2020-03-06 10:28:39
ᠣᠳᠣᠬᠠᠨ᠎ᠳ᠋ᠤ ᠪᠦᠬᠦ ᠣᠯᠣᠰ᠎ᠤᠨ ᠬᠡᠪᠴᠢᠶᠠᠨ᠎ᠳ᠋ᠤ ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠤᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠠᠵᠢᠯ ᠵᠠᠩᠭᠢᠯᠠᠭ᠎ᠠ᠎ᠶᠢᠨ ᠱᠠᠳᠣᠨ᠎ᠳ᠋ᠤ ᠣᠷᠣᠭᠠᠳ ᠪᠣᠢ ᠃ ᠡᠨᠡ ᠬᠦ ᠶᠡᠷᠦ ᠪᠣᠰᠣ᠎ᠶᠢᠨ ᠴᠠᠭ ᠦᠶ᠎ᠡ᠎ᠳ᠋ᠤ ᠬᠦᠮᠦᠰ ᠵᠠᠭᠤᠴᠢᠯᠠᠭᠤᠷ ᠵᠡᠷᠭᠡ᠎ᠪᠠᠷ ᠲᠠᠮᠵᠢᠨ ᠠᠶᠣᠯ ᠲᠦᠭᠰᠢᠭᠦᠷᠢ᠎ᠶᠢ ᠬᠠᠢᠬᠤᠷᠣᠯ ᠦᠭᠡᠢ ᠬᠢᠵᠢᠭ᠎ᠢ ᠬᠤᠷᠢᠬᠯᠡᠨ ᠠᠷᠢᠯᠭᠠᠬᠤ ᠡᠮᠦᠨ᠎ᠡ ᠹᠷᠦᠨᠲ᠎ᠲᠤ ᠪᠠᠭᠠᠳᠣᠷᠯᠠᠨ ᠲᠡᠮᠡᠴᠡᠵᠤ ᠪᠠᠢᠭ᠎ᠠ ᠡᠮᠴᠢᠯᠡᠭᠡᠨ᠎ᠤ ᠠᠵᠢᠯᠳᠠᠨ᠎ᠢᠶᠠᠷ ᠭᠤᠣᠯᠯᠠᠭᠰᠠᠨ ᠲᠦᠭ ᠲᠦᠮᠡᠨ ᠬᠦᠮᠦᠰ᠎ᠤᠨ ᠪᠠᠭᠠᠳᠣᠷᠯᠢᠭ ᠣᠢᠯᠡ ᠠᠵᠢᠯᠯᠠᠭ᠎ᠠ᠎ᠶᠢ ᠣᠯᠵᠣ ᠬᠠᠷᠠᠯ᠎ᠠ ᠃ ᠭᠡᠭᠦᠳ᠋ᠡᠭᠡᠨ ᠪᠠᠰᠠ ᠬᠠᠣᠯᠢ᠎ᠶᠢ ᠵᠦᠷᠢᠴᠡᠨ ᠨᠡᠢᠭᠡᠮ ᠨᠡᠢᠳᠡ᠎ᠳ᠋ᠤ ᠬᠤᠣᠷ ᠬᠦᠨᠦᠭᠡᠯ ᠣᠴᠠᠷᠠᠭᠤᠯᠵᠣ ᠪᠠᠢᠭ᠎ᠠ ᠪᠣᠯᠭᠢ ᠮᠡᠭᠤᠬᠠᠢ ᠨᠠᠵᠠᠭᠠᠢ ᠦᠵᠡᠭᠳᠡᠯ᠎ᠢ ᠴᠦ ᠠᠩᠬᠠᠷᠣᠯ᠎ᠳᠠᠭᠠᠨ ᠠᠪᠣᠯ᠎ᠠ ᠃ ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠢ ᠰᠡᠷᠭᠡᠢᠯᠡᠨ ᠡᠵᠡᠮᠳᠡᠬᠦ ᠠᠵᠢᠯ᠎ᠤᠨ ᠭᠤᠣᠯᠳᠠᠯᠭ᠎ᠠ ᠪᠣᠯ ᠰᠢᠨᠵᠢᠯᠡᠬᠦ ᠣᠬᠠᠭᠠᠨᠴᠢ᠎ᠪᠠᠷ ᠰᠡᠷᠭᠡᠢᠯᠡᠨ ᠡᠵᠡᠮᠳᠡᠬᠦ ᠶᠠᠪᠣᠳᠠᠯ ᠪᠣᠯᠬᠤ ᠶᠣᠮ ᠃ ᠡᠭᠦᠨ᠎ᠳ᠋ᠤ ᠬᠠᠣᠯᠢ ᠶᠣᠰᠣᠭᠠᠷ ᠰᠡᠷᠭᠡᠢᠯᠡᠨ ᠡᠵᠡᠮᠳᠡᠬᠦ᠎ᠨᠢ ᠬᠢᠵᠢᠭ᠎ᠢ ᠰᠡᠷᠭᠡᠢᠯᠡᠨ ᠡᠵᠡᠮᠳᠡᠬᠦ ᠠᠵᠢᠯ᠎ᠤᠨ ᠰᠠᠭᠤᠷᠢ ᠪᠠᠳᠣᠯᠠᠭ᠎ᠠ ᠪᠣᠯᠬᠤ᠎ᠨᠢ ᠲᠠᠮᠵᠢᠭ ᠦᠭᠡᠢ ᠃ ᠭᠡᠬᠦ᠎ᠳ᠋ᠡᠭᠡᠨ ᠶᠠᠯᠠᠳᠣ ᠠᠵᠢᠯᠯᠠᠭ᠎ᠠ᠎ᠳ᠋ᠤ ᠴᠣᠬᠢᠯᠳᠠ ᠦᠭᠭᠦᠨ ᠨᠡᠢᠭᠡᠮ᠎ᠤᠨ ᠡᠮᠬᠢ ᠲᠢᠭᠯᠢᠮ᠎ᠢ ᠬᠠᠮᠠᠭᠠᠯᠠᠬᠤ᠎ᠳ᠋ᠤ ᠡᠷᠡᠭᠦᠦ᠎ᠶᠢᠨ ᠬᠠᠣᠯᠢ ᠴᠠᠭᠠᠵᠠ᠎ᠶᠢ ᠵᠦᠪ ᠣᠨᠣᠪᠴᠢᠳᠠᠢ ᠬᠡᠷᠡᠭᠵᠢᠭᠦᠯᠭᠦ᠎ᠨᠢ ᠪᠦᠬᠦᠢᠢᠯᠡ ᠬᠠᠣᠯᠢ᠎ᠶᠢᠨ ᠵᠠᠰᠠᠯᠳᠠ᠎ᠶᠢᠨ ᠴᠢᠬᠤᠯᠠ ᠨᠦᠬᠦᠴᠡᠯ ᠪᠣᠯᠣᠨ᠎ᠠ ᠃
ᠨᠢᠭᠡ ᠂ ᠤᠯᠤᠰ᠎ᠤᠨ ᠪᠠᠢᠭᠤᠯᠭ᠎ᠠ᠎ᠶᠢᠨ ᠠᠵᠢᠯᠳᠠᠨ ᠬᠢᠵᠢᠭ᠎ᠢ ᠰᠡᠷᠭᠡᠢᠯᠡᠨ ᠡᠵᠡᠮᠳᠡᠬᠦ ᠠᠵᠢᠯ᠎ᠤᠨ ᠲᠣᠮᠳᠠ ᠬᠠᠷᠢᠭᠤᠴᠠᠯᠭ᠎ᠠ ᠠᠯᠳᠠᠵᠤ ᠲᠣᠰᠢᠶᠠᠯ᠎ᠢᠶᠡᠨ ᠭᠤᠳᠣᠭᠠᠭᠰᠠᠨ ᠠᠵᠢᠯᠯᠠᠭ᠎ᠠ᠎ᠶᠢᠨ ᠲᠣᠬᠠᠢ
ᠤᠯᠤᠰ᠎ᠤᠨ ᠪᠠᠢᠭᠤᠯᠭ᠎ᠠ᠎ᠶᠢᠨ ᠠᠵᠢᠯᠳᠠᠨ ᠬᠢᠵᠢᠭ᠎ᠢ ᠰᠡᠷᠭᠡᠢᠯᠡᠨ ᠡᠵᠡᠮᠳᠡᠬᠦ ᠠᠵᠢᠯ᠎ᠤᠨ ᠲᠣᠮᠳᠠ ᠲᠣᠰᠢᠶᠠᠯ᠎ᠳᠠᠭᠠᠨ ᠤᠰᠤᠯᠳᠠᠵᠤ ᠲᠣᠰᠢᠶᠠᠯ᠎ᠢᠶᠡᠨ ᠭᠤᠳᠤᠭᠠᠬᠰᠡᠨ ᠠᠵᠢᠯᠯᠠᠭ᠎ᠠ᠎ᠳ᠋ᠤ ᠬᠠᠮᠢᠶ᠎ᠠ ᠪᠦᠬᠦᠢ ᠤᠯᠤᠰ᠎ᠤᠨ ᠪᠠᠢᠭᠤᠯᠭ᠎ᠠ᠎ᠶᠢᠨ ᠠᠵᠢᠯᠳᠠᠨ ᠪᠣᠯᠣᠨ ᠬᠢᠵᠢᠭ᠎ᠢ ᠰᠡᠷᠭᠡᠢᠯᠡᠨ ᠡᠵᠡᠮᠳᠡᠭᠦ ᠠᠵᠢᠯ᠎ᠢ ᠡᠷᠬᠢᠯᠡᠵᠦ ᠪᠠᠢᠭ᠎ᠠ ᠵᠠᠰᠠᠭ᠎ᠤᠨ ᠣᠷᠳᠣᠨ᠎ᠤ ᠡᠷᠡᠭᠦᠯ ᠬᠠᠮᠠᠭᠠᠯᠠᠯ᠎ᠤᠨ ᠭᠤᠣᠯᠯᠠᠨ ᠬᠠᠮᠢᠶᠠᠷᠬᠤ ᠰᠠᠯᠠᠭ᠎ᠠ ᠮᠦᠴᠢᠷ᠎ᠤᠨ ᠠᠵᠢᠯᠳᠠᠨ᠎ᠤ ᠲᠣᠰᠢᠶᠠᠯ᠎ᠳᠠᠭᠠᠨ ᠤᠰᠤᠯᠳᠠᠵᠤ ᠲᠣᠰᠢᠶᠠᠯ᠎ᠢᠶᠡᠨ ᠭᠤᠳᠤᠭᠠᠬᠰᠡᠨ ᠠᠵᠢᠯᠯᠠᠭ᠎ᠠ ᠪᠠᠭᠳᠠᠨ᠎ᠠ ᠃
2003 ᠣᠨ᠎ᠤ ︽ ᠠᠷᠠᠳ᠎ᠤᠨ ᠲᠡᠭᠡᠳᠦ ᠰᠢᠭᠦᠬᠦ ᠬᠤᠷᠢᠶ᠎ᠠ ᠠᠷᠠᠳ᠎ᠤᠨ ᠲᠡᠭᠡᠳᠦ ᠪᠠᠢᠴᠠᠭᠠᠬᠤ ᠬᠤᠷᠢᠶ᠎ᠠ ᠭᠡᠨᠡᠳᠳᠡ ᠡᠭᠦᠰᠦᠭᠰᠡᠨ ᠬᠠᠯᠳᠠᠪᠣᠷᠢᠳᠣ ᠡᠪᠡᠳᠴᠢᠨ᠎ᠤ ᠬᠢᠵᠢᠭ᠎ᠤᠨ ᠪᠠᠢᠳᠠᠯ ᠵᠡᠷᠭᠡ ᠭᠠᠮᠰᠢᠭ᠎ᠢ ᠰᠡᠷᠭᠡᠢᠯᠡᠬᠦ ᠡᠵᠡᠮᠳᠡᠬᠦ᠎ᠶᠢ ᠬᠠᠷᠰᠢᠯᠠᠭᠰᠠᠨ ᠡᠷᠡᠭᠦᠣ᠎ᠶᠢᠨ ᠬᠡᠷᠡᠭ᠎ᠢ ᠰᠢᠢᠳᠪᠦᠷᠢᠯᠡᠬᠦ᠎ᠳ᠋ᠤ ᠬᠠᠣᠯᠢ ᠴᠠᠭᠠᠵᠨ᠎ᠶᠢ ᠲᠣᠬᠢᠷᠠᠭᠤᠯᠣᠨ ᠭᠡᠷᠡᠭᠯᠡᠬᠦ ᠠᠰᠠᠭᠤᠳᠠᠯ᠎ᠤᠨ ᠲᠣᠬᠠᠢ ᠲᠡᠢᠯᠪᠥᠷᠢ ︾ ᠪᠣᠯᠣᠨ 2020 ᠣᠨ᠎ᠤ 2 ᠰᠠᠷ᠎ᠠ᠎ᠶᠢᠨ 6᠎ᠤ ︽ ᠠᠷᠠᠳ᠎ᠤᠨ ᠲᠡᠭᠡᠳᠦ ᠰᠢᠭᠦᠬᠦ ᠬᠤᠷᠢᠶ᠎ᠠ ᠠᠷᠠᠳ᠎ᠤᠨ ᠲᠡᠭᠡᠳᠦ ᠪᠠᠢᠴᠠᠭᠠᠬᠤ ᠬᠤᠷᠢᠶ᠎ᠠ ᠲᠣᠳᠣᠭᠠᠳᠣ᠎ᠶᠢ ᠬᠠᠮᠠᠭᠠᠯᠠᠬᠤ ᠶᠠᠮᠣᠨ ᠬᠠᠣᠯᠢ ᠴᠠᠭᠠᠵᠠ᠎ᠶᠢᠨ ᠶᠠᠮᠣᠨ ᠬᠠᠣᠯᠢ ᠶᠣᠰᠣᠭᠠᠷ ᠰᠢᠨ᠎ᠡ ᠬᠡᠯᠪᠡᠷᠢ᠎ᠶᠢᠨ ᠲᠢᠳᠢᠮᠯᠢᠭ ᠸᠢᠷᠣᠢᠰᠡᠴᠠ ᠬᠠᠯᠳᠠᠪᠣᠷᠢᠯᠠᠭᠰᠠᠨ ᠠᠭᠤᠰᠬᠢᠨ ᠦᠷᠪᠢᠰᠣᠯ᠎ᠢ ᠰᠡᠷᠭᠡᠢᠯᠡᠨ ᠡᠵᠡᠮᠳᠡᠬᠦ᠎ᠶᠢ ᠬᠠᠷᠰᠢᠯᠠᠭᠰᠠᠨ ᠬᠠᠣᠯᠢ᠎ᠡᠴᠠ ᠵᠦᠷᠢᠴᠡᠨ ᠶᠠᠯ᠎ᠠ ᠬᠢᠭᠰᠡᠳ᠎ᠢ ᠵᠠᠯᠬᠠᠭᠠᠨ ᠰᠢᠢᠳᠬᠡᠬᠦ ᠰᠠᠨᠠᠯ ︾᠎ᠤᠨ ᠲᠣᠭᠳᠠᠭᠠᠯ᠎ᠢ ᠦᠨᠳᠦᠰᠦᠯᠡᠪᠡᠯ ᠂ ᠤᠯᠤᠰ᠎ᠤᠨ ᠪᠠᠢᠭᠤᠯᠭ᠎ᠠ᠎ᠶᠢᠨ ᠠᠵᠢᠯᠳᠠᠨ ᠬᠢᠵᠢᠭ᠎ᠢ ᠰᠡᠷᠭᠡᠢᠯᠡᠨ ᠡᠵᠡᠮᠳᠡᠬᠦ ᠠᠵᠢᠯ᠎ᠤᠨ ᠲᠣᠮᠳᠠ ᠬᠠᠷᠢᠭᠤᠴᠠᠯᠭ᠎ᠠ ᠠᠯᠳᠠᠵᠤ ᠲᠣᠰᠢᠶᠠᠯ᠎ᠢᠶᠡᠨ ᠭᠤᠳᠣᠭᠠᠭᠰᠠᠨ ᠠᠵᠢᠯᠯᠠᠭ᠎ᠠ᠎ᠶᠢᠨ ᠡᠭᠦᠷᠭᠡᠯᠡᠵᠦ ᠮᠡᠳᠡᠬᠦ ᠡᠷᠡᠭᠦᠦ᠎ᠶᠢᠨ ᠬᠠᠣᠯᠢ᠎ᠶᠢᠨ ᠬᠠᠷᠢᠭᠤᠴᠠᠯᠭ᠎ᠠ᠎ᠶᠢ ᠲᠣᠣᠷᠠᠬᠢ ᠮᠡᠳᠦ ᠬᠤᠪᠢᠶᠠᠷᠢᠯᠠᠵᠣ ᠪᠣᠯᠣᠨ᠎ᠠ ᠃
︵ ᠨᠢᠭᠡ ︶ ᠬᠠᠮᠢᠶ᠎ᠠ ᠪᠦᠬᠦᠢ ᠤᠯᠤᠰ᠎ᠤᠨ ᠪᠠᠢᠭᠤᠯᠭ᠎ᠠ᠎ᠶᠢᠨ ᠠᠵᠢᠯᠳᠠᠨ ᠲᠣᠰᠢᠶᠠᠯ᠎ᠢᠶᠡᠨ ᠭᠤᠳᠤᠭᠠᠬᠰᠠᠨ ᠠᠵᠢᠯᠯᠠᠭ᠎ᠠ᠎ᠶᠢᠨ ᠡᠷᠡᠭᠦᠦ᠎ᠶᠢᠨ ᠬᠠᠷᠢᠭᠤᠴᠠᠯᠭ᠎ᠠ
ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠢ ᠰᠡᠷᠭᠡᠢᠯᠡᠨ ᠵᠠᠰᠠᠬᠤ ᠪᠠ ᠬᠤᠷᠢᠬᠯᠡᠨ ᠠᠷᠢᠯᠭᠠᠬᠤ ᠠᠵᠢᠯ᠎ᠤᠨ ᠲᠣᠮᠳᠠ ᠵᠣᠬᠢᠶᠠᠨ ᠪᠠᠢᠭᠤᠯᠬᠤ ᠂ ᠵᠣᠬᠢᠴᠠᠭᠤᠯᠬᠤ ᠂ ᠵᠢᠯᠣᠭᠤᠳᠬᠤ ᠂ ᠪᠠᠢᠴᠠᠭᠠᠯᠳᠠ ᠬᠢᠬᠦ ᠂ ᠬᠤᠷᠢᠬᠯᠡᠨ ᠡᠵᠡᠮᠳᠡᠬᠦ ᠂ ᠡᠮᠴᠢᠯᠡᠭᠡᠨ᠎ᠤ ᠠᠪᠣᠷᠠᠯᠳᠠ ᠬᠢᠬᠦ ᠂ ᠮᠡᠳᠡᠭᠡ ᠵᠠᠩᠬᠢ ᠲᠠᠮᠵᠢᠭᠤᠯᠬᠤ ᠂ ᠵᠠᠮ ᠬᠠᠷᠢᠯᠴᠠᠭ᠎ᠠ ᠲᠡᠭᠡᠭᠡᠪᠦᠷᠢ ᠂ ᠡᠳ᠋ ᠪᠣᠳᠠᠰ ᠬᠠᠩᠭᠠᠬᠤ ᠵᠡᠷᠭᠡ ᠬᠠᠷᠢᠭᠤᠴᠠᠯᠭ᠎ᠠ ᠪᠦᠬᠦᠢ ᠤᠯᠤᠰ᠎ᠤᠨ ᠪᠠᠢᠭᠤᠯᠭ᠎ᠠ᠎ᠶᠢᠨ ᠠᠵᠢᠯᠳᠠᠨ ᠡᠷᠬᠡ ᠲᠣᠰᠢᠶᠠᠯ᠎ᠢᠶᠡᠨ ᠲᠣᠷ᠎ᠠ᠎ᠪᠠᠷ ᠬᠡᠷᠡᠭᠯᠡᠬᠦ ᠪᠣᠶᠣ ᠲᠣᠰᠢᠶᠠᠯ ᠬᠠᠷᠢᠭᠤᠴᠠᠯᠭ᠎ᠠ᠎ᠳᠠᠭᠠᠨ ᠣᠰᠣᠯᠳᠠᠵᠣ ᠣᠯᠠᠨ ᠨᠡᠢᠳᠠ᠎ᠶᠢᠨ ᠡᠳ᠋ ᠬᠦᠷᠦᠩᠭᠡ ᠂ ᠣᠯᠣᠰ ᠣᠷᠣᠨ ᠪᠠ ᠠᠷᠠᠳ ᠨᠡᠢᠳᠡ᠎ᠶᠢᠨ ᠠᠰᠢᠭ ᠲᠣᠰᠠ᠎ᠳ᠋ᠤ ᠬᠦᠨᠳᠦ ᠶᠡᠭᠡ ᠬᠤᠬᠢᠷᠠᠯ ᠤᠴᠠᠷᠠᠭᠤᠯᠤᠬᠰᠠᠨ ᠪᠠᠢᠪᠠᠯ ᠂ ᠡᠷᠡᠭᠦᠦ᠎ᠶᠢᠨ ᠬᠠᠣᠯᠢ᠎ᠶᠢᠨ 397 ᠵᠣᠢᠯ᠎ᠤᠨ ᠲᠣᠭᠳᠠᠭᠠᠯ᠎ᠢᠶᠠᠷ ᠡᠷᠬᠡ ᠲᠣᠰᠢᠶᠠᠯ᠎ᠢᠶᠡᠨ ᠲᠣᠷ᠎ᠠ᠎ᠪᠠᠷ ᠬᠡᠷᠡᠭᠯᠡᠭᠰᠡᠨ ᠪᠣᠶᠣ ᠡᠭᠦᠷᠭᠡ ᠲᠣᠰᠢᠶᠠᠯ᠎ᠳᠠᠭᠠᠨ ᠣᠰᠣᠯᠳᠠᠭᠰᠠᠨ ᠶᠠᠯ᠎ᠠ᠎ᠪᠠᠷ ᠡᠷᠡᠭᠦᠦ᠎ᠶᠢᠨ ᠬᠠᠷᠢᠭᠤᠴᠠᠯᠭ᠎ᠠ ᠨᠡᠬᠡᠮᠵᠢᠯᠡᠨ᠎ᠡ ᠃
︵ ᠬᠤᠶᠠᠷ ︶ ᠬᠠᠯᠳᠠᠪᠣᠷᠢᠳᠣ ᠡᠪᠡᠳᠴᠢᠨ᠎ᠢ ᠰᠡᠷᠭᠡᠢᠯᠡᠨ ᠵᠠᠰᠠᠬᠤ ᠠᠵᠢᠯ᠎ᠢ ᠡᠷᠬᠢᠯᠡᠵᠦ ᠪᠠᠢᠭ᠎ᠠ ᠵᠠᠰᠠᠭ᠎ᠤᠨ ᠣᠷᠳᠣᠨ᠎ᠤ ᠡᠷᠡᠭᠦᠯ ᠬᠠᠮᠠᠭᠠᠯᠠᠯ᠎ᠤᠨ ᠭᠤᠣᠯᠯᠠᠨ ᠬᠠᠮᠢᠶᠠᠷᠬᠤ ᠰᠠᠯᠠᠭ᠎ᠠ ᠮᠦᠴᠢᠷ᠎ᠤᠨ ᠠᠵᠢᠯᠳᠠᠨ ᠲᠣᠰᠢᠶᠠᠯ᠎ᠳᠠᠭᠠᠨ ᠤᠰᠤᠯᠳᠠᠵᠤ ᠲᠤᠰᠢᠶᠠᠯ᠎ᠢᠶᠡᠨ ᠭᠤᠳᠤᠭᠠᠬᠰᠠᠨ ᠠᠵᠢᠯᠯᠠᠭ᠎ᠠ᠎ᠶᠢᠨ ᠡᠷᠡᠭᠦᠦ᠎ᠶᠢᠨ ᠬᠠᠷᠢᠭᠤᠴᠠᠯᠭ᠎ᠠ
ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠢ ᠰᠡᠷᠭᠡᠢᠯᠡᠨ ᠡᠵᠡᠮᠳᠡᠭᠦ ᠪᠠ ᠬᠤᠷᠢᠬᠯᠡᠨ ᠠᠷᠢᠯᠭᠠᠬᠤ ᠠᠵᠢᠯ᠎ᠤᠨ ᠲᠣᠮᠳᠠ ᠬᠠᠯᠳᠠᠪᠣᠷᠢᠳᠣ ᠡᠪᠡᠳᠴᠢᠨ᠎ᠢ ᠰᠡᠷᠭᠡᠢᠯᠡᠨ ᠡᠵᠡᠮᠳᠡᠭᠦ ᠠᠵᠢᠯ᠎ᠢ ᠵᠢᠯᠤᠭᠤᠳᠴᠤ ᠪᠠᠢᠭ᠎ᠠ ᠵᠠᠰᠠᠭ᠎ᠤᠨ ᠣᠷᠳᠣᠨ᠎ᠤ ᠡᠷᠡᠭᠦᠯ ᠬᠠᠮᠠᠭᠠᠯᠠᠯ᠎ᠤᠨ ᠭᠤᠣᠯᠯᠠᠨ ᠬᠠᠮᠢᠶᠠᠷᠬᠤ ᠰᠠᠯᠠᠭ᠎ᠠ ᠮᠦᠴᠢᠷ᠎ᠤᠨ ᠠᠵᠢᠯᠳᠠᠨ ᠪᠣᠶᠣ ᠵᠠᠰᠠᠭ᠎ᠤᠨ ᠣᠷᠳᠣᠨ᠎ᠤ ᠡᠷᠡᠭᠦᠯ ᠬᠠᠮᠠᠭᠠᠯᠠᠯ᠎ᠤᠨ ᠭᠤᠣᠯᠯᠠᠨ ᠬᠠᠮᠢᠶᠠᠷᠬᠤ ᠰᠠᠯᠠᠭ᠎ᠠ ᠮᠦᠴᠢᠷ᠎ᠤᠨ ᠨᠠᠢᠳᠠᠯᠭ᠎ᠠ᠎ᠶᠢ ᠬᠦᠯᠢᠶᠡᠵᠦ ᠵᠠᠰᠠᠭ᠎ᠤᠨ ᠣᠷᠳᠣᠨ᠎ᠤ ᠡᠷᠡᠭᠦᠯ ᠬᠠᠮᠠᠭᠠᠯᠠᠯ᠎ᠤᠨ ᠭᠤᠣᠯᠯᠠᠨ ᠬᠠᠮᠢᠶᠠᠷᠬᠤ ᠰᠠᠯᠠᠭ᠎ᠠ ᠮᠦᠴᠢᠷ᠎ᠢ ᠲᠦᠯᠦᠭᠡᠯᠡᠨ ᠡᠷᠬᠡ ᠲᠣᠰᠢᠶᠠᠯ ᠬᠦᠢᠴᠡᠳᠭᠡᠵᠤ ᠪᠠᠢᠭ᠎ᠠ ᠵᠣᠬᠢᠶᠠᠨ ᠪᠠᠢᠭᠤᠯᠣᠯᠳᠠ᠎ᠶᠢᠨ ᠠᠯᠪᠠᠨ᠎ᠤ ᠠᠵᠢᠯ᠎ᠢ ᠡᠷᠬᠢᠯᠡᠵᠦ ᠪᠦᠬᠦᠢ ᠠᠵᠢᠯᠳᠠᠨ ᠬᠢᠵᠢᠭ᠎ᠤᠨ ᠮᠡᠳᠡᠭᠡ ᠵᠠᠩᠬᠢ᠎ᠶᠢ ᠠᠯᠭᠤᠷᠯᠠᠨ ᠮᠡᠳᠡᠭᠦᠯᠬᠦ ᠂ ᠨᠢᠭᠤᠨ ᠲᠠᠯᠳᠠᠯᠠᠬᠤ ᠂ ᠲᠣᠳᠠᠭᠤ ᠮᠡᠳᠡᠭᠦᠯᠬᠦ ᠵᠡᠷᠭᠡ ᠬᠠᠷᠢᠭᠤᠴᠠᠯᠭ᠎ᠠ᠎ᠪᠠᠨ ᠠᠯᠳᠠᠵᠣ ᠂ ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠢ ᠲᠠᠷᠬᠠᠭᠠᠬᠤ ᠪᠣᠶᠣ ᠲᠡᠯᠭᠡᠷᠡᠬᠦᠯᠬᠦ ᠪᠤᠯᠤᠮᠵᠢ᠎ᠲᠠᠢ ᠪᠤᠯᠭᠠᠬᠤ ᠂ ᠦᠷ᠎ᠡ ᠳ᠋ᠦᠩ᠎ᠨᠢ ᠬᠦᠨᠳᠦ ᠨᠣᠴᠢᠳᠠᠢ ᠪᠠᠢᠪᠠᠯ ᠂ ᠡᠷᠡᠭᠦᠦ᠎ᠶᠢᠨ ᠬᠠᠣᠯᠢ᠎ᠶᠢᠨ 409 ᠵᠣᠢᠯ᠎ᠤᠨ ᠲᠣᠭᠳᠠᠭᠠᠯ᠎ᠢᠶᠠᠷ ᠬᠠᠷᠢᠭᠤᠴᠠᠯᠭ᠎ᠠ᠎ᠪᠠᠨ ᠠᠯᠳᠠᠭᠰᠠᠨ ᠶᠠᠯ᠎ᠠ᠎ᠪᠠᠷ ᠡᠷᠡᠭᠦᠦ᠎ᠶᠢᠨ ᠬᠠᠷᠢᠭᠤᠴᠠᠯᠭ᠎ᠠ ᠨᠡᠬᠡᠮᠵᠢᠯᠡᠬᠦ ᠶᠣᠰᠣᠳᠠᠢ ᠃
ᠡᠷᠡᠭᠦᠦ᠎ᠶᠢᠨ ᠬᠠᠣᠯᠢ ᠪᠣᠯᠣᠨ ᠲᠡᠭᠡᠷᠡᠬᠢ ᠬᠤᠶᠠᠷ ᠬᠠᠣᠯᠢ ᠴᠠᠭᠠᠵᠠ᠎ᠶᠢᠨ ᠲᠠᠢᠯᠪᠣᠷᠢᠶᠢ ᠦᠨᠳᠦᠰᠦᠯᠡᠪᠡᠯ ᠂ ᠤᠯᠤᠰ᠎ᠤᠨ ᠪᠠᠢᠭᠤᠯᠭ᠎ᠠ᠎ᠶᠢᠨ ᠠᠵᠢᠯᠳᠠᠨ ᠲᠡᠭᠡᠷ᠎ᠡ ᠶᠠᠷᠢᠭᠰᠠᠨ ᠬᠤᠶᠠᠷ ᠵᠣᠢᠯ᠎ᠤᠨ ᠲᠣᠰᠢᠶᠠᠯ᠎ᠳᠠᠭᠠᠨ ᠤᠰᠤᠯᠳᠠᠵᠤ ᠲᠣᠰᠢᠶᠠᠯ᠎ᠢᠶᠡᠨ ᠭᠤᠳᠤᠭᠠᠬᠰᠡᠨ ᠠᠵᠢᠯᠯᠠᠭ᠎ᠠ᠎ᠡᠴᠠ ᠭᠠᠳᠠᠨ᠎ᠠ ᠲᠣᠣᠷᠠᠬᠢ ᠮᠡᠳᠦ ᠲᠣᠰᠢᠶᠠᠯ᠎ᠢᠶᠡᠨ ᠭᠤᠳᠣᠭᠠᠭᠰᠠᠨ ᠠᠵᠢᠯᠯᠠᠭ᠎ᠠ ᠬᠢᠪᠡᠯ ᠮᠦᠨ ᠴᠦ ᠡᠷᠡᠭᠦᠣ ᠰᠢᠢᠳᠬᠡᠯ ᠣᠯᠬᠤ ᠪᠣᠯᠣᠯᠴᠠᠭ᠎ᠠ᠎ᠲᠠᠢ ᠪᠠᠢᠳᠠᠭ ᠃
ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠢ ᠰᠡᠷᠭᠡᠢᠯᠡᠨ ᠡᠵᠡᠮᠳᠡᠬᠦ ᠠᠵᠢᠯ᠎ᠳ᠋ᠤ ᠬᠡᠷᠡᠭᠯᠡᠬᠦ ᠡᠳ᠋ ᠪᠣᠳᠠᠰ᠎ᠢ ᠱᠠᠮᠰᠢᠬᠤ ᠪᠣᠶᠣ ᠬᠤᠪᠢᠨ᠎ᠳᠠᠭᠠᠨ ᠨᠡᠭᠦᠯᠭᠡᠨ ᠬᠡᠷᠡᠭᠯᠡᠭᠰᠡᠨ ᠪᠠᠢᠪᠠᠯ ᠂ ᠡᠷᠡᠭᠦᠦ᠎ᠶᠢᠨ ᠬᠠᠣᠯᠢ᠎ᠶᠢᠨ 382 ᠵᠣᠢᠯ ᠂ 383 ᠵᠣᠢᠯ ᠪᠠ 384 ᠵᠣᠢᠯ᠎ᠤᠨ ᠲᠣᠭᠳᠠᠭᠠᠯ᠎ᠢᠶᠠᠷ ᠱᠠᠮᠰᠢᠭᠰᠠᠨ ᠶᠠᠯ᠎ᠠ ᠪᠣᠶᠣ ᠠᠯᠪᠠᠨ᠎ᠤ ᠵᠣᠭᠤᠰ᠎ᠢ ᠨᠡᠭᠦᠯᠭᠡᠭᠰᠡᠨ ᠶᠠᠯ᠎ᠠ᠎ᠪᠠᠷ ᠬᠦᠨᠳᠦ᠎ᠪᠠᠷ ᠰᠢᠢᠳᠬᠡᠬᠦ ᠪᠣᠯᠣᠮᠵᠢ᠎ᠲᠠᠢ ᠃ ᠬᠡᠷᠪᠡ ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠢ ᠰᠡᠷᠭᠡᠢᠯᠡᠨ ᠡᠵᠡᠮᠳᠡᠭᠦ ᠪᠠ ᠬᠤᠷᠢᠬᠯᠡᠨ ᠠᠷᠢᠯᠭᠠᠬᠤ᠎ᠳ᠋ᠤ ᠬᠡᠷᠡᠭᠯᠡᠬᠦ ᠠᠶᠣᠯ᠎ᠡᠴᠠ ᠠᠪᠣᠷᠠᠬᠤ ᠂ ᠠᠰᠠᠷᠠᠨ ᠬᠠᠷᠠᠭᠠᠯᠵᠠᠬᠤ ᠂ ᠲᠡᠳᠬᠦᠵᠦ ᠲᠣᠰᠠᠯᠠᠬᠤ ᠵᠣᠭᠤᠰ ᠮᠦᠩᠭᠦ ᠡᠳ᠋ ᠪᠣᠳᠠᠰ᠎ᠢ ᠨᠡᠭᠦᠯᠭᠡᠵᠦ ᠬᠡᠷᠡᠭᠯᠡᠭᠡᠳ ᠂ ᠣᠢᠯᠡ ᠪᠠᠢᠳᠠᠯ᠎ᠨᠢ ᠬᠦᠨᠳᠦ ᠨᠣᠴᠢᠳᠠᠢ ᠪᠠᠢᠵᠣ ᠂ ᠣᠯᠣᠰ ᠣᠷᠣᠨ ᠪᠠ ᠠᠷᠠᠳ ᠣᠯᠠᠨ᠎ᠤ ᠠᠰᠢᠭ ᠲᠣᠰᠠ᠎ᠳ᠋ᠤ ᠬᠦᠨᠳᠦ ᠶᠡᠭᠡ ᠬᠤᠬᠢᠷᠠᠯ ᠣᠴᠠᠷᠠᠭᠤᠯᠣᠭᠰᠠᠨ ᠪᠠᠢᠪᠠᠯ ᠡᠷᠡᠭᠦᠦ᠎ᠶᠢᠨ ᠬᠠᠣᠯᠢ᠎ᠶᠢᠨ 273 ᠵᠣᠢᠯ᠎ᠤᠨ ᠲᠣᠭᠳᠠᠭᠠᠯ᠎ᠢᠶᠠᠷ ᠣᠨᠴᠠ ᠲᠣᠭᠳᠠᠭᠰᠠᠨ ᠵᠣᠭᠤᠰ ᠮᠦᠩᠭᠦ ᠡᠳ᠋ ᠪᠣᠳᠠᠰ᠎ᠢ ᠨᠡᠭᠦᠯᠭᠡᠵᠦ ᠬᠡᠷᠡᠭᠯᠡᠭᠰᠡᠨ ᠶᠠᠯ᠎ᠠ᠎ᠪᠠᠷ ᠡᠷᠡᠭᠦᠦ᠎ᠶᠢᠨ ᠬᠠᠷᠢᠭᠤᠴᠠᠯᠭ᠎ᠠ ᠨᠡᠬᠡᠮᠵᠢᠯᠡᠬᠦ ᠬᠡᠷᠡᠭᠲᠡᠢ ᠃ ᠶᠠᠷᠢᠶᠠᠨ ᠦᠭᠡᠢ ᠲᠣᠰ ᠶᠠᠯ᠎ᠠ᠎ᠶᠢᠨ ᠪᠡᠶᠡᠴᠢ ᠴᠣᠭᠴᠠ᠎ᠨᠢ ᠤᠯᠤᠰ᠎ᠤᠨ ᠪᠠᠢᠭᠤᠯᠭ᠎ᠠ᠎ᠶᠢᠨ ᠠᠵᠢᠯᠳᠠᠨ᠎ᠡᠴᠠ ᠪᠣᠰᠣᠳ ᠪᠡᠶᠡᠴᠢ ᠴᠣᠭᠴᠠ᠎ᠶᠢ ᠴᠦ ᠪᠠᠭᠳᠠᠭᠠᠨ᠎ᠠ ᠃
ᠬᠤᠶᠠᠷ ᠂ ᠡᠷᠬᠡᠲᠦ ᠠᠷᠠᠳ ᠬᠠᠣᠯᠢ᠎ᠶᠢᠨ ᠬᠦᠮᠦᠨ ᠪᠣᠰᠣᠳ ᠵᠣᠬᠢᠶᠠᠨ ᠪᠠᠢᠭᠤᠯᠣᠯᠳᠠ ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠠᠬᠢ ᠡᠷᠡᠭᠦᠦ᠎ᠶᠢᠨ ᠬᠠᠣᠯᠢ᠎ᠡᠴᠠ ᠵᠦᠷᠢᠴᠡᠭᠰᠡᠨ ᠠᠵᠢᠯᠯᠠᠭ᠎ᠠ᠎ᠶᠢᠨ ᠲᠣᠬᠠᠢ
ᠡᠷᠡᠭᠦᠦ᠎ᠶᠢᠨ ᠬᠠᠣᠯᠢ ᠵᠢᠴᠢ 2003 ᠣᠨ᠎ᠤ ︽ ᠠᠷᠠᠳ᠎ᠤᠨ ᠲᠡᠭᠡᠳᠦ ᠰᠢᠭᠦᠬᠦ ᠬᠤᠷᠢᠶ᠎ᠠ ᠠᠷᠠᠳ᠎ᠤᠨ ᠲᠡᠭᠡᠳᠦ ᠪᠠᠢᠴᠠᠭᠠᠬᠤ ᠬᠤᠷᠢᠶ᠎ᠠ ᠭᠡᠨᠡᠳᠳᠡ ᠡᠭᠦᠰᠦᠭᠰᠡᠨ ᠬᠠᠯᠳᠠᠪᠣᠷᠢᠳᠣ ᠡᠪᠡᠳᠴᠢᠨ᠎ᠤ ᠬᠢᠵᠢᠭ᠎ᠤᠨ ᠪᠠᠢᠳᠠᠯ ᠵᠡᠷᠭᠡ ᠭᠠᠮᠰᠢᠭ᠎ᠢ ᠰᠡᠷᠭᠡᠢᠯᠡᠬᠦ ᠂ ᠡᠵᠡᠮᠳᠡᠬᠦ᠎ᠶᠢ ᠬᠠᠷᠰᠢᠯᠠᠭᠰᠠᠨ ᠡᠷᠡᠭᠦᠣ᠎ᠶᠢᠨ ᠬᠡᠷᠡᠭ᠎ᠢ ᠰᠢᠢᠳᠪᠦᠷᠢᠯᠡᠬᠦ᠎ᠳ᠋ᠤ ᠬᠠᠣᠯᠢ ᠴᠠᠭᠠᠵᠨ᠎ᠶᠢ ᠲᠣᠬᠢᠷᠠᠭᠤᠯᠣᠨ ᠭᠡᠷᠡᠭᠯᠡᠬᠦ ᠠᠰᠠᠭᠤᠳᠠᠯ᠎ᠤᠨ ᠲᠣᠬᠠᠢ ᠲᠡᠢᠯᠪᠥᠷᠢ ︾ ᠪᠣᠯᠣᠨ 2020 ᠣᠨ᠎ᠤ 2 ᠰᠠᠷ᠎ᠠ᠎ᠶᠢᠨ 6᠎ᠤ ︽ ᠠᠷᠠᠳ᠎ᠤᠨ ᠲᠡᠭᠡᠳᠦ ᠰᠢᠭᠦᠬᠦ ᠬᠤᠷᠢᠶ᠎ᠠ ᠠᠷᠠᠳ᠎ᠤᠨ ᠲᠡᠭᠡᠳᠦ ᠪᠠᠢᠴᠠᠭᠠᠬᠤ ᠬᠤᠷᠢᠶ᠎ᠠ ᠲᠣᠳᠣᠭᠠᠳᠣ᠎ᠶᠢ ᠬᠠᠮᠠᠭᠠᠯᠠᠬᠤ ᠶᠠᠮᠣᠨ ᠬᠠᠣᠯᠢ ᠴᠠᠭᠠᠵᠠ᠎ᠶᠢᠨ ᠶᠠᠮᠣᠨ ᠬᠠᠣᠯᠢ ᠶᠣᠰᠣᠭᠠᠷ ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠢ ᠰᠡᠷᠭᠡᠢᠯᠡᠨ ᠡᠵᠡᠮᠳᠡᠬᠦ᠎ᠶᠢ ᠬᠠᠷᠰᠢᠯᠠᠭᠰᠠᠨ ᠬᠠᠣᠯᠢ᠎ᠡᠴᠠ ᠵᠦᠷᠢᠴᠡᠨ ᠶᠠᠯ᠎ᠠ ᠬᠢᠭᠰᠡᠳ᠎ᠢ ᠵᠠᠯᠬᠠᠭᠠᠨ ᠰᠢᠢᠳᠬᠡᠬᠦ ᠰᠠᠨᠠᠯ ︾᠎ᠤᠨ ᠲᠣᠭᠳᠠᠭᠠᠯ᠎ᠢ ᠦᠨᠳᠦᠰᠦᠯᠡᠪᠡᠯ ᠂ ᠡᠷᠬᠡᠲᠦ ᠠᠷᠠᠳ ᠂ ᠬᠠᠣᠯᠢ᠎ᠶᠢᠨ ᠬᠦᠮᠦᠨ ᠂ ᠪᠣᠰᠣᠳ ᠵᠣᠬᠢᠶᠠᠨ ᠪᠠᠢᠭᠤᠯᠣᠯᠳᠠ ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠠᠬᠢ ᠡᠷᠡᠭᠦᠦ᠎ᠶᠢᠨ ᠬᠠᠣᠯᠢ᠎ᠡᠴᠠ ᠵᠦᠷᠢᠴᠡᠭᠰᠡᠨ ᠠᠵᠢᠯᠯᠠᠭ᠎ᠠ᠎ᠶᠢᠨ ᠡᠭᠦᠷᠭᠡᠯᠡᠬᠦ ᠬᠠᠷᠢᠭᠤᠴᠠᠯᠭ᠎ᠠ᠎ᠶᠢ ᠭᠤᠣᠯᠳᠠᠭᠤ ᠲᠣᠣᠷᠠᠬᠢ ᠬᠡᠳᠦᠨ ᠲᠦᠷᠦᠯ᠎ᠳ᠋ᠤ ᠬᠤᠪᠢᠶᠠᠵᠦ ᠪᠣᠯᠣᠨ᠎ᠠ ᠃
︵ ᠨᠢᠭᠡ ︶ ᠠᠯᠪᠠᠨ ᠠᠵᠢᠯ᠎ᠢ ᠬᠠᠷᠰᠢᠯᠠᠭᠰᠠᠨ ᠠᠵᠢᠯᠯᠠᠭ᠎ᠠ᠎ᠶᠢᠨ ᠡᠷᠡᠭᠦᠦ᠎ᠶᠢᠨ ᠬᠠᠷᠢᠭᠤᠴᠠᠯᠭ᠎ᠠ
ᠤᠯᠤᠰ᠎ᠤᠨ ᠪᠠᠢᠭᠤᠯᠣᠯᠭᠠᠶᠢᠨ ᠠᠵᠢᠯᠳᠠᠨ ᠂ ᠣᠯᠠᠭᠠᠨ ᠵᠠᠭᠠᠯᠮᠠᠢᠳᠠᠨ᠎ᠤ ᠨᠡᠢᠭᠡᠮᠯᠢᠭ᠎ᠤᠨ ᠠᠵᠢᠯᠳᠠᠨ ᠪᠣᠯᠣᠨ ᠬᠠᠣᠯᠢ ᠴᠠᠭᠠᠵᠠ ᠂ ᠬᠠᠣᠯᠢ ᠲᠣᠭᠳᠠᠭᠠᠯ ᠶᠣᠰᠣᠭᠠᠷ ᠣᠯᠣᠰ᠎ᠤᠨ ᠬᠢᠵᠢᠭ᠎ᠢ ᠰᠡᠷᠭᠡᠢᠯᠡᠨ ᠡᠵᠡᠮᠳᠡᠬᠦ ᠵᠠᠰᠠᠭ ᠵᠠᠬᠢᠷᠭᠠᠨ᠎ᠤ ᠡᠷᠬᠡ ᠲᠣᠰᠢᠶᠠᠯ᠎ᠢ ᠬᠡᠷᠡᠭᠵᠢᠭᠦᠯᠵᠦ ᠪᠠᠢᠭ᠎ᠠ ᠵᠣᠬᠢᠶᠠᠨ ᠪᠠᠢᠭᠤᠯᠣᠯᠳᠠᠳ᠋ᠠᠬᠢ ᠠᠯᠪᠠᠨ ᠲᠣᠰᠢᠶᠠᠯᠳᠠᠨ ᠪᠣᠶᠣ ᠣᠯᠣᠰ᠎ᠤᠨ ᠪᠠᠢᠭᠤᠯᠭ᠎ᠠ᠎ᠶᠢᠨ ᠣᠷᠣᠨ ᠲᠤᠭ᠎ᠠ᠎ᠳ᠋ᠤ ᠣᠷᠣᠭᠠᠳᠣᠢ ᠪᠣᠯᠪᠠᠴᠣ ᠬᠢᠵᠢᠭ᠎ᠢ ᠰᠡᠷᠭᠡᠢᠯᠡᠨ ᠡᠵᠡᠮᠳᠡᠬᠦ ᠠᠯᠪᠠᠨ᠎ᠤ ᠠᠵᠢᠯ᠎ᠢ ᠡᠭᠦᠷᠭᠡᠯᠡᠵᠦ ᠪᠦᠬᠦᠢ ᠠᠵᠢᠯᠳᠠᠨ᠎ᠤ ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠢ ᠰᠡᠷᠭᠡᠢᠯᠡᠨ ᠵᠠᠰᠠᠬᠤ ᠪᠠ ᠬᠤᠷᠢᠬᠯᠡᠨ ᠡᠵᠡᠮᠳᠡᠬᠦ ᠠᠵᠢᠯ᠎ᠢ ᠬᠢᠬᠦ᠎ᠳ᠋ᠤ ᠬᠠᠣᠯᠢ ᠶᠣᠰᠣᠭᠠᠷ ᠠᠪᠣᠭᠰᠠᠨ ᠬᠢᠵᠢᠭ᠎ᠡᠴᠠ ᠰᠡᠷᠭᠡᠢᠯᠡᠬᠦ ᠂ ᠬᠢᠵᠢᠭ᠎ᠢ ᠪᠠᠢᠴᠠᠭᠠᠬᠤ ᠂ ᠠᠯᠪᠠᠳᠠᠨ ᠲᠣᠰᠠᠭᠠᠷᠯᠠᠬᠤ ᠂ ᠲᠣᠰᠠᠭᠠᠷᠯᠠᠨ ᠡᠮᠨᠡᠬᠦ ᠵᠡᠷᠭᠡ ᠠᠷᠭ᠎ᠠ ᠬᠡᠮᠵᠢᠶ᠎ᠡ᠎ᠶᠢ ᠬᠦᠴᠦᠷᠬᠡᠭᠯᠡᠯ ᠪᠣᠶᠣ ᠰᠦᠷᠳᠡᠭᠦᠯᠦᠯ᠎ᠤᠨ ᠠᠷᠭ᠎ᠠ᠎ᠪᠠᠷ ᠬᠠᠷᠰᠢᠯᠠᠭᠰᠠᠨ ᠪᠠᠢᠪᠠᠯ ᠂ ᠡᠷᠡᠭᠦᠦ᠎ᠶᠢᠨ ᠬᠠᠣᠯᠢ᠎ᠶᠢᠨ 277 ᠵᠣᠢᠯ᠎ᠤᠨ 1 ᠳ᠋ᠦ᠋ᠭᠡᠷ ᠵᠤᠷᠪᠤᠰ ᠂ 3 ᠳ᠋ᠤᠭᠠᠷ ᠵᠤᠷᠪᠤᠰ᠎ᠤᠨ ᠲᠣᠭᠳᠠᠭᠠᠯ᠎ᠢᠶᠠᠷ ᠠᠯᠪᠠᠨ᠎ᠤ ᠠᠵᠢᠯ᠎ᠢ ᠬᠠᠷᠰᠢᠯᠠᠭᠰᠠᠨ ᠶᠠᠯ᠎ᠠ᠎ᠪᠠᠷ ᠡᠷᠡᠭᠦᠦ᠎ᠶᠢᠨ ᠬᠠᠷᠢᠭᠤᠴᠠᠯᠭ᠎ᠠ ᠨᠡᠬᠡᠮᠵᠢᠯᠡᠵᠦ ᠪᠣᠯᠣᠨ᠎ᠠ ᠃
︵ ᠬᠤᠶᠡᠷ ︶ ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠢ ᠲᠡᠯᠭᠡᠷᠡᠭᠦᠯᠦᠭᠰᠡᠨ ᠠᠵᠢᠯᠯᠠᠭ᠎ᠠ᠎ᠶᠢᠨ ᠡᠷᠡᠭᠦᠦ᠎ᠶᠢᠨ ᠬᠠᠷᠢᠭᠤᠴᠠᠯᠭ᠎ᠠ
ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠤᠨ ᠡᠪᠡᠳᠴᠢᠳᠠᠨ ᠬᠢᠵᠢᠭ᠎ᠤᠨ ᠪᠠᠢᠴᠠᠭᠠᠯᠳᠠ ᠂ ᠠᠯᠪᠠᠳᠠᠨ ᠲᠣᠰᠠᠭᠠᠷᠯᠠᠬᠤ ᠂ ᠲᠣᠰᠠᠭᠠᠷᠯᠠᠨ ᠡᠮᠨᠡᠬᠦ ᠵᠡᠷᠭᠡ᠎ᠶᠢ ᠲᠡᠪᠴᠢᠨ ᠣᠯᠠᠨ ᠨᠡᠢᠳᠡ᠎ᠶᠢᠨ ᠲᠠᠯᠠᠪᠣᠷ᠎ᠲᠤ ᠣᠴᠢᠬᠤ ᠪᠣᠶᠣ ᠣᠯᠠᠨ ᠨᠡᠢᠳᠡ᠎ᠶᠢᠨ ᠵᠠᠮ ᠬᠠᠷᠢᠯᠴᠠᠭᠠᠨ᠎ᠤ ᠪᠠᠭᠠᠵᠢ ᠬᠡᠷᠡᠭᠰᠡᠯ᠎ᠳ᠋ᠤ ᠭᠠᠷᠴᠣ ᠂ ᠲᠣᠭᠳᠠᠮᠠᠯ ᠪᠣᠰᠣ ᠬᠦᠮᠦᠰ᠎ᠤᠨ ᠠᠮᠥᠷ ᠲᠥᠪᠰᠢᠨ᠎ᠳ᠋ᠤ ᠬᠤᠣᠷ ᠬᠦᠨᠦᠭᠡᠯ ᠣᠴᠠᠷᠠᠭᠤᠯᠣᠭᠰᠠᠨ ᠪᠠᠢᠪᠠᠯ ᠡᠷᠡᠭᠦᠦ᠎ᠶᠢᠨ ᠬᠠᠣᠯᠢ᠎ᠶᠢᠨ 114 ᠵᠣᠢᠯ ᠂ 115 ᠵᠣᠢᠯ᠎ᠤᠨ 1 ᠳ᠋ᠦ᠋ᠭᠡᠷ ᠵᠤᠷᠪᠤᠰ᠎ᠤᠨ ᠲᠣᠭᠳᠠᠭᠠᠯ᠎ᠢᠶᠠᠷ ᠠᠶᠣᠯᠲᠣ ᠬᠡᠯᠪᠡᠷᠢ᠎ᠪᠠᠷ ᠣᠯᠠᠨ ᠨᠡᠢᠳᠡ᠎ᠶᠢᠨ ᠠᠮᠥᠷ ᠲᠥᠪᠰᠢᠨ᠎ᠳ᠋ᠤ ᠬᠤᠣᠷ ᠬᠦᠨᠦᠭᠡᠯ ᠣᠴᠠᠷᠠᠭᠤᠯᠣᠭᠰᠠᠨ ᠶᠠᠯ᠎ᠠ᠎ᠪᠠᠷ ᠡᠷᠡᠭᠦᠦ᠎ᠶᠢᠨ ᠬᠠᠷᠢᠭᠤᠴᠠᠯᠭ᠎ᠠ ᠨᠡᠬᠡᠮᠵᠢᠯᠡᠵᠦ ᠂ ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠤᠨ ᠰᠡᠵᠢᠭᠯᠠᠯᠲᠠᠢ ᠡᠪᠡᠳᠴᠢᠳᠠᠨ ᠬᠢᠵᠢᠭ᠎ᠤᠨ ᠪᠠᠢᠴᠠᠭᠠᠯᠳᠠ ᠂ ᠠᠯᠪᠠᠳᠠᠨ ᠲᠣᠰᠠᠭᠠᠷᠯᠠᠬᠤ ᠂ ᠲᠣᠰᠠᠭᠠᠷᠯᠠᠨ ᠡᠮᠨᠡᠬᠦ ᠵᠡᠷᠭᠡ᠎ᠶᠢ ᠲᠡᠪᠴᠢᠨ ᠣᠯᠠᠨ ᠨᠡᠢᠳᠡ᠎ᠶᠢᠨ ᠲᠠᠯᠠᠪᠣᠷ᠎ᠲᠤ ᠤᠴᠢᠬᠤ ᠪᠣᠶᠣ ᠣᠯᠠᠨ ᠨᠡᠢᠳᠡ᠎ᠶᠢᠨ ᠵᠠᠮ ᠬᠠᠷᠢᠯᠴᠠᠭᠠᠨ᠎ᠤ ᠪᠠᠭᠠᠵᠢ ᠬᠡᠷᠡᠭᠰᠡᠯ᠎ᠳ᠋ᠤ ᠭᠠᠷᠴᠣ ᠂ ᠰᠢᠨ᠎ᠡ ᠲᠢᠳᠢᠮᠯᠢᠭ ᠠᠭᠤᠰᠬᠢᠨ ᠦᠷᠪᠢᠰᠦᠯ᠎ᠢ ᠲᠡᠯᠭᠡᠷᠡᠭᠦᠯᠦᠭᠰᠡᠨ ᠪᠠᠢᠪᠠᠯ ᠡᠷᠡᠭᠦᠦ᠎ᠶᠢᠨ ᠬᠠᠣᠯᠢ᠎ᠶᠢᠨ 114 ᠵᠣᠢᠯ ᠂ 115 ᠵᠣᠢᠯ᠎ᠤᠨ 1 ᠳ᠋ᠦ᠋ᠭᠡᠷ ᠵᠤᠷᠪᠤᠰ᠎ᠤᠨ ᠲᠣᠭᠳᠠᠭᠠᠯ᠎ᠢᠶᠠᠷ ᠠᠶᠣᠯᠲᠣ ᠬᠡᠯᠪᠡᠷᠢ᠎ᠪᠠᠷ ᠣᠯᠠᠨ ᠨᠡᠢᠳᠡ᠎ᠶᠢᠨ ᠠᠮᠥᠷ ᠲᠥᠪᠰᠢᠨ᠎ᠳ᠋ᠤ ᠬᠤᠣᠷ ᠬᠦᠨᠦᠭᠡᠯ ᠣᠴᠠᠷᠠᠭᠤᠯᠣᠭᠰᠠᠨ ᠶᠠᠯ᠎ᠠ᠎ᠪᠠᠷ ᠡᠷᠡᠭᠦᠦ᠎ᠶᠢᠨ ᠬᠠᠷᠢᠭᠤᠴᠠᠯᠭ᠎ᠠ ᠨᠡᠬᠡᠮᠵᠢᠯᠡᠨ᠎ᠡ ᠃
ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠢᠶᠠᠷ ᠤᠨᠤᠰᠢᠯᠠᠬᠰᠠᠨ ᠡᠪᠡᠳᠴᠢᠳᠠᠨ ᠪᠣᠶᠣ ᠰᠡᠵᠢᠭᠯᠠᠯᠲᠠᠢ ᠡᠪᠡᠳᠴᠢᠳᠠᠨ ᠠᠳᠡᠯ᠎ᠡᠴᠠ ᠪᠣᠯᠵᠣ ᠬᠢᠵᠢᠭ᠎ᠢ ᠲᠡᠯᠭᠡᠷᠡᠭᠦᠯᠵᠦ ᠂ ᠣᠯᠠᠨ ᠨᠡᠢᠳᠡ᠎ᠶᠢᠨ ᠠᠮᠥᠷ ᠲᠥᠪᠰᠢᠨ᠎ᠢ ᠰᠥᠷᠳᠡᠭᠦᠯᠥᠭᠰᠡᠨ ᠪᠠᠢᠪᠠᠯ ᠡᠷᠡᠭᠦᠦ᠎ᠶᠢᠨ ᠬᠠᠣᠯᠢ᠎ᠶᠢᠨ 115 ᠵᠣᠢᠯ᠎ᠤᠨ 2 ᠳ᠋ᠦ᠋ᠭᠠᠷ ᠵᠤᠷᠪᠤᠰ᠎ᠤᠨ ᠲᠣᠭᠳᠠᠭᠠᠯ᠎ᠢᠶᠠᠷ ᠠᠳᠡᠯ᠎ᠡᠴᠠ ᠪᠣᠯᠵᠣ ᠠᠶᠣᠯᠲᠣ ᠬᠡᠯᠪᠡᠷᠢ᠎ᠪᠠᠷ ᠣᠯᠠᠨ ᠨᠡᠢᠳᠡ᠎ᠶᠢᠨ ᠠᠮᠥᠷ ᠲᠥᠪᠰᠢᠨ᠎ᠳ᠋ᠤ ᠬᠤᠣᠷ ᠬᠦᠨᠦᠭᠡᠯ ᠣᠴᠠᠷᠠᠭᠤᠯᠣᠭᠰᠠᠨ ᠶᠠᠯ᠎ᠠ᠎ᠪᠠᠷ ᠡᠷᠡᠭᠦᠦ᠎ᠶᠢᠨ ᠬᠠᠷᠢᠭᠤᠴᠠᠯᠭ᠎ᠠ ᠨᠡᠬᠡᠮᠵᠢᠯᠡᠬᠦ ᠪᠣᠯᠣᠮᠵᠢ᠎ᠲᠠᠢ ᠪᠠᠢᠳᠠᠭ ᠃
ᠡᠷᠡᠭᠦᠯ ᠬᠠᠮᠠᠭᠠᠯᠠᠯ ᠬᠢᠵᠢᠭ᠎ᠢ ᠰᠡᠷᠭᠡᠢᠯᠡᠬᠦ ᠪᠠᠢᠭᠤᠯᠣᠮᠵᠢ᠎ᠶᠢᠨ ᠬᠠᠯᠳᠠᠪᠣᠷᠢᠳᠣ ᠡᠪᠡᠳᠴᠢᠨ᠎ᠢ ᠰᠡᠷᠭᠡᠢᠯᠡᠨ ᠵᠠᠰᠠᠬᠤ ᠬᠠᠣᠯᠢ᠎ᠶᠢᠨ ᠲᠣᠭᠳᠠᠭᠠᠯ ᠶᠣᠰᠣᠭᠠᠷ ᠭᠠᠷᠭᠠᠭᠰᠠᠨ ᠰᠡᠷᠭᠡᠢᠯᠡᠨ ᠡᠵᠡᠮᠳᠡᠬᠦ ᠠᠷᠭ᠎ᠠ ᠬᠡᠮᠵᠢᠶ᠎ᠡ᠎ᠶᠢ ᠲᠡᠪᠴᠢᠨ ᠬᠢᠵᠢᠭ᠎ᠢ ᠲᠡᠯᠭᠡᠷᠡᠭᠦᠯᠦᠭᠰᠡᠨ ᠪᠣᠶᠣ ᠲᠠᠷᠬᠠᠨ ᠲᠡᠯᠭᠡᠷᠡᠭᠦ ᠬᠦᠨᠳᠦ ᠨᠤᠴᠢᠳᠡᠢ ᠠᠶᠣᠯ ᠲᠦᠭᠰᠢᠭᠦᠷᠢ᠎ᠶᠢ ᠪᠣᠢ ᠪᠣᠯᠭᠠᠵᠣ ᠂ ᠪᠣᠰᠣᠳ᠎ᠤᠨ ᠪᠠᠶ᠎ᠠ ᠮᠠᠬᠠᠪᠣᠳ ᠂ ᠡᠳ᠋ ᠬᠥᠷᠥᠩᠭᠡ᠎ᠳ᠋ᠤ ᠬᠤᠬᠢᠷᠠᠯ ᠣᠴᠠᠷᠠᠭᠤᠯᠣᠬᠰᠠᠨ ᠪᠠᠢᠪᠡᠯ ᠡᠷᠡᠭᠦᠣ᠎ᠶᠢᠨ ᠬᠠᠣᠯᠢ᠎ᠶᠢᠨ 330 ᠵᠣᠢᠯ᠎ᠤᠨ ᠲᠣᠭᠳᠠᠭᠠᠯ ᠶᠣᠰᠣᠭᠠᠷ ᠬᠠᠯᠳᠠᠪᠣᠷᠢᠲᠣ ᠡᠪᠡᠳᠴᠢᠨ᠎ᠢ ᠰᠡᠷᠭᠡᠢᠯᠡᠨ ᠡᠵᠡᠮᠳᠡᠭᠦ᠎ᠶᠢ ᠬᠠᠷᠰᠢᠯᠠᠭᠰᠠᠨ ᠶᠠᠯ᠎ᠠ᠎ᠪᠠᠷ ᠡᠷᠡᠭᠦᠦ᠎ᠶᠢᠨ ᠬᠠᠷᠢᠭᠤᠴᠠᠯᠭ᠎ᠠ ᠨᠡᠬᠡᠮᠵᠢᠯᠡᠨ᠎ᠡ ᠃
︵ ᠭᠤᠷᠪᠠ ︶ ᠴᠣᠣᠷᠬᠠᠯ ᠲᠠᠷᠬᠠᠭᠠᠬᠰᠠᠨ ᠠᠵᠢᠯᠯᠠᠭ᠎ᠠ᠎ᠶᠢᠨ ᠡᠷᠡᠭᠦᠦ᠎ᠶᠢᠨ ᠬᠠᠷᠢᠭᠤᠴᠠᠯᠭ᠎ᠠ
ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠲᠠᠢ ᠬᠠᠮᠢᠶᠠᠲᠠᠢ ᠰᠦᠷᠳᠡᠭᠦᠯᠦᠯ᠎ᠤᠨ ᠮᠡᠳᠡᠭᠡ ᠵᠠᠩᠬᠢ᠎ᠶᠢ ᠬᠤᠳᠠᠯ᠎ᠢᠶᠠᠷ ᠵᠣᠭᠢᠶᠠᠬᠤ ᠪᠣᠶᠣ ᠬᠤᠳᠠᠯ᠎ᠢᠶᠠᠷ ᠵᠣᠭᠢᠶᠠᠭᠰᠠᠨ ᠮᠡᠳᠡᠭᠡ ᠵᠠᠩᠬᠢ ᠭᠡᠳᠡᠭ᠎ᠢ ᠲᠣᠳᠣᠷᠬᠠᠢ ᠮᠡᠳᠡᠵᠦ ᠪᠠᠢᠭᠠᠳ ᠵᠣᠷᠢᠭᠤᠳᠠ ᠲᠠᠮᠵᠢᠭᠤᠯᠤᠨ ᠲᠠᠷᠬᠠᠭᠠᠭᠠᠳ ᠂ ᠨᠡᠢᠭᠡᠮ᠎ᠤᠨ ᠡᠮᠬᠢ ᠲᠢᠭᠯᠢᠮ᠎ᠢ ᠬᠦᠨᠳᠦ ᠨᠣᠴᠢᠳᠠᠢ ᠰᠠᠮᠠᠭᠤᠷᠠᠭᠤᠯᠣᠭᠰᠠᠨ ᠪᠠᠢᠪᠠᠯ ᠂ ᠡᠷᠡᠭᠦᠦ᠎ᠶᠢᠨ ᠬᠠᠣᠯᠢ᠎ᠶᠢᠨ 291 ᠵᠣᠢᠯ᠎ᠤᠨ ᠲᠣᠭᠳᠠᠭᠠᠯ᠎ᠢᠶᠠᠷ ᠰᠦᠷᠳᠡᠭᠦᠯᠦᠯ᠎ᠤᠨ ᠮᠡᠳᠡᠭᠡ ᠵᠠᠩᠬᠢ᠎ᠶᠢ ᠬᠤᠳᠠᠯ᠎ᠢᠶᠠᠷ ᠵᠣᠭᠢᠶᠠᠭᠰᠠᠨ ᠂ ᠬᠤᠳᠠᠯ᠎ᠢᠶᠠᠷ ᠵᠣᠭᠢᠶᠠᠭᠰᠠᠨ ᠰᠦᠷᠳᠡᠭᠦᠯᠦᠯ᠎ᠤᠨ ᠮᠡᠳᠡᠭᠡ ᠵᠠᠩᠬᠢ᠎ᠶᠢ ᠵᠣᠷᠢᠭᠤᠳᠠ ᠲᠠᠷᠬᠠᠭᠠᠭᠰᠠᠨ ᠶᠠᠯ᠎ᠠ᠎ᠶᠢᠨ ᠡᠷᠡᠭᠦᠦ᠎ᠶᠢᠨ ᠬᠠᠷᠢᠭᠤᠴᠠᠯᠭ᠎ᠠ ᠡᠭᠦᠷᠭᠡᠯᠡᠬᠦ ᠪᠣᠯᠣᠨ᠎ᠠ ᠃
ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠤᠨ ᠬᠢᠵᠢᠭ᠎ᠤᠨ ᠪᠠᠢᠳᠠᠯ᠎ᠢ ᠠᠰᠢᠬᠯᠠᠵᠤ ᠴᠣᠣᠷᠬᠠᠯ ᠲᠠᠯᠪᠢᠬᠤ ᠂ ᠭᠦᠳᠬᠡᠬᠦ ᠪᠣᠶᠣ ᠪᠣᠰᠣᠳ ᠬᠡᠯᠪᠡᠷᠢ᠎ᠪᠠᠷ ᠣᠯᠣᠰ ᠣᠷᠣᠨ᠎ᠢ ᠬᠠᠭᠠᠴᠠᠭᠤᠯᠬᠤ ᠂ ᠣᠯᠣᠰ ᠣᠷᠣᠨ᠎ᠤ ᠨᠢᠭᠡᠳᠦᠯ᠎ᠢ ᠡᠪᠳᠡᠬᠦ᠎ᠪᠠᠷ ᠬᠠᠳᠬᠤᠵᠣ ᠦᠳᠦᠭᠡᠭᠰᠡᠨ ᠪᠠᠢᠪᠠᠯ ᠡᠷᠡᠭᠦᠦ᠎ᠶᠢᠨ ᠬᠠᠣᠯᠢ᠎ᠶᠢᠨ 103 ᠵᠣᠢᠯ᠎ᠤᠨ 2 ᠳ᠋ᠤᠭᠠᠷ ᠵᠤᠷᠪᠤᠰ ᠂ 105 ᠵᠣᠢᠯ᠎ᠤᠨ 2 ᠳ᠋ᠤᠭᠠᠷ ᠵᠤᠷᠪᠤᠰ᠎ᠤᠨ ᠲᠣᠭᠳᠠᠭᠠᠯ᠎ᠢᠶᠠᠷ ᠣᠯᠣᠰ ᠣᠷᠣᠨ᠎ᠢ ᠬᠠᠭᠠᠴᠠᠭᠤᠯᠬᠤ᠎ᠪᠠᠷ ᠬᠠᠳᠬᠤᠵᠣ ᠦᠳᠦᠭᠡᠭᠰᠡᠨ ᠶᠠᠯ᠎ᠠ᠎ᠪᠠᠷ ᠡᠷᠡᠭᠦᠦ᠎ᠶᠢᠨ ᠬᠠᠷᠢᠭᠤᠴᠠᠯᠭ᠎ᠠ ᠨᠡᠬᠡᠮᠵᠢᠯᠡᠭᠳᠡᠬᠦ ᠪᠣᠯᠣᠯᠴᠠᠭ᠎ᠠ᠎ᠲᠠᠢ ᠃
︵ ᠲᠦᠷᠪᠡ ︶ ᠵᠠᠮ ᠬᠠᠷᠢᠯᠴᠠᠭᠠᠨ᠎ᠤ ᠲᠥᠭᠦᠭᠡᠷᠣᠮᠵᠢ ᠪᠣᠯᠣᠨ ᠪᠠᠭᠠᠵᠢ ᠬᠡᠷᠡᠭᠰᠡᠯ᠎ᠢ ᠡᠪᠳᠡᠨ ᠰᠣᠢᠳᠬᠡᠭᠰᠡᠨ ᠠᠵᠢᠯᠯᠠᠭ᠎ᠠ᠎ᠶᠢᠨ ᠡᠷᠡᠭᠦᠦ᠎ᠶᠢᠨ ᠬᠠᠷᠢᠭᠤᠴᠠᠯᠭ᠎ᠠ᠎ᠶᠢᠨ ᠲᠣᠬᠠᠢ
ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠤ ᠲᠡᠮᠣᠷ ᠵᠡᠮ ᠂ ᠬᠥᠬᠦᠷᠭᠡ ᠂ ᠨᠥᠭᠡᠨ ᠵᠡᠮ ᠂ ᠵᠠᠰᠠᠮᠠᠯ ᠵᠡᠮ ᠂ ᠨᠢᠰᠬᠡᠯ᠎ᠤᠨ ᠪᠠᠭᠤᠳᠠᠯ ᠂ ᠠᠭᠠᠷ᠎ᠤᠨ ᠠᠶᠠᠯᠠᠯ᠎ᠤᠨ ᠵᠡᠮ ᠱᠣᠭᠤᠮ ᠂ ᠭᠡᠷᠡᠯᠲᠣ ᠴᠠᠮᠬᠠᠭ ᠂ ᠫᠠᠢᠰᠠ ᠢᠯᠡᠷᠬᠡᠢᠯᠡᠯ ᠵᠡᠷᠭᠡ᠎ᠶᠢ ᠡᠪᠳᠡᠵᠣ ᠂ ᠭᠠᠯᠲᠣ ᠲᠡᠷᠭᠡ ᠂ ᠮᠠᠰᠢᠨ ᠲᠡᠷᠭᠡ ᠂ ᠴᠠᠬᠢᠯᠭᠠᠨ ᠲᠡᠷᠭᠡ ᠂ ᠣᠩᠭᠤᠴᠨ ᠂ ᠠᠭᠠᠷ ᠠᠶᠠᠯᠠᠯ᠎ᠤᠨ ᠮᠠᠰᠢᠨ᠎ᠳ᠋ᠤ ᠠᠶᠣᠯ ᠣᠴᠠᠷᠠᠭᠤᠯᠣᠬᠰᠠᠨ ᠪᠣᠶᠣ ᠬᠢᠵᠢᠭ᠎ᠢ ᠰᠡᠷᠭᠡᠢᠯᠡᠨ ᠬᠤᠷᠢᠬᠯᠠᠬᠤ ᠨᠡᠷ᠎ᠡ᠎ᠪᠠᠷ ᠬᠠᠣᠯᠢ ᠪᠣᠰᠣ᠎ᠪᠠᠷ ᠵᠠᠮ ᠬᠠᠰᠢᠬᠤ ᠂ ᠰᠢᠷᠣᠢ᠎ᠶᠢᠨ ᠣᠪᠣᠭ᠎ᠠ ᠪᠣᠰᠬᠠᠬᠤ ᠂ ᠮᠣᠳᠣ ᠴᠢᠯᠠᠭᠤ ᠣᠪᠣᠭᠠᠯᠠᠬᠤ ᠪᠣᠶᠣ ᠴᠢᠨᠠᠭᠰᠢᠯᠠᠭᠠᠳ ᠵᠠᠮ ᠬᠠᠷᠢᠯᠴᠠᠭᠠᠨ᠎ᠤ ᠲᠥᠭᠦᠭᠡᠷᠣᠮᠵᠢ ᠪᠣᠯᠣᠨ ᠪᠠᠭᠠᠵᠢ ᠬᠡᠷᠡᠭᠰᠡᠯ᠎ᠢ ᠡᠪᠳᠡᠨ ᠰᠣᠢᠳᠬᠡᠭᠰᠡᠨ ᠪᠠᠢᠪᠠᠯ ᠂ ᠡᠷᠡᠭᠦᠣ᠎ᠶᠢᠨ ᠬᠠᠣᠯᠢ᠎ᠶᠢᠨ 117 ᠵᠥᠢᠯ ᠂ 119 ᠵᠣᠢᠯ᠎ᠤᠨ ᠲᠣᠭᠳᠠᠭᠠᠯ᠎ᠢᠶᠠᠷ ᠵᠠᠮ ᠬᠠᠷᠢᠯᠴᠠᠭᠠᠨ᠎ᠤ ᠲᠥᠭᠦᠭᠡᠷᠣᠮᠵᠢ ᠪᠣᠯᠣᠨ ᠪᠠᠭᠠᠵᠢ ᠬᠡᠷᠡᠭᠰᠡᠯ᠎ᠢ ᠡᠪᠳᠡᠨ ᠰᠣᠢᠳᠬᠡᠭᠰᠡᠨ ᠶᠠᠯ᠎ᠠ᠎ᠪᠠᠷ ᠡᠷᠡᠭᠦᠦ᠎ᠶᠢᠨ ᠬᠠᠷᠢᠭᠤᠴᠠᠯᠭ᠎ᠠ ᠨᠡᠬᠡᠮᠵᠢᠯᠡᠵᠦ ᠪᠣᠯᠣᠨ᠎ᠠ ᠃
︵ ᠲᠠᠪᠤ᠋ ︶ ᠪᠠᠷᠢᠮᠵᠢᠶᠠᠨ᠎ᠳ᠋ᠤ ᠨᠡᠢᠴᠡᠬᠦ ᠥᠭᠡᠢ ᠡᠮᠴᠢᠯᠡᠭᠡᠨ᠎ᠤ ᠬᠡᠷᠡᠭᠰᠡᠯ ᠂ ᠡᠷᠡᠭᠦᠯ ᠬᠠᠮᠠᠭᠠᠯᠠᠯ᠎ᠤᠨ ᠬᠡᠷᠡᠭᠰᠡᠯ ᠵᠡᠷᠭᠡ᠎ᠶᠢ ᠥᠢᠯᠡᠳᠪᠥᠷᠢᠯᠡᠵᠣ ᠪᠣᠷᠣᠯᠠᠭᠤᠯᠣᠭᠰᠠᠨ ᠠᠵᠢᠯᠯᠠᠭ᠎ᠠ᠎ᠶᠢᠨ ᠡᠷᠡᠭᠦᠦ᠎ᠶᠢᠨ ᠬᠠᠷᠢᠭᠤᠴᠠᠯᠭ᠎ᠠ
ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠤ ᠬᠥᠮᠥᠨ᠎ᠤ ᠪᠠᠶ᠎ᠠ᠎ᠶᠢᠨ ᠡᠷᠡᠭᠦᠯ ᠮᠡᠨᠲᠣ᠎ᠶᠢ ᠬᠠᠮᠠᠭᠠᠯᠠᠬᠤ ᠪᠡᠷᠢᠮᠵᠢᠶ᠎ᠠ ᠂ ᠠᠵᠢᠯ ᠲᠥᠷᠣᠯ᠎ᠤᠨ ᠪᠠᠷᠢᠮᠵᠢᠶᠠᠨ᠎ᠳ᠋ᠤ ᠨᠡᠢᠴᠡᠬᠦ ᠥᠭᠡᠢ ᠠᠮᠠᠪᠴᠢ ᠂ ᠬᠠᠷᠠᠭ᠎ᠠ ᠬᠠᠮᠠᠭᠠᠯᠠᠬᠤ ᠨᠢᠳᠦᠨ ᠰᠢᠯ ᠂ ᠬᠠᠮᠠᠭᠠᠯᠠᠨ ᠰᠡᠷᠭᠡᠢᠯᠡᠬᠦ ᠬᠤᠪᠴᠠᠰᠣ ᠵᠡᠷᠭᠡ ᠡᠮᠴᠢᠯᠡᠭᠡᠨ᠎ᠤ ᠬᠡᠷᠡᠭᠰᠡᠯ ᠂ ᠡᠷᠡᠭᠦᠯ ᠬᠠᠮᠠᠭᠠᠯᠠᠯ᠎ᠤᠨ ᠬᠡᠷᠡᠭᠰᠡᠯ ᠵᠡᠷᠭᠡ᠎ᠶᠢ ᠥᠢᠯᠡᠳᠪᠥᠷᠢᠯᠡᠵᠣ ᠪᠣᠷᠣᠯᠠᠭᠤᠯᠬᠤ ᠪᠣᠶᠣ ᠬᠥᠮᠥᠨ᠎ᠤ ᠪᠠᠶ᠎ᠠ᠎ᠶᠢᠨ ᠡᠷᠡᠭᠦᠯ ᠮᠡᠨᠲᠣ᠎ᠶᠢ ᠬᠠᠮᠠᠭᠠᠯᠠᠬᠤ ᠪᠠᠷᠢᠮᠵᠢᠶ᠎ᠠ ᠂ ᠠᠵᠢᠯ ᠲᠥᠷᠥᠯ᠎ᠤᠨ ᠪᠠᠷᠢᠮᠵᠢᠶᠠᠨ᠎ᠳ᠋ᠤ ᠨᠡᠢᠴᠡᠬᠦ ᠥᠭᠡᠢ ᠭᠡᠳᠡᠭ᠎ᠢ ᠮᠡᠳᠡᠵᠣ ᠪᠠᠢᠭᠠᠳ ᠪᠣᠷᠣᠯᠠᠭᠤᠯᠵᠣ ᠂ ᠬᠥᠮᠥᠨ᠎ᠤ ᠪᠠᠶ᠎ᠠ᠎ᠶᠢᠨ ᠡᠷᠡᠭᠦᠯ ᠮᠡᠨᠲᠣ᠎ᠶᠢ ᠬᠤᠬᠢᠷᠠᠭᠤᠯᠬᠤ ᠠᠶᠣᠯ ᠲᠥᠭᠰᠢᠭᠦᠷᠢ ᠠᠪᠴᠢᠷᠠᠬᠰᠠᠨ ᠪᠠᠢᠪᠡᠯ ᠂ ᠡᠷᠡᠭᠦᠣ᠎ᠶᠢᠨ ᠬᠠᠣᠯᠢ᠎ᠶᠢᠨ 145 ᠵᠥᠢᠯ᠎ᠤᠨ ᠲᠣᠭᠳᠠᠭᠠᠯ᠎ᠢᠶᠠᠷ ᠪᠡᠷᠢᠮᠵᠢᠶᠠᠨ᠎ᠳ᠋ᠤ ᠨᠡᠢᠴᠡᠬᠦ ᠥᠭᠡᠢ ᠡᠮᠴᠢᠯᠡᠭᠡᠨ᠎ᠤ ᠬᠡᠷᠡᠭᠰᠡᠯ ᠂ ᠡᠷᠡᠭᠦᠯ ᠬᠠᠮᠠᠭᠠᠯᠠᠯ᠎ᠤᠨ ᠬᠡᠷᠡᠭᠰᠡᠯ ᠵᠡᠷᠭᠡ᠎ᠶᠢ ᠥᠢᠯᠡᠳᠪᠥᠷᠢᠯᠡᠵᠣ ᠪᠣᠷᠣᠯᠠᠭᠤᠯᠣᠬᠰᠠᠨ ᠶᠠᠯ᠎ᠠ᠎ᠪᠠᠷ ᠡᠷᠡᠭᠦᠣ᠎ᠶᠢᠨ ᠬᠠᠣᠯᠢ᠎ᠶᠢᠨ ᠬᠠᠷᠢᠭᠤᠴᠠᠯᠭ᠎ᠠ ᠨᠡᠬᠡᠮᠵᠢᠯᠡᠭᠳᠡᠬᠦ ᠪᠣᠯᠣᠯᠴᠠᠭ᠎ᠠ᠎ᠲᠠᠢ ᠪᠠᠢᠳᠠᠭ ᠃
ᠶᠡᠷᠦᠩᠬᠡᠢᠯᠡᠪᠡᠯ ᠂ ᠬᠢᠵᠢᠭ᠎ᠢ ᠰᠡᠷᠭᠡᠢᠯᠡᠨ ᠡᠵᠡᠮᠳᠡᠬᠦ ᠲᠠᠢᠯᠠᠯᠳᠤᠭᠠᠨ᠎ᠤ ᠢᠯᠠᠯᠳᠠ᠎ᠶᠢ ᠲᠡᠮᠡᠴᠡᠨ ᠣᠯᠬᠤ᠎ᠳ᠋ᠤ ᠨᠠᠮ ᠵᠠᠰᠠᠭ᠎ᠤᠨ ᠣᠳᠣᠷᠢᠳᠣᠯᠭ᠎ᠠ ᠪᠠ ᠭᠤᠣᠯᠯᠠᠨ ᠬᠠᠮᠢᠶᠠᠷᠬᠤ ᠰᠠᠯᠠᠭ᠎ᠠ ᠮᠦᠴᠢᠷ᠎ᠤᠨ ᠪᠦᠳᠦᠮᠵᠢᠳᠠᠢ ᠠᠷᠭ᠎ᠠ ᠬᠡᠮᠵᠢᠶ᠎ᠡ᠎ᠶᠢᠨ ᠬᠡᠷᠡᠭᠵᠢᠭᠦᠯᠦᠯᠳᠡ᠎ᠡᠴᠠ ᠰᠠᠯᠵᠣ ᠴᠢᠳᠠᠬᠤ ᠦᠭᠡᠢ ᠂ ᠮᠦᠨ ᠴᠦ ᠪᠦᠬᠦ ᠠᠷᠠᠳ᠎ᠤᠨ ᠣᠷᠣᠯᠴᠠᠯᠭ᠎ᠠ ᠪᠣᠯᠣᠨ ᠲᠡᠮᠵᠢᠯᠭᠡ᠎ᠡᠴᠠ ᠰᠠᠯᠵᠣ ᠲᠡᠢᠯᠬᠦ ᠦᠭᠡᠢ᠎ᠨᠢ ᠯᠠᠪᠳᠠᠢ ᠃ ᠭᠡᠬᠦ᠎ᠳ᠋ᠡᠭᠡᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠠᠵᠢᠯ᠎ᠳ᠋ᠤ ᠠᠪᠴᠤ ᠦᠵᠡᠪᠡᠯ ᠂ ᠡᠷᠡᠭᠦᠦ᠎ᠶᠢᠨ ᠬᠠᠣᠯᠢ᠎ᠶᠢᠨ ᠲᠦᠷᠢᠮᠵᠢᠭᠦᠯᠦᠯᠳᠡ᠎ᠶᠢ ᠪᠠᠭᠳᠠᠭᠠᠭᠰᠠᠨ ᠪᠠᠴᠢᠮ ᠪᠠᠢᠳᠠᠯ᠎ᠢ ᠠᠷᠭᠠᠴᠠᠭᠠᠬᠤ ᠬᠠᠣᠯᠢ᠎ᠶᠢ ᠬᠡᠷᠡᠭᠵᠢᠭᠦᠯᠭᠦ ᠪᠣᠯ ᠦᠨᠳᠣᠰᠣᠨ ᠪᠠᠳᠣᠯᠠᠭ᠎ᠠ ᠪᠣᠯᠬᠤ᠎ᠨᠢ ᠵᠠᠢᠯᠠᠰᠢ ᠦᠭᠡᠢ ᠃ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠠᠵᠢᠯ ᠬᠡᠳᠦᠢ ᠬᠦᠴᠢᠷᠳᠡᠯᠳᠠᠢ ᠪᠣᠯᠬᠤ ᠲᠣᠳᠣᠮ ᠬᠠᠣᠯᠢ ᠶᠣᠰᠣᠭᠠᠷ ᠰᠡᠷᠭᠡᠢᠯᠡᠨ ᠡᠵᠡᠮᠳᠡᠬᠦ᠎ᠶᠢ ᠲᠡᠳᠦᠢ ᠪᠠᠷᠢᠮᠳᠠᠯᠠᠵᠣ ᠂ ᠬᠠᠣᠯᠢ᠎ᠪᠠᠷ ᠵᠠᠰᠠᠬᠤ᠎ᠪᠠᠷ ᠡᠯ᠎ᠡ ᠵᠣᠢᠯ᠎ᠤᠨ ᠰᠡᠷᠭᠡᠢᠯᠡᠨ ᠡᠵᠡᠮᠳᠡᠬᠦ ᠠᠵᠢᠯ᠎ᠢ ᠨᠢᠭᠡᠳᠦᠯᠳᠠᠢ ᠲᠦᠯᠦᠪᠵᠢᠭᠦᠯᠦᠨ ᠠᠬᠢᠭᠤᠯᠵᠣ ᠂ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠠᠵᠢᠯ᠎ᠤᠨ ᠣᠷᠣᠭᠰᠢᠳᠠᠢ ᠶᠠᠪᠣᠭᠳᠠᠬᠤ᠎ᠶᠢ ᠪᠠᠳᠣᠯᠠᠬᠤ ᠬᠡᠷᠡᠭᠲᠡᠢ ᠃
︵ ᠵᠤᠬᠢᠶᠠᠬᠴᠢ ᠄ ᠥᠪᠥᠷ ᠮᠣᠩᠭᠤᠯ᠎ᠤᠨ ᠡᠳ᠋᠎ᠤᠨ ᠵᠠᠰᠠᠭ ᠠᠵᠣ ᠠᠬᠤᠢ᠎ᠶᠢᠨ ᠶᠡᠬᠡ ᠰᠣᠷᠭᠠᠭᠤᠯᠢ᠎ᠶᠢᠨ ᠬᠠᠣᠯᠢ ᠰᠣᠳᠣᠯᠣᠯ᠎ᠤᠨ ᠲᠡᠭᠡᠲᠣ ᠰᠣᠷᠭᠠᠭᠤᠯᠢ᠎ᠶᠢᠨ ᠫᠷᠣᠹᠧᠰᠰᠣᠷ ᠂ ᠳ᠋ᠣᠺᠲ᠋ᠣᠷ ︶
︽ ᠠᠯᠳᠠᠨ ᠪᠠᠳᠠᠭ ︾
ᠰᠢ᠎ᠶᠢᠨ ᠫᠢᠩ ᠮᠠᠨ᠎ᠤ ᠤᠯᠤᠰ᠎ᠤᠨ ᠠᠵᠤ ᠠᠬᠤᠢ ᠤᠷᠳᠤ ᠬᠤᠭᠤᠴᠠᠭ᠎ᠠ᠎ᠪᠠᠷ ᠰᠠᠢᠵᠢᠷᠠᠬᠤ ᠦᠨᠳᠦᠰᠦᠨ ᠪᠠᠢᠳᠠᠯ ᠬᠤᠪᠢᠷᠠᠭᠰᠠᠨ ᠦᠭᠡᠢ ᠬᠡᠬᠦ ᠲᠤᠬᠠᠢ ᠦᠭᠦᠯᠡᠭᠰᠡᠨ᠎ᠨᠢ
ᠶᠡᠷᠦᠩᠬᠡᠢᠯᠡᠨ ᠦᠵᠡᠪᠡᠯ ᠂ ᠮᠠᠨ᠎ᠤ ᠤᠯᠤᠰ᠎ᠤᠨ ᠠᠵᠤ ᠠᠬᠤᠢ᠎ᠶᠢᠨ ᠤᠷᠳᠤ ᠬᠤᠭᠤᠴᠠᠭ᠎ᠠ᠎ᠪᠠᠷ ᠰᠠᠢᠵᠢᠷᠠᠬᠤ ᠦᠨᠳᠦᠰᠦᠨ ᠪᠠᠢᠳᠠᠯ ᠬᠤᠪᠢᠷᠠᠭᠰᠠᠨ ᠦᠭᠡᠢ ᠂ ᠬᠢᠵᠢᠭ᠎ᠤᠨ ᠪᠠᠢᠳᠠᠯ᠎ᠤᠨ ᠳᠠᠭᠠᠷᠢᠯᠳᠠ ᠪᠤᠯ ᠲᠦᠷ ᠴᠠᠭ᠎ᠤᠨ᠎ᠬᠢ ᠂ ᠶᠡᠷᠦᠩᠬᠡᠢᠳ᠋ᠡᠭᠡᠨ ᠡᠵᠡᠮᠳᠡᠵᠤ ᠲᠡᠢᠯᠬᠦ ᠶᠤᠮ ᠂ ᠪᠢᠳᠡ ᠳᠠᠷᠤᠯᠳᠠ᠎ᠶᠢ ᠬᠦᠳᠡᠯᠬᠡᠬᠦ ᠬᠦᠴᠦᠨ ᠪᠤᠯᠭᠠᠨ ᠬᠤᠪᠢᠷᠠᠭᠤᠯᠵᠤ ᠂ ᠠᠶᠤᠯ ᠳᠦᠭᠰᠢᠬᠦᠷᠢ᠎ᠶᠢ ᠠᠵᠠ ᠳᠤᠬᠢᠶᠠᠯ ᠪᠤᠯᠭᠠᠨ ᠬᠤᠪᠢᠷᠠᠭᠤᠯᠵᠤ ᠂ ᠦᠢᠯᠡᠳᠪᠦᠷᠢᠯᠡᠯ ᠠᠮᠢᠳᠤᠷᠠᠯ᠎ᠤᠨ ᠡᠮᠬᠢ ᠳᠢᠭᠯᠢᠮ᠎ᠢ ᠡᠮᠬᠢ ᠵᠢᠷᠤᠮ᠎ᠲᠠᠢ᠎ᠪᠠᠷ ᠰᠡᠷᠬᠦᠬᠡᠨ ᠂ ︽ ᠵᠢᠷᠭᠤᠭ᠎ᠠ᠎ᠶᠢ ᠳᠤᠭᠳᠠᠪᠤᠷᠢᠵᠢᠭᠤᠯᠬᠤ ︾ ᠠᠷᠭ᠎ᠠ ᠬᠡᠮᠵᠢᠶ᠎ᠡ᠎ᠪᠠᠨ ᠴᠢᠩᠭᠠᠳᠬᠠᠵᠤ ᠂ ᠳᠦᠷᠦ᠎ᠶᠢᠨ ᠪᠤᠳᠤᠯᠭ᠎ᠠ᠎ᠪᠠᠷ ᠵᠤᠬᠢᠴᠠᠭᠤᠯᠬᠤ ᠡᠷᠴᠢᠮ᠎ᠢᠶᠡᠨ ᠴᠢᠩᠭᠠᠷᠠᠭᠤᠯᠤᠨ ᠂ ᠮᠠᠨ᠎ᠤ ᠤᠯᠤᠰ᠎ᠤᠨ ᠬᠦᠭᠵᠢᠯᠳᠡ᠎ᠶᠢᠨ ᠯᠤᠳᠤ ᠶᠡᠬᠡ ᠳᠠᠯᠳᠠ ᠬᠦᠴᠦᠨ ᠪᠤᠯᠤᠨ ᠬᠦᠴᠦᠷᠬᠡᠭ ᠶᠡᠬᠡ ᠬᠦᠳᠡᠯᠬᠡᠬᠦ ᠡᠨ᠋ᠸᠷᠬᠢ᠎ᠶᠢ ᠬᠦᠢᠴᠡᠳ ᠬᠦᠭᠵᠢᠬᠡᠪᠡᠯ ᠂ ᠡᠨᠡ ᠵᠢᠯ᠎ᠤᠨ ᠠᠵᠥ ᠠᠬᠤᠢ ᠨᠡᠢᠬᠡᠮ᠎ᠤᠨ ᠬᠦᠭᠵᠢᠯᠳᠡ᠎ᠶᠢᠨ ᠬᠠᠷᠠᠯᠳᠠ ᠡᠬᠦᠷᠬᠡ᠎ᠶᠢ ᠴᠢᠷᠮᠠᠢᠨ ᠪᠡᠶᠡᠯᠡᠬᠦᠯᠵᠤ ᠲᠡᠢᠯᠦᠨ᠎ᠡ ᠃
ᠰᠢ᠎ᠶᠢᠨ ᠫᠢᠩ᠎ᠤᠨ 2020 ᠤᠨ᠎ᠤ 2 ᠰᠠᠷ᠎ᠠ᠎ᠶᠢᠨ 23᠎ᠤ ᠡᠳᠦᠷ᠎ᠤᠨ ᠰᠢᠨ᠎ᠡ ᠲᠢᠳᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠪᠠ ᠠᠵᠤ ᠠᠬᠤᠢ ᠨᠡᠢᠭᠡᠮ᠎ᠤᠨ ᠬᠦᠭᠵᠢᠯᠲᠡ᠎ᠶᠢᠨ ᠠᠵᠢᠯ᠎ᠢ ᠨᠢᠭᠡᠳᠦᠯᠲᠡᠢ ᠲᠦᠯᠦᠪᠵᠢᠭᠦᠯᠦᠨ ᠠᠬᠢᠭᠤᠯᠬᠤ ᠪᠠᠢᠷᠢᠯᠠᠭᠤᠯᠤᠯᠲᠠ᠎ᠶᠢᠨ ᠬᠤᠷᠠᠯ ᠲᠡᠭᠡᠷᠡᠬᠢ ᠶᠠᠷᠢᠶ᠎ᠠ᠎ᠡᠴᠠ
ᠰᠢ᠎ᠶᠢᠨ ᠫᠢᠩ ᠡᠯ᠎ᠡ ᠱᠠᠲᠤᠨ᠎ᠤ ᠨᠠᠮ᠎ᠤᠨ ᠵᠤᠬᠢᠶᠠᠨ ᠪᠠᠢᠭᠤᠯᠤᠯᠲᠠ ᠤᠳᠤᠷᠢᠳᠬᠤ ᠬᠠᠷᠢᠭᠤᠴᠠᠯᠭ᠎ᠡ᠎ᠪᠠᠨ ᠨᠠᠷᠢᠨ ᠬᠢᠨᠠᠮᠠᠭᠠᠢ ᠬᠦᠢᠴᠡᠳᠭᠡᠬᠦ ᠲᠤᠬᠠᠢ ᠦᠭᠦᠯᠡᠭᠰᠡᠨ᠎ᠨᠢ
ᠡᠨᠡ ᠤᠳᠠᠭ᠎ᠡ᠎ᠶᠢᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠠᠷᠠᠳ᠎ᠤᠨ ᠲᠠᠢᠨ ᠂ ᠶᠡᠷᠤᠩᠭᠡᠢ ᠲᠠᠢᠯᠠᠯᠳᠤᠭᠠᠨ ᠂ ᠬᠤᠷᠢᠬᠯᠠᠯᠳᠠ᠎ᠶᠢᠨ ᠲᠠᠢᠯᠠᠯᠳᠤᠭᠠᠨ᠎ᠢ ᠰᠠᠢᠳᠤᠷ ᠬᠢᠵᠤ ᠢᠯᠠᠯᠳᠠ ᠤᠯᠬᠤ ᠡᠰᠡᠬᠦ᠎ᠨᠢ ᠡᠯ᠎ᠡ ᠱᠠᠳᠤᠨ᠎ᠤ ᠨᠠᠮ᠎ᠤᠨ ᠵᠤᠬᠢᠶᠠᠨ ᠪᠠᠢᠭᠤᠯᠤᠯᠳᠠ ᠬᠢᠭᠡᠳ ᠨᠠᠮ᠎ᠤᠨ ᠬᠡᠰᠢᠭᠦᠨ ᠺᠠᠳ᠋ᠷ᠎ᠤᠨ ᠴᠢᠬᠤᠯᠠ ᠶᠡᠬᠡ ᠰᠢᠯᠭᠠᠯᠲᠠ ᠪᠤᠯᠤᠨ᠎ᠠ ᠃ ᠡᠯ᠎ᠡ ᠱᠠᠲᠤᠨ᠎ᠤ ᠨᠠᠮ᠎ᠤᠨ ᠵᠤᠬᠢᠶᠠᠨ ᠪᠠᠢᠭᠤᠯᠤᠯᠲᠠ ᠤᠳᠤᠷᠢᠳᠬᠤ ᠬᠠᠷᠢᠭᠤᠴᠠᠯᠭ᠎ᠡ᠎ᠪᠠᠨ ᠨᠠᠷᠢᠨ ᠬᠢᠨᠠᠮᠠᠭᠠᠢ ᠬᠦᠢᠴᠡᠳᠭᠡᠨ ᠂ ᠢᠯᠠᠩᠭᠤᠶ᠎ᠡ ᠨᠠᠢᠳᠠᠪᠤᠷᠢᠵᠢᠭᠤᠯᠤᠯᠳᠠ᠎ᠶᠢ ᠠᠳᠬᠤᠬᠤ ᠲᠤᠰᠢᠶᠠᠯ ᠬᠠᠷᠢᠭᠤᠴᠠᠯᠭ᠎ᠡ᠎ᠪᠠᠨ ᠰᠠᠢᠳᠤᠷ ᠬᠦᠢᠴᠡᠳᠭᠡᠵᠤ ᠂ ᠨᠠᠮ᠎ᠤᠨ ᠲᠦᠪ ᠬᠤᠷᠢᠶᠠᠨ᠎ᠤ ᠡᠯ᠎ᠡ ᠵᠦᠢᠯ᠎ᠤᠨ ᠰᠢᠢᠳᠪᠤᠷᠢᠳᠤ ᠪᠤᠳᠤᠯᠭ᠎ᠡ ᠪᠠᠢᠷᠢᠯᠠᠭᠤᠯᠤᠯᠳᠠ᠎ᠶᠢ ᠪᠤᠳᠠᠳᠠᠢ ᠠᠳᠬᠤᠵᠤ ᠨᠠᠷᠢᠯᠢᠭ ᠠᠳᠬᠤᠨ ᠪᠤᠳᠠᠳᠠᠢ᠎ᠳ᠋ᠤ ᠨᠠᠢᠳᠠᠪᠤᠷᠢᠵᠢᠭᠤᠯᠬᠤ᠎ᠶᠢ ᠠᠳᠬᠤᠵᠤ ᠂ ᠨᠠᠮ᠎ᠤᠨ ᠲᠤᠬ᠎ᠢ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠡᠮᠦᠨ᠎ᠡ ᠹᠷᠤᠨᠲ᠎ᠲᠤ ᠦᠨᠳᠦᠷ ᠮᠠᠨᠳᠤᠭᠤᠯᠬᠤ ᠬᠡᠷᠡᠭᠲᠡᠢ ᠃
ᠰᠢ᠎ᠶᠢᠨ ᠫᠢᠩ᠎ᠤᠨ 2020 ᠤᠨ᠎ᠤ 2 ᠰᠠᠷ᠎ᠠ᠎ᠶᠢᠨ 23᠎ᠤ ᠡᠳᠦᠷ᠎ᠤᠨ ᠰᠢᠨ᠎ᠡ ᠲᠢᠳᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠪᠠ ᠠᠵᠤ ᠠᠬᠤᠢ ᠨᠡᠢᠭᠡᠮ᠎ᠤᠨ ᠬᠦᠭᠵᠢᠯᠲᠡ᠎ᠶᠢᠨ ᠠᠵᠢᠯ᠎ᠢ ᠨᠢᠭᠡᠳᠦᠯᠲᠡᠢ ᠲᠦᠯᠦᠪᠵᠢᠭᠦᠯᠦᠨ ᠠᠬᠢᠭᠤᠯᠬᠤ ᠪᠠᠢᠷᠢᠯᠠᠭᠤᠯᠤᠯᠲᠠ᠎ᠶᠢᠨ ᠬᠤᠷᠠᠯ ᠲᠡᠭᠡᠷᠡᠬᠢ ᠶᠠᠷᠢᠶ᠎ᠠ᠎ᠡᠴᠠ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃