨ ᠬᠡᠷᠡᠭ᠎ᠤᠨ ᠨᠢᠭᠡᠳᠦᠭᠡᠷ ᠳᠡᠰ᠎ᠤᠨ ᠠᠵᠢᠯᠯᠠᠭ᠎ᠠ᠎ᠶᠢ ᠡᠬᠢᠯᠡᠭᠦᠯᠪᠡ ᠃ 1 ᠰᠠᠷ᠎ᠠ᠎ᠶᠢᠨ 26᠎ᠤ ᠦᠳᠡ᠎ᠶᠢᠨ ᠬᠤᠢᠨ᠎ᠠ ᠂ ᠦᠪᠡᠷᠳᠡᠭᠡᠨ ᠵᠠᠰᠠᠬᠤ ᠤᠷᠤᠨ᠎ᠤ ᠨᠠᠮ᠎ᠤᠨ ᠬᠤᠷᠢᠶᠠᠨ᠎ᠤ ᠱᠦᠵᠢ ᠂ ᠦᠪᠠᠷᠳᠡᠬᠡᠨ ᠵᠠᠰᠠᠬᠤ ᠤᠷᠤᠨ᠎ᠤ ᠠᠷᠠᠳ᠎ᠤᠨ ᠲᠦᠯᠦᠭᠡᠯᠡᠭᠴᠢᠳ᠎ᠤᠨ ᠶᠡᠬᠡ ᠬᠤᠷᠠᠯ᠎ᠤᠨ ᠪᠠᠢᠩᠭᠤ᠎ᠶᠢᠨ ᠬᠤᠷᠢᠶᠠᠨ᠎ᠤ ᠡᠷᠬᠢᠯᠡᠭᠴᠢ ᠱᠢ᠎ᠲᠠᠢ ᠹᠸᠩ ᠦᠪᠡᠷᠳᠡᠭᠡᠨ ᠵᠠᠰᠠᠬᠤ ᠤᠷᠤᠨ᠎ᠤ ᠨᠠᠮ᠎ᠤᠨ ᠬᠤᠷᠢᠶᠠᠨ᠎ᠤ ᠲᠤᠰᠬᠠᠢ ᠰᠡᠳᠦᠪᠳᠤ ᠬᠤᠷᠠᠯ ᠵᠢᠴᠢ ᠦᠪᠡᠷᠳᠡᠭᠡᠨ ᠵᠠᠰᠠᠬᠤ ᠤᠷᠤᠨ᠎ᠤ ᠰᠢᠨ᠎ᠠ ᠲᠢᠳᠢᠮᠯᠢᠭ ᠠᠭᠤᠰᠬᠢᠨ ᠥᠷᠪᠢᠰᠥᠯ᠎ᠤᠨ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠠᠵᠢᠯ᠎ᠤᠨ ᠤᠳᠤᠷᠢᠳᠬᠤ ᠳᠤᠭᠤᠢᠯᠠᠩ᠎ᠤᠨ ᠨᠢᠭᠡᠳᠦᠭᠡᠷ ᠤᠳᠠᠭᠠᠨ᠎ᠤ ᠬᠤᠷᠠᠯ᠎ᠢ ᠡᠷᠬᠢᠯᠡᠨ ᠬᠤᠷᠠᠯᠳᠤᠭᠤᠯᠵᠤ ᠂ ᠪᠦᠬᠦ ᠤᠷᠤᠨ᠎ᠤ ᠰᠢᠨ᠎ᠠ ᠲᠢᠳᠢᠮᠯᠢᠭ ᠠᠭᠤᠰᠬᠢᠨ ᠥᠷᠪᠢᠰᠥᠯ᠎ᠤᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠠᠵᠢᠯ᠎ᠢ ᠰᠤᠳᠤᠯᠤᠨ ᠪᠠᠢᠷᠢᠯᠠᠭᠤᠯᠪᠠ ︔ 1 ᠰᠠᠷ᠎ᠠ᠎ᠶᠢᠨ 29᠎ᠤ ᠡᠳᠦᠷ ᠂ ᠪᠦᠬᠦ ᠣᠷᠣᠨ᠎ᠤ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠵᠥ ᠬᠣᠷᠢᠬᠯᠠᠨ ᠠᠷᠢᠯᠭᠠᠬᠤ ᠳᠠᠶᠢᠯᠠᠯᠳᠤᠭᠠᠨ᠎ᠤ ᠢᠯᠠᠯᠲᠠ᠎ᠶᠢ ᠲᠡᠮᠡᠴᠡᠨ ᠤᠯᠬᠤ ᠲᠠᠢᠴᠢᠯᠠᠯᠳᠠ᠎ᠶᠢᠨ ᠬᠤᠷᠠᠯ ᠬᠥᠬᠡᠬᠣᠲᠠ᠎ᠳ᠋ᠤ ᠬᠤᠷᠠᠯᠳᠤᠵᠤ ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶᠠᠨ᠎ᠤ ᠱᠦᠵᠢ ᠂ ᠦᠪᠠᠷᠳᠡᠬᠡᠨ ᠵᠠᠰᠠᠬᠤ ᠤᠷᠤᠨ᠎ᠤ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠪᠠᠶᠢᠩᠭᠤ᠎ᠶᠢᠨ ᠬᠣᠷᠢᠶᠠᠨ᠎ᠤ ᠡᠷᠬᠢᠯᠡᠭᠴᠢ ᠱᠢ᠎ᠲᠠᠢ ᠹᠸᠩ ᠲᠠᠢᠴᠢᠯᠠᠯᠳᠠ᠎ᠶᠢᠨ ᠶᠠᠷᠢᠶ᠎ᠠ ᠲᠠᠯᠪᠢᠪᠠ ᠃ ᠰᠢᠨ᠎ᠠ ᠲᠢᠳᠢᠮᠯᠢᠭ ᠠᠭᠤᠰᠬᠢᠨ ᠥᠷᠪᠢᠰᠥᠯ᠎ᠤᠨ ᠬᠢᠵᠢᠭ᠎ᠲᠤ ᠵᠠᠷᠯᠠᠭᠰᠠᠨ ᠦᠪᠦᠷ ᠮᠤᠩᠭᠤᠯ᠎ᠤᠨ ᠪᠦᠬᠦ ᠠᠷᠠᠳ᠎ᠤᠨ ᠲᠠᠢᠨ ᠵᠢᠩᠬᠢᠨᠢ᠎ᠪᠠᠷ ᠡᠬᠢᠯᠡᠯ᠎ᠡ ᠃
ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠤᠳᠤᠷᠢᠳᠤᠯᠭ᠎ᠠ᠎ᠪᠠᠨ ᠪᠦᠬᠦ ᠲᠠᠯ᠎ᠠ᠎ᠪᠠᠷ ᠴᠢᠩᠭᠠᠳᠬᠠᠬᠤ᠎ᠶᠢᠨ ᠲᠦᠯᠥᠬᠡ ᠥᠪᠡᠷᠲᠡᠭᠡᠨ ᠵᠠᠰᠠᠬᠤ ᠣᠷᠣᠨ᠎ᠡᠴᠠ ︽ ᠶᠡᠷᠦᠩᠬᠡᠶ ᠱᠦᠵᠢ ᠰᠢ᠎ᠶᠢᠨ ᠫᠢᠩ᠎ᠤᠨ ᠴᠢᠬᠤᠯᠠ ᠵᠢᠭᠠᠪᠤᠷᠢ᠎ᠶᠢᠨ ᠵᠣᠷᠢᠭ ᠰᠠᠨᠠᠭ᠎ᠠ᠎ᠶᠢ ᠭᠦᠨᠵᠡᠭᠡᠶ ᠲᠤᠭᠤᠰᠢᠯᠠᠭᠤᠯᠤᠨ ᠨᠠᠶᠢᠳᠠᠪᠤᠷᠢᠵᠢᠭᠤᠯᠵᠤ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠵᠥ ᠬᠣᠷᠢᠭᠯᠠᠨ ᠠᠷᠢᠯᠭᠠᠬᠤ ᠳᠠᠶᠢᠯᠠᠯᠳᠤᠭᠠᠨ᠎ᠤ ᠢᠯᠠᠯᠲᠠ᠎ᠶᠢ ᠡᠷᠡᠰ ᠤᠯᠬᠤ ᠲᠤᠬᠠᠶ ᠮᠡᠳᠡᠭᠳᠡᠯ ︾᠎ᠢ ᠳᠠᠷᠤᠮᠠᠯᠯᠠᠨ ᠲᠠᠷᠬᠠᠭᠠᠪᠠ ︔ ︽ ᠰᠢᠨ᠎ᠠ ᠲᠢᠳᠢᠮᠯᠢᠭ ᠠᠭᠤᠰᠬᠢᠨ ᠥᠷᠪᠢᠰᠥᠯ᠎ᠢ ᠰᠡᠷᠬᠡᠢᠯᠡᠨ ᠡᠵᠡᠮᠳᠡᠬᠦ ᠲᠤᠮᠳᠠ ᠦᠨᠳᠦᠰᠦᠨ ᠱᠠᠳᠤᠨ᠎ᠤ ᠨᠠᠮ᠎ᠤᠨ ᠵᠤᠬᠢᠶᠠᠨ ᠪᠠᠢᠭᠤᠯᠤᠯᠳᠠ᠎ᠶᠢᠨ ᠲᠠᠢᠴᠢᠨ ᠪᠡᠬᠢᠯᠡᠯᠳᠡ᠎ᠶᠢᠨ ᠦᠢᠯᠡᠳᠦᠯ ᠪᠤᠯᠤᠨ ᠡᠪ ᠬᠠᠮᠳᠤ ᠨᠠᠮ᠎ᠤᠨ ᠬᠡᠰᠢᠬᠦᠨ᠎ᠤ ᠬᠤᠰᠢᠭᠤᠴᠢ ᠵᠢᠱᠢᠶᠡᠴᠢ᠎ᠶᠢᠨ ᠦᠢᠯᠡᠳᠦᠯ᠎ᠢ ᠬᠦᠢᠴᠡᠳ ᠪᠠᠳᠠᠷᠠᠭᠤᠯᠬᠤ ᠲᠤᠬᠠᠢ ᠮᠡᠳᠡᠭᠳᠡᠯ ︾᠎ᠢ ᠪᠠᠭᠤᠯᠭᠠᠪᠠ ᠃ ᠦᠪᠡᠷᠳᠡᠭᠡᠨ ᠵᠠᠰᠠᠬᠤ ᠤᠷᠤᠨ᠎ᠤ ᠰᠢᠨ᠎ᠡ ᠬᠡᠯᠪᠡᠷᠢ᠎ᠶᠢᠨ ᠠᠭᠤᠰᠬᠢᠨ ᠦᠷᠪᠢᠰᠦᠯ᠎ᠢ ᠰᠡᠷᠬᠡᠢᠯᠡᠨ ᠡᠵᠡᠮᠳᠡᠬᠦ ᠠᠵᠢᠯ᠎ᠤᠨ ᠢᠯᠡᠴᠢᠯᠡᠨ ᠮᠡᠳᠡᠬᠦᠯᠬᠦ ᠤᠳᠠᠰᠤ ᠭᠠᠷᠭᠠᠬᠤ ᠲᠤᠬᠠᠢ ᠠᠯᠪᠠᠨ ᠵᠠᠷᠯᠠᠯ ᠨᠡᠢᠳᠡᠯᠡᠪᠡ ︔ 1 ᠰᠠᠷ᠎ᠠ᠎ᠶᠢᠨ 25᠎ᠤ ᠡᠳᠦᠷ ᠂ ᠦᠪᠡᠷᠳᠡᠬᠡᠨ ᠵᠠᠰᠠᠬᠤ ᠤᠷᠤᠨ᠎ᠤ ᠡᠷᠡᠬᠦᠯ ᠬᠠᠮᠠᠭᠠᠯᠠᠯ ᠡᠷᠡᠬᠦᠯ ᠮᠡᠨᠳᠦ᠎ᠶᠢᠨ ᠵᠥᠪᠯᠡᠯ᠎ᠡᠴᠠ ᠪᠦᠬᠦ ᠤᠷᠤᠨ᠎ᠤ ᠡᠷᠡᠬᠦᠯ ᠬᠠᠮᠠᠭᠠᠯᠠᠯ᠎ᠤᠨ ᠰᠠᠯᠠᠭ᠎ᠠ ᠮᠥᠴᠢᠷ᠎ᠲᠤ ᠴᠠᠭᠠᠨ ᠰᠠᠷ᠎ᠠ᠎ᠶᠢᠨ ᠠᠮᠠᠷᠠᠯᠳᠠ᠎ᠶᠢ ᠬᠦᠴᠦᠨ ᠦᠬᠡᠢ ᠪᠤᠯᠭᠠᠭᠰᠠᠨ ᠮᠡᠳᠡᠭᠳᠡᠯ ᠪᠠᠭᠤᠯᠭᠠᠵᠤ ᠂ 1 ᠰᠠᠷ᠎ᠠ᠎ᠶᠢᠨ 26᠎ᠤ ᠡᠳᠦᠷ᠎ᠡᠴᠠ ᠡᠬᠢᠯᠡᠵᠥ ᠂ ᠠᠵᠢᠯ᠎ᠤᠨ ᠪᠠᠢᠷᠢ᠎ᠪᠠᠨ ᠪᠠᠳᠤ ᠰᠠᠬᠢᠬᠤ ᠬᠡᠷᠡᠭᠳᠡᠢ ᠬᠡᠵᠥ ᠱᠠᠭᠠᠷᠳᠠᠬᠤ᠎ᠶᠢᠨ ᠬᠠᠮᠳᠤ ᠦᠪᠡᠷᠳᠡᠬᠡᠨ ᠵᠠᠰᠠᠬᠤ ᠤᠷᠤᠨ ᠵᠢᠴᠢ ᠡᠯ᠎ᠡ ᠠᠢᠮᠠᠭ ᠬᠤᠳᠠ᠎ᠶᠢᠨ ᠰᠢᠨ᠎ᠠ ᠲᠢᠳᠢᠮᠯᠢᠭ ᠠᠭᠤᠰᠬᠢᠨ ᠥᠷᠪᠢᠰᠥᠯ᠎ᠳ᠋ᠤ ᠨᠡᠷᠪᠡᠭᠳᠡᠭᠰᠡᠳ᠎ᠢ ᠡᠮᠨᠡᠨ ᠵᠠᠰᠠᠬᠤ ᠲᠤᠰᠬᠠᠢ ᠡᠮᠨᠡᠯᠬᠡ᠎ᠶᠢᠨ ᠬᠤᠷᠢᠶ᠎ᠠ᠎ᠶᠢᠨ ᠨᠡᠷᠡᠰ᠎ᠢ ᠨᠡᠢᠳᠡᠯᠡᠪᠡ ᠃ ᠮᠥᠨ ᠡᠳᠦᠷ᠎ᠡᠴᠠ ᠪᠦᠬᠦ ᠤᠷᠤᠨ᠎ᠤ ᠰᠤᠷᠭᠠᠭᠤᠯᠢ᠎ᠶᠢᠨ ᠬᠦᠷᠢᠶᠡᠨ᠎ᠤ ᠭᠠᠳᠠᠨᠠᠬᠢ ᠡᠯ᠎ᠡ ᠵᠥᠢᠯ᠎ᠤᠨ ᠪᠤᠯᠪᠠᠰᠤᠷᠠᠯ᠎ᠤᠨ ᠠᠩᠬᠢ᠎ᠶᠢ ᠵᠤᠭᠰᠤᠭᠠᠬᠤ ᠪᠠᠴᠢᠮ ᠮᠡᠳᠡᠭᠳᠡᠯ ᠪᠠᠭᠤᠯᠭᠠᠪᠠ ᠃ ᠥᠪᠡᠷᠲᠡᠭᠡᠨ ᠵᠠᠰᠠᠬᠤ ᠣᠷᠣᠨ᠎ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠢ ᠰᠡᠷᠭᠡᠶᠢᠯᠡᠨ ᠡᠵᠡᠮᠳᠡᠬᠦ ᠠᠵᠢᠯ᠎ᠤᠨ ᠵᠢᠯᠣᠭᠣᠳᠬᠤ ᠭᠠᠵᠠᠷ ᠮᠡᠳᠡᠭᠳᠡᠯ ᠪᠠᠭᠤᠯᠭᠠᠵᠥ ᠠᠷᠪᠠᠨ ᠵᠦᠶᠯ᠎ᠤᠨ ᠠᠷᠭ᠎ᠠ ᠬᠡᠮᠵᠢᠶ᠎ᠡ ᠠᠪᠴᠤ ᠰᠢᠨ᠎ᠠ ᠲᠢᠳᠢᠮᠯᠢᠭ ᠠᠭᠤᠰᠬᠢᠨ ᠥᠷᠪᠢᠰᠥᠯ᠎ᠢ ᠰᠡᠷᠭᠡᠶᠢᠯᠡᠨ ᠡᠵᠡᠮᠳᠡᠬᠦ ᠠᠵᠢᠯ᠎ᠢ ᠴᠢᠩᠭᠠᠳᠬᠠᠬᠤ ᠬᠡᠷᠡᠭᠲᠡᠶ ᠭᠡᠵᠦ ᠱᠠᠭᠠᠷᠳᠠᠪᠠ ᠃ 1 ᠰᠠᠷ᠎ᠠ᠎ᠶᠢᠨ 28᠎ᠤ ᠡᠳᠦᠷ᠎ᠡᠴᠠ ᠡᠬᠢᠯᠡᠨ ᠬᠦᠬᠡᠬᠤᠳᠠ᠎ᠶᠢᠨ ᠪᠦᠬᠦ ᠬᠤᠳᠠ᠎ᠶᠢᠨ ᠨᠡᠶᠢᠳᠡ᠎ᠶᠢᠨ ᠮᠠᠰᠢᠨ ᠲᠡᠷᠬᠡ ᠂ ᠠᠶᠠᠨᠴᠢᠳ᠎ᠤᠨ ᠲᠡᠭᠡᠭᠡᠪᠦᠷᠢ᠎ᠶᠢᠨ ᠮᠠᠰᠢᠨ ᠲᠡᠷᠭᠡ ᠂ ᠭᠠᠵᠠᠷ ᠲᠤᠤᠷᠠᠬᠢ ᠲᠡᠮᠦᠷ ᠵᠠᠮ᠎ᠤᠨ ᠵᠦᠬᠡᠬᠡᠪᠦᠷᠢ᠎ᠶᠢ ᠲᠦᠷ ᠴᠠᠭ ᠵᠤᠬᠰᠤᠭᠠᠵᠤ ᠂ ᠨᠡᠢᠬᠡᠮ ᠲᠤᠭᠤᠷᠢᠭ ᠂ ᠭᠠᠴᠠᠭ᠎ᠠ ᠲᠤᠰᠬᠤᠨ᠎ᠳ᠋ᠤ ᠲᠤᠰᠬᠠᠢ ᠬᠠᠮᠢᠶᠠᠷᠤᠯᠳᠠ ᠬᠡᠷᠡᠭᠵᠢᠬᠦᠯᠪᠡ ᠃ 1 ᠰᠠᠷ᠎ᠠ᠎ᠶᠢᠨ 31᠎ᠤ ᠡᠳᠦᠷ ᠂ ᠦᠪᠦᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠠᠯᠪᠠᠨ ᠲᠢᠩᠭᠢᠮ᠎ᠡᠴᠠ ᠠᠵᠦ ᠠᠬᠤᠶᠢᠯᠠᠯ᠎ᠤᠨ ᠠᠵᠢᠯ ᠰᠡᠷᠬᠦᠬᠡᠬᠦ ᠂ ᠰᠤᠷᠭᠠᠭᠤᠯᠢ ᠡᠬᠢᠯᠡᠬᠦ᠎ᠶᠢ ᠬᠤᠶᠢᠰᠢᠯᠠᠭᠤᠯᠬᠤ ᠪᠠ ᠵᠠᠰᠠᠭ ᠵᠠᠬᠢᠷᠭᠠᠨ ᠠᠵᠢᠯ ᠦᠢᠯᠡᠰ᠎ᠤᠨ ᠨᠢᠭᠡᠴᠢ᠎ᠳ᠋ᠤ ᠬᠠᠷᠢᠮᠠᠬᠠᠢ ᠬᠠᠮᠢᠶᠠᠷᠤᠯᠳᠠᠳᠦ ᠠᠵᠢᠯ᠎ᠤᠨ ᠲᠥᠷᠢᠮ ᠬᠡᠷᠡᠭᠵᠢᠬᠦᠯᠬᠦ ᠲᠤᠬᠠᠢ ᠮᠡᠳᠡᠭᠳᠡᠯ ᠪᠠᠭᠤᠯᠭᠠᠪᠠ ᠃
2 ᠰᠠᠷ᠎ᠠ᠎ᠶᠢᠨ 2᠎ᠤᠨ ᠡᠳᠦᠷ ᠂ ᠦᠪᠡᠷᠳᠡᠬᠡᠨ ᠵᠠᠰᠠᠬᠤ ᠤᠷᠤᠨ᠎ᠡᠴᠠ ᠭᠠᠳᠠᠨ᠎ᠠ ᠭᠠᠵᠠᠷ᠎ᠡᠴᠠ ᠠᠵᠢᠯ᠎ᠤᠨ ᠪᠠᠢᠷᠢ᠎ᠳᠠᠭᠠᠨ ᠪᠤᠴᠠᠭᠰᠠᠳ᠎ᠢ ᠡᠷᠦᠬᠡ ᠬᠡᠷ᠎ᠲᠡᠭᠡᠨ ᠬᠤᠶᠠᠷ ᠭᠠᠷᠠᠭ ᠲᠤᠰᠠᠭᠠᠷᠯᠠᠭᠰᠠᠨ ᠠᠵᠢᠭᠯᠠᠯᠳᠠ ᠬᠢᠬᠦ᠎ᠶᠢ ᠱᠠᠭᠠᠷᠳᠠᠪᠠ ᠃ 2 ᠰᠠᠷ᠎ᠠ᠎ᠶᠢᠨ 9᠎ᠤ ᠡᠳᠦᠷ᠎ᠡᠴᠠ ᠨᠡᠢᠬᠡᠮ ᠲᠤᠭᠤᠷᠢᠭ ᠂ ᠶᠠᠪᠤᠭᠤᠯ ᠬᠦᠮᠥᠨ ᠠᠮᠠ᠎ᠶᠢᠨ ᠦᠪᠡᠰᠦᠪᠡᠨ ᠲᠠᠩᠰᠠᠯᠠᠬᠤ ᠰᠢᠰᠲ᠋ᠸᠮ ᠭᠠᠷᠭᠠᠵᠤ ᠂ ᠬᠤᠪᠢ ᠬᠦᠮᠥᠨ᠎ᠤ ᠮᠡᠳᠡᠬᠡ ᠵᠠᠩᠬᠢ᠎ᠶᠢ ᠨᠡᠩ ᠪᠠᠳᠤᠳᠠᠢ ᠡᠵᠡᠮᠰᠢᠪᠠ ᠃ 2 ᠰᠠᠷ᠎ᠠ᠎ᠶᠢᠨ 13᠎ᠤ ᠡᠳᠦᠷ ᠂ ᠮᠠᠨ᠎ᠤ ᠤᠷᠤᠨ᠎ᠤ ᠰᠢᠨ᠎ᠠ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠠᠵᠢᠯ᠎ᠤᠨ ᠵᠢᠯᠤᠭᠤᠳᠬᠤ ᠭᠠᠵᠠᠷ 2020 ᠤᠨ᠎ᠤ 1 ᠳ᠋ᠤᠬᠡᠷ ᠲᠤᠭᠠᠳᠤ ᠵᠠᠷᠯᠠᠯ᠎ᠢ ᠨᠡᠢᠳᠡᠯᠡᠵᠥ ᠂ ᠪᠦᠬᠦ ᠤᠷᠤᠨ᠎ᠤ ᠪᠤᠢ ᠪᠦᠬᠦᠢ ᠪᠠᠢᠭᠤᠯᠭ᠎ᠠ ᠨᠢᠬᠡᠴᠢ ᠂ ᠰᠠᠭᠤᠭᠠᠯᠢ ᠠᠷᠠᠳ᠎ᠤᠨ ᠲᠤᠭᠤᠷᠢᠬ ᠂ ᠭᠠᠴᠠᠭ᠎ᠠ ᠲᠤᠰᠬᠤᠨ᠎ᠳ᠋ᠤ ᠪᠢᠳᠡᠬᠦᠮᠵᠢᠯᠡᠭᠰᠡᠨ ᠬᠠᠮᠢᠶᠠᠷᠤᠯᠳᠠ᠎ᠶᠢ ᠬᠡᠷᠡᠭᠵᠢᠬᠦᠯᠤᠨ ᠂ ᠤᠷᠤᠵᠦ ᠭᠠᠷᠬᠤ ᠬᠦᠮᠦᠰ᠎ᠤᠨ ᠪᠡᠶ᠎ᠠ᠎ᠶᠢᠨ ᠬᠠᠯᠠᠭᠤᠨ᠎ᠢ ᠬᠡᠮᠵᠢᠬᠦ᠎ᠶᠢᠨ ᠬᠠᠮᠳᠤ ᠂ ᠬᠦᠴᠦᠨ ᠪᠦᠬᠦᠢ ᠦᠨᠡᠮᠯᠡᠯ᠎ᠢ᠎ᠨᠢ ᠦᠵᠡᠬᠦ᠎ᠶᠢ ᠱᠠᠭᠠᠷᠳᠠᠪᠠ ᠃ 2 ᠰᠠᠷ᠎ᠠ᠎ᠶᠢᠨ 19᠎ᠤ ᠡᠳᠦᠷ ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶᠢᠳᠠᠯ᠎ᠢ ᠰᠡᠷᠬᠡᠢᠯᠡᠨ ᠡᠵᠡᠮᠳᠡᠬᠦ ᠠᠵᠢᠯ᠎ᠤᠨ ᠤᠳᠤᠷᠢᠳᠬᠤ ᠳᠤᠭᠤᠶᠢᠯᠠᠩ ︽ ᠲᠥᠷᠥᠯ ᠬᠤᠪᠢᠶᠠᠨ ᠵᠢᠯᠣᠭᠣᠳᠴᠤ ᠣᠨᠣᠴᠠᠲᠠᠶ᠎ᠪᠠᠷ ᠠᠷᠭ᠎ᠠ ᠪᠣᠳᠣᠯᠭ᠎ᠠ ᠬᠡᠷᠡᠭᠵᠢᠭᠦᠯᠵᠦ ᠂ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠬᠦ ᠪᠠ ᠠᠵᠤ ᠠᠬᠤᠶ ᠨᠡᠶᠢᠭᠡᠮ᠎ᠤᠨ ᠬᠥᠭᠵᠢᠯᠲᠡ᠎ᠶᠢᠨ ᠠᠵᠢᠯ᠎ᠢ ᠨᠢᠭᠡᠳᠦᠯᠲᠡᠶ ᠲᠥᠯᠥᠪᠵᠢᠬᠦᠯᠦᠨ ᠰᠠᠶᠢᠲᠤᠷ ᠬᠢᠬᠦ ᠲᠤᠬᠠᠶ ᠰᠠᠨᠠᠯ ︾᠎ᠢ ᠳᠠᠷᠤᠮᠠᠯᠯᠠᠨ ᠲᠠᠷᠬᠠᠭᠠᠪᠠ ᠃ ᠬᠤᠰᠢᠭᠤ ᠰᠢᠶᠠᠨ ᠲᠤᠭᠤᠷᠢᠬ᠎ᠢᠶᠠᠷ ᠨᠢᠬᠡᠴᠢ ᠪᠤᠯᠭᠠᠵᠦ ᠂ ᠪᠦᠬᠦ ᠤᠷᠤᠨ᠎ᠤ 103 ᠬᠤᠰᠢᠭᠤ ᠰᠢᠶᠠᠨ ︵ ᠬᠤᠳᠠ ᠂ ᠲᠤᠭᠤᠷᠢᠬ ︶᠎ᠢ 4 ᠲᠦᠷᠦᠯ᠎ᠤᠨ ᠠᠳᠠᠯᠢ ᠪᠤᠰᠤ ᠲᠦᠭᠰᠢᠬᠦᠷᠢ᠎ᠶᠢᠨ ᠲᠡᠰ᠎ᠤᠨ ᠭᠠᠵᠠᠷ ᠤᠷᠤᠨ ᠪᠤᠯᠭᠠᠨ ᠬᠤᠪᠢᠶᠠᠵᠤ ᠂ ᠡᠯ᠎ᠠ ᠲᠦᠷᠦᠯ᠎ᠤᠨ ᠭᠠᠵᠠᠷ ᠤᠷᠤᠨ᠎ᠤ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠪᠠ ᠠᠵᠦ ᠠᠬᠤᠢ ᠨᠡᠢᠬᠡᠮ᠎ᠤᠨ ᠬᠦᠭᠵᠢᠯᠳᠡ᠎ᠶᠢᠨ ᠲᠤᠬᠠᠢ 15 ᠲᠠᠯ᠎ᠠ᠎ᠶᠢᠨ 33 ᠵᠤᠷᠪᠤᠰ ᠴᠢᠭᠯᠡᠬᠦᠯᠦᠯᠳᠤ ᠴᠢᠨᠠᠷᠳᠠᠢ ᠠᠷᠭ᠎ᠠ ᠬᠡᠮᠵᠢᠶ᠎ᠠ᠎ᠶᠢ ᠲᠤᠷᠠᠳᠤᠬᠰᠠᠨ ᠪᠠᠢᠨ᠎ᠠ ᠃ 1 ᠰᠠᠷ᠎ᠠ᠎ᠶᠢᠨ 25᠎ᠤ ᠡᠳᠦᠷ ᠂ ᠦᠪᠡᠷᠳᠡᠬᠡᠨ ᠵᠠᠰᠠᠬᠤ ᠤᠷᠤᠨ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶᠢᠳᠠᠯ᠎ᠢ ᠰᠡᠷᠭᠡᠢᠯᠡᠨ ᠡᠵᠡᠮᠳᠡᠬᠦ ᠠᠵᠢᠯ᠎ᠤᠨ ᠰᠤᠨᠢᠨ ᠮᠡᠳᠡᠬᠡ ᠨᠡᠢᠳᠡᠯᠡᠬᠦ ᠬᠤᠷᠠᠯ ᠬᠢᠭᠰᠡᠨ᠎ᠡᠴᠠ ᠨᠠᠭᠠᠰᠢ ᠥᠪᠡᠷᠲᠡᠭᠡᠨ ᠵᠠᠰᠠᠬᠤ ᠣᠷᠣᠨ᠎ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶᠢᠳᠠᠯ᠎ᠢ ᠰᠡᠷᠭᠡᠢᠯᠡᠨ ᠡᠵᠡᠮᠳᠡᠬᠦ ᠠᠵᠢᠯ᠎ᠤᠨ ᠵᠢᠯᠤᠭᠤᠳᠬᠤ ᠭᠠᠵᠠᠷ ᠤᠷᠢᠳ ᠬᠤᠵᠢᠳ 27 ᠤᠳᠠᠭ᠎ᠠ᠎ᠶᠢᠨ ᠰᠤᠨᠢᠨ ᠮᠡᠳᠡᠬᠡ ᠨᠡᠢᠳᠡᠯᠡᠬᠦ ᠬᠤᠷᠠᠯ ᠬᠢᠵᠥ ᠂ ᠬᠢᠵᠢᠭ᠎ᠤᠨ ᠰᠡᠷᠬᠡᠢᠯᠡᠨ ᠡᠵᠡᠮᠳᠡᠵᠥ ᠪᠠᠢᠭ᠎ᠠ ᠪᠠᠢᠳᠠᠯ᠎ᠢ ᠨᠡᠢᠬᠡᠮ ᠨᠡᠢᠳᠡ᠎ᠳ᠋ᠤ ᠨᠡᠢᠳᠡᠯᠡᠨ ᠮᠡᠳᠡᠭᠳᠡᠵᠤ ᠂ ᠬᠠᠮᠢᠶ᠎ᠠ ᠪᠦᠬᠦᠢ ᠲᠦᠷᠦ᠎ᠶᠢᠨ ᠪᠤᠳᠤᠯᠭ᠎ᠠ᠎ᠶᠢᠨ ᠲᠤᠬᠠᠢ ᠲᠠᠢᠯᠤᠮᠵᠢ ᠬᠢᠵᠥ ᠂ ᠤᠯᠠᠨ ᠲᠦᠮᠡᠨ᠎ᠤ ᠠᠩᠬᠠᠷᠤᠯ ᠲᠠᠯᠪᠢᠵᠤ ᠪᠦᠬᠦᠢ ᠬᠠᠯᠠᠮᠰᠢᠯ ᠠᠰᠠᠭᠤᠯᠳᠠ᠎ᠨᠤᠭᠤᠳ᠎ᠲᠤ ᠬᠠᠷᠢᠭᠤᠯᠳᠠ ᠦᠭᠬᠦᠭᠰᠡᠨ ᠪᠠᠢᠨ᠎ᠠ ᠃ ᠡᠢᠮᠥᠷᠬᠦᠤ ᠠᠯᠢ ᠤᠯᠠᠨ ᠬᠦᠴᠦᠨ ᠪᠦᠬᠦᠢ ᠠᠷᠭ᠎ᠠ ᠬᠡᠮᠵᠢᠶ᠎ᠡ ᠠᠪᠤᠭᠰᠠᠨ᠎ᠢᠶᠠᠷ ᠮᠠᠨ᠎ᠤ ᠤᠷᠤᠨ᠎ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶᠢᠳᠠᠯ᠎ᠢ ᠰᠡᠷᠭᠡᠢᠯᠡᠨ ᠡᠵᠡᠮᠳᠡᠬᠦ ᠠᠵᠢᠯ ᠢᠯᠡᠳᠳᠡ ᠦᠷ᠎ᠡ ᠪᠦᠳᠦᠮᠵᠢ ᠤᠯᠵᠤ ᠂ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠡᠪᠡᠳᠴᠢᠳᠡᠨ᠎ᠤ ᠲᠤᠭ᠎ᠠ᠎ᠶᠢ 75 ᠲᠤᠳᠤᠷ᠎ᠠ ᠬᠢᠵᠠᠭᠠᠷᠯᠠᠵᠤ ᠠᠪᠤᠭᠰᠠᠨ ᠪᠦᠬᠡᠳ 2 ᠰᠠᠷ᠎ᠠ᠎ᠶᠢᠨ 25 ᠪᠤᠯᠳᠠᠯ᠎ᠠ ᠮᠠᠨ᠎ᠤ ᠤᠷᠤᠨ᠎ᠤ 34 ᠨᠡᠷᠡᠰ ᠰᠢᠨ᠎ᠡ ᠲᠢᠲᠢᠮᠯᠢᠭ ᠠᠭᠤᠰᠬᠢᠨ ‍ᠦᠷᠪᠢᠰᠦᠯ᠎ᠤᠨ ᠡᠪᠡᠳᠴᠢᠳᠡᠨ ᠢᠯᠡᠷᠢᠰᠢᠵᠤ ᠡᠮᠨᠡᠯᠬᠡ᠎ᠡᠴᠠ ᠭᠠᠷᠴᠠᠢ ᠃ ᠤᠳᠤ ᠪᠤᠯᠬᠤ᠎ᠳ᠋ᠤ ᠮᠠᠨ᠎ᠤ ᠤᠷᠤᠨ᠎ᠤ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠠᠵᠢᠯ᠎ᠤᠨ ᠦᠷ᠎ᠡ ᠪᠦᠳᠦᠮᠵᠢ᠎ᠪᠠᠨ ᠪᠡᠬᠢᠵᠢᠬᠦᠯᠬᠦ᠎ᠶᠢᠨ ᠲᠠᠭᠠᠤ ᠠᠵᠢᠯ ᠦᠢᠯᠡᠳᠪᠦᠷᠢᠯᠡᠯ᠎ᠢ ᠰᠡᠷᠬᠦᠬᠡᠬᠦ ᠂ ᠵᠠᠮ ᠬᠠᠷᠢᠯᠴᠠᠭ᠎ᠠ ᠰᠡᠷᠬᠦᠬᠡᠬᠦ ᠵᠡᠷᠬᠡ ᠡᠯ᠎ᠠ ᠲᠦᠷᠦᠯ᠎ᠤᠨ ᠠᠵᠢᠯ ᠦᠢᠯᠡᠰ ᠤᠷᠤᠬᠰᠢᠳᠠᠢ ᠠᠬᠢᠵᠤ ᠪᠠᠢᠨ᠎ᠠ ᠃
ᠲᠠᠯ᠎ᠠ ᠨᠤᠳᠤᠭ᠎ᠤᠨ ᠬᠠᠢᠷ᠎ᠠ ᠬᠠᠨᠳᠢᠪ
ᠥᠪᠡᠷᠲᠡᠭᠡᠨ ᠵᠠᠰᠠᠬᠤ ᠣᠷᠣᠨ᠎ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶᠢᠳᠠᠯ᠎ᠢ ᠰᠡᠷᠭᠡᠢᠯᠡᠨ ᠡᠵᠡᠮᠳᠡᠬᠦ ᠠᠵᠢᠯ᠎ᠤᠨ ᠵᠢᠯᠤᠭᠤᠳᠬᠤ ᠭᠠᠵᠠᠷ᠎ᠤᠨ ᠨᠡᠢᠳᠡᠯᠡᠭᠰᠡᠨ᠎ᠢ ᠦᠨᠳᠦᠰᠤᠯᠡᠪᠡᠯ ᠂ 2 ᠰᠠᠷ᠎ᠠ᠎ᠶᠢᠨ 24᠎ᠤ ᠡᠳᠦᠷ ᠪᠤᠯᠳᠠᠯ᠎ᠠ ᠪᠦᠬᠦ ᠤᠷᠤᠨ᠎ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠢᠶᠠᠷ ᠲᠤᠳᠤᠯᠠᠭᠰᠠᠨ ᠡᠪᠡᠳᠴᠢᠨ᠎ᠤ ᠵᠢᠱᠢᠶ᠎ᠡ 75 ᠪᠠᠢᠵᠤ ᠂ ᠠᠯᠠᠱᠠ ᠠᠢᠮᠠᠭ᠎ᠡᠴᠠ ᠪᠤᠰᠤᠳ 11 ᠠᠢᠮᠠᠭ ᠬᠤᠳᠠ ᠂ 29 ᠬᠤᠰᠢᠭᠤ ᠰᠢᠶᠠᠨ ︵ ᠬᠤᠳᠠ ᠲᠤᠭᠤᠷᠢᠭ ︶᠎ᠢᠶᠠᠷ ᠲᠠᠷᠬᠠᠭᠰᠠᠨ ᠪᠠᠢᠨ᠎ᠠ ᠃ ᠦᠪᠦᠷ ᠮᠤᠩᠭᠤᠯ ᠤᠷᠤᠨ᠎ᠤ ᠭᠠᠵᠠᠷ ᠨᠤᠳᠤᠭ ᠦᠷᠬᠡᠨ ᠠᠭᠤᠳᠠᠮ ᠂ ᠪᠠᠢᠯᠳᠤᠭᠠᠨ᠎ᠤ ᠱᠤᠭᠤᠮ ᠤᠷᠳᠤ ᠂ ᠬᠢᠵᠢᠭ᠎ᠤᠨ ᠪᠠᠢᠳᠠᠯ ᠪᠤᠳᠤᠯᠢᠶᠠᠨᠳᠠᠢ ᠪᠠᠢᠭᠰᠠᠨ ᠴᠤ ᠦᠪᠦᠷ ᠮᠤᠩᠭᠤᠯ᠎ᠤᠨ ᠠᠷᠠᠳ ᠲᠦᠮᠡᠨ ᠨᠢᠬᠦᠯᠳᠦ ᠬᠢᠵᠢᠭ᠎ᠤᠨ ᠭᠤᠤᠯ ᠰᠠᠪᠠᠷ᠎ᠲᠤ ᠦᠷᠳᠦᠭᠰᠡᠨ ᠦᠬᠠᠨ᠎ᠤ ᠠᠷᠠᠳ ᠲᠦᠮᠡᠨ᠎ᠢᠶᠡᠨ ᠮᠠᠷᠳᠠᠭ᠎ᠠ ᠦᠬᠡᠢ ᠂ ᠰᠡᠳᠬᠢᠯ ᠵᠢᠷᠦᠬᠡᠨ᠎ᠤ ᠬᠤᠯᠪᠤᠭ᠎ᠠ᠎ᠪᠠᠨ ᠪᠤᠳᠠᠳᠤ ᠦᠢᠯᠡ ᠠᠵᠢᠯᠯᠠᠭ᠎ᠠ᠎ᠪᠠᠷ᠎ᠢᠶᠡᠨ ᠦᠢᠯᠡᠳᠦᠯᠬᠡᠵᠢᠬᠦᠯᠵᠥ ᠂ ᠬᠠᠢᠷ᠎ᠠ ᠬᠠᠨᠳᠢᠪ᠎ᠢᠶᠡᠨ ᠬᠠᠷᠠᠮ ᠦᠬᠡᠢ ᠡᠷᠬᠦᠯ᠎ᠡ ᠃
1 ᠰᠠᠷ᠎ᠠ᠎ᠶᠢᠨ 28᠎ᠤ ᠡᠳᠦᠷ ᠂ ᠦᠬᠠᠨ᠎ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶᠢᠳᠠᠯ᠎ᠢ ᠰᠡᠷᠬᠡᠶᠢᠯᠡᠨ ᠡᠵᠡᠮᠳᠡᠬᠦ᠎ᠶᠢ ᠲᠤᠰᠠᠯᠠᠨ ᠲᠡᠮᠵᠢᠬᠦ᠎ᠪᠠᠷ ᠮᠠᠨ᠎ᠤ ᠤᠷᠤᠨ᠎ᠤ 139 ᠡᠮᠴᠢ ᠰᠤᠪᠢᠯᠠᠬᠴᠢ᠎ᠪᠠᠷ ᠪᠦᠷᠢᠯᠳᠦᠭᠰᠡᠨ ᠠᠩᠬᠠᠳᠠᠬᠢ ᠡᠮᠴᠢᠯᠡᠬᠡᠨ᠎ᠤ ᠠᠩᠭᠢ ᠬᠦᠬᠡᠬᠤᠳᠠ᠎ᠡᠴᠠ ᠦᠬᠠᠨ ᠵᠦᠭ ᠮᠤᠷᠳᠠᠪᠠ ᠃
2 ᠰᠠᠷ᠎ᠠ᠎ᠶᠢᠨ 4᠎ᠤ ᠡᠳᠦᠷ ᠂ ᠮᠠᠨ᠎ᠤ ᠤᠷᠤᠨ᠎ᠤ ᠬᠤᠪᠸᠢ ᠮᠤᠵᠢ᠎ᠶᠢ ᠲᠤᠰᠠᠯᠠᠬᠤ 102 ᠬᠥᠮᠦᠨ᠎ᠤ ᠬᠤᠶᠠᠳᠡᠬᠢ ᠡᠮᠴᠢᠯᠡᠭᠡᠨ᠎ᠤ ᠠᠩᠭᠢ ︵ ᠰᠤᠪᠢᠯᠠᠬᠴᠢ᠎ᠶᠢᠨ ᠲᠤᠰᠬᠠᠶ ᠮᠡᠷᠭᠡᠵᠢᠯ ︶ ᠬᠤᠪᠸᠢ ᠵᠥᠭ ᠮᠤᠷᠳᠠᠵᠠᠢ ᠃
2 ᠰᠠᠷ᠎ᠠ᠎ᠶᠢᠨ 9᠎ᠤ ᠤᠷᠤᠢ ᠂ ᠦᠪᠦᠷ ᠮᠤᠩᠭᠤᠯ᠎ᠤᠨ ᠤᠯᠠᠭᠠᠨ ᠵᠠᠭᠠᠯᠮᠠᠶᠢᠳᠠᠨ᠎ᠤ ᠨᠡᠶᠢᠭᠡᠮᠯᠢᠭ᠎ᠤᠨ ᠬᠤᠪᠸᠢ᠎ᠶᠢᠨ ᠬᠦᠨᠳᠦ ᠡᠪᠡᠳᠴᠢᠳᠡᠨ᠎ᠢ ᠠᠪᠤᠷᠠᠨ ᠲᠤᠰᠠᠯᠠᠬᠤ ᠵᠥᠬᠡᠬᠡᠪᠦᠷᠢ᠎ᠶᠢᠨ ᠠᠩᠭᠢ ᠮᠤᠷᠳᠠᠵᠤ ᠂ ᠦᠬᠠᠨ ᠬᠤᠳᠠ᠎ᠳ᠋ᠤ 15 ᠡᠳᠦᠷ᠎ᠤᠨ ᠬᠦᠨᠳᠦ ᠡᠪᠡᠳᠴᠢᠳᠡᠨ᠎ᠢ ᠰᠢᠯᠵᠢᠬᠦᠯᠥᠨ ᠵᠥᠬᠡᠬᠡᠪᠦᠷᠢᠯᠡᠬᠦ ᠡᠬᠦᠷᠬᠡ ᠬᠦᠢᠴᠡᠳᠬᠡᠬᠦ᠎ᠪᠠᠷ ᠪᠤᠯᠪᠠ ᠃
2 ᠰᠠᠷ᠎ᠠ᠎ᠶᠢᠨ 15᠎ᠤ ᠡᠳᠦᠷ ᠂ ᠮᠠᠨ᠎ᠤ ᠤᠷᠤᠨ᠎ᠤ 22 ᠡᠮᠴᠢ ᠰᠤᠪᠢᠯᠠᠭᠴᠢ᠎ᠪᠠᠷ ᠪᠦᠷᠢᠯᠳᠦᠭᠰᠡᠨ ᠡᠮᠴᠢᠯᠡᠬᠡᠨ᠎ᠤ ᠠᠩᠬᠢ ᠬᠤᠪᠸᠢ ᠮᠤᠵᠢ᠎ᠶᠢᠨ ᠵᠢᠩ ᠮᠸᠨ ᠲᠡᠢᠰᠢ ᠮᠤᠷᠳᠠᠪᠠ ︔
2 ᠰᠠᠷ᠎ᠠ᠎ᠶᠢᠨ 16᠎ᠤ ᠦᠳᠡ᠎ᠶᠢᠨ ᠬᠤᠶᠢᠨ᠎ᠠ ᠂ ᠮᠠᠨ᠎ᠤ ᠤᠷᠤᠨ᠎ᠤ ᠬᠤᠪᠸᠢ ᠮᠤᠵᠢ᠎ᠶᠢ ᠲᠤᠰᠠᠯᠠᠬᠤ ᠵᠢᠷᠭᠤᠳᠠᠬᠢ ᠡᠮᠴᠢᠯᠡᠬᠡᠨ᠎ᠤ ᠠᠩᠭᠢ᠎ᠶᠢᠨ 118 ᠬᠡᠰᠢᠭᠦᠨ ᠂ 5 ᠵᠤᠬᠢᠴᠠᠭᠤᠯᠤᠬᠴᠢ ᠬᠦᠬᠡᠬᠤᠳᠠ᠎ᠡᠴᠠ ᠮᠤᠷᠳᠠᠪᠠ ᠃
2 ᠰᠠᠷ᠎ᠠ᠎ᠶᠢᠨ 21᠎ᠤ ᠡᠳᠦᠷ ᠂ ᠦᠪᠦᠷ ᠮᠤᠩᠭᠤᠯ᠎ᠤᠨ ᠬᠤᠪᠸᠢ ᠮᠤᠵᠢ᠎ᠶᠢ ᠲᠤᠰᠠᠯᠠᠬᠤ 173 ᠡᠮᠴᠢ ᠰᠤᠪᠢᠯᠠᠬᠴᠢ᠎ᠪᠠᠷ ᠪᠦᠷᠢᠯᠳᠦᠭᠰᠡᠨ ᠲᠤᠯᠤᠳᠡᠬᠢ ᠡᠮᠴᠢᠯᠡᠬᠡᠨ᠎ᠤ ᠠᠩᠭᠢ ᠬᠦᠬᠡᠬᠤᠳᠠ᠎ᠡᠴᠠ ᠮᠤᠷᠳᠠᠪᠠ ᠁
2 ᠰᠠᠷ᠎ᠠ᠎ᠶᠢᠨ 23᠎ᠤ ᠡᠳᠦᠷ ᠪᠤᠯᠳᠠᠯ᠎ᠠ ᠮᠠᠨ᠎ᠤ ᠤᠷᠤᠨ᠎ᠤ 7 ᠡᠮᠴᠢᠯᠡᠬᠡᠨ᠎ᠤ ᠠᠩᠬᠢ ᠂ ᠡᠪᠡᠳᠴᠢᠨ ᠬᠢᠵᠢᠭ᠎ᠢ ᠰᠡᠷᠬᠡᠢᠯᠡᠨ ᠡᠵᠡᠮᠳᠡᠬᠦ 2 ᠠᠩᠬᠢ᠎ᠶᠢᠨ 844 ᠬᠦᠮᠥᠨ ᠦᠬᠠᠨ ᠬᠤᠳᠠ ᠂ ᠵᠢᠩ ᠮᠸᠨ ᠬᠤᠳᠠ᠎ᠶᠢᠨ ᠡᠮᠨᠡᠯᠬᠡ᠎ᠶᠢᠨ ᠬᠤᠷᠢᠶᠠᠨ᠎ᠤ ᠠᠪᠤᠷᠠᠨ ᠡᠮᠴᠢᠯᠡᠬᠦ ᠠᠵᠢᠯ᠎ᠳ᠋ᠤ ᠤᠷᠤᠯᠴᠠᠵᠤ ᠂ ᠲᠠᠯ᠎ᠠ ᠨᠤᠳᠤᠭ᠎ᠤᠨ ᠬᠦᠪᠡᠬᠦᠳ ᠦᠬᠢᠳ᠎ᠤᠨ ᠠᠮᠢ ᠨᠠᠰᠤᠨ᠎ᠤ ᠠᠶᠤᠯ ᠲᠦᠭᠰᠢᠬᠦᠷᠢ᠎ᠶᠢ ᠲᠤᠷᠠᠳᠠᠶ᠎ᠠ ᠤᠭᠤᠷᠴᠤ ᠂ ᠦᠬᠠᠨ᠎ᠤ ᠠᠷᠠᠳ ᠲᠦᠮᠡᠨ᠎ᠢᠶᠡᠨ ᠠᠪᠤᠷᠠᠨ ᠲᠤᠰᠠᠯᠠᠬᠤ ᠠᠭᠤᠤ ᠬᠠᠢᠷ᠎ᠠ᠎ᠶᠢ ᠢᠯᠡᠷᠡᠬᠦᠯᠥᠭᠰᠡᠨ ᠪᠠᠢᠨ᠎ᠠ ᠃
ᠦᠬᠠᠨ᠎ᠤ ᠬᠢᠵᠢᠭ᠎ᠲᠠᠢ ᠲᠡᠮᠡᠴᠡᠬᠦ ᠡᠮᠥᠨ᠎ᠡ ᠹᠷᠤᠨᠲ᠎ᠲᠤ ᠮᠠᠨ᠎ᠤ ᠤᠷᠤᠨ᠎ᠡᠴᠠ ᠲᠤᠮᠢᠯᠠᠭᠰᠠᠨ ᠡᠮᠴᠢ ᠰᠤᠪᠢᠯᠠᠭᠴᠢᠳ ᠮᠠᠨᠢ ᠦᠷᠯᠥᠬᠡ ᠦᠳᠡᠰᠢ᠎ᠶᠢ ᠲᠡᠮᠡᠴᠡᠨ ᠠᠶᠤᠯᠳᠤ ᠬᠢᠵᠢᠭ᠎ᠲᠠᠢ ᠲᠡᠮᠡᠴᠡᠵᠥ ᠪᠠᠢᠭᠰᠠᠨ ᠪᠤᠯ ᠦᠷᠬᠡᠨ ᠠᠭᠤᠳᠠᠮ ᠦᠪᠦᠷ ᠮᠤᠩᠭᠤᠯ᠎ᠤᠨ ᠡᠯ᠎ᠡ ᠭᠠᠵᠠᠷ᠎ᠲᠤ ᠲᠤᠰᠠᠯᠠᠨ ᠲᠡᠮᠵᠢᠬᠦ ᠠᠵᠢᠯᠯᠠᠭ᠎ᠠ ᠰᠦᠷ ᠲᠠᠯᠠᠢᠴᠠ᠎ᠲᠠᠢ ᠶᠠᠪᠤᠭᠳᠠᠵᠤ ᠂ ᠠᠵᠤ ᠠᠬᠤᠢᠯᠠᠯ ᠂ ᠨᠡᠢᠬᠡᠮ ᠨᠡᠢᠳᠡ᠎ᠶᠢᠨ᠎ᠬᠢᠨ ᠬᠠᠢᠷ᠎ᠠ ᠬᠠᠨᠳᠢᠪ᠎ᠢᠶᠡᠨ ᠬᠠᠷᠠᠮ ᠦᠬᠡᠢ ᠡᠷᠬᠦᠨ ᠬᠢᠵᠢᠭ᠎ᠢ ᠡᠰᠡᠷᠬᠦᠴᠡᠬᠦ ᠲᠠᠢᠨ᠎ᠳ᠋ᠤ ᠬᠦᠴᠦ ᠨᠡᠮᠡᠷᠢᠯᠡᠵᠥ ᠪᠠᠢᠨ᠎ᠠ ᠃
1 ᠰᠠᠷ᠎ᠠ᠎ᠶᠢᠨ 25᠎ᠤ ᠡᠳᠦᠷ ᠂ ᠮᠸᠩ ᠨᠢᠤ ᠪᠦᠯᠥᠭᠯᠡᠯ ᠦᠬᠠᠨ᠎ᠳ᠋ᠤ 1200 ᠲᠦᠮᠡᠨ ᠲᠦᠬᠦᠷᠢᠭ᠎ᠤᠨ ᠪᠡᠯᠡᠨ ᠵᠤᠭᠤᠰ ᠪᠠ 800 ᠲᠦᠮᠡᠨ ᠲᠦᠬᠦᠷᠢᠭ᠎ᠤᠨ ᠦᠷᠳᠡᠭ ᠪᠦᠬᠦᠢ ᠰᠥ᠋ ᠬᠠᠨᠳᠢᠪᠯᠡᠪᠡ ᠃ ᠡᠨᠡ ᠪᠤᠯ ᠮᠸᠩ ᠨᠢᠤ ᠪᠦᠯᠥᠭᠯᠡᠯ᠎ᠤᠨ ᠦᠬᠠᠨ᠎ᠳ᠋ᠠᠬᠢ ᠭᠤᠷᠪᠠᠳᠡᠬᠢ ᠤᠳᠠᠭ᠎ᠠ᠎ᠶᠢᠨ ᠬᠠᠨᠳᠢᠪ ᠪᠤᠯᠤᠨ᠎ᠠ ︔
1 ᠰᠠᠷ᠎ᠠ᠎ᠶᠢᠨ 26᠎ᠤ ᠡᠳᠦᠷ ᠂ 30 ᠲᠦᠨ ᠲᠦ᠋ᠢᠮᠥᠰᠦ ᠠᠴᠢᠭᠰᠠᠨ ᠭᠠᠯᠳᠤ ᠲᠡᠷᠭᠡ ᠵᠢᠨᠢᠩ᠎ᠤᠨ ᠡᠮᠥᠨ᠎ᠡ ᠦᠷᠳᠡᠬᠡ᠎ᠡᠴᠠ ᠮᠤᠷᠳᠠᠵᠤ ᠦᠬᠠᠨ᠎ᠢ ᠴᠢᠭᠯᠡᠪᠡ ︔
2 ᠰᠠᠷ᠎ᠠ᠎ᠶᠢᠨ 3᠎ᠤ ᠡᠳᠦᠷ ᠂ 80 ᠢᠵᠢ ᠬᠠᠢᠷ᠎ᠠ ᠬᠠᠨᠳᠢᠪ᠎ᠤᠨ ᠪᠤᠭᠤᠳᠠᠯ ᠤᠯᠠᠭᠠᠨᠬᠤᠳᠠ᠎ᠡᠴᠠ ᠵᠢᠩ ᠮᠸᠨ ᠬᠤᠳᠠ᠎ᠶᠢᠨ ᠱᠠ ᠶᠠᠩ ᠰᠢᠶᠠᠨ᠎ᠤ ᠠᠷᠠᠳ᠎ᠤᠨ ᠡᠮᠨᠡᠯᠬᠡ᠎ᠶᠢᠨ ᠬᠤᠷᠢᠶ᠎ᠠ᠎ᠶᠢ ᠵᠤᠷᠢᠪᠠ ︔
2 ᠰᠠᠷ᠎ᠠ᠎ᠶᠢᠨ 11᠎ᠤ ᠡᠳᠦᠷ ᠂ ᠬᠦᠬᠡᠬᠤᠳᠠ᠎ᠳ᠋ᠤ ᠨᠢᠬᠡᠳᠦᠯᠳᠡᠢ ᠪᠤᠭᠤᠳᠠᠯᠯᠠᠵᠤ ᠲᠡᠭᠡᠭᠡᠪᠦᠷᠢᠯᠡᠭᠰᠡᠨ 200 ᠲᠤᠨ ᠬᠤᠨᠢᠨ ᠮᠢᠬ᠎ᠠ ᠂ 100 ᠲᠤᠨ ᠦᠬᠡᠷ᠎ᠤᠨ ᠮᠢᠬ᠎ᠠ ᠂ 100 ᠲᠤᠨ ᠭᠠᠬᠠᠢ᠎ᠶᠢᠨ ᠮᠢᠬ᠎ᠠ ᠪᠤᠯᠤᠨ 100 ᠲᠤᠨ ᠰᠥ᠋ ᠬᠤᠪᠸᠢ ᠮᠤᠵᠢ᠎ᠶᠢᠨ ᠵᠢᠩ ᠮᠸᠨ ᠪᠤᠯᠤᠨ ᠲᠢᠶᠠᠨ ᠮᠸᠨ ᠬᠤᠳᠠ᠎ᠶᠢ ᠵᠤᠷᠢᠪᠠ ︔
2 ᠰᠠᠷ᠎ᠠ᠎ᠶᠢᠨ 17᠎ᠤ ᠡᠳᠦᠷ᠎ᠡᠴᠠ ᠡᠬᠢᠯᠡᠵᠥ ᠂ ᠤᠯᠠᠭᠠᠨᠴᠠᠪ ᠬᠤᠳᠠ ᠡᠳᠦᠷ ᠪᠦᠷᠢ 30 ᠲᠤᠨ ᠂ ᠨᠡᠢᠳᠡ 2500 ᠲᠤᠨ ᠲᠦᠮᠥᠰᠦ᠎ᠶᠢ ᠬᠤᠪᠸᠢ ᠮᠤᠵᠢ᠎ᠳ᠋ᠤ ᠵᠥᠬᠡᠬᠡᠪᠦᠷᠢᠯᠡᠨ ᠬᠦᠷᠬᠡᠵᠥ ᠪᠠᠢᠨ᠎ᠠ ᠃
2 ᠰᠠᠷ᠎ᠠ᠎ᠶᠢᠨ 23᠎ᠤ ᠡᠳᠦᠷ ᠂ ᠠᠷᠤ ᠬᠣᠷᠴᠢᠨ ᠬᠣᠰᠢᠭᠤᠨ᠎ᠤ ᠳ᠋ᠠ ᠳ᠋ᠢ ᠣᠷᠭᠠᠨᠢᠭ ᠲᠠᠷᠢᠶᠠᠯᠠᠩ᠎ᠤᠨ ᠬᠥᠭᠵᠢᠯᠲᠡ᠎ᠶᠢᠨ ᠬᠢᠵᠠᠭᠠᠷᠲᠤ ᠺᠣᠮᠫᠠᠨᠢ᠎ᠶᠢᠨ ᠬᠠᠨᠳᠢᠪᠯᠠᠭᠰᠠᠨ 32 ᠲᠣᠨ ᠨᠠᠷᠢᠮᠤ ᠲᠡᠭᠡᠭᠡᠪᠦᠷᠢᠯᠡᠭᠰᠡᠨ ᠮᠠᠰᠢᠨ ᠲᠡᠷᠭᠡ ᠴᠢᠪᠠᠭ᠎ᠠ ᠪᠠᠯᠭᠠᠰᠤᠨ᠎ᠤ ᠪᠸᠢ ᠭᠠᠩᠲᠠᠶ ᠲᠣᠰᠬᠣᠨ᠎ᠡᠴᠠ ᠮᠣᠷᠳᠠᠵᠤ ᠦᠬᠠᠨ᠎ᠢ ᠴᠢᠭᠯᠡᠪᠡ ᠃
ᠡᠬᠦᠨ᠎ᠡᠴᠠ ᠭᠠᠳᠠᠨ᠎ᠠ ᠰᠢᠯᠢ᠎ᠶᠢᠨ ᠭᠤᠤᠯ ᠠᠢᠮᠠᠭ᠎ᠤᠨ ᠪᠠᠷᠠᠭᠤᠨ ᠦᠵᠥᠮᠥᠴᠢᠨ ᠬᠤᠰᠢᠭᠤᠨ᠎ᠳ᠋ᠠᠬᠢ 26 ᠨᠡᠷ᠎ᠡ ︽ ᠤᠯᠤᠰ᠎ᠤᠨ ᠬᠡᠦᠬᠡᠳ ︾ ᠦᠬᠠᠨ᠎ᠳ᠋ᠤ 7050 ᠲᠦᠬᠦᠷᠢᠭ ᠂ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ᠎ᠤ 29 ︽ ᠤᠯᠤᠰ᠎ᠤᠨ ᠬᠡᠦᠬᠡᠳ ︾ 5500 ᠲᠦᠬᠦᠷᠢᠭ ᠬᠠᠨᠳᠢᠪᠯᠠᠪᠠ ᠃ ᠤᠢᠷ᠎ᠠ᠎ᠶᠢᠨ ᠡᠳᠦᠷ ᠂ ᠦᠪᠦᠷ ᠮᠤᠩᠭᠤᠯ᠎ᠤᠨ ᠤᠯᠠᠭᠠᠨ ᠵᠠᠭᠠᠯᠮᠠᠶᠢᠳᠠᠨ᠎ᠤ ᠨᠡᠶᠢᠭᠡᠮᠯᠢᠭ ᠮᠠᠨ᠎ᠤ ᠤᠷᠤᠨ᠎ᠳ᠋ᠤ ᠪᠠᠢᠭ᠎ᠠ ︽ ᠤᠯᠤᠰ᠎ᠤᠨ ᠬᠡᠦᠬᠡᠳ ︾᠎ᠤᠨ ‍ᠦᠬᠠᠨ᠎ᠳ᠋ᠤ ᠲᠤᠰᠠᠯᠠᠭᠰᠠᠨ 4 ᠲᠦᠮᠨ ᠭᠠᠷᠤᠢ ᠲᠦᠬᠦᠷᠢᠭ᠎ᠢ ᠲᠤᠰᠤᠨ ᠠᠪᠴᠠᠢ ᠃
ᠲᠠᠯ᠎ᠠ ᠨᠤᠳᠤᠭ᠎ᠤᠨ ᠬᠠᠢᠷ᠎ᠠ ᠬᠠᠨᠳᠢᠪ᠎ᠤᠨ ᠪᠤᠤᠬᠢᠶ᠎ᠠ ᠦᠬᠠᠨ ᠵᠢᠩ ᠮᠸᠨ ᠲᠡᠢᠰᠢ ᠲᠠᠮᠵᠢᠭᠳᠠᠭᠰᠠᠭᠠᠷ ᠁
ᠲᠠᠯ᠎ᠠ ᠨᠤᠳᠤᠭ᠎ᠲᠠᠭᠠᠨ ᠲᠠᠮᠠᠭ᠎ᠠ᠎ᠲᠠᠢ ᠦᠯᠢᠬᠡᠷ᠎ᠤᠳ
ᠰᠢᠨ᠎ᠡ ᠲᠢᠲᠢᠮᠯᠢᠭ ᠠᠭᠤᠰᠬᠢᠨ ᠦᠷᠪᠢᠰᠦᠯ ᠪᠤᠯ ᠪᠦᠬᠦ ᠠᠷᠠᠳ᠎ᠤᠨ ᠤᠷᠤᠯᠴᠠᠭᠰᠠᠨ ᠨᠢᠬᠡ ᠤᠳᠠᠭ᠎ᠠ᠎ᠶᠢᠨ ᠤᠳᠤᠭ᠎ᠠ ᠦᠬᠡᠢ ᠲᠠᠢᠨ ᠪᠤᠯᠤᠨ᠎ᠠ ᠃ ᠬᠠᠢᠷ᠎ᠠ ᠬᠠᠷᠢᠭᠤᠴᠠᠯᠭ᠎ᠠ ᠂ ᠭᠠᠴᠢᠭ ᠵᠤᠪᠠᠯᠠᠩ ᠂ ᠵᠤᠷᠢᠯ ᠲᠡᠮᠡᠤᠯᠤᠯ ᠂ ᠢᠭᠳᠥᠯᠤᠯ ᠲᠤᠭᠳᠤᠯᠤᠯ ᠁ ᠬᠢᠵᠢᠭ᠎ᠲᠠᠢ ᠲᠡᠮᠡᠴᠡᠭᠰᠡᠨ ᠰᠠᠷ᠎ᠠ ᠭᠠᠷᠤᠢ᠎ᠶᠢᠨ ᠡᠳᠦᠷ ᠬᠤᠨᠤᠭ ᠨᠡᠢᠬᠡᠮ ᠲᠡᠯᠡᠬᠡᠢ᠎ᠶᠢ ᠲᠤᠷᠠᠨᠳᠠᠵᠤ ᠂ ᠲᠤᠮᠳᠠᠳᠤ᠎ᠶᠢᠨ ᠠᠷᠠᠳ ᠲᠦᠮᠡᠨ᠎ᠤ ᠬᠠᠳᠠᠨ ᠪᠠᠳᠤ ᠨᠢᠭᠳᠠᠷᠠᠯ ᠪᠦᠯᠬᠦᠮᠳᠡᠯ᠎ᠢ ᠢᠯᠡᠷᠡᠬᠦᠯᠬᠦ᠎ᠶᠢᠨ ᠲᠠᠭᠠᠤ ᠦᠪᠦᠷ ᠮᠤᠩᠭᠤᠯ᠎ᠤᠨ ᠲᠠᠯ᠎ᠠ ᠨᠤᠳᠤᠭ᠎ᠤᠨ ᠠᠯᠢ ᠤᠯᠠᠨ ᠦᠯᠢᠬᠡᠷ ᠤᠴᠠᠷᠠᠯ᠎ᠤᠳ᠎ᠢ ᠬᠡᠯᠬᠢᠵᠤ ᠂ ᠬᠦᠮᠥᠨ ᠮᠥᠰᠥ᠎ᠶᠢᠨ ᠰᠠᠢᠨ ᠰᠠᠢᠬᠠᠨ᠎ᠢ ᠤᠶᠠᠩᠭ᠎ᠠ ᠲᠠᠭᠤᠤ᠎ᠲᠠᠢ ᠬᠦᠦᠷᠨᠢᠭᠰᠡᠨ ᠪᠠᠢᠨ᠎ᠠ ᠃
1 ᠰᠠᠷ᠎ᠠ᠎ᠶᠢᠨ 26᠎ᠤ ᠡᠳᠦᠷ᠎ᠡᠴᠠ ᠨᠠᠭᠠᠰᠢ ᠂ ᠬᠢᠩᠭᠠᠨ ᠠᠢᠮᠠᠭ᠎ᠤᠨ ᠲᠦᠴᠢᠤᠸᠠᠨ ᠰᠢᠶᠠᠨ᠎ᠤ ᠲᠤᠳᠤᠭᠠᠳᠤ᠎ᠶᠢ ᠬᠠᠮᠠᠭᠠᠯᠠᠬᠤ ᠲᠤᠪᠴᠢᠶ᠎ᠠ᠎ᠶᠢᠨ ᠢᠤᠢ ᠸᠸᠨ ᠲᠤᠮᠢᠯᠠᠭᠰᠠᠨ ᠰᠠᠯᠪᠤᠷᠢ᠎ᠶᠢᠨ ᠴᠠᠭᠳᠠᠭ᠎ᠠ ᠾᠸ ᠵᠢᠶᠠᠨ ᠬᠤᠸᠠ ᠂ ᠲᠦᠩᠯᠢᠶᠤᠤ ᠬᠤᠳᠠ᠎ᠶᠢᠨ ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤᠨ᠎ᠤ ᠪᠦᠦ ᠯᠦᠩ ᠱᠠᠨ ᠪᠠᠯᠭᠠᠰᠤᠨ᠎ᠤ ᠪᠠᠷᠠᠭᠤᠨ ᠪᠦᠦ ᠯᠦᠩ ᠱᠠᠨ ᠭᠠᠴᠠᠭᠠᠨ᠎ᠤ ᠨᠠᠮ᠎ᠤᠨ ᠡᠭᠦᠷ᠎ᠤᠨ ᠱᠦᠵᠢ ᠴᠢᠨ ᠬᠣᠩ ᠂ ᠬᠤᠷᠴᠢᠨ ᠪᠠᠷᠠᠭᠤᠨ ᠭᠠᠷᠤᠨ ᠡᠮᠥᠨᠡᠳᠦ ᠬᠤᠰᠢᠭᠤᠨ᠎ᠤ ᠴᠠᠷᠠᠰᠤᠨ ᠪᠠᠯᠭᠠᠰᠤ᠎ᠶᠢᠨ ᠲᠤᠰᠬᠤᠨ᠎ᠤ ᠡᠮᠴᠢ ᠪᠤᠤ ᠴᠠᠩ ᠮᠢᠩ ᠂ ᠬᠦᠯᠥᠨ ᠪᠤᠢᠷ ᠬᠤᠳᠠ᠎ᠶᠢᠨ ᠬᠡᠬᠡᠨ ᠭᠤᠤᠯ ᠬᠤᠳᠠ᠎ᠶᠢᠨ ᠠ ᠯᠥᠩ ᠱᠠᠨ ᠪᠠᠯᠭᠠᠰᠤ᠎ᠶᠢᠨ ᠲᠤᠮᠢᠯᠠᠭᠰᠠᠨ ᠰᠠᠯᠪᠤᠷᠢ᠎ᠶᠢᠨ ᠲᠤᠰᠠᠯᠠᠭᠴᠢ ᠴᠠᠭᠳᠠᠭ᠎ᠠ ᠯᠢ ᠰᠢᠶᠤᠤ ᠬᠤᠸᠠᠨ ᠵᠡᠷᠬᠡ ᠲᠠᠢᠴᠢᠳ ᠮᠠᠨᠢ ᠬᠢᠵᠢᠭ᠎ᠢ ᠰᠡᠷᠬᠡᠢᠯᠡᠨ ᠡᠵᠡᠮᠳᠡᠬᠦ ᠨᠢᠬᠡᠳᠦᠬᠡᠷ ᠹᠷᠤᠨᠲ᠎ᠲᠤ ᠰᠦᠬᠦᠷᠡᠨ ᠤᠨᠠᠵᠤ ᠂ ᠠᠯᠳᠠᠨ ᠠᠮᠢ᠎ᠪᠠᠨ ᠦᠷᠡᠭᠳᠡᠬᠦᠯᠪᠡ ᠃ ᠪᠠᠭᠠᠳᠤᠷᠴᠤᠳ᠎ᠤᠨ ᠮᠠᠨᠢ ᠬᠡᠬᠡᠨ ᠠᠯᠳᠠᠷ ᠦᠪᠦᠷ ᠮᠤᠩᠭᠤᠯ᠎ᠤᠨ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠲᠠᠢ ᠲᠡᠮᠡᠴᠡᠭᠰᠡᠨ ᠬᠠᠭᠤᠳᠠᠰᠤᠨ᠎ᠳ᠋ᠤ ᠡᠷᠬᠡᠪᠰᠢ ᠲᠡᠮᠳᠡᠭᠯᠡᠭᠳᠡᠬᠦ ᠶᠤᠰᠤᠳᠠᠢ ᠃
1 ᠰᠠᠷ᠎ᠠ᠎ᠶᠢᠨ 30᠎ᠤ ᠰᠦᠨᠢ ᠲᠦᠯᠢ ᠂ ᠰᠢᠯᠢ᠎ᠶᠢᠨ ᠭᠣᠤᠯ ᠠᠶᠢᠮᠠᠭ᠎ᠤᠨ ᠲᠥᠪ ᠡᠮᠨᠡᠯᠭᠡ᠎ᠶᠢᠨ ᠬᠣᠷᠢᠶ᠎ᠠ᠎ᠶᠢᠨ ᠦ᠋ ᠯᠢ ᠭᠦᠸᠧ ᠡᠮᠴᠢ ᠡᠪᠡᠳᠴᠢᠳᠡᠨ᠎ᠤ ᠵᠢᠱᠢᠶ᠎ᠠ᠎ᠶᠢᠨ ᠦᠷᠦᠭᠡ᠎ᠶᠢ ᠪᠠᠢᠴᠠᠭᠠᠵᠤ ᠲᠠᠭᠤᠰᠤᠭᠠᠳ ᠠᠯᠪᠠᠨ ᠭᠡᠷ᠎ᠲᠡᠭᠡᠨ ᠤᠷᠤᠬᠤ᠎ᠲᠠᠢ ᠵᠡᠷᠬᠡ ᠲᠤᠮᠳᠠᠳᠤ ᠤᠯᠤᠰ᠎ᠤᠨ ᠡᠪ ᠬᠠᠮᠳᠤ ᠨᠠᠮ᠎ᠳ᠋ᠤ ᠤᠷᠤᠬᠤ᠎ᠪᠠᠷ ᠡᠷᠡᠮᠡᠯᠵᠡᠯᠡᠭᠰᠡᠨ ᠡᠷᠭᠦᠳᠡᠯ᠎ᠤᠨ ᠪᠢᠴᠢᠭ᠎ᠢᠶᠡᠨ ᠪᠢᠴᠢᠪᠡ ᠃ ᠬᠠᠯᠳᠠᠪᠤᠷᠢᠯᠠᠯ᠎ᠤᠨ ᠴᠢᠨᠠᠷᠲᠠᠶ ᠡᠪᠡᠳᠴᠢᠨ ᠡᠮᠭᠡᠭ᠎ᠤᠨ ᠰᠠᠯᠠᠭᠠᠨ᠎ᠤ ᠬᠠᠷᠢᠭᠤᠴᠠᠯᠭᠠᠲᠠᠨ ᠪᠣᠯᠤᠭᠰᠠᠨ ᠦ᠋ ᠯᠢ ᠭᠦᠸᠧ ᠬᠠᠮᠳᠤ ᠨᠦᠬᠦᠳ᠎ᠲᠠᠢ᠎ᠪᠠᠨ 20 ᠭᠠᠷᠤᠶ ᠡᠳᠦᠷ ᠰᠢᠮᠳᠠᠨ ᠴᠢᠷᠮᠠᠢᠭᠰᠠᠨ᠎ᠢᠶᠠᠷ ᠰᠢᠯᠢᠩᠬᠣᠲᠠ᠎ᠶᠢᠨ ᠠᠩᠬᠠᠳᠠᠭᠴᠢ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠢᠶᠠᠷ ᠤᠨᠤᠰᠢᠯᠠᠭᠳᠠᠭᠰᠠᠨ ᠡᠪᠡᠳᠴᠢᠨ᠎ᠤ ᠵᠢᠱᠢᠶ᠎ᠠ ᠢᠯᠡᠷᠢᠰᠢᠵᠤ ᠂ 2 ᠰᠠᠷ᠎ᠠ᠎ᠶᠢᠨ 23᠎ᠤ ᠡᠳᠦᠷ ᠡᠮᠨᠡᠯᠬᠡ᠎ᠡᠴᠠ ᠭᠠᠷᠪᠠ ᠃ ᠬᠡᠪᠡᠴᠦ ᠪᠠᠰᠠ 7 ᠡᠪᠡᠳᠴᠢᠨ᠎ᠤ ᠵᠢᠱᠢᠶ᠎ᠠ ᠪᠤᠢ ᠲᠤᠯᠠ ᠡᠦ ᠯᠢ ᠭᠦᠸᠧ ᠨᠠᠷ ᠡᠴᠤᠰ᠎ᠤᠨ ᠢᠯᠠᠯᠳᠠ᠎ᠶᠢ ᠤᠯᠬᠤ᠎ᠶᠢᠨ ᠲᠦᠯᠦᠭᠡ ᠡᠮᠦᠨ᠎ᠡ ᠹᠷᠤᠨᠲ᠎ᠲᠤ ᠮᠦᠨ ᠬᠦ ᠰᠢᠭᠤᠷᠬᠠᠢᠯᠠᠨ ᠲᠡᠮᠡᠴᠡᠵᠤ ᠶᠠᠪᠤᠨ᠎ᠠ ᠃ ᠬᠢᠵᠢᠭ᠎ᠤᠨ ᠪᠠᠢᠳᠠᠯ ᠭᠠᠷᠬᠤ᠎ᠲᠠᠢ ᠵᠡᠷᠬᠡ ᠮᠠᠨ᠎ᠤ ᠤᠷᠤᠨ᠎ᠤ ᠤᠯᠠᠨ ᠡᠮᠨᠡᠯᠬᠡ᠎ᠶᠢᠨ ᠬᠤᠷᠢᠶ᠎ᠠ᠎ᠶᠢᠨ ᠡᠮᠴᠢ ᠠᠵᠢᠯᠳᠠᠳ ᠡᠷᠬᠦᠳᠡᠯ ᠭᠠᠷᠭᠠᠵᠤ ᠬᠢᠵᠢᠭ᠎ᠲᠠᠢ ᠲᠡᠮᠡᠴᠡᠬᠦ ᠡᠮᠥᠨ᠎ᠡ ᠹᠷᠤᠨᠲ᠎ᠲᠤ ᠤᠴᠢᠭᠰᠠᠨ ᠪᠦᠬᠡᠳ ᠤᠳᠤ ᠬᠦᠷᠳᠡᠯ᠎ᠡ ᠲᠦᠮᠡ ᠭᠠᠷᠤᠢ ᠡᠮᠴᠢ ᠰᠤᠪᠢᠯᠠᠭᠴᠢᠳ ᠦ᠋ ᠯᠢ ᠭᠦᠸᠧ᠎ᠲᠠᠢ ᠠᠳᠠᠯᠢ᠎ᠪᠠᠷ ᠲᠠᠢᠨ᠎ᠤ ᠲᠠᠯᠠᠪᠤᠷ᠎ᠢᠶᠡᠨ ᠪᠠᠳᠤ ᠰᠠᠬᠢᠵᠤ ᠪᠠᠢᠨ᠎ᠠ ᠃ ᠡᠬᠦᠨ᠎ᠡᠴᠠ ᠭᠠᠳᠠᠨ᠎ᠠ ᠲᠤᠳᠤᠭᠠᠳᠤ᠎ᠶᠢ ᠬᠠᠮᠠᠭᠠᠯᠠᠬᠤ ᠴᠠᠭᠳᠠᠭ᠎ᠠ ᠂ ᠨᠡᠢᠬᠡᠮ ᠲᠤᠭᠤᠷᠢᠭ᠎ᠤᠨ ᠠᠵᠢᠯᠳᠠᠳ ᠂ ᠰᠠᠢᠨ ᠲᠤᠷᠠᠴᠤᠳ ᠤᠯᠠᠨ ᠠᠵᠢᠯ᠎ᠤᠨ ᠪᠠᠢᠷᠢ᠎ᠳ᠋ᠤ ᠠᠷᠠᠳ ᠤᠯᠠᠨ᠎ᠤ ᠪᠠᠳᠤ ᠰᠠᠬᠢᠭᠤᠯ ᠪᠤᠯᠵᠤ ᠪᠠᠢᠳᠠᠭ ᠃ ᠬᠠᠮᠢᠶ᠎ᠠ ᠪᠦᠬᠦᠢ ᠲᠤᠭ᠎ᠠ ᠪᠠᠷᠢᠮᠳᠠ᠎ᠶᠢ ᠦᠨᠳᠦᠰᠦᠯᠡᠪᠡᠯ ᠂ ᠪᠦᠬᠦ ᠤᠷᠤᠨ᠎ᠤ ᠡᠯ᠎ᠡ ᠭᠠᠵᠠᠷ᠎ᠲᠤ 15000 ᠭᠠᠷᠤᠢ ᠰᠠᠢᠨ ᠲᠤᠷᠠᠴᠤᠳ ᠬᠢᠵᠢᠭ᠎ᠢ ᠰᠡᠷᠬᠡᠢᠯᠡᠨ ᠡᠵᠡᠮᠳᠡᠬᠦ ᠨᠢᠬᠡᠳᠦᠬᠡᠷ ᠹᠷᠤᠨᠲ᠎ᠲᠤ ᠭᠠᠪᠰᠢᠭᠠᠢᠯᠠᠨ 2000 ᠭᠠᠷᠤᠢ ᠭᠠᠴᠠᠭ᠎ᠠ ᠲᠤᠰᠬᠤᠨ ᠨᠡᠢᠬᠡᠮ ᠲᠤᠭᠤᠷᠢᠭ᠎ᠢ ᠪᠦᠷᠬᠦᠪᠡ ᠃
ᠰᠢᠨ᠎ᠡ ᠲᠢᠳᠢᠮᠯᠢᠭ ᠠᠭᠤᠰᠬᠢᠨ ᠦᠷᠪᠢᠰᠤᠯ ᠡᠭᠦᠰᠦᠭᠰᠡᠨ᠎ᠤ ᠲᠠᠷᠠᠭ᠎ᠠ ᠪᠡᠭᠡᠵᠢᠡᠭ᠎ᠤᠨ ᠨᠢᠭᠡᠨ ᠡᠮ᠎ᠤᠨ ᠲᠡᠯᠭᠡᠭᠦᠷ 10 ᠠᠮᠠᠪᠴᠢ᠎ᠶᠢ 850 ᠲᠦᠭᠦᠷᠢᠭ᠎ᠢᠶᠠᠷ ᠬᠤᠳᠠᠯᠳᠤᠭᠠᠳ ᠡᠴᠤᠰ᠎ᠲᠤᠨᠢ 300 ᠭᠠᠷᠤᠢ ᠲᠦᠮᠡᠨ ᠲᠦᠭᠦᠷᠢᠭ᠎ᠢᠶᠠᠷ ᠲᠤᠷᠭᠠᠭᠳᠠᠭᠰᠠᠨ ᠴᠢᠮᠡᠭᠡ ᠰᠦᠯᠵᠢᠶ᠎ᠡ᠎ᠪᠠᠷ ᠢᠳᠡ ᠬᠦᠭ᠎ᠲᠠᠢ ᠲᠠᠷᠬᠠᠵᠤ ᠪᠠᠢᠭ᠎ᠠ ᠦᠶ᠎ᠡ᠎ᠳ᠋ᠤ ᠂ ᠰᠢᠯᠢᠩᠬᠤᠳᠠ᠎ᠶᠢᠨ ᠴᠤᠠᠠᠠᠠᠭᠤᠯᠠ ᠰᠤᠮᠤᠨ᠎ᠳ᠋ᠤ ᠬᠠᠭᠤᠴᠢᠨ ᠬᠠᠷ᠎ᠠ ᠪᠠᠢᠰᠢᠩ᠎ᠳᠠᠭᠠᠨ ᠪᠠᠭᠠᠬᠠᠨ ᠲᠡᠯᠬᠡᠬᠦᠷ ᠡᠵᠡᠩᠨᠡᠵᠥ ᠪᠠᠢᠭᠰᠠᠨ ᠶᠠᠡᠭ ᠱᠦ ᠸᠸᠢ ᠵᠢᠷᠭᠢᠶ᠎ᠡ᠎ᠶᠢᠨ ᠨᠠᠢᠵᠠ᠎ᠶᠢᠨ ᠲᠤᠭᠤᠷᠢᠭ᠎ᠲᠠᠭᠠᠨ ︽ ᠦᠨ᠎ᠡ ᠲᠦᠯᠦᠪᠦᠷᠢ ᠦᠭᠡᠢ᠎ᠪᠠᠷ ᠠᠮᠠᠪᠴᠢ ᠬᠦᠷᠭᠡᠨ᠎ᠡ ᠂ ᠴᠤᠭ ᠰᠤᠮᠤᠨ᠎ᠤ ᠬᠠᠷ᠎ᠠ ᠲᠡᠯᠭᠡᠭᠦᠷ᠎ᠲᠤ ︾ ᠭᠡᠰᠡᠨ ᠪᠢᠴᠢᠭᠡᠰᠤ ᠨᠠᠢᠳᠡᠯᠡᠵᠡᠢ ᠃ ᠲᠦᠳᠡᠯ ᠦᠬᠡᠢ ᠠᠮᠠᠪᠴᠢ ᠤᠯᠳᠠᠬᠤ ᠦᠬᠡᠢ ᠭᠠᠴᠢᠭᠳᠠᠵᠤ ᠪᠠᠢᠭᠰᠠᠨ ᠬᠦᠮᠥᠰ ᠲᠡᠬᠦᠨ᠎ᠤ ᠲᠡᠯᠭᠡᠭᠦᠷ ᠲᠡᠢᠰᠢ ᠴᠤᠪᠤᠵᠤ ᠂ ᠬᠠᠳᠠᠭᠠᠯᠠᠵᠤ ᠪᠠᠢᠭᠰᠠᠨ 300 ᠭᠠᠷᠤᠢ ᠬᠤᠪᠢ ᠠᠮᠠᠪᠴᠢ᠎ᠶᠢ᠎ᠨᠢ ᠠᠪᠠᠴᠢᠬᠤ᠎ᠳᠠᠭᠠᠨ ᠶᠠᠩ ᠱᠦ ᠸᠸᠢ᠎ᠳ᠋ᠤ ᠲᠠᠯᠠᠷᠬᠠᠭᠰᠠᠨ ᠰᠡᠳᠬᠢᠯᠬᠡ᠎ᠪᠠᠨ ᠶᠠᠭᠠᠬᠢᠵᠤ ᠢᠯᠡᠤᠨᠬᠡᠬᠦ᠎ᠪᠠᠨ ᠤᠯᠬᠤ ᠦᠬᠡᠢ ᠪᠠᠢᠯ᠎ᠠ ᠃
ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶᠢᠳᠠᠯ ᠡᠭᠦᠰᠦᠭᠰᠡᠨ᠎ᠡᠴᠠ ᠰᠡᠭᠦᠯᠡᠷ ᠂ ᠮᠠᠨ᠎ᠤ ᠤᠷᠤᠨ᠎ᠤ ᠮᠠᠯᠵᠢᠬᠤ ᠲᠠᠷᠢᠶᠠᠯᠠᠬᠤ ᠤᠷᠤᠨ ᠰᠤᠮᠤ ᠪᠠᠯᠭᠠᠰᠤ ᠂ ᠭᠠᠴᠠᠭ᠎ᠠ ᠲᠣᠰᠬᠣᠨ ᠂ ᠬᠣᠲᠠ ᠠᠶᠢᠯ ᠵᠡᠷᠭᠡ ᠭᠤᠷᠪᠠᠨ ᠱᠠᠲᠤᠨ᠎ᠤ ᠬᠣᠯᠪᠣᠭᠠᠯᠠᠨ ᠡᠵᠡᠮᠳᠡᠬᠦ ᠲᠣᠭᠲᠠᠴᠠ᠎ᠶᠢ ᠪᠠᠢᠭᠤᠯᠵᠤ ᠂ ᠭᠠᠳᠠᠨ᠎ᠠ᠎ᠡᠴᠠ ᠢᠷᠡᠭᠰᠡᠨ ᠬᠥᠮᠦᠰ ᠪᠠ ᠲᠡᠷᠭᠡ ᠬᠥᠰᠬᠡ᠎ᠶᠢᠨ ᠣᠷᠣᠵᠤ ᠭᠠᠷᠬᠤ᠎ᠶᠢ ᠪᠠᠢᠴᠠᠭᠠᠵᠤ ᠂ ᠬᠢᠵᠢᠭ᠎ᠤᠨ ᠬᠠᠯᠳᠠᠪᠤᠷᠢᠯᠠᠯ᠎ᠢ ᠪᠦᠲᠦᠮᠵᠢᠲᠡᠶ ᠬᠣᠷᠢᠭᠯᠠᠪᠠ ᠃
2 ᠰᠠᠷ᠎ᠠ᠎ᠶᠢᠨ 16᠎ᠤ ᠡᠳᠦᠷ᠎ᠤᠨ ᠦᠳᠡ᠎ᠶᠢᠨ ᠬᠤᠭᠤᠯᠠᠨ᠎ᠤ ᠴᠠᠭ ᠪᠤᠯᠬᠤ᠎ᠳ᠋ᠤ ᠂ ᠪᠠᠭᠠᠷᠢᠨ ᠵᠡᠭᠦᠨ ᠬᠤᠰᠢᠭᠤᠨ᠎ᠤ ᠷᠠᠳᠢᠣ᠋ ᠲᠧᠯᠸᠢᠰ ᠨᠡᠪᠲᠡᠷᠡᠭᠦᠯᠭᠡ᠎ᠶᠢᠨ ᠵᠢᠵᠢᠭ ᠲᠣᠭᠣᠷᠢᠭ᠎ᠤᠨ ᠰᠠᠭᠤᠭᠠᠯᠢ ᠠᠷᠠᠳ ᠸᠠᠩ ᠬᠠᠶ ᠴᠢᠤᠸᠠᠨ ᠡᠬᠡᠨᠡᠷ ᠵᠠᠩ ᠢᠦᠶ ᠫᠢᠩ᠎ᠲᠠᠢ᠎ᠪᠠᠨ ᠳᠦᠩᠭᠡᠵᠢ ᠬᠢᠵᠦ ᠪᠠᠷᠠᠭᠰᠠᠨ ᠬᠤᠭᠤᠯᠠ᠎ᠪᠠᠨ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠬᠦ ᠵᠢᠵᠢᠭᠦᠷᠯᠡᠬᠦ ᠴᠡᠭ᠎ᠲᠤ ᠬᠦᠷᠭᠡᠵᠦ ᠤᠴᠢᠯ᠎ᠠ ᠂ ᠡᠨᠡ᠎ᠨᠢ ᠲᠡᠳᠡᠨ᠎ᠤ ᠵᠢᠵᠢᠭᠦᠷᠯᠡᠭᠴᠢ᠎ᠳ᠋ᠤ ᠬᠣᠭᠣᠯᠠ ᠬᠦᠷᠭᠡᠭᠰᠡᠨ 13 ᠳ᠋ᠤᠭᠠᠷ ᠡᠳᠦᠷ ᠪᠤᠯᠤᠨ᠎ᠠ ᠃ ᠲᠡᠳᠡ ᠬᠤᠶᠠᠭᠤᠯᠠ ᠬᠤᠭᠤᠯᠠ ᠤᠮᠳᠠ ᠬᠦᠷᠬᠡᠬᠦ᠎ᠪᠠᠷ ᠦᠯᠥ ᠪᠠᠷᠠᠮ ᠪᠠᠰᠠ ᠡᠮᠦᠨ᠎ᠡ ᠹᠷᠣᠨᠲ᠎ᠲᠤ ᠠᠵᠢᠯᠯᠠᠵᠤ ᠪᠠᠢᠭ᠎ᠠ ᠺᠠᠳ᠋ᠷ ᠪᠠ ᠰᠠᠶᠢᠨ ᠳᠤᠷᠠᠴᠤᠳ᠎ᠲᠤ 100 ᠵᠠᠬ᠎ᠠ ᠬᠥᠪᠥᠩ ᠬᠦᠷᠮ᠎ᠡ ᠬᠠᠨᠳᠢᠪᠯᠠᠵᠠᠢ ᠃
︽ ᠰᠠᠢᠡᠴᠤᠡᠡᠳᠤ᠎ᠶᠢᠨ᠎ᠬᠢᠨ 100 ᠱᠸᠡᠭ ᠂ ᠬᠦᠴᠤᠳᠤ᠎ᠶᠢᠨ᠎ᠬᠢᠨ 50 ᠱᠸᠡᠭ ᠂ ᠬᠦᠭᠵᠢᠯᠳᠤ᠎ᠶᠢᠨ᠎ᠬᠢᠨ 100 ᠱᠸᠡᠭ ᠁ ︾ ᠃ 2 ᠰᠠᠷ᠎ᠠ᠎ᠶᠢᠨ 14᠎ᠤ ᠡᠳᠤᠷ ᠂ ᠬᠠᠭᠤᠴᠢᠨ ᠪᠠᠷᠭᠤ ᠬᠤᠰᠢᠭᠤᠨ᠎ᠤ ᠪᠠᠶᠠᠨᠬᠦᠢᠷᠢᠶ᠎ᠠ ᠪᠠᠯᠭᠠᠰᠤᠨ᠎ᠤ ᠲᠤᠰᠤ ᠨᠡᠮᠡᠬᠦ ᠦᠷᠳᠡᠭᠡᠨ᠎ᠳ᠋ᠤ ᠤᠯᠠᠭᠠᠡᠴᠢᠯᠠᠭᠤ ᠭᠠᠴᠠᠭᠠᠨ᠎ᠤ ᠭᠠᠴᠠᠭᠠᠨ ᠲᠠᠷᠤᠭ᠎ᠠ ᠪᠤᠢᠷ ᠲᠠᠮᠳᠡᠭᠯᠡᠯ᠎ᠤᠨ ᠲᠠᠪᠳᠡᠷ᠎ᠢᠶᠡᠨ ᠭᠠᠷᠭᠠᠵᠤ ᠂ ᠵᠤᠭᠤᠰ ᠬᠤᠷᠢᠶᠡᠡᠡᠴᠢ᠎ᠳ᠋ᠤ ᠦᠵᠡᠬᠦᠯᠤᠨ ᠂ ᠡᠷᠤᠭᠡ ᠪᠦᠷᠢ᠎ᠶᠢᠨ ᠭᠡᠷᠡᠭᠰᠡᠬᠦ ᠲᠦᠯᠡᠰᠢ᠎ᠶᠢᠨ ᠲᠤᠰᠤᠨ᠎ᠤ ᠭᠡᠮᠵᠢᠶ᠎ᠡ᠎ᠪᠠᠷ᠎ᠨᠢ ᠠᠰ ᠠᠰ᠎ᠲᠤᠨᠢ ᠰᠠᠪᠠᠯᠠᠨ᠎ᠠ ᠃ ᠲᠡᠷᠡ ᠮᠠᠯᠴᠢᠨ ᠡᠷᠤᠭᠡ᠎ᠳ᠋ᠤ ᠬᠡᠷᠡᠭᠰᠡᠬᠦ ᠴᠠᠢᠶᠢᠤ ᠪᠡ ᠪᠤᠰᠤᠤᠨ ᠦᠢᠯᠡᠤᠡᠪᠤᠷᠢᠯᠡᠯ ᠠᠮᠢᠳᠤᠷᠡᠯ᠎ᠤᠨ ᠭᠡᠷᠡᠭᠰᠡᠯ᠎ᠤᠨ ᠡᠳ᠋ ᠪᠤᠳᠡᠰ᠎ᠢ ᠲᠦᠪᠯᠡᠷᠡᠬᠦᠯᠤᠨ ᠬᠤᠳᠡᠯᠳᠤᠨ ᠠᠪᠴᠤ ᠬᠦᠷᠭᠡᠬᠦ᠎ᠪᠠᠷ ᠢᠷᠡᠭᠰᠡᠨ᠎ᠨᠢ ᠡᠨᠡ ᠪᠠᠢᠵᠠᠢ ᠃
2 ᠰᠠᠷ᠎ᠠ᠎ᠶᠢᠨ 17᠎ᠤ ᠡᠳᠦᠷ ᠂ ᠤᠷᠠᠳ᠎ᠤᠨ ᠲᠤᠮᠳᠠᠳᠤ ᠬᠤᠰᠢᠭᠤᠨ᠎ᠤ ᠤᠩᠭᠤᠨ ᠠᠭᠤᠯᠠ ᠪᠠᠯᠭᠠᠰᠤ᠎ᠶᠢᠨ ᠠᠯᠳᠠᠨᠬᠤᠰᠢᠭᠤ ᠭᠠᠴᠠᠭᠠᠨ᠎ᠤ ᠮᠠᠯᠴᠢᠳ ᠮᠠᠩᠨᠠᠢ ᠲᠠᠨᠢᠢᠯᠬᠡᠭᠰᠡᠨ ᠨᠠᠨᠳᠢᠨ ᠪᠡᠯᠡᠭ ᠲᠤᠰᠪᠠ ᠃ ᠬᠢᠵᠢᠭ᠎ᠤᠨ ᠪᠠᠢᠳᠠᠯ᠎ᠡᠴᠠ ᠪᠤᠯᠵᠤ ᠵᠠᠮ ᠬᠠᠭᠠᠭᠳᠠᠨ ᠲᠡᠷᠬᠡ ᠮᠠᠰᠢᠨ᠎ᠤ ᠨᠠᠭᠠᠰᠢ ᠴᠠᠭᠠᠰᠢ ᠶᠠᠪᠤᠬᠤ᠎ᠶᠢ ᠬᠤᠷᠢᠭᠯᠠᠭᠰᠠᠨ᠎ᠢᠶᠠᠷ ᠬᠡᠰᠡᠭ ᠮᠠᠯᠴᠢᠳ ᠡᠪᠡᠰᠦ ᠪᠤᠷᠳᠤᠭ᠎ᠠ ᠠᠪᠬᠤ᠎ᠪᠠᠷ ᠭᠠᠷᠴᠤ ᠲᠡᠢᠯᠬᠦ ᠦᠬᠡᠢ ᠭᠠᠷ ᠨᠤᠬᠤᠯᠠᠨ ᠭᠠᠴᠢᠭᠳᠠᠪᠠ ᠃ ᠬᠠᠪᠤᠷ᠎ᠤᠨ ᠲᠦᠯ ᠲᠤᠰᠴᠤ ᠪᠠᠢᠭ᠎ᠠ ᠵᠠᠩᠬᠢᠯᠠᠭ᠎ᠠ᠎ᠶᠢᠨ ᠦᠶ᠎ᠡ ᠪᠤᠯᠬᠤ ᠲᠤᠯᠠ ᠠᠯᠳᠠᠠᠬᠤᠰᠢᠭᠤ ᠭᠠᠴᠠᠭᠠᠨ᠎ᠳ᠋ᠤ ᠰᠠᠭᠤᠭ᠎ᠠ ᠠᠵᠢᠯᠯᠠᠬᠤ ᠲᠤᠭᠤᠢᠯᠠᠩ᠎ᠤᠨ ᠮᠡᠷᠬᠡᠨ ᠂ ᠪᠠᠢ ᠴᠢ ᠱᠸᠩ ᠂ ᠬᠦᠸᠸ᠎ᠶᠢᠨ ᠬᠤᠤ ᠵᠡᠷᠬᠡ ᠬᠡᠳᠦᠨ ᠵᠠᠯᠠᠭᠤ ᠺᠠᠳ᠋ᠷ ᠬᠤᠪᠢ᠎ᠪᠠᠷ᠎ᠢᠶᠡᠨ 17000 ᠲᠥᠬᠦᠷᠢᠭ ᠬᠤᠷᠠᠮᠳᠤᠭᠤᠯᠵᠤ ᠂ 10 ᠲᠤᠨ ᠰᠢᠮ᠎ᠡ ᠰᠠᠢᠳᠠᠢ ᠡᠪᠡᠰᠦ ᠵᠢᠴᠢ ᠮᠠᠯᠴᠢᠳ᠎ᠤᠨ ᠪᠠᠴᠢᠮ ᠬᠡᠷᠡᠭᠰᠡᠬᠦ ᠨᠤᠭᠤᠭ᠎ᠠ ᠴᠠᠭ᠎ᠠ ᠡᠮ ᠲᠠᠩ ᠵᠡᠷᠬᠡ᠎ᠲᠠᠢ ᠬᠠᠮᠳᠤ ᠭᠠᠴᠠᠭᠠᠨ᠎ᠳ᠋ᠤ ᠬᠦᠷᠬᠡᠵᠥ ᠢᠷᠡᠵᠡᠢ ᠃
᠁
ᠦᠷᠬᠡᠨ ᠠᠭᠤᠳᠠᠮ ᠦᠪᠦᠷ ᠮᠤᠩᠭᠤᠯ᠎ᠤᠨ ᠡᠯᠢᠬᠡᠨ᠎ᠳ᠋ᠤ ᠡᠨᠡ ᠮᠡᠳᠦ᠎ᠶᠢᠨ ᠰᠡᠳᠬᠢᠯ᠎ᠢ ᠬᠦᠳᠡᠯᠬᠡᠮ᠎ᠡ ᠲᠠᠢᠴᠢᠨ ᠪᠠᠭᠠᠳᠤᠷ᠎ᠤᠨ ᠦᠯᠢᠬᠡᠷ ᠂ ᠦᠭᠬᠢᠶᠡᠮᠥᠷ ᠰᠡᠳᠬᠢᠯᠳᠦ ᠬᠦᠮᠥᠰ᠎ᠤᠨ ᠦᠯᠢᠬᠡᠷ ᠂ ᠡᠬᠦᠷᠬᠡ ᠬᠠᠷᠢᠭᠤᠴᠠᠯᠭ᠎ᠠ᠎ᠳᠠᠭᠠᠨ ᠦᠨᠡᠨᠴᠢ ᠺᠠᠳ᠋ᠷᠴᠤᠳ᠎ᠤᠨ ᠦᠯᠢᠬᠡᠷ ᠦᠷᠬᠦᠯᠵᠢᠯᠡᠭᠰᠡᠬᠡᠷ ᠃ ᠲᠡᠳᠡᠬᠡᠷ᠎ᠨᠢ ᠦᠪᠦᠷ ᠮᠤᠩᠭᠤᠯ᠎ᠤᠨ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶᠢᠳᠠᠯ᠎ᠢ ᠰᠡᠷᠬᠡᠶᠢᠯᠡᠨ ᠡᠵᠡᠮᠳᠡᠬᠦ ᠠᠵᠢᠯ᠎ᠤᠨ ᠬᠠᠭᠤᠳᠠᠰᠤᠨ᠎ᠳ᠋ᠠᠬᠢ ᠤᠶᠠᠩᠭᠠᠨ ᠴᠢᠪᠬᠠᠳᠠᠰᠤ ᠪᠤᠯᠵᠤ ᠂ ᠦᠨᠳᠦᠰᠦᠳᠡᠨ᠎ᠨᠦᠭᠦᠳ᠎ᠤᠨ ᠠᠷᠠᠳ ᠲᠦᠮᠡᠨ᠎ᠤ ᠰᠠᠢᠨ ᠰᠠᠢᠬᠠᠨ ᠠᠮᠢᠳᠤᠷᠠᠯ᠎ᠢᠶᠡᠨ ᠴᠤᠭᠴᠠᠯᠠᠨ ᠦᠵᠡᠮᠵᠢᠳᠦ ᠰᠠᠢᠬᠠᠨ ᠦᠪᠦᠷ ᠮᠤᠩᠭᠤᠯ᠎ᠢᠶᠡᠨ ᠪᠦᠳᠦᠬᠡᠨ ᠪᠠᠢᠭᠤᠯᠬᠤ᠎ᠶᠢᠨ ᠵᠤᠷᠢᠭ ᠰᠠᠨᠠᠭᠠᠨ᠎ᠤ ᠦᠪ ᠬᠦᠷᠦᠩᠬᠡ ᠪᠤᠯᠬᠤ᠎ᠨᠢ ᠯᠠᠪᠳᠠᠢ ︕

︵ ︽ ᠠᠷᠠᠳ ᠰᠢᠯᠵᠢᠶ᠎ᠡ ︾ ᠂ ︽ ᠦᠪᠦᠷ ᠮᠤᠩᠭᠤᠯ᠎ᠤᠨ ᠡᠳᠦᠷ᠎ᠤᠨ ᠰᠤᠨᠢᠨ ︾ ᠂ ︽ ᠤᠮᠠᠷᠠᠳᠤ᠎ᠶᠢᠨ ᠰᠢᠨ᠎ᠡ ᠰᠤᠨᠢᠨ ︾ ᠵᠡᠷᠬᠡ᠎ᠡᠴᠠ ᠴᠡᠴᠡᠭ ᠨᠠᠢᠷᠠᠭᠤᠯᠤᠨ ᠤᠷᠴᠢᠭᠤᠯᠵᠤ ᠠᠪᠤᠪᠠ ︶

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠠᠷᠢᠭᠤᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面