2020-03-06 12:52:29
3 ᠰᠠᠷ᠎ᠠ᠎ᠶᠢᠨ 2᠎ᠤᠨ ᠡᠳᠦᠷ ᠂ ᠬᠠᠤᠯᠢ ᠴᠠᠭᠠᠵᠠ᠎ᠶᠢᠨ ᠶᠠᠮᠤᠨ᠎ᠢᠶᠠᠷ ᠲᠤᠯᠤᠭᠠᠢᠯᠠᠭᠤᠯᠤᠬᠰᠠᠨ ᠬᠤᠯᠪᠤᠭᠠᠯᠠᠨ ᠪᠠᠢᠴᠠᠭᠠᠬᠤ ᠲᠤᠭᠤᠢᠯᠠᠩ᠎ᠡᠴᠠ ︽ ᠡᠷᠡᠭᠦᠤ᠎ᠶᠢᠨ ᠬᠤᠭᠤᠴᠠᠭ᠎ᠠ᠎ᠨᠢ ᠲᠤᠯᠵᠤ ᠰᠤᠯᠠᠯᠠᠬᠳᠠᠬᠰᠠᠨ ᠬᠤᠸᠠᠩ ᠡᠤᠪᠤᠬᠳᠤ ᠪᠦᠰᠡᠭᠦᠢ᠎ᠶᠢᠨ ᠲᠤᠬᠳᠠᠭᠠᠯ᠎ᠢ ᠵᠦᠷᠢᠴᠡᠨ ᠦᠬᠠᠨ᠎ᠡᠴᠠ ᠪᠡᠭᠡᠵᠢᠩ᠎ᠳ᠋ᠤ ᠤᠷᠤᠬᠰᠠᠨ ᠶᠠᠪᠤᠳᠠᠯ ︾᠎ᠢ ᠪᠠᠢᠴᠠᠭᠠᠬᠰᠠᠨ ᠦᠷ᠎ᠡ ᠳ᠋ᠦ᠋ᠢᠩᠢ ᠨᠡᠢᠳᠡᠯᠡᠵᠤ ᠂ ᠨᠡᠯᠢᠶᠡᠳ ᠤᠯᠠᠨ ᠬᠦᠮᠦᠰ ᠲᠤᠰ ᠬᠡᠷᠡᠭ᠎ᠲᠤ ᠬᠤᠯᠪᠤᠬᠳᠠᠵᠤ ᠂ ᠬᠠᠤᠯᠢ ᠰᠠᠬᠢᠯᠭ᠎ᠠ᠎ᠶᠢᠨ ᠰᠢᠳᠭᠡᠯᠢ ᠬᠦᠷᠳᠡᠭᠰᠡᠨ ᠪᠠᠢᠨ᠎ᠠ ᠃ ᠪᠠᠢᠴᠠᠭᠠᠯᠳᠠ᠎ᠳ᠋ᠤ ︽ ᠲᠤᠰ ᠤᠳᠠᠭᠠᠨ᠎ᠤ ᠬᠡᠷᠡᠭ᠎ᠤᠨ ᠰᠢᠨᠵᠢ ᠴᠢᠨᠡᠷ᠎ᠢ ᠨᠢᠭᠡ ᠤᠳᠠᠭᠠᠨ᠎ᠤ ᠬᠠᠷᠢᠭᠤᠴᠠᠯᠭ᠎ᠠ ᠠᠯᠳᠠᠵᠤ ᠲᠤᠰᠢᠶᠠᠯ᠎ᠢᠶᠡᠨ ᠭᠤᠳᠤᠭᠠᠬᠰᠠᠨ ᠬᠦᠨᠳᠦ ᠨᠤᠴᠢᠳᠠᠢ ᠬᠡᠷᠡᠭ ᠶᠠᠪᠤᠳᠠᠯ ᠮᠦᠨ ︾ ᠭᠡᠵᠤ ᠵᠢᠭᠠᠵᠤ ᠭᠠᠷᠭᠠᠬᠰᠠᠨ ᠪᠠᠢᠨ᠎ᠠ ᠃
ᠲᠤᠰ ᠬᠡᠷᠡᠭ ᠶᠠᠪᠤᠳᠠᠯ ᠰᠢᠨ᠎ᠡ ᠵᠠᠭᠤᠴᠢᠯᠠᠭᠤᠷ᠎ᠤᠨ ᠨᠢᠭᠡᠨ ᠦᠶ᠎ᠡ᠎ᠶᠢᠨ ︽ ᠬᠠᠯᠠᠭᠤᠷᠠᠯ ᠲᠦᠪᠯᠡᠷᠡᠯ᠎ᠤᠨ ᠴᠡᠭ ︾ ᠪᠤᠯᠤᠬᠰᠠᠨ᠎ᠨᠢ ᠤᠴᠢᠷ ᠰᠢᠯᠳᠠᠭᠠᠨ ᠦᠭᠡᠢ ᠪᠢᠰᠢ ᠶᠤᠮ ᠃ ᠦᠬᠠᠨ ᠬᠤᠳᠠ 1 ᠰᠠᠷ᠎ᠠ᠎ᠶᠢᠨ 23᠎ᠳ᠋ᠤ ᠲᠠᠷᠤᠢ ᠬᠤᠳᠠ᠎ᠪᠠᠨ ᠪᠢᠳᠡᠭᠦᠮᠵᠢᠯᠡᠵᠤ ᠂ ᠪᠠᠷᠤᠭ ︽ ᠢᠯᠠᠭ᠎ᠠ ᠬᠦᠷᠳᠡᠯ᠎ᠡ ᠨᠢᠰᠴᠤ ᠭᠠᠷᠬᠤ᠎ᠳ᠋ᠤ ᠬᠦᠴᠢᠷ᠎ᠲᠠᠢ ︾ ᠭᠡᠵᠤ ᠬᠡᠯᠡᠵᠤ ᠪᠠᠢᠬᠰᠠᠨ᠎ᠢᠶᠡᠨ ᠂ 2 ᠰᠠᠷ᠎ᠠ᠎ᠶᠢᠨ 21᠎ᠤ ᠡᠳᠦᠷ ᠂ ︽ ᠬᠠᠯᠠᠭᠤᠷᠠᠵᠤ ᠪᠠᠢᠬᠰᠠᠨ ᠬᠤᠸᠠᠩ ᠤᠪᠤᠬᠳᠤ ᠪᠦᠰᠡᠭᠦᠢ᠎ᠶᠢ ᠠᠯᠳᠠᠵᠤ ᠶᠠᠪᠤᠭᠤᠯᠤᠬᠰᠠᠨ ︾ ᠶᠠᠪᠤᠳᠠᠯ᠎ᠨᠢ ᠶᠠᠭᠤ᠎ᠶᠢ ᠬᠡᠷᠡᠴᠢᠯᠠᠵᠤ ᠪᠠᠢᠭ᠎ᠠ ᠪᠤᠶ ︖ ᠨᠠᠮ᠎ᠤᠨ ᠲᠦᠪ ᠬᠤᠷᠢᠶ᠎ᠠ᠎ᠡᠴᠠ ︽ ᠲᠤᠳᠤᠭᠠᠳᠤᠳ᠋ᠤᠪᠠᠨ ᠲᠠᠷᠠᠵᠤ ᠲᠡᠯᠭᠡᠷᠡᠬᠦ᠎ᠶᠢ ᠰᠡᠷᠭᠡᠢᠯᠡᠵᠤ ᠭᠠᠳᠠᠭᠠᠳᠤ᠎ᠳ᠋ᠤ᠎ᠪᠠᠨ ᠭᠠᠳᠠᠬᠰᠢ ᠭᠠᠷᠭᠠᠬᠤ᠎ᠶᠢ ᠰᠡᠷᠭᠡᠢᠯᠡᠬᠦ ︾ ᠴᠢᠬᠤᠯᠠ ᠶᠡᠬᠡ ᠰᠢᠢᠳᠪᠦᠷᠢᠳᠤ ᠪᠤᠳᠤᠯᠭ᠎ᠠ᠎ᠶᠢᠨ ᠪᠠᠢᠷᠢᠯᠠᠭᠤᠯᠤᠯᠳᠠ ᠬᠢᠭᠰᠡᠨ ᠪᠠᠢᠳᠠᠯ᠎ᠠ ᠂ ︽ ᠪᠤᠰᠤᠭ᠎ᠠ ᠬᠦᠮᠦᠨ᠎ᠢ ᠲᠠᠯᠪᠢᠵᠤ ᠶᠠᠪᠤᠭᠤᠯᠤᠬᠰᠠᠨ ︾᠎ᠨᠢ ᠶᠠᠭᠤ᠎ᠶᠢ ᠬᠠᠷᠠᠭᠤᠯᠵᠤ ᠪᠠᠢᠭ᠎ᠠ ᠪᠤᠢ ︖ ᠡᠨᠡ᠎ᠨᠢ ︽ ᠬᠠᠮᠢᠶ᠎ᠠ ᠪᠦᠬᠦᠢ ᠪᠠᠢᠭᠤᠯᠭ᠎ᠠ᠎ᠶᠢᠨ ᠤᠳᠤᠷᠢᠳᠤᠯᠭ᠎ᠠ ᠂ ᠠᠵᠢᠯᠳᠠᠨ ᠤᠯᠤᠰ ᠲᠦᠷᠦ᠎ᠶᠢᠨ ᠤᠬᠠᠮᠰᠠᠷ ᠂ ᠶᠡᠬᠡ ᠲᠠᠯ᠎ᠠ᠎ᠶᠢᠨ ᠤᠬᠠᠮᠰᠠᠷ ᠂ ᠬᠠᠷᠢᠭᠤᠴᠠᠯᠭ᠎ᠠ᠎ᠶᠢᠨ ᠤᠬᠠᠮᠰᠠᠷ ᠲᠤᠷᠤᠢ ᠂ ᠨᠠᠢᠳᠠᠪᠤᠷᠢᠵᠢᠭᠤᠯᠤᠯᠳᠠ᠎ᠶᠢ ᠠᠳᠬᠤᠬᠤ ᠦᠭᠡᠢ ᠂ ᠬᠡᠯᠡᠬᠦ᠎ᠨᠢ ᠨᠢᠭᠡ ᠂ ᠬᠢᠬᠦ᠎ᠨᠢ ᠨᠢᠭᠡ ︾ ᠭᠡᠰᠡᠨ᠎ᠢ ᠬᠠᠷᠠᠭᠤᠯᠵᠤ ᠪᠠᠢᠨ᠎ᠠ ᠃
︽ ᠲᠡᠪᠡᠨᠡ᠎ᠶᠢᠨ ᠴᠢᠨᠡᠭᠡ ᠨᠦᠬᠡ᠎ᠪᠠᠷ ᠲᠡᠮᠡᠭᠡᠨ ᠴᠢᠨᠡᠭᠡ ᠰᠠᠯᠬᠢ ᠤᠷᠤᠨ᠎ᠠ ︾ ᠃ ᠡᠭᠦᠨ᠎ᠳ᠋ᠤ ︽ ᠲᠡᠪᠡᠨᠡ᠎ᠶᠢᠨ ᠴᠢᠨᠡᠭᠡ ᠨᠦᠭᠡ ︾᠎ᠨᠢ ︽ ᠭᠡᠮ ᠰᠤᠭᠤᠭ ︾ ︔ ︽ ᠲᠡᠮᠡᠭᠡᠨ ᠴᠢᠨᠡᠭᠡ ᠰᠠᠯᠬᠢ ︾᠎ᠨᠢ ︽ ᠠᠶᠤᠯ ᠲᠦᠭᠰᠢᠭᠦᠷᠢ ︾ ᠪᠤᠯᠤᠨ᠎ᠠ ᠃ ᠠᠯᠢ ᠴᠤ ᠤᠳᠠᠭ᠎ᠠ᠎ᠶᠢᠨ ᠬᠦᠨᠳᠤ ᠶᠡᠬᠡ ᠡᠨᠳᠡᠯ ᠭᠡᠨᠡᠳᠡᠯ ᠂ ᠲᠤᠮᠤ ᠶᠡᠬᠡ ᠠᠶᠤᠯᠭᠦᠢ᠎ᠶᠢᠨ ᠬᠡᠷᠡᠭ ᠶᠠᠪᠤᠳᠠᠯ᠎ᠢ ᠨᠠᠷᠢᠪᠴᠢᠯᠡᠵᠤ ᠠᠵᠢᠬᠯᠠᠪᠠᠯ ᠪᠦᠷ ᠯᠡ ︽ ᠬᠠᠷᠢᠭᠤᠴᠠᠯᠭ᠎ᠠ ᠠᠯᠳᠠᠬᠰᠠᠨ ︾᠎ᠲᠠᠢ ᠬᠤᠯᠪᠤᠬᠳᠠᠨ᠎ᠠ ᠂ ︽ ᠲᠡᠪᠡᠨᠡ᠎ᠶᠢᠨ ᠴᠢᠨᠡᠭᠡ ᠨᠦᠭᠡ ︾᠎ᠶᠢ ᠪᠠᠭ᠎ᠠ ᠬᠡᠮᠡᠨ ᠤᠮᠳᠤᠭᠠᠢᠯᠠᠬᠰᠠᠨᠲᠠᠢ ᠬᠤᠯᠪᠤᠬᠳᠠᠨ᠎ᠠ ᠃ ᠲᠡᠭᠡᠭᠡᠳ ᠯᠡ ᠨᠢᠭᠡ ᠬᠦᠮᠦᠨ ᠪᠤᠶᠤ ᠬᠡᠳᠦᠨ ᠬᠦᠮᠦᠨ᠎ᠤ ᠬᠠᠷᠢᠭᠤᠴᠠᠯᠭᠠᠳ᠋ᠤ᠎ᠪᠠᠨ ᠴᠠᠯᠠᠭᠠᠢᠳᠠᠬᠰᠠᠨ ᠶᠠᠪᠤᠳᠠᠯ᠎ᠡᠴᠠ ᠪᠤᠯᠵᠤ ᠂ ᠠᠷᠠᠳ ᠲᠦᠮᠡᠨ᠎ᠤ ᠠᠮᠢ ᠨᠠᠰᠤ ᠡᠳ᠋ ᠬᠦᠷᠦᠩᠭᠡ ᠂ ᠤᠯᠤᠰ ᠭᠡᠷ᠎ᠤᠨ ᠠᠰᠢᠭ ᠲᠤᠰᠠ ᠠᠮᠤᠷ ᠲᠦᠪᠰᠢᠨ ᠬᠦᠨᠳᠦ ᠶᠡᠬᠡ ᠬᠤᠬᠢᠷᠠᠯ᠎ᠳ᠋ᠤ ᠤᠴᠠᠷᠠᠨ᠎ᠠ ᠃
ᠬᠠᠷᠢᠭᠤᠴᠠᠯᠭ᠎ᠠ ᠭᠡᠳᠡᠭ ᠬᠡᠴᠢᠨᠡᠨ ᠴᠢᠬᠤᠯᠠ ᠃ ᠡᠭᠦᠨ᠎ᠳ᠋ᠤ ᠬᠠᠷᠢᠭᠤᠴᠠᠯᠭᠠᠳ᠋ᠤ ᠶᠡᠬᠡ ᠪᠠᠭ᠎ᠠ ᠭᠡᠵᠤ ᠦᠭᠡᠢ ᠂ ᠪᠦᠷ ᠯᠡ ᠲᠠᠢᠱᠠᠨ ᠠᠭᠤᠯᠠ ᠰᠢᠬ ᠬᠦᠨᠳᠦ ᠶᠤᠮ ᠃ ᠠᠵᠢᠯ᠎ᠳ᠋ᠤ ᠶᠡᠬᠡ ᠪᠠᠭ᠎ᠠ ᠭᠡᠵᠤ ᠦᠭᠡᠢ ᠂ ᠬᠠᠷᠢᠭᠤᠴᠠᠯᠭ᠎ᠠ ᠪᠦᠷ ᠪᠦᠷᠢᠨ ᠲᠤᠭᠤᠰᠢᠯᠠᠬᠳᠠᠵᠤ ᠪᠠᠢᠭ᠎ᠠ ᠶᠤᠮ ᠃ ᠬᠦᠮᠦᠨ ᠪᠦᠷᠢ ᠬᠢᠬᠦ ᠶᠤᠰᠤᠳᠠᠢ ᠠᠵᠢᠯ᠎ᠢᠶᠡᠨ ᠨᠠᠷᠢᠨ ᠨᠢᠮᠪᠠᠢ ᠬᠢᠵᠤ ᠂ ᠡᠭᠦᠷᠭᠡ ᠬᠠᠷᠢᠭᠤᠴᠠᠯᠭ᠎ᠠ᠎ᠪᠠᠨ ᠰᠠᠢᠳᠤᠷ ᠬᠦᠢᠴᠡᠳᠭᠡᠪᠡᠯ ᠠᠯᠢᠪᠠ ᠪᠦᠬᠦᠨ ᠰᠠᠢᠨ ᠰᠠᠢᠬᠠᠨ ᠪᠤᠯᠬᠤ ᠤᠴᠢᠷ᠎ᠲᠠᠢ ᠃ ᠡᠭᠦᠨ᠎ᠤ ᠡᠰᠡᠷᠭᠦ᠎ᠪᠠᠷ ᠂ ᠲᠡᠳᠡᠭᠡᠷ ︽ ᠭᠠᠳᠠᠨ᠎ᠠ᠎ᠪᠠᠨ ᠬᠢᠯᠠᠨᠴᠠᠭ ᠂ ᠲᠤᠳᠤᠷ᠎ᠠ᠎ᠪᠠᠨ ᠫᠠᠯᠠᠨᠴᠠᠭ ︾ ᠠᠵᠢᠯ᠎ᠤᠨ ᠤᠪᠤᠷ᠎ᠲᠠᠢ ᠬᠦᠮᠦᠨ ᠂ ︽ ᠨᠢᠭᠡ ᠡᠳᠦᠷ ᠭᠡᠯᠤᠩ ᠪᠤᠯᠪᠠᠯ ᠨᠢᠭᠡ ᠡᠳᠦᠷ ᠬᠤᠩᠬᠤ ᠴᠤᠬᠢᠬᠤ ︾ ᠰᠡᠳᠬᠢᠬᠦᠢ᠎ᠲᠠᠢ ᠬᠦᠮᠦᠨ ᠂ ︽ ᠠᠵᠢᠯ ᠡᠭᠦᠷᠭᠡ ᠭᠡᠭᠰᠡᠭᠡᠷ ︿ ᠤᠭᠤᠳᠠᠨ᠎ᠳ᠋ᠤ ᠬᠢᠭᠡᠳ ᠪᠠᠷᠢᠬᠳᠠᠬᠤ ᠦᠭᠡᠢ ᠂ ᠤᠭᠤᠷ᠎ᠲᠤ ᠬᠢᠭᠡᠳ ᠨᠦᠳᠦᠭᠳᠡᠬᠦ ᠦᠭᠡᠢ ﹀ ᠵᠠᠢᠯᠠᠵᠤ ᠲᠤᠳᠠᠭᠠᠳᠠᠭ ᠬᠦᠮᠦᠨ ︾ ᠂ ᠡᠭᠦᠷᠭᠡ ᠬᠠᠷᠢᠭᠤᠴᠠᠯᠭᠠᠳ᠋ᠤ᠎ᠪᠠᠨ ᠬᠠᠰᠢ ᠴᠠᠰᠢ ᠦᠨᠡᠨᠴᠢ ᠬᠢᠨᠠᠮᠠᠭᠠᠢ ᠦᠭᠡᠢ ᠬᠦᠮᠦᠨ ᠬᠡᠵᠢᠶ ᠡ ᠴᠤ ᠭᠡᠰᠡᠨ ᠪᠦᠷ ᠤᠰᠤᠯ ᠡᠨᠳᠡᠭᠦᠤ ᠭᠠᠷᠭᠠᠵᠤ ᠮᠡᠳᠡᠬᠦ ᠲᠤᠬᠢᠶᠠᠯᠳᠤᠮᠵᠢ ᠪᠤᠰᠤᠳ᠎ᠡᠴᠠ ᠦᠨᠳᠦᠷ ᠪᠠᠢᠵᠤ ᠂ ᠰᠢᠭᠰᠢᠭᠳᠡᠵᠤ ᠬᠠᠶᠠᠬᠳᠠᠬᠤ ᠂ ᠰᠢᠳᠭᠡᠭᠳᠡᠵᠤ ᠵᠠᠯᠬᠠᠭᠠᠬᠳᠠᠬᠤ ᠠᠶᠤᠯᠲᠠᠢ ᠶᠤᠮ ᠃
︽ ᠲᠡᠪᠡᠨᠡ᠎ᠶᠢᠨ ᠴᠢᠨᠡᠭᠡ ᠭᠡᠮ ᠰᠤᠭᠤᠭ ︾᠎ᠢ ᠪᠠᠭ᠎ᠠ ᠭᠡᠵᠤ ᠪᠤᠤ ᠪᠠᠰᠤ ᠂ ︽ ᠲᠡᠮᠡᠭᠡᠨ ᠴᠢᠨᠡᠭᠡ ᠲᠤᠮᠤ ᠶᠠᠪᠤᠳᠠᠯ ︾ ᠭᠠᠷᠴᠤ ᠮᠡᠳᠡᠨ᠎ᠡ ᠡ ︕
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃