2020-03-09 10:23:14
◤ ᠬᠡᠷᠡᠭ᠎ᠤᠨ ᠵᠢᠱᠢᠶ᠎ᠠ ◢
ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠭᠦ ᠬᠤᠭᠤᠴᠠᠭᠠᠨ᠎ᠳ᠋ᠤ ᠂ ᠱᠠᠨᠳᠦ᠋ᠡᠭ ᠮᠤᠵᠢ᠎ᠶᠢᠨ ᠯᠢᠨ ᠢ ᠬᠤᠳᠠ᠎ᠶᠢᠨ ᠹᠸᠢ ᠰᠢᠶᠠᠨ᠎ᠤ ᠵᠦ ᠤᠪᠤᠬᠳᠤ ︽ ᠡᠮᠴᠢ᠎ᠶᠢᠨ ᠬᠢᠷᠢ ᠬᠡᠮ᠎ᠤᠨ ᠦᠨᠡᠮᠯᠡᠯ ︾ ︽ ᠡᠮᠴᠢ᠎ᠶᠢᠨ ᠲᠤᠬᠠᠢᠯᠠᠬᠰᠠᠨ ᠠᠵᠢᠯ᠎ᠤᠨ ᠦᠨᠡᠮᠯᠡᠯ ︾ ︽ ᠡᠮᠴᠢᠯᠡᠭᠡᠨ᠎ᠤ ᠪᠠᠢᠭᠤᠯᠤᠮᠵᠢ᠎ᠶᠢᠨ ᠲᠤᠬᠠᠢᠯᠠᠬᠰᠠᠨ ᠠᠵᠢᠯ᠎ᠤᠨ ᠵᠦᠪᠰᠢᠶᠡᠷᠡᠯ᠎ᠤᠨ ᠦᠨᠡᠮᠯᠡᠯ ︾ ᠦᠭᠡᠢ ᠮᠦᠷᠳᠡᠭᠡᠨ ᠬᠤᠶᠠᠷ ᠤᠳᠠᠭ᠎ᠠ ᠵᠠᠰᠠᠬ ᠵᠠᠬᠢᠷᠭᠠᠨ᠎ᠤ ᠰᠢᠢᠳᠭᠡᠯ ᠣᠯᠣᠭᠰᠠᠨ ᠪᠠᠢᠳᠠᠯ᠎ᠠ᠎ᠪᠠᠨ ᠂ ᠮᠦᠨ ᠬᠦ ᠬᠠᠨᠢᠶᠠᠬᠤ ᠂ ᠬᠠᠯᠠᠭᠤᠷᠠᠬᠤ ᠢᠯᠡᠷᠡᠯ᠎ᠲᠠᠢ ᠡᠪᠡᠳᠴᠢᠳᠠᠨ᠎ᠢ ᠭᠡᠷ᠎ᠲᠡᠭᠡᠨ ᠤᠯᠠᠨ ᠤᠳᠠᠭ᠎ᠠ ᠬᠦᠯᠢᠶᠠᠨ ᠠᠪᠴᠤ ᠡᠮᠴᠢᠯᠡᠪᠡ ᠃ ᠡᠮᠴᠢᠯᠡᠭᠦ ᠶᠠᠪᠤᠴᠠ᠎ᠳᠠᠭᠠᠨ ᠠᠮᠠᠪᠴᠢ ᠵᠡᠭᠦᠭᠦ ᠂ ᠡᠮᠴᠢᠯᠡᠭᠡ ᠬᠢᠭᠦ ᠲᠠᠯᠠᠪᠤᠷ᠎ᠢᠶᠡᠨ ᠠᠷᠢᠭᠤᠳᠬᠠᠬᠤ ᠵᠡᠷᠭᠡ ᠠᠷᠭ᠎ᠠ ᠬᠡᠮᠵᠢᠶ᠎ᠡ ᠠᠪᠤᠬᠰᠠᠨ ᠦᠭᠡᠢ ᠃
2 ᠰᠠᠷ᠎ᠠ᠎ᠶᠢᠨ 18᠎ᠤ ᠡᠳᠦᠷ ᠂ ᠱᠠᠨᠳᠦ᠋ᠡᠭ ᠮᠤᠵᠢ᠎ᠶᠢᠨ ᠹᠸᠢ ᠰᠢᠶᠠᠨ᠎ᠤ ᠠᠷᠠᠳ᠎ᠤᠨ ᠰᠢᠭᠦᠭᠦ ᠬᠤᠷᠢᠶ᠎ᠠ ᠡᠷᠡᠭᠦᠦ᠎ᠶᠢᠨ ᠬᠡᠷᠡᠭ᠎ᠢ ᠲᠦᠷᠭᠡᠨ ᠰᠢᠭᠦᠨ ᠲᠠᠰᠤᠯᠬᠤ ᠵᠢᠷᠣᠮ᠎ᠢ ᠬᠡᠷᠡᠭᠯᠡᠵᠦ ᠂ ᠵᠠᠭᠠᠯᠳᠤᠬᠳᠠᠬᠴᠢ ᠵᠦ ᠤᠪᠤᠬᠳᠤ᠎ᠶᠢᠨ ᠬᠠᠤᠯᠢ ᠪᠤᠰᠤ᠎ᠪᠠᠷ ᠡᠮᠴᠢᠯᠡᠭᠰᠡᠨ ᠶᠠᠯᠠᠳᠤ ᠬᠡᠷᠡᠭ᠎ᠢ ᠢᠯᠠ᠎ᠪᠠᠷ ᠰᠢᠭᠦᠨ ᠲᠠᠰᠤᠯᠵᠣ ᠂ ᠵᠦ ᠤᠪᠤᠬᠳᠤ᠎ᠶᠢ 1 ᠵᠢᠯ ᠬᠤᠷᠢᠬᠤ ᠬᠤᠭᠤᠴᠠᠭ᠎ᠠ᠎ᠲᠠᠢ ᠬᠤᠷᠢᠬᠤ᠎ᠪᠠᠷ ᠰᠢᠢᠳᠭᠡᠵᠦ ᠂ ᠨᠢᠭᠡ ᠵᠢᠯ ᠬᠤᠢᠰᠢᠯᠠᠭᠤᠯᠤᠨ ᠭᠦᠢᠴᠡᠳᠭᠡᠵᠦ ᠂ 5000 ᠲᠦᠭᠦᠷᠢᠭ ᠵᠣᠭᠣᠰ᠎ᠢᠶᠠᠷ ᠲᠤᠷᠭᠠᠪᠠ ᠃
◤ ᠵᠠᠳᠠᠯᠤᠯᠳᠠ ◢
︽ ᠪᠦᠭᠦᠳᠡ ᠨᠠᠢᠷᠠᠮᠳᠠᠬᠤ ᠲᠤᠮᠳᠠᠳᠤ ᠠᠷᠠᠳ ᠤᠯᠤᠰ᠎ᠤᠨ ᠡᠷᠡᠭᠦᠦ᠎ᠶᠢᠨ ᠬᠠᠤᠯᠢ ︾᠎ᠶᠢᠨ 336 ᠳ᠋ᠤᠭᠠᠷ ᠵᠦᠢᠯ᠎ᠤᠨ ᠨᠢᠭᠡᠳᠦᠭᠡᠷ ᠵᠣᠷᠪᠣᠰ᠎ᠲᠤ ᠂ ᠡᠮᠴᠢ᠎ᠶᠢᠨ ᠲᠤᠬᠠᠢᠯᠠᠬᠰᠠᠨ ᠠᠵᠢᠯ᠎ᠤᠨ ᠬᠢᠷᠢ ᠭᠡᠮ ᠤᠯᠤᠭᠠᠳᠤᠢ᠎ᠪᠠᠷ ᠬᠠᠤᠯᠢ ᠪᠤᠰᠤ᠎ᠪᠠᠷ ᠡᠮᠴᠢᠯᠡᠵᠦ ᠂ ᠦᠢᠯᠠ ᠪᠠᠢᠳᠠᠯ᠎ᠨᠢ ᠬᠦᠨᠳᠤ ᠨᠤᠴᠢᠳᠠᠢ ᠪᠤᠯ ᠂ 3 ᠵᠢᠯ᠎ᠡᠴᠠ ᠲᠤᠷᠤᠬᠰᠢ ᠬᠤᠭᠤᠴᠠᠭ᠎ᠠ᠎ᠲᠠᠢ ᠬᠤᠷᠢᠬᠤ ᠂ ᠬᠤᠷᠢᠵᠦ ᠬᠦᠳᠡᠯᠮᠦᠷᠢᠯᠡᠭᠦᠯᠭᠦ ᠪᠤᠶᠤ ᠵᠠᠬᠢᠷᠣᠨ ᠬᠠᠮᠢᠶᠠᠷᠬᠤ ᠂ ᠨᠡᠢᠯᠡᠭᠦᠯᠦᠨ ᠲᠤᠷᠭᠠᠬᠤ ᠪᠤᠶᠤ ᠲᠤᠰᠠᠭᠠᠷ᠎ᠨᠢ ᠵᠣᠭᠣᠰ᠎ᠢᠶᠠᠷ ᠲᠤᠷᠭᠠᠨ᠎ᠠ ︔ ᠡᠮᠴᠢᠯᠡᠭᠦᠯᠦᠭᠰᠡᠨ ᠬᠦᠮᠦᠨ᠎ᠤ ᠪᠡᠶ᠎ᠠ ᠮᠠᠬᠠᠪᠤᠳ᠎ᠤᠨ ᠡᠷᠡᠭᠦᠯ ᠮᠡᠨᠳᠤ᠎ᠶᠢ ᠬᠦᠨᠳᠤ ᠨᠤᠴᠢᠳᠠᠢ ᠬᠤᠬᠢᠷᠠᠭᠤᠯᠤᠬᠰᠠᠨ ᠪᠤᠯ ᠂ 3 ᠵᠢᠯ᠎ᠡᠴᠠ ᠲᠡᠭᠡᠭᠰᠢ 10 ᠵᠢᠯ᠎ᠡᠴᠠ ᠲᠤᠷᠤᠬᠰᠢ ᠬᠤᠭᠤᠴᠠᠭ᠎ᠠ᠎ᠲᠠᠢ ᠬᠤᠷᠢᠬᠤ᠎ᠶᠢᠨ ᠬᠠᠮᠳᠤ ᠵᠤᠭᠤᠰ᠎ᠢᠶᠠᠷ ᠲᠤᠷᠭᠠᠨ᠎ᠠ ︔ ᠡᠮᠴᠢᠯᠡᠭᠦᠯᠦᠭᠰᠡᠨ ᠬᠦᠮᠦᠨ᠎ᠢ ᠦᠭᠦᠭᠦᠯᠦᠭᠰᠡᠨ ᠪᠤᠯ 10 ᠵᠢᠯ᠎ᠡᠴᠠ ᠲᠡᠭᠡᠭᠰᠢ ᠬᠤᠭᠤᠴᠠᠭ᠎ᠠ᠎ᠲᠠᠢ ᠬᠤᠷᠢᠬᠤ᠎ᠪᠠᠷ ᠰᠢᠢᠳᠭᠡᠭᠦ᠎ᠶᠢᠨ ᠬᠠᠮᠳᠤ ᠵᠤᠭᠤᠰ᠎ᠢᠶᠠᠷ ᠲᠤᠷᠭᠠᠨ᠎ᠠ ᠭᠡᠵᠦ ᠲᠤᠬᠳᠠᠭᠠᠪᠠ ᠃
︽ ᠬᠠᠤᠯᠢ ᠪᠤᠰᠤ᠎ᠪᠠᠷ ᠡᠮᠴᠢᠯᠡᠭᠰᠡᠨ ᠡᠷᠡᠭᠦᠦ᠎ᠶᠢᠨ ᠬᠡᠷᠡᠭ᠎ᠢ ᠰᠢᠭᠦᠨ ᠰᠢᠢᠳᠪᠤᠷᠢᠯᠡᠭᠦ᠎ᠳ᠋ᠤ ᠬᠠᠤᠯᠢ ᠴᠠᠭᠠᠵᠠ᠎ᠶᠢ ᠳᠣᠬᠢᠷᠠᠭᠣᠯᠣᠨ ᠬᠡᠷᠡᠭᠯᠡᠬᠦ ᠠᠰᠠᠭᠤᠳᠠᠯ᠎ᠤᠳ᠎ᠤᠨ ᠲᠤᠬᠠᠢ ᠠᠷᠠᠳ᠎ᠤᠨ ᠲᠡᠭᠡᠳᠤ ᠰᠢᠭᠦᠭᠦ ᠬᠤᠷᠢᠶ᠎ᠠ᠎ᠶᠢᠨ ᠲᠠᠢᠯᠪᠣᠷᠢ ︾᠎ᠶᠢᠨ ᠨᠢᠭᠡᠳᠦᠭᠡᠷ ᠵᠦᠢᠯ᠎ᠳ᠋ᠤ ᠂ ᠲᠤᠤᠷᠠᠬᠢ ᠦᠢᠯᠠ ᠪᠠᠢᠳᠠᠯ᠎ᠤᠨ ᠨᠢᠭᠡ᠎ᠨᠢ ᠪᠠᠢᠪᠠᠯ ᠂ ᠡᠷᠡᠭᠦᠦ᠎ᠶᠢᠨ ᠬᠠᠤᠯᠢ᠎ᠶᠢᠨ 336 ᠳ᠋ᠤᠭᠠᠷ ᠵᠦᠢᠯ᠎ᠤᠨ ᠨᠢᠭᠡᠳᠦᠭᠡᠷ ᠵᠣᠷᠪᠣᠰ᠎ᠲᠤ ᠲᠤᠬᠳᠠᠭᠠᠬᠰᠠᠨ ︽ ᠡᠮᠴᠢ᠎ᠶᠢᠨ ᠲᠤᠬᠠᠢᠯᠠᠬᠰᠠᠨ ᠠᠵᠢᠯ᠎ᠤᠨ ᠬᠢᠷᠢ ᠭᠡᠮ ᠤᠯᠤᠭᠠᠳᠤᠢ ᠬᠦᠮᠦᠨ ᠬᠠᠤᠯᠢ ᠪᠤᠰᠤ᠎ᠪᠠᠷ ᠡᠮᠴᠢᠯᠡᠭᠰᠡᠨ ︾᠎ᠢᠶᠠᠷ ᠲᠤᠬᠳᠠᠭᠠᠵᠦ ᠪᠤᠯᠤᠨ᠎ᠠ ᠭᠡᠵᠦ ᠳᠣᠭᠳᠠᠭᠠᠵᠠᠢ ᠄ ︵ ᠨᠢᠭᠡ ︶ ᠡᠮᠴᠢ᠎ᠶᠢᠨ ᠲᠤᠬᠠᠢᠯᠠᠬᠰᠠᠨ ᠠᠵᠢᠯ᠎ᠤᠨ ᠬᠢᠷᠢ ᠭᠡᠮ ᠤᠯᠤᠭᠠᠳᠤᠢ ᠪᠤᠶᠤ ᠬᠠᠤᠯᠢ ᠪᠤᠰᠤ ᠠᠷᠭ᠎ᠠ ᠪᠠᠷᠢᠯ᠎ᠢᠶᠠᠷ ᠡᠮᠴᠢ᠎ᠶᠢᠨ ᠬᠢᠷᠢ ᠭᠡᠮ ᠤᠯᠵᠦ ᠡᠮᠴᠢᠯᠡᠭᠡ ᠬᠢᠭᠰᠡᠨ ︔ ︵ ᠬᠤᠶᠠᠷ ︶ ᠡᠮᠴᠢ᠎ᠶᠢᠨ ᠲᠤᠬᠠᠢᠯᠠᠬᠰᠠᠨ ᠠᠵᠢᠯ᠎ᠤᠨ ᠦᠨᠡᠮᠯᠡᠯ᠎ᠢ᠎ᠨᠢ ᠬᠠᠤᠯᠢ ᠶᠤᠰᠤᠭᠠᠷ ᠬᠦᠴᠦᠨ ᠦᠭᠡᠢ ᠪᠤᠯᠭᠠᠬᠰᠠᠨ ᠬᠤᠭᠤᠴᠠᠭᠠᠨ᠎ᠳ᠋ᠤ ᠡᠮᠴᠢᠯᠡᠭᠡ ᠬᠢᠭᠰᠡᠨ ︔ ︵ ᠭᠤᠷᠪᠠ ︶ ᠬᠦᠳᠡᠭᠡ᠎ᠶᠢᠨ ᠡᠮᠴᠢ᠎ᠶᠢᠨ ᠲᠤᠬᠠᠢᠯᠠᠬᠰᠠᠨ ᠠᠵᠢᠯ᠎ᠤᠨ ᠦᠨᠡᠮᠯᠡᠯ ᠤᠯᠤᠬᠰᠠᠨ ᠦᠭᠡᠢ᠎ᠪᠠᠷ ᠬᠦᠳᠡᠭᠡ ᠲᠤᠰᠬᠤᠨ᠎ᠳ᠋ᠤ ᠡᠮᠴᠢᠯᠡᠭᠡ ᠬᠢᠭᠰᠡᠨ ︔ ︵ ᠲᠦᠷᠪᠡ ︶ ᠭᠡᠷ ᠪᠦᠯᠢ᠎ᠶᠢᠨ ᠲᠡᠮᠴᠢ ᠭᠡᠷ ᠪᠦᠯᠢ᠎ᠶᠢᠨ ᠬᠦᠡᠭᠭᠡᠵᠢᠭᠦᠯᠭᠦᠡᠴᠠ ᠭᠠᠳᠠᠨᠡᠭᠢ ᠡᠮᠴᠢᠯᠡᠭᠡ ᠬᠢᠭᠰᠡᠨ ᠃ ᠬᠤᠶᠠᠳᠤᠭᠠᠷ ᠵᠦᠢᠯ᠎ᠳ᠋ᠤ ᠂ ᠲᠤᠤᠷᠠᠬᠢ ᠦᠢᠯᠡ ᠪᠠᠢᠳᠠᠯ᠎ᠤᠨ ᠨᠢᠭᠡ᠎ᠨᠢ ᠪᠠᠢᠪᠠᠯ ᠂ ᠡᠷᠡᠭᠦᠦ᠎ᠶᠢᠨ ᠬᠠᠤᠯᠢ᠎ᠶᠢᠨ 336 ᠳ᠋ᠤᠭᠠᠷ ᠵᠦᠢᠯ᠎ᠤᠨ ᠨᠢᠭᠡᠳᠦᠭᠡᠷ ᠵᠣᠷᠪᠣᠰ᠎ᠲᠤ ᠲᠤᠬᠳᠠᠭᠠᠬᠰᠠᠨ ︽ ᠬᠦᠨᠳᠤ ᠨᠤᠴᠢᠳᠠᠢ ᠦᠢᠯᠡ ᠪᠠᠢᠳᠠᠯ ︾᠎ᠢᠶᠠᠷ ᠲᠤᠬᠳᠠᠭᠠᠵᠦ ᠪᠤᠯᠤᠨ᠎ᠠ ᠭᠡᠵᠦ ᠳᠣᠭᠳᠠᠭᠠᠵᠠᠢ ᠄ ︵ ᠨᠢᠭᠡ ︶ ᠡᠮᠴᠢᠯᠡᠭᠦᠯᠦᠭᠰᠡᠨ ᠬᠦᠮᠦᠨ᠎ᠢ ᠬᠦᠡᠭᠭᠡᠨ ᠵᠡᠮᠳᠡᠭ ᠂ ᠡᠷᠭᠡᠳᠡᠨᠢᠨᠢ ᠰᠢᠷᠬᠠᠳᠤᠭᠤᠯᠵᠦ ᠡᠡᠭ᠎ᠤᠨ ᠴᠢᠳᠠᠪᠭᠢ᠎ᠶᠢᠨ ᠰᠠᠭᠠᠳ᠎ᠲᠠᠢ ᠪᠤᠯᠭᠠᠬᠰᠠᠨ ︔ ︵ ᠬᠤᠶᠠᠷ ︶ ᠬᠦᠭᠡ ᠲᠦᠷᠦᠯ᠎ᠤᠨ ᠬᠠᠯᠳᠠᠪᠤᠷᠢᠳᠤ ᠡᠪᠡᠳᠴᠢᠨ᠎ᠢ ᠲᠠᠮᠵᠢᠭᠤᠯᠵᠦ ᠂ ᠲᠡᠯᠭᠡᠷᠡᠭᠦᠯᠦᠭᠰᠡᠨ ᠪᠤᠶᠤ ᠲᠠᠮᠵᠢᠭᠤᠯᠵᠦ ᠂ ᠲᠡᠯᠭᠡᠷᠡᠭᠦᠯᠭᠦ ᠲᠦᠭᠰᠢᠭᠦᠷᠢ᠎ᠶᠢ ᠪᠤᠢ ᠪᠤᠯᠭᠠᠬᠰᠠᠨ ︔ ︵ ᠭᠤᠷᠪᠠ ︶ ᠬᠠᠭᠤᠷᠮᠠᠬ ᠡᠮ ᠂ ᠴᠢᠨᠠᠷ ᠮᠠᠭᠤᠳᠠᠢ ᠡᠮ ᠪᠤᠶᠤ ᠤᠯᠤᠰ᠎ᠤᠨ ᠲᠤᠬᠳᠠᠭᠠᠬᠰᠠᠨ ᠪᠠᠷᠢᠮᠵᠢᠶ᠎ᠠ᠎ᠳ᠋ᠤ ᠨᠡᠢᠴᠡᠭᠦ ᠦᠭᠡᠢ ᠡᠷᠡᠭᠦᠯ ᠬᠠᠮᠠᠭᠠᠯᠠᠯ᠎ᠤᠨ ᠮᠠᠲᠸᠷᠢᠶᠠᠯ ᠂ ᠡᠮᠴᠢᠯᠡᠭᠡᠨ᠎ᠤ ᠮᠠᠰᠢᠨ ᠪᠠᠭᠠᠵᠢ᠎ᠶᠢ ᠬᠡᠷᠡᠭᠯᠡᠵᠦ ᠂ ᠬᠦᠮᠦᠨ᠎ᠤ ᠪᠡᠶ᠎ᠠ ᠮᠠᠬᠠᠪᠤᠳ᠎ᠤᠨ ᠡᠷᠡᠭᠦᠯ ᠮᠡᠨᠳᠤ᠎ᠶᠢ ᠬᠦᠨᠳᠤ ᠨᠤᠴᠢᠳᠠᠢ ᠬᠤᠬᠢᠷᠠᠭᠤᠯᠤᠬᠰᠠᠨ ︔ ︵ ᠲᠦᠷᠪᠡ ︶ ᠬᠠᠤᠯᠢ ᠪᠤᠰᠤ᠎ᠪᠠᠷ ᠡᠮᠴᠢᠯᠠᠵᠦ ᠡᠷᠡᠭᠦᠯ ᠬᠠᠮᠠᠭᠠᠯᠠᠯ᠎ᠤᠨ ᠵᠠᠰᠠᠬ ᠵᠠᠬᠢᠷᠭᠠᠨ᠎ᠤ ᠰᠠᠯᠠᠭ᠎ᠠ ᠮᠦᠴᠢᠷ᠎ᠤᠨ ᠰᠢᠢᠳᠭᠡᠯᠢ ᠬᠤᠶᠠᠷ ᠤᠳᠠᠭ᠎ᠠ ᠣᠯᠣᠭᠰᠠᠨ᠎ᠤ ᠲᠠᠷᠠᠭ᠎ᠠ ᠂ ᠲᠠᠬᠢᠨᠳᠠ ᠬᠠᠤᠯᠢ ᠪᠤᠰᠤ᠎ᠪᠠᠷ ᠡᠮᠴᠢᠯᠡᠭᠰᠡᠨ ︔ ︵ ᠲᠠᠪᠤ᠋ ︶ ᠪᠤᠰᠤᠳ ᠦᠢᠯᠠ ᠪᠠᠢᠳᠠᠯ᠎ᠨᠢ ᠬᠦᠨᠳᠤ ᠨᠤᠴᠢᠳᠠᠢ ᠪᠠᠢᠳᠠᠯ ᠃
ᠲᠤᠰ ᠬᠡᠷᠡᠭ᠎ᠲᠤ ᠂ ᠵᠦ ᠤᠪᠤᠬᠳᠤ ᠡᠮᠴᠢᠯᠡᠭᠦ ᠬᠢᠷᠢ ᠭᠡᠮ ᠦᠭᠡᠢ ᠮᠦᠷᠳᠡᠭᠡᠨ ᠬᠤᠶᠠᠷ ᠤᠳᠠᠭ᠎ᠠ ᠵᠠᠰᠠᠬ ᠵᠠᠭᠢᠷᠭᠠᠨᠤ ᠰᠢᠢᠳᠭᠡᠯ ᠣᠯᠣᠭᠰᠠᠨ ᠪᠠᠢᠳᠠᠯ ᠲᠤᠤᠷ᠎ᠠ ᠂ ᠮᠦᠨ ᠬᠦ ᠦᠪᠡᠷ᠎ᠤᠨ ᠭᠡᠷ᠎ᠲᠡᠭᠡᠨ ᠬᠠᠨᠢᠶᠠᠬᠤ ᠂ ᠬᠠᠯᠠᠭᠤᠷᠠᠬᠤ ᠵᠡᠷᠭᠡ ᠢᠯᠡᠷᠡᠯ᠎ᠲᠠᠢ ᠡᠪᠡᠳᠴᠢᠳᠡᠨ᠎ᠢ ᠤᠯᠠᠨ ᠤᠳᠠᠭ᠎ᠠ ᠬᠦᠯᠢᠶᠠᠨ ᠠᠪᠴᠤ ᠡᠮᠴᠢᠯᠡᠪᠡ ᠃ ᠡᠮᠴᠢᠯᠡᠭᠦ ᠶᠠᠪᠤᠴᠠ᠎ᠳᠠᠭᠠᠨ ᠠᠮᠠᠪᠴᠢ ᠵᠡᠭᠦᠭᠦ ᠂ ᠡᠮᠴᠢᠯᠡᠭᠡ ᠬᠢᠭᠦ ᠲᠠᠯᠠᠪᠤᠷ᠎ᠢᠶᠡᠨ ᠠᠷᠢᠭᠤᠳᠬᠠᠬᠤ ᠵᠡᠷᠭᠡ ᠰᠡᠷᠭᠡᠢᠯᠡᠬᠦ ᠠᠷᠭ᠎ᠠ ᠬᠡᠮᠵᠢᠶ᠎ᠡ ᠠᠪᠤᠬᠰᠠᠨ ᠦᠭᠡᠢ ᠃ ᠵᠦ ᠤᠪᠤᠬᠳᠤ᠎ᠶᠢᠨ ᠬᠠᠤᠯᠢ ᠪᠤᠰᠤ᠎ᠪᠠᠷ ᠡᠮᠴᠢᠯᠡᠭᠰᠡᠨ ᠦᠢᠯᠠ ᠠᠵᠢᠯᠯᠠᠭ᠎ᠠ᠎ᠨᠢ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠭᠦ ᠠᠵᠢᠯ᠎ᠢ ᠬᠦᠨᠳᠤ ᠨᠤᠴᠢᠳᠠᠢ ᠨᠦᠯᠦᠭᠡᠯᠡᠵᠦ ᠂ ᠬᠠᠤᠯᠢ ᠪᠤᠰᠤ᠎ᠪᠠᠷ ᠡᠮᠴᠢᠯᠡᠭᠰᠠᠨ ᠶᠠᠯ᠎ᠠ ᠪᠦᠷᠢᠯᠳᠦᠭᠦᠯᠬᠦ ᠨᠦᠭᠦᠴᠡᠯ᠎ᠳ᠋ᠤ ᠨᠡᠢᠴᠡᠭᠰᠡᠨ ᠲᠤᠯᠠ ᠂ ᠬᠠᠤᠯᠢ ᠪᠤᠰᠤ᠎ᠪᠠᠷ ᠡᠮᠴᠢᠯᠡᠭᠰᠡᠨ ᠶᠠᠯ᠎ᠠ᠎ᠪᠠᠷ ᠶᠠᠯ᠎ᠠ ᠲᠤᠬᠳᠠᠭᠠᠨ ᠰᠢᠢᠳᠭᠡᠭᠰᠡᠨ᠎ᠨᠢ ᠳᠣᠩ ᠣᠨᠣᠪᠴᠢᠳᠠᠢ ᠃
ᠬᠠᠤᠯᠢ ᠪᠤᠰᠤ᠎ᠪᠠᠷ ᠡᠮᠴᠢᠯᠡᠭᠡ ᠬᠢᠳᠡᠭ ᠬᠦᠮᠦᠨ ᠬᠠᠤᠯᠢ ᠪᠤᠰᠤ᠎ᠪᠠᠷ ᠡᠮᠴᠢᠯᠡᠭᠦ ᠶᠠᠪᠤᠴᠠ᠎ᠳ᠋ᠤ ᠂ ᠡᠮᠴᠢᠯᠡᠭᠡ ᠬᠢᠭᠦ ᠲᠠᠯᠠᠪᠤᠷ᠎ᠨᠢ ᠵᠢᠷᠣᠮᠵᠢᠯ ᠦᠭᠡᠢ ᠂ ᠬᠤᠤᠷ᠎ᠢ ᠠᠷᠢᠯᠭᠠᠵᠦ ᠪᠠᠺᠲᠸᠷᠢ ᠠᠯᠠᠬᠤ᠎ᠨᠢ ᠲᠤᠢᠯᠪᠤᠷᠢᠳᠠᠢ ᠪᠣᠰᠣ ᠂ ᠡᠮᠴᠢᠯᠡᠭᠦ ᠠᠷᠭ᠎ᠠ ᠬᠡᠮᠵᠢᠶ᠎ᠡ᠎ᠨᠢ ᠵᠤᠬᠢᠰ ᠦᠭᠡᠢ ᠪᠤᠯ ᠂ ᠡᠪᠡᠳᠴᠢᠳᠡᠨ᠎ᠤ ᠡᠪᠡᠳᠴᠢᠨ᠎ᠢᠶᠡᠨ ᠡᠮᠨᠡᠭᠦᠯᠭᠦ᠎ᠶᠢ ᠨᠦᠯᠦᠭᠡᠯᠡᠬᠦ᠎ᠪᠠᠷ ᠪᠠᠷᠠᠬᠤ ᠦᠭᠡᠢ ᠂ ᠰᠤᠯᠪᠢᠴᠠᠨ ᠬᠠᠯᠳᠠᠪᠤᠷᠢᠯᠠᠬᠤ ᠪᠠᠢᠳᠠᠯ᠎ᠢ ᠠᠮᠠᠷᠬᠠᠨ ᠡᠭᠦᠰᠭᠡᠵᠦ ᠂ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠭᠦ ᠠᠵᠢᠯ᠎ᠳ᠋ᠤ ᠭᠡᠮ ᠰᠤᠭᠤᠭ ᠠᠪᠴᠢᠷᠠᠬᠣ ᠪᠣᠯᠣᠨ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃