2020-03-01 10:45:21
ᠰᠢᠨ᠎ᠠ ᠲᠢᠳᠢᠮᠯᠢᠭ ᠠᠭᠤᠰᠭᠢᠨ ᠦᠷᠪᠢᠰᠤᠯ᠎ᠤᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠭᠦ ᠬᠤᠭᠤᠴᠠᠭᠠᠨ᠎ᠳ᠋ᠤ ᠂ ᠢᠨᠲ᠋ᠸᠷ ᠰᠦᠯᠵᠢᠶ᠎ᠠ᠎ᠨᠢ ᠤᠯᠠᠡᠭᠭᠢ ᠬᠦᠮᠦᠨ᠎ᠤ ᠮᠡᠳᠡᠭᠡ ᠵᠠᠡᠭᠭᠢ ᠤᠯᠬᠤ ᠪᠠ ᠭᠠᠳᠠᠭᠠᠳᠤ ᠶᠢᠷᠳᠢᠨᠴᠤ᠎ᠲᠠᠢ ᠬᠠᠷᠢᠯᠴᠠᠬᠤ ᠬᠠᠮᠤᠭ᠎ᠤᠨ ᠭᠤᠤᠯ ᠠᠷᠭ᠎ᠠ ᠵᠠᠮ ᠪᠤᠯᠪᠠ ᠃ ᠰᠦᠯᠵᠢᠶᠡᠨ ᠲᠡᠭᠡᠷᠡᠭᠢ ᠡᠯᠳᠡᠪ᠎ᠤᠨ ᠮᠡᠳᠡᠭᠡ ᠵᠠᠡᠭᠭᠢ᠎ᠶᠢᠨ ᠲᠤᠳᠤᠷ᠎ᠠ ᠪᠠᠰᠠ ᠮᠠᠰᠢ ᠤᠯᠠᠨ ᠴᠤᠤᠷᠬᠠᠯ ᠬᠤᠯᠢᠯᠳᠤᠵᠦ ᠂ ᠬᠦᠮᠦᠰ᠎ᠲᠤ ᠰᠠᠭᠠᠳ ᠬᠠᠷᠰᠢ ᠪᠠ ᠬᠡᠯᠮᠡᠭᠳᠡᠯ ᠠᠪᠴᠢᠷᠠᠵᠦ ᠂ ᠵᠠᠷᠢᠮ᠎ᠨᠢ ᠴᠠᠭᠠᠰᠢᠯᠠᠭᠠᠳ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠭᠦ᠎ᠳ᠋ᠤ ᠠᠰᠢᠭ ᠦᠭᠡᠢ ᠨᠦᠯᠦᠭᠡ ᠦᠵᠡᠭᠦᠯᠪᠠ ᠃ ᠰᠢᠨ᠎ᠠ ᠲᠢᠳᠢᠮᠯᠢᠭ ᠠᠭᠤᠰᠬᠢᠨ ᠦᠷᠪᠢᠰᠤᠯ᠎ᠤᠨ ᠬᠢᠵᠢᠭ᠎ᠤᠨ ᠪᠠᠢᠳᠠᠯ᠎ᠢ ᠠᠰᠢᠬᠯᠠᠨ ᠬᠤᠳᠠᠯ ᠬᠠᠭᠤᠷᠮᠠᠬ ᠮᠡᠳᠡᠭᠡ ᠵᠠᠡᠭᠭᠢ᠎ᠶᠢ ᠵᠤᠬᠢᠶᠠᠬᠤ ᠪᠤᠶᠤ ᠲᠠᠮᠵᠢᠭᠤᠯᠬᠤ᠎ᠨᠢ ᠬᠠᠤᠯᠢ ᠴᠠᠭᠠᠵᠠ᠎ᠶᠢᠨ ᠬᠠᠷᠢᠭᠤᠴᠠᠯᠭ᠎ᠠ ᠡᠭᠦᠷᠭᠡᠯᠡᠨ᠎ᠠ ᠭᠡᠳᠡᠭ᠎ᠢ ᠮᠡᠳᠡᠭᠦ ᠶᠤᠰᠤᠳᠠᠢ ᠃
︽ ᠬᠤᠳᠠᠯ ᠬᠠᠭᠤᠷᠮᠠᠬ ᠮᠡᠳᠡᠭᠡ ᠵᠠᠡᠭᠭᠢ᠎ᠶᠢᠨ ᠠᠭᠤᠯᠭ᠎ᠠ ᠂ ᠦᠢᠯᠡ ᠪᠠᠢᠳᠠᠯ᠎ᠤᠨ ᠦᠷ᠎ᠠ ᠳ᠋ᠦ᠋ᠢᠡᠭᠤᠨ ᠠᠳᠠᠯᠢ ᠪᠤᠰᠤ᠎ᠶᠢ ᠦᠨᠳᠦᠰᠦᠯᠡᠵᠦ ᠂ ᠠᠳᠠᠯᠢ ᠪᠤᠰᠤ᠎ᠶᠢᠨ ᠬᠠᠤᠯᠢ ᠴᠠᠭᠠᠵᠠ᠎ᠶᠢᠨ ᠬᠠᠷᠢᠭᠤᠴᠠᠯᠭ᠎ᠠ ᠡᠭᠦᠷᠭᠡᠯᠡᠨ᠎ᠠ ︾ ᠭᠡᠵᠦ ᠦᠪᠡᠷᠳᠡᠭᠡᠨ ᠵᠠᠰᠠᠬᠣ ᠣᠷᠣᠨ᠎ᠤ ᠬᠠᠤᠯᠢᠴᠢᠳ᠎ᠤᠨ ᠨᠡᠢᠭᠡᠮᠯᠢᠭ᠎ᠤᠨ ᠪᠠᠢᠡᠭᠭᠤ᠎ᠶᠢᠨ ᠬᠡᠷᠡᠭ ᠡᠷᠬᠢᠯᠡᠭᠴᠢ ᠂ ᠬᠦᠬᠡᠬᠤᠳᠠ᠎ᠶᠢᠨ ᠬᠠᠤᠯᠢᠴᠢᠳ᠎ᠤᠨ ᠨᠡᠢᠭᠡᠮᠯᠢᠭ᠎ᠤᠨ ᠲᠡᠳ᠋ ᠲᠠᠷᠤᠭ᠎ᠠ ᠵᠤᠤ ᡁᠢ ᠵᠦᠡᠭ ᠬᠡᠯᠡᠨ᠎ᠡ ᠃ ︽ ᠬᠡᠷᠪᠡ ᠠᠵᠢᠯᠯᠠᠭ᠎ᠠ᠎ᠳᠤ ᠬᠦᠮᠦᠨ ᠬᠢᠵᠢᠭ᠎ᠤᠨ ᠪᠠᠢᠳᠠᠯ᠎ᠲᠠᠢ ᠬᠠᠮᠢᠶᠠᠲᠠᠢ ᠠᠶᠤᠮᠰᠢᠬᠳᠤ ᠮᠡᠳᠡᠭᠡ ᠵᠠᠡᠭᠭᠢ᠎ᠶᠢ ᠵᠤᠬᠢᠶᠠᠬᠰᠠᠨ ᠪᠤᠶᠤ ᠬᠤᠳᠠᠯ ᠬᠠᠭᠤᠷᠮᠠᠬ ᠮᠡᠳᠡᠭᠡ ᠵᠠᠡᠭᠭᠢ᠎ᠶᠢ ᠮᠡᠳᠡᠵᠦ ᠪᠠᠢᠭᠠᠳ ᠵᠤᠷᠢᠭᠤᠳᠠ ᠲᠠᠮᠵᠢᠭᠤᠯᠵᠦ ᠂ ᠲᠤᠬᠳᠠᠬᠰᠠᠨ ᠪᠤᠰᠤ ᠤᠯᠠᠨ ᠬᠦᠮᠦᠨ᠎ᠤ ᠤᠯᠠᠨ ᠲᠦᠮᠡᠨ᠎ᠤ ᠠᠮᠤᠷ ᠲᠦᠪᠰᠢᠨ᠎ᠤ ᠲᠠᠯ᠎ᠠ᠎ᠶᠢᠨ ᠬᠡᠯᠮᠡᠭᠳᠡᠯᠢ ᠡᠭᠦᠰᠭᠡᠵᠦ ᠂ ᠨᠡᠢᠭᠡᠮ᠎ᠤᠨ ᠡᠮᠭᠢ ᠵᠢᠷᠤᠮ᠎ᠢ ᠬᠦᠨᠳᠤ ᠨᠤᠴᠢᠳᠠᠢ ᠰᠠᠮᠠᠭᠤᠷᠠᠭᠤᠯᠤᠬᠰᠠᠨ ᠪᠤᠯ ᠂ ︿ ᠪᠦᠭᠦᠳᠡ ᠨᠠᠢᠷᠠᠮᠳᠠᠬᠤ ᠲᠤᠮᠳᠠᠳᠤ ᠠᠷᠠᠳ ᠤᠯᠤᠰ᠎ᠤᠨ ᠡᠷᠡᠭᠦᠦ᠎ᠶᠢᠨ ᠬᠠᠤᠯᠢ ﹀ ︵ ᠲᠤᠷᠤᠬᠰᠢ ︽ ᠡᠷᠡᠭᠦᠦ᠎ᠶᠢᠨ ᠬᠠᠤᠯᠢ ︾ ᠭᠡᠵᠦ ᠲᠦᠭᠦᠮᠴᠢᠯᠡᠨ᠎ᠠ ︶᠎ᠳ᠋ᠠᠬᠢ ᠬᠠᠮᠢᠶ᠎ᠠ ᠪᠦᠭᠦᠢ ᠲᠤᠬᠳᠠᠭᠠᠯ᠎ᠢ ᠦᠨᠳᠦᠰᠦᠯᠡᠵᠦ ᠂ ᠬᠤᠳᠠᠯ ᠬᠠᠭᠤᠷᠮᠠᠬ ᠠᠶᠤᠮᠰᠢᠬᠳᠤ ᠮᠡᠳᠡᠭᠡ ᠵᠠᠡᠭᠭᠢ ᠵᠤᠬᠢᠶᠠᠵᠦ ᠂ ᠵᠤᠷᠢᠭᠤᠳᠠ ᠲᠠᠮᠵᠢᠭᠤᠯᠤᠬᠰᠠᠨ ᠶᠠᠯ᠎ᠠ᠎ᠪᠠᠷ ᠬᠠᠷᠢᠭᠤᠴᠠᠯᠭ᠎ᠠ ᠨᠡᠭᠡᠮᠵᠢᠯᠡᠨ᠎ᠠ ᠃ ︾ ᠵᠢᠱᠢᠶᠡᠯᠡᠪᠠᠯ ᠪᠤᠱᠢᠭᠤ ᠭᠠᠷ ᠰᠢᠭᠤᠳ ᠨᠡᠪᠳᠡᠷᠡᠭᠦᠯᠭᠡ᠎ᠶᠢᠨ ᠲᠠᠪᠴᠠᠡᠭ᠎ᠤᠨ ᠨᠢᠭᠡᠨ ᠨᠡᠪᠳᠡᠷᠡᠭᠦᠯᠦᠭᠴᠢ ᠰᠢᠨ᠎ᠠ ᠲᠢᠳᠢᠮᠯᠢᠭ ᠠᠭᠤᠰᠬᠢᠨ ᠦᠷᠪᠢᠰᠤᠯ ᠪᠤᠯ ᠵᠤᠬᠢᠶᠠᠮᠠᠯ ︽ ᠭᠸᠨ᠎ᠤ ᠵᠡᠪᠰᠡᠭ ︾ ᠭᠡᠵᠦ ᠂ ︽ ᠬᠤᠳᠠᠯ ᠬᠠᠭᠤᠷᠮᠠᠬ ᠬᠠᠤᠯᠢ᠎ᠡᠴᠠ ᠵᠦᠷᠢᠴᠡᠭᠰᠡᠨ ᠮᠡᠳᠡᠭᠡ ᠵᠡᠡᠭᠭᠢ ᠨᠡᠢᠳᠡᠯᠡᠭᠰᠡᠨ ︾ ᠶᠠᠯᠠᠳᠣ ᠬᠡᠷᠡᠭ᠎ᠢᠶᠠᠷ ᠰᠡᠵᠢᠭᠯᠡᠭᠳᠡᠪᠠ ᠃ ᠲᠤᠰ ᠨᠡᠪᠳᠡᠷᠡᠭᠦᠯᠦᠭᠴᠢ᠎ᠳ᠋ᠤ ᠤᠳᠤ ᠨᠢᠭᠡᠨᠳᠡ ᠠᠯᠪᠠᠳᠠᠯᠭ᠎ᠠ᠎ᠶᠢᠨ ᠠᠷᠭ᠎ᠠ ᠬᠡᠮᠵᠢᠶ᠎ᠡ ᠠᠪᠴᠠᠢ ᠃
︽ ᠠᠵᠢᠯᠯᠠᠭ᠎ᠠ᠎ᠳᠤ ᠬᠦᠮᠦᠨ ᠬᠢᠵᠢᠭ᠎ᠤᠨ ᠪᠠᠢᠳᠠᠯ᠎ᠲᠠᠢ ᠬᠠᠮᠢᠶᠠᠲᠠᠢ ᠮᠡᠳᠡᠭᠡ ᠵᠠᠡᠭᠭᠢ ᠵᠤᠬᠢᠶᠠᠬᠤ᠎ᠶᠢᠨ ᠬᠠᠮᠳᠤ ᠲᠠᠮᠵᠢᠭᠤᠯᠤᠬᠰᠠᠨ ᠂ ᠡᠰᠡᠭᠦᠯ᠎ᠠ ᠬᠤᠳᠠᠯ ᠬᠠᠭᠤᠷᠮᠠᠬ ᠮᠡᠳᠡᠭᠡ ᠵᠠᠡᠭᠭᠢ ᠪᠤᠯᠬᠤ᠎ᠶᠢ ᠲᠤᠳᠤᠷᠬᠠᠢ ᠮᠡᠳᠡᠵᠦ ᠪᠠᠢᠭᠠᠳ ᠰᠦᠯᠵᠢᠶᠡᠨ ᠲᠡᠭᠡᠷ᠎ᠠ ᠲᠠᠮᠵᠢᠭᠤᠯᠵᠦ ᠂ ᠤᠯᠠᠨ ᠲᠦᠮᠡᠨ᠎ᠢ ᠪᠤᠷᠤᠭᠤ ᠲᠠᠨᠢᠯᠳᠠ᠎ᠲᠠᠢ ᠪᠤᠯᠭᠠᠵᠦ ᠂ ᠨᠡᠢᠭᠡᠮ᠎ᠤᠨ ᠡᠮᠭᠢ ᠵᠢᠷᠤᠮ᠎ᠢ ᠰᠠᠮᠠᠭᠤᠷᠠᠭᠤᠯᠬᠤ ᠬᠡᠮᠵᠢᠶᠡᠨ᠎ᠳ᠋ᠤ ᠬᠦᠷᠦᠭᠰᠡᠨ ᠪᠤᠯ ᠂ ︿ ᠡᠷᠡᠭᠦᠦ᠎ᠶᠢᠨ ᠬᠠᠤᠯᠢ ﹀᠎ᠳ᠋ᠠᠬᠢ ᠬᠠᠮᠢᠶ᠎ᠠ ᠪᠦᠭᠦᠢ ᠲᠤᠬᠳᠠᠭᠠᠯ᠎ᠢ ᠦᠨᠳᠤᠰᠦᠯᠡᠵᠦ ᠂ ᠬᠤᠳᠠᠯ ᠬᠠᠭᠤᠷᠮᠠᠬ ᠮᠡᠳᠡᠭᠡ ᠵᠠᠡᠭᠭᠢ ᠵᠤᠬᠢᠶᠠᠵᠦ ᠂ ᠵᠤᠷᠢᠭᠤᠳᠠ ᠲᠠᠮᠵᠢᠭᠤᠯᠤᠬᠰᠠᠨ ᠶᠠᠯ᠎ᠠ᠎ᠪᠠᠷ ᠬᠠᠷᠢᠭᠤᠴᠠᠯᠭ᠎ᠠ ᠨᠡᠭᠡᠮᠵᠢᠯᠡᠨ᠎ᠠ ︾ ᠭᠡᠵᠦ ᠵᠤᠤ ᡁᠢ ᠵᠦᠡᠭ ᠬᠡᠯᠡᠨ᠎ᠡ ᠃ ᠲᠡᠭᠦᠨ᠎ᠤ ᠬᠡᠯᠡᠬᠦ᠎ᠪᠠᠷ ᠂ ︽ ᠠᠵᠢᠯᠯᠠᠭ᠎ᠠ᠎ᠳᠤ ᠬᠦᠮᠦᠨ ᠬᠤᠳᠠᠯ ᠬᠠᠭᠤᠷᠮᠠᠬ ᠮᠡᠳᠡᠭᠡ ᠵᠠᠡᠭᠭᠢ ᠵᠤᠬᠢᠶᠠᠬᠤ ᠂ ᠡᠰᠡᠭᠦᠯ᠎ᠠ ᠵᠤᠷᠢᠭᠤᠳᠠ ᠲᠠᠮᠵᠢᠭᠤᠯᠬᠤ ᠂ ᠡᠰᠡᠭᠦᠯ᠎ᠠ ᠵᠤᠬᠢᠶᠠᠨ ᠪᠠᠢᠭᠤᠯᠵᠦ ᠂ ᠵᠢᠭᠠᠨ ᠲᠤᠬᠢᠵᠦ ᠬᠤᠳᠠᠯ ᠬᠠᠭᠤᠷᠮᠠᠬ ᠬᠢᠵᠢᠭ᠎ᠤᠨ ᠪᠠᠢᠳᠠᠯ᠎ᠤᠨ ᠮᠡᠳᠡᠭᠡ ᠵᠠᠡᠭᠭᠢ᠎ᠶᠢ ᠰᠦᠯᠵᠢᠶᠡᠨ ᠲᠡᠭᠡᠷ᠎ᠠ ᠲᠠᠮᠵᠢᠭᠤᠯᠵᠦ ᠂ ᠦᠢᠮᠡᠭᠡᠨ ᠲᠡᠪᠵᠢᠭᠡᠨ ᠡᠭᠦᠰᠭᠡᠵᠦ ᠂ ᠤᠯᠠᠨ ᠨᠡᠢᠳᠡ᠎ᠶᠢᠨ ᠡᠮᠬᠢ ᠵᠢᠷᠤᠮ᠎ᠢ ᠬᠦᠨᠳᠤ ᠨᠤᠴᠢᠳᠠᠢ ᠰᠠᠮᠠᠭᠤᠷᠠᠭᠤᠯᠤᠬᠰᠠᠨ ᠪᠤᠯ ᠂ ︿ ᠡᠷᠡᠭᠦᠦ᠎ᠶᠢᠨ ᠬᠠᠤᠯᠢ ﹀᠎ᠶᠢᠨ 293 ᠳ᠋ᠤᠭᠠᠷ ᠵᠦᠢᠯᠳ᠋ᠠᠬᠢ ᠲᠤᠬᠳᠠᠭᠠᠯ᠎ᠢᠶᠠᠷ ᠬᠡᠷᠡᠭ ᠡᠳᠦᠭᠰᠡᠨ ᠶᠠᠯ᠎ᠠ᠎ᠪᠠᠷ ᠶᠠᠯ᠎ᠠ ᠲᠤᠬᠳᠠᠭᠠᠵᠦ ᠰᠢᠢᠳᠭᠡᠨ᠎ᠠ ᠃ ︾
ᠡᠨᠡ ᠬᠦ ᠬᠠᠤᠯᠢ᠎ᠡᠴᠠ ᠵᠦᠷᠢᠴᠡᠭᠰᠡᠨ ᠦᠢᠯᠡ ᠠᠵᠢᠯᠯᠠᠭ᠎ᠠ ᠪᠤᠯ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠭᠦ ᠬᠤᠭᠤᠴᠠᠭᠠᠨ᠎ᠳ᠋ᠤ ᠬᠤᠳᠠᠯ ᠬᠠᠭᠤᠷᠮᠠᠬ ᠮᠡᠳᠡᠭᠡ ᠵᠠᠡᠭᠭᠢ ᠵᠤᠬᠢᠶᠠᠬᠤ ᠪᠤᠶᠤ ᠲᠠᠮᠵᠢᠭᠤᠯᠤᠬᠰᠠᠨ ᠬᠠᠮᠤᠭ᠎ᠤᠨ ᠨᠡᠢᠳᠡᠮ᠎ᠤᠨ ᠠᠵᠢᠯᠯᠠᠭ᠎ᠠ ᠪᠤᠯᠤᠨ᠎ᠠ ᠃ ᠬᠦᠬᠡᠬᠤᠳᠠ᠎ᠶᠢᠨ ᠬᠤᠷᠢᠩᠡᠷ ᠰᠢᠶᠠᠨ᠎ᠤ ᠲᠤᠳᠤᠭᠠᠳᠤ᠎ᠶᠢ ᠬᠠᠮᠠᠭᠠᠯᠠᠬᠤ ᠲᠤᠪᠴᠢᠶ᠎ᠠ᠎ᠶᠢᠨ ᠬᠡᠷᠡᠭ ᠪᠤᠯᠭᠠᠨ ᠲᠠᠩᠨᠠᠨ ᠪᠠᠢᠴᠠᠭᠠᠬᠰᠠᠨ ︽ ᠶᠠᠡᠭ ᠤᠪᠤᠬᠳᠤ᠎ᠶᠢᠨ ᠬᠤᠳᠠᠯ ᠬᠠᠭᠤᠷᠮᠠᠬ ᠮᠡᠳᠡᠭᠡ ᠵᠠᠡᠭᠭᠢ ᠵᠤᠬᠢᠶᠠᠵᠦ ᠂ ᠵᠤᠷᠢᠭᠤᠳᠠ ᠲᠠᠮᠵᠢᠭᠤᠯᠤᠬᠰᠠᠨ ᠬᠡᠷᠡᠭ ︾᠎ᠢᠶᠠᠷ ᠵᠢᠱᠢᠶᠡᠯᠡᠪᠡᠯ ᠂ ᠶᠠᠡᠭ ᠤᠪᠤᠬᠳᠤ ᠡᠪᠡᠳᠴᠢᠨ ᠬᠢᠵᠢᠭ᠎ᠢ ᠰᠡᠷᠭᠡᠢᠯᠡᠭᠦ ᠲᠦᠪ᠎ᠤᠨ ᠠᠵᠢᠯᠳᠠᠨ᠎ᠢᠶᠠᠷ ᠤᠪᠯᠠᠵᠦ ᠂ ᠪᠦᠰᠡᠭᠦᠢ᠎ᠨᠢ ᠦᠬᠠᠨ᠎ᠡᠴᠠ ᠬᠠᠷᠢᠵᠦ ᠢᠷᠡᠭᠰᠡᠨ ᠪᠦᠭᠡᠳ ᠬᠠᠯᠠᠭᠤᠷᠠᠨ ᠂ ᠨᠢᠭᠡᠨᠳᠡ ᠭᠡᠷᠡᠴᠠᠪᠠᠨ ᠭᠠᠷᠴᠤ ᠶᠠᠪᠤᠭᠠᠳ ᠨᠢᠭᠡᠨ ᠲᠤᠰᠬᠤᠨ᠎ᠳ᠋ᠤ ᠤᠴᠢᠬᠰᠠᠨ ᠭᠡᠵᠦ ᠬᠤᠳᠠᠯ ᠬᠠᠭᠤᠷᠮᠠᠬ ᠮᠡᠳᠡᠭᠡ ᠵᠠᠡᠭᠭᠢ ᠵᠤᠬᠢᠶᠠᠬᠰᠠᠨ ᠪᠦᠭᠡᠳ ᠬᠠᠮᠢᠶ᠎ᠠ ᠪᠦᠭᠦᠢ ᠰᠠᠯᠠᠭ᠎ᠠ ᠮᠦᠴᠢᠷ᠎ᠲᠤ ᠬᠠᠮᠵᠢᠨ ᠪᠠᠢᠴᠠᠭᠠᠬᠤ᠎ᠶᠢ ᠮᠡᠳᠡᠭᠳᠡᠪᠠ ᠃ ᠠᠵᠢᠯᠳᠠᠨ ᠵᠢᠷᠭᠢᠶ᠎ᠠ᠎ᠶᠢᠨ ᠴᠤᠬᠯᠠᠷᠠᠯ᠎ᠳ᠋ᠤ ᠬᠠᠮᠵᠢᠨ ᠪᠠᠢᠴᠠᠭᠠᠬᠤ ᠮᠡᠳᠡᠭᠳᠡᠯ ᠨᠡᠢᠳᠡᠯᠡᠵᠦ ᠂ ᠤᠯᠠᠨ ᠬᠦᠮᠦᠨ ᠲᠠᠮᠵᠢᠭᠤᠯᠤᠨ ᠨᠡᠢᠳᠡᠯᠡᠵᠦ ᠂ ᠨᠡᠢᠭᠡᠮ᠎ᠤᠨ ᠬᠡᠯᠮᠡᠭᠳᠡᠯᠢ ᠡᠭᠦᠰᠭᠡᠪᠡ ᠃ ᠶᠠᠡᠭ ᠤᠪᠤᠬᠳᠤ᠎ᠶᠢ ᠬᠦᠯᠢᠶᠠᠵᠦ ᠪᠠᠢᠭ᠎ᠠ᠎ᠨᠢ ᠬᠦᠨᠳᠤ ᠴᠢᠡᠭᠭ᠎ᠠ ᠵᠠᠯᠬᠠᠭᠠᠯ ᠪᠤᠯᠬᠤ᠎ᠨᠢ ᠲᠠᠮᠵᠢᠭ ᠦᠭᠡᠢ ᠃
︽ ᠪᠦᠭᠦᠳᠡ ᠨᠠᠢᠷᠠᠮᠳᠠᠬᠤ ᠲᠤᠮᠳᠠᠳᠤ ᠠᠷᠠᠳ ᠤᠯᠤᠰ᠎ᠤᠨ ᠬᠡᠨᠡᠳᠳᠡ᠎ᠶᠢᠨ ᠬᠡᠷᠡᠭ ᠶᠠᠪᠤᠳᠠᠯ᠎ᠢ ᠠᠷᠭᠠᠴᠠᠭᠠᠬᠤ ᠬᠠᠤᠯᠢ ︾᠎ᠶᠢᠨ 65 ᠳ᠋ᠤᠭᠠᠷ ᠵᠦᠢᠯᠳ᠋ᠠᠬᠢ ᠲᠤᠬᠳᠠᠭᠠᠯ᠎ᠢ ᠦᠨᠳᠦᠰᠦᠯᠡᠪᠠᠯ ᠂ ᠶᠠᠮᠠᠷᠪᠠ ᠨᠢᠭᠡᠴᠢ ᠪᠠ ᠬᠤᠪᠢ ᠬᠦᠮᠦᠨ ᠬᠢᠵᠢᠭ᠎ᠤᠨ ᠪᠠᠢᠳᠠᠯ᠎ᠤᠨ ᠬᠠᠨᠳᠤᠰᠢ ᠬᠦᠭᠵᠢᠯᠳᠠ ᠡᠰᠡᠭᠦᠯ᠎ᠠ ᠪᠠᠴᠢᠮ ᠠᠷᠭᠠᠴᠠᠭᠠᠨ ᠰᠢᠢᠳᠪᠤᠷᠢᠯᠡᠭᠦ ᠠᠵᠢᠯ᠎ᠤᠨ ᠬᠠᠮᠢᠶᠠᠲᠠᠢ ᠬᠤᠳᠠᠯ ᠬᠠᠭᠤᠷᠮᠠᠬ ᠮᠡᠳᠡᠭᠡ ᠵᠠᠡᠭᠭᠢ ᠵᠤᠬᠢᠶᠠᠨ ᠲᠠᠮᠵᠢᠭᠤᠯᠤᠬᠰᠠᠨ ᠂ ᠡᠰᠡᠭᠦᠯ᠎ᠠ ᠲᠡᠭᠡᠷ᠎ᠠ ᠲᠤᠷᠠᠳᠤᠬᠰᠠᠨ ᠬᠤᠳᠠᠯ ᠬᠠᠭᠤᠷᠮᠠᠬ ᠮᠡᠳᠡᠭᠡ ᠵᠠᠡᠭᠭᠢ᠎ᠶᠢ ᠲᠤᠳᠤᠷᠬᠠᠢ ᠮᠡᠳᠡᠵᠦ ᠪᠠᠢᠭᠠᠳ ᠲᠠᠮᠵᠢᠭᠤᠯᠤᠬᠰᠠᠨ ᠪᠤᠯ ︿ ᠵᠠᠷᠯᠢᠬᠳᠠᠬᠳᠠᠨ ᠵᠠᠯᠠᠷᠠᠭᠣᠯᠣᠭᠣᠯᠬᠣ ᠂ ᠰᠡᠷᠡᠮᠵᠢᠯᠡᠭᠦᠯᠭᠦ ︔ ᠠᠵᠢᠯ ᠲᠦᠷᠦᠯ᠎ᠤᠨ ᠠᠵᠢᠯᠯᠠᠭ᠎ᠠ᠎ᠶᠢ᠎ᠨᠢ ᠲᠦᠷ ᠵᠤᠬᠰᠤᠭᠠᠬᠤ ᠪᠤᠶᠤ ᠲᠤᠬᠠᠢᠯᠠᠬᠰᠠᠨ ᠠᠵᠢᠯ᠎ᠤᠨ ᠵᠦᠪᠰᠢᠶᠡᠷᠡᠯ᠎ᠤᠨ ᠦᠨᠡᠮᠯᠡᠯ᠎ᠢ᠎ᠨᠢ ᠬᠦᠴᠦᠨ ᠦᠭᠡᠢ ᠪᠤᠯᠭᠠᠬᠤ ︔ ᠰᠢᠭᠤᠳ ᠬᠠᠷᠢᠭᠤᠴᠠᠯᠭ᠎ᠠ ᠡᠭᠦᠷᠭᠡᠯᠡᠭᠦ ᠤᠯᠤᠰ᠎ᠤᠨ ᠠᠵᠢᠯᠳᠠᠨ᠎ᠳ᠋ᠤ ᠰᠢᠢᠳᠭᠡᠯ ᠦᠭᠭᠦ ︔ ᠠᠮᠤᠷ᠎ᠢ ᠬᠠᠮᠠᠭᠠᠯᠠᠬᠤ ᠬᠠᠮᠢᠶᠠᠷᠤᠯᠳᠠ᠎ᠡᠴᠠ ᠵᠦᠷᠢᠴᠡᠭᠰᠡᠨ ᠠᠵᠢᠯᠯᠠᠭ᠎ᠠ᠎ᠶᠢ ᠰᠢᠢᠳᠭᠡᠭᠦ ﹀ ᠬᠠᠤᠯᠢ ᠴᠠᠭᠠᠵᠠ᠎ᠶᠢᠨ ᠦᠷ᠎ᠠ ᠳ᠋ᠦ᠋ᠢᠡᠭᠢ ᠬᠠᠷᠢᠭᠤᠴᠠᠨ᠎ᠠ ︾ ᠭᠡᠵᠦ ᠵᠤᠤ ᡁᠢ ᠵᠦᠡᠭ ᠬᠡᠯᠡᠨ᠎ᠠ ᠃
︽ ᠤᠳᠤᠬᠠᠨ᠎ᠳ᠋ᠤ ᠶᠠᠭ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠭᠦ ᠵᠠᠡᠭᠭᠢᠯᠠᠭ᠎ᠠ᠎ᠶᠢᠨ ᠬᠤᠭᠤᠴᠠᠭᠠᠨ᠎ᠳ᠋ᠤ ᠪᠤᠢ ᠂ ᠰᠦᠯᠵᠢᠶ᠎ᠠ ᠴᠤ ᠬᠠᠤᠯᠢ᠎ᠡᠴᠠ ᠭᠠᠳᠠᠭᠤᠷᠭᠢ ᠭᠠᠵᠠᠷ ᠪᠢᠰᠢ ᠂ ᠦᠷᠭᠡᠨ ᠤᠯᠠᠨ ᠲᠦᠮᠡᠨ ᠴᠤᠤᠷᠬᠠᠯ ᠵᠤᠬᠢᠶᠠᠬᠤ ᠦᠭᠡᠢ ᠂ ᠴᠤᠤᠷᠬᠠᠯ᠎ᠢ ᠢᠳᠡᠭᠡᠭᠦ ᠦᠭᠡᠢ ᠂ ᠴᠤᠤᠷᠬᠠᠯ᠎ᠢ ᠲᠠᠮᠵᠢᠭᠤᠯᠬᠤ ᠦᠭᠡᠢ ᠂ ᠨᠡᠢᠭᠡᠮ᠎ᠤᠨ ᠬᠠᠷᠢᠯᠴᠠᠭᠠᠨ᠎ᠤ ᠵᠠᠭᠤᠴᠢᠯᠠᠭᠤᠷ ᠲᠡᠭᠡᠷᠡᠭᠢ ᠦᠨᠡᠨ ᠪᠤᠰᠤ ᠶᠠᠷᠢᠶ᠎ᠠ ᠬᠡᠯᠡᠯᠴᠡᠭᠡ᠎ᠶᠢ ᠦᠨᠡᠯᠡᠨ ᠶᠠᠷᠢᠬᠤ ᠦᠭᠡᠢ ᠂ ᠲᠠᠮᠵᠢᠭᠤᠯᠤᠨ ᠨᠡᠢᠳᠡᠯᠡᠭᠦ ᠦᠭᠡᠢ ᠂ ᠢᠳᠡᠭᠡᠯ ᠵᠤᠷᠢᠭ᠎ᠢᠶᠡᠨ ᠪᠠᠳᠤᠳᠬᠠᠵᠦ ᠂ ᠰᠢᠨᠵᠢᠯᠡᠭᠦ ᠤᠬᠠᠭᠠᠨᠴᠢ᠎ᠪᠠᠷ ᠰᠡᠷᠭᠡᠢᠯᠡᠨ ᠬᠣᠷᠢᠭᠯᠠᠵᠣ ᠂ ᠰᠡᠳᠭᠢᠯ᠎ᠢᠶᠡᠨ ᠨᠢᠭᠡᠳᠭᠡᠨ ᠬᠦᠴᠦ᠎ᠪᠠᠨ ᠬᠠᠮᠳᠤᠳᠬᠠᠵᠦ ᠬᠢᠵᠢᠭ᠎ᠤᠨ ᠪᠠᠢᠳᠠᠯ᠎ᠲᠠᠢ ᠲᠡᠮᠡᠴᠡᠪᠡᠯ ᠵᠣᠬᠢᠨ᠎ᠠ ︾ ᠭᠡᠵᠦ ᠵᠤᠤ ᡁᠢ ᠵᠦᠡᠭ ᠬᠡᠯᠡᠨ᠎ᠡ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃