2020-03-20 13:34:44
ᠰᠢᠨᠬᠤᠸᠠ ᠬᠤᠷᠢᠶᠠᠨ᠎ᠤ ᠰᠤᠷᠪᠤᠯᠵᠢᠯᠠᠬᠴᠢ ᠴᠢᠤᠢ ᠲᠢᠩ ᠬᠠᠨ ᠯᠢᠶᠠᠩ
ᠲᠡᠯᠡᠬᠡᠢ᠎ᠶᠢᠨ ᠡᠷᠡᠬᠦᠯ ᠬᠠᠮᠠᠭᠠᠯᠠᠯ᠎ᠤᠨ ᠵᠤᠬᠢᠶᠠᠨ ᠪᠠᠢᠭᠤᠯᠤᠯᠳᠠ ᠵᠸᠨ᠋ᠸᠸᠠ᠎ᠳ᠋ᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ︽ ᠶᠡᠬᠡ᠎ᠪᠠᠷ ᠲᠡᠯᠬᠡᠷᠡᠬᠦ ︾ ᠤᠨᠴᠠᠯᠢᠭ᠎ᠲᠠᠢ ᠬᠡᠵᠥ ᠨᠡᠢᠳᠡᠯᠡᠬᠡᠳ ᠲᠡᠮᠡᠢ ᠤᠳᠠᠭᠰᠠᠠ ᠦᠬᠡᠢ ᠂ 60 ᠰᠢᠬᠠᠮ ᠤᠯᠤᠰ ᠪᠠ ᠤᠯᠠᠨ ᠤᠯᠤᠰ᠎ᠤᠨ ᠵᠤᠬᠢᠶᠠᠨ ᠪᠠᠢᠭᠤᠯᠤᠯᠳᠠ᠎ᠳ᠋ᠤ ᠬᠠᠨᠳᠤᠭᠤᠯᠤᠬᠰᠠᠠ ︽ ᠲᠤᠮᠳᠠᠳᠤ ᠤᠯᠤᠰ᠎ᠤᠨ ᠲᠤᠷᠰᠢᠯᠭ᠎ᠠ ︾᠎ᠶᠢ ᠮᠡᠳᠡᠭᠳᠡᠬᠦ ᠬᠤᠷᠡᠯ ᠤᠢᠷ᠎ᠠ᠎ᠶᠢᠨ ᠡᠳᠤᠷ ᠪᠡᠭᠡᠵᠢᠩ᠎ᠳ᠋ᠤ ᠶᠠᠪᠤᠭᠲᠠᠪᠠ ᠃
︽ ᠮᠡᠷᠭᠡᠨ ᠴᠤᠬᠤᠷ ︾ ᠬᠤᠷᠡᠯ᠎ᠤᠨ ᠲᠠᠯᠠᠪᠠᠢ᠎ᠶᠢᠨ ᠡᠨᠳᠡ ᠲᠡᠨᠳᠡ ᠦᠬᠡᠢ ᠬᠠᠷᠠᠭᠳᠠᠨ᠎ᠠ ᠃ ᠬᠤᠷᠡᠯ᠎ᠳ᠋ᠤ ᠤᠷᠤᠯᠴᠠᠭᠰᠠᠳ ᠲᠡᠭᠦᠨ᠎ᠢ ᠰᠢᠷᠪᠢᠪᠠᠯ ᠬᠠᠮᠤᠭ᠎ᠤᠨ ᠰᠢᠨ᠎ᠡ ᠠᠩᠭᠯᠢ ᠬᠡᠯᠡᠨ᠎ᠤ ᠬᠡᠪᠯᠡᠯ᠎ᠤᠨ ᠤᠨᠤᠰᠢᠯᠠᠨ ᠡᠮᠨᠡᠬᠦ ᠲᠦᠰᠦᠯ ᠂ ᠰᠡᠷᠬᠡᠢᠯᠡᠨ ᠡᠵᠡᠮᠳᠡᠬᠦ ᠲᠦᠰᠦᠯ ᠂ ᠰᠤᠳᠤᠯᠭᠠᠨ᠎ᠤ ᠦᠷ᠎ᠡ ᠪᠦᠳᠦᠬᠡᠯ ᠪᠤᠯᠤᠨ ᠡᠯ᠎ᠡ ᠮᠤᠵᠢ ᠬᠤᠳᠠ᠎ᠶᠢᠨ ᠬᠢᠵᠢᠭ᠎ᠢ ᠰᠡᠷᠬᠡᠢᠯᠡᠭᠰᠡᠡ ᠲᠤᠷᠰᠢᠯᠭ᠎ᠠ᠎ᠶᠢᠨ ᠮᠡᠳᠡᠬᠦᠯᠥᠯᠳᠡ ᠵᠡᠷᠬᠡ᠎ᠶᠢ ᠪᠠᠭᠤᠯᠭᠠᠨ ᠠᠪᠴᠦ ᠪᠤᠯᠤᠨ᠎ᠠ ᠃
ᠪᠦᠬᠦ ᠪᠦᠮᠪᠦᠷᠴᠡᠭ᠎ᠲᠤ ᠬᠢᠵᠢᠭ ᠶᠡᠬᠡ᠎ᠪᠠᠷ ᠲᠡᠯᠬᠡᠷᠡᠵᠥ ᠪᠠᠢᠭ᠎ᠠ ᠬᠢᠮᠤᠷᠠᠯ᠎ᠳᠤ ᠦᠶ᠎ᠡ᠎ᠳ᠋ᠤ ᠂ ᠲᠤᠮᠳᠠᠳᠤ ᠤᠯᠤᠰ ᠬᠢᠵᠢᠭ᠎ᠲᠠᠢ ᠲᠡᠮᠡᠴᠡᠭᠰᠡᠡ ᠲᠤᠷᠰᠢᠯᠭ᠎ᠠ᠎ᠪᠠᠨ ᠦᠴᠦᠬᠡᠨ ᠴᠤ ᠬᠠᠷᠠᠮᠨᠠᠯ ᠦᠬᠡᠢ᠎ᠪᠠᠷ ᠲᠡᠯᠡᠬᠡᠢ ᠳ᠋ᠡᠬᠢᠨ᠎ᠲᠠᠢ ᠬᠤᠪᠢᠶᠠᠯᠴᠠᠭᠰᠠᠠ ᠪᠠᠢᠨ᠎ᠠ ᠃
ᠬᠢᠵᠢᠭ᠎ᠲᠠᠢ ᠲᠡᠮᠡᠴᠡᠭᠰᠡᠡ ︽ ᠲᠤᠮᠳᠠᠳᠤ ᠤᠯᠤᠰ᠎ᠤᠨ ᠲᠤᠷᠰᠢᠯᠭ᠎ᠠ ︾᠎ᠨᠢ ᠶᠠᠭᠤ ᠪᠤᠢ ︖
︽ ᠪᠢᠳᠡ ᠶᠠᠮᠠᠷᠪᠠ ᠡᠪᠡᠳᠴᠢᠨ᠎ᠤ ᠵᠢᠱᠢᠶ᠎ᠡ᠎ᠶᠢ ᠡᠷᠬᠡᠪᠰᠢ 2 ᠴᠠᠭ᠎ᠤᠨ ᠲᠤᠳᠤᠷ᠎ᠠ ᠮᠡᠳᠡᠬᠦᠯᠬᠦ ᠬᠡᠷᠡᠭᠳᠡᠢ ᠬᠡᠵᠥ ᠱᠠᠭᠠᠷᠳᠠᠵᠡᠢ ︾ ᠬᠡᠵᠥ ᠲᠤᠮᠳᠠᠳᠤ ᠤᠯᠤᠰ᠎ᠤᠨ ᠡᠪᠡᠳᠴᠢᠨ ᠡᠮᠬᠡᠭ᠎ᠢ ᠰᠡᠷᠬᠡᠢᠯᠡᠨ ᠡᠵᠡᠮᠳᠡᠬᠦ ᠲᠦᠪ᠎ᠤᠨ ᠬᠠᠯᠳᠠᠪᠤᠷᠢᠳᠤ ᠡᠪᠡᠳᠴᠢᠨ᠎ᠢ ᠰᠡᠷᠬᠡᠢᠯᠡᠬᠦ ᠭᠠᠵᠠᠷ᠎ᠤᠨ ᠲᠠᠷᠤᠭ᠎ᠠ ᠯᠢ ᠵᠦᠩ ᠵᠢᠶᠸ ᠶᠠᠷᠢᠶᠠᠨ᠎ᠳᠠᠭᠠᠨ ᠬᠡᠯᠡᠪᠡ ᠃ ᠲᠡᠷᠡ ᠵᠢᠷᠤᠭ ᠬᠦᠰᠦᠨᠦᠭ᠎ᠢᠶᠠᠷ ᠠᠳᠠᠯᠢ ᠪᠤᠰᠤ ᠠᠵᠢᠯᠯᠠᠭ᠎ᠠ ᠪᠤᠯᠤᠨ ᠰᠡᠷᠬᠡᠢᠯᠡᠨ ᠡᠵᠡᠮᠳᠡᠬᠦ ᠠᠷᠭ᠎ᠠ ᠪᠤᠳᠤᠯᠭ᠎ᠠ ᠠᠪᠤᠭᠰᠠᠠ᠎ᠤ ᠲᠠᠷᠠᠭᠠᠬᠢ ᠬᠢᠵᠢᠭ᠎ᠤᠨ ᠪᠠᠢᠳᠠᠯ᠎ᠤᠨ ᠲᠡᠯᠭᠡᠷᠡᠭᠰᠡᠡ ᠬᠠᠨᠳᠤᠰᠢ᠎ᠶᠢ ᠦᠵᠡᠬᠦᠯᠵᠥ ᠂ ᠴᠢᠩᠭᠡ ᠰᠡᠷᠬᠡᠢᠯᠡᠨ ᠡᠵᠡᠮᠳᠡᠬᠦ ᠪᠤᠯ ᠬᠢᠵᠢᠭ᠎ᠤᠨ ᠲᠠᠷᠬᠠᠨ ᠲᠡᠯᠭᠡᠷᠡᠬᠦ ᠵᠠᠮ᠎ᠢ ᠲᠠᠰᠤᠯᠬᠤ ᠪᠦᠳᠦᠮᠵᠢᠳᠡᠢ ᠠᠷᠭ᠎ᠠ ᠪᠠᠷᠢᠯ ᠪᠤᠯᠤᠨ᠎ᠠ ᠬᠡᠵᠥ ᠴᠢᠬᠤᠯᠠᠴᠢᠯᠠᠪᠠ ᠃
ᠱᠠᠩᠬᠠᠢ ᠂ ᠬᠤᠪᠸᠢ ᠂ ᠭᠤᠸᠠᠩᠳᠦᠢᠩ ᠂ ᠰᠸᠴᠤᠸᠠᠨ ᠮᠤᠵᠢ᠎ᠶᠢᠨ ᠡᠷᠡᠬᠦᠯ ᠬᠠᠮᠠᠭᠠᠯᠠᠯ ᠡᠷᠡᠬᠦᠯ ᠮᠡᠨᠳᠤ᠎ᠶᠢᠨ ᠵᠦᠪᠯᠡᠯ᠎ᠤᠨ᠎ᠬᠢᠨ ᠲᠤᠰ ᠭᠠᠵᠠᠷ᠎ᠤᠨ᠎ᠢᠶᠡᠨ ᠰᠡᠷᠬᠡᠢᠯᠡᠨ ᠵᠠᠰᠠᠭᠰᠠᠠ ᠲᠤᠷᠰᠢᠯᠭ᠎ᠠ ᠪᠤᠯᠤᠨ ᠪᠤᠲᠠᠲᠠᠢ ᠵᠢᠱᠢᠶ᠎ᠡ᠎ᠶᠢ ᠲᠠᠨᠢᠯᠴᠠᠭᠤᠯᠪᠠ ᠃
40 ᠡᠳᠤᠷ ᠲᠤᠯᠤᠭ᠎ᠠ ᠤᠳᠠᠭ᠎ᠠ ᠰᠢᠨᠡᠳᠭᠡᠭᠰᠡᠨ ᠤᠨᠤᠰᠢᠯᠠᠨ ᠡᠮᠨᠡᠬᠦ ᠲᠦᠰᠦᠯ ᠪᠤᠯ ᠲᠤᠬᠠᠢ᠎ᠶᠢᠨ ᠲᠡᠯᠡᠪᠡᠢ᠎ᠶᠢᠨ ᠲᠤᠰᠬᠠᠢ ᠮᠡᠷᠬᠡᠵᠢᠯᠳᠡᠳ᠎ᠤᠨ ᠯᠠᠪᠯᠠᠨ ᠠᠰᠠᠭᠤᠭᠰᠠᠠ ᠬᠠᠮᠤᠭ᠎ᠤᠨ ᠤᠯᠠᠨ ᠠᠰᠠᠭᠤᠳᠠᠯ ᠪᠤᠯᠤᠨ᠎ᠠ ᠃
ᠬᠦᠴᠢᠯᠳᠦᠢᠷᠦᠭᠴᠢᠪᠠᠷ ᠬᠠᠮᠵᠢᠭᠤᠯᠬᠤ ᠂ ᠴᠡᠷ ᠰᠤᠷᠤᠬᠤ ᠠᠷᠭ᠎ᠠ ᠪᠠᠷᠢᠯ ᠂ ᠡᠮᠴᠢᠯᠡᠬᠡᠨ᠎ᠤ ᠬᠠᠮᠢᠶᠠᠷᠤᠯᠳᠠ ᠁ ᠰᠢᠨ᠎ᠡ ᠲᠢᠳᠢᠮᠯᠢᠭ ᠸᠢᠷᠦᠢᠰᠤᠨ ᠡᠮᠤᠨ᠎ᠡ ᠂ ᠡᠯ ᠡ ᠤᠯᠤᠰ᠎ᠤᠨ ᠡᠮᠴᠢᠯᠡᠬᠡᠨ᠎ᠢᠶᠠᠷ ᠠᠪᠤᠷᠠᠨ ᠡᠮᠨᠡᠬᠦ ᠲᠡᠯ᠎ᠡ᠎ᠪᠠᠷ ᠲᠠᠨᠢᠯᠳᠠ᠎ᠶᠢᠨ ᠵᠦᠷᠢᠶ᠎ᠡ᠎ᠲᠠᠢ ᠪᠡᠢᠭᠠ ᠲᠤᠯᠠ ᠂ ᠲᠤᠮᠳᠠᠳᠤ ᠤᠯᠤᠰ᠎ᠤᠨ ᠡᠮᠤᠨ᠎ᠡ ᠨᠢᠬᠡ ᠬᠤᠭᠤᠴᠠᠭᠠᠨ᠎ᠤ ᠲᠤᠷᠰᠢᠯᠭ᠎ᠠ᠎ᠨᠢ ᠲᠤᠢᠯ᠎ᠤᠨ ᠡᠷᠬᠢᠮ ᠪᠠᠢᠯ᠎ᠠ ᠃
ᠤᠯᠤᠰ᠎ᠤᠨ ᠡᠷᠡᠬᠦᠯ ᠬᠠᠮᠠᠭᠠᠯᠠᠯ ᠡᠷᠬᠦᠯ ᠮᠡᠨᠳᠤ᠎ᠶᠢᠨ ᠵᠦᠪᠯᠡᠯ᠎ᠤᠨ ᠡᠷᠬᠢᠯᠡᠭᠴᠢ ᠮᠠ ᠰᠢᠶᠤᠤ ᠸᠸᠢ ᠶᠠᠷᠢᠶᠠᠨ᠎ᠳᠠᠭᠠᠨ ᠂ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠭᠰᠡᠡ ︽ ᠲᠤᠮᠳᠠᠳᠤ ᠤᠯᠤᠰ᠎ᠤᠨ ᠲᠤᠷᠰᠢᠯᠭ᠎ᠠ ︾᠎ᠳ᠋ᠤ ᠨᠠᠢᠮᠠᠨ ᠲᠠᠯ᠎ᠠ ᠪᠠᠭᠳᠠᠨ᠎ᠠ ᠄ ᠨᠢᠬᠡ᠎ᠳ᠋ᠤ ᠂ ᠨᠢᠬᠡᠳᠤᠯᠳᠡᠢ ᠦᠨᠳᠤᠷ ᠪᠦᠳᠦᠮᠵᠢᠳᠡᠢ ᠵᠢᠯᠤᠭᠤᠳᠬᠤ ᠰᠢᠰᠲ᠋ᠸᠮ ︔ ᠬᠤᠶᠠᠷ᠎ᠲᠤ ᠂ ᠬᠠᠤᠯᠢ ᠶᠤᠰᠤᠭᠠᠷ ᠰᠢᠨᠵᠢᠯᠡᠬᠦ ᠤᠬᠠᠭᠠᠨᠴᠢ᠎ᠪᠠᠷ ᠤᠨᠤᠴᠠᠳᠠᠢ ᠰᠡᠷᠬᠡᠢᠯᠡᠨ ᠡᠵᠡᠮᠳᠡᠬᠦ ᠠᠷᠭ᠎ᠠ ᠪᠤᠳᠤᠯᠭ᠎ᠠ ︔ ᠭᠤᠷᠪᠠ᠎ᠳ᠋ᠤ ᠂ ᠪᠤᠭᠤᠮᠳᠠ᠎ᠪᠠᠨ ᠤᠷᠤᠭᠰᠢ ᠰᠢᠯᠵᠢᠬᠦᠯᠵᠥ ᠂ ᠭᠤᠤᠯᠳᠠᠯᠭ᠎ᠠ᠎ᠪᠠᠨ ᠥᠨᠳᠤᠰᠤᠨ ᠱᠠᠳᠤᠨ᠎ᠳ᠋ᠤ ᠲᠠᠯᠪᠢᠬᠰᠠᠠ ᠰᠡᠷᠬᠡᠢᠯᠡᠨ ᠡᠵᠡᠮᠳᠡᠬᠦ ᠵᠠᠭᠪᠤᠷ ︔ ᠲᠦᠷᠪᠡ᠎ᠳ᠋ᠤ ᠂ ᠡᠮᠴᠢᠯᠡᠬᠡᠨ᠎ᠤ ᠡᠬᠢ ᠪᠠᠶᠠᠯᠢᠭ᠎ᠢ ᠨᠢᠬᠡᠳᠤᠯᠳᠡᠢ ᠲᠦᠯᠥᠪᠵᠢᠬᠦᠯᠥᠨ ᠲᠤᠬᠢᠷᠠᠭᠤᠯᠪᠠ ︔ ᠲᠠᠪᠤ᠋᠎ᠳ᠋ᠤ ᠂ ᠨᠢᠬᠳᠠ ᠬᠠᠮᠵᠢᠯᠴᠠᠵᠥ ᠠᠪᠤᠷᠡᠨ ᠡᠮᠨᠡᠬᠦ ᠴᠢᠳᠠᠪᠤᠷᠢ᠎ᠪᠠᠨ ᠲᠡᠭᠡᠭᠰᠢᠯᠡᠬᠦᠯᠪᠡ ︔ ᠵᠢᠷᠭᠤᠭ᠎ᠠ᠎ᠳ᠋ᠤ ᠂ ᠲᠡᠬᠡᠳᠤ ᠰᠢᠨ᠎ᠡ ᠮᠡᠷᠬᠡᠵᠢᠯ᠎ᠤᠨ ᠠᠷᠭ᠎ᠠ ᠪᠠᠷᠢᠯ᠎ᠢ ᠦᠷᠬᠡᠨ᠎ᠢᠶᠠᠷ ᠬᠡᠷᠡᠭᠯᠡᠪᠡ ︔ ᠲᠤᠯᠤᠭ᠎ᠠ᠎ᠳ᠋ᠤ ᠂ ᠠᠷᠠᠳ ᠲᠦᠮᠡᠨ᠎ᠤ ᠲᠦᠯᠥᠬᠡ ᠠᠷᠠᠳ ᠲᠦᠮᠡᠨ᠎ᠳ᠋ᠤ ᠲᠦᠰᠢᠭᠯᠡᠬᠦ ᠭᠡᠰᠡᠨ ᠬᠢᠵᠢᠭ᠎ᠲᠠᠢ ᠲᠡᠮᠡᠴᠡᠬᠦ ᠤᠢᠯᠠᠭᠠᠬᠳᠠᠬᠤᠨ ︔ ᠨᠠᠢᠮᠠ᠎ᠳ᠋ᠤ ᠂ ᠤᠯᠠᠨ ᠤᠯᠤᠰ᠎ᠤᠨ ᠰᠤᠯᠢᠯᠴᠠᠭ᠎ᠠ ᠬᠠᠮᠳᠤᠷᠠᠯᠴᠠᠭ᠎ᠠ᠎ᠶᠢ ᠬᠦᠨᠵᠡᠬᠡᠢ ᠦᠷᠨᠢᠬᠦᠯᠵᠡᠢ ᠬᠡᠵᠥ ᠬᠡᠯᠡᠪᠡ ᠃
ᠬᠦᠴᠦ᠎ᠪᠠᠨ ᠬᠠᠮᠳᠤᠳᠬᠠᠨ ᠨᠡᠩ ᠤᠯᠠᠨ ᠠᠮᠢ ᠨᠠᠰᠤ᠎ᠶᠢ ᠠᠪᠤᠷᠠᠵᠤ ᠪᠤᠢ
ᠰᠢᠨ᠎ᠠ ᠲᠢᠳᠢᠮᠯᠢᠭ ᠠᠭᠤᠰᠬᠢᠨ ᠦᠷᠪᠢᠰᠦᠯ᠎ᠤᠨ ᠲᠤᠢᠳᠭᠡᠷ ᠲᠠᠢᠰᠤᠨ ᠳᠡᠯᠡᠬᠡᠢ ᠳ᠋ᠠᠬᠢᠨ᠎ᠳ᠋ᠤ ᠬᠦᠨᠳᠦ ᠨᠤᠴᠢᠳᠠᠢ ᠬᠤᠬᠢᠷᠠᠯ ᠠᠪᠴᠢᠷᠠᠵᠠᠢ ᠃ 3 ᠰᠠᠷ᠎ᠠ᠎ᠶᠢᠨ 16᠎ᠤ ᠡᠳᠦᠷ ᠪᠤᠯᠳᠠᠯ᠎ᠠ ᠂ ᠪᠦᠬᠦ ᠳᠡᠯᠡᠬᠡᠢ᠎ᠳ᠋ᠤ ᠰᠢᠨ᠎ᠠ ᠲᠢᠳᠢᠮᠯᠢᠭ ᠠᠭᠤᠰᠬᠢᠨ ᠦᠷᠪᠢᠰᠦᠯ᠎ᠡᠴᠠ ᠪᠤᠯᠵᠤ ᠦᠬᠦᠭᠰᠡᠡ ᠬᠦᠮᠦᠨ᠎ᠤ ᠲᠤᠭ᠎ᠠ 6000᠎ᠶᠢ ᠳᠠᠪᠠᠪᠠ ᠃
ᠠᠮᠢ ᠨᠠᠰᠤ᠎ᠶᠢ ᠠᠪᠤᠷᠠᠬᠤ ᠪᠤᠯ ᠲᠡᠷᠢᠭᠦᠨ ᠴᠢᠬᠤᠯᠠ ᠶᠠᠪᠤᠳᠠᠯ ᠮᠦᠨ ᠃ ᠲᠤᠮᠳᠠᠳᠤ ᠤᠯᠤᠰ ᠢᠯᠨ ᠲᠤᠳᠤᠷᠬᠠᠢ ᠤᠪᠤᠷ ᠪᠠᠢᠳᠠᠯ ᠪᠠ ᠵᠢᠷᠭᠠᠯ ᠵᠤᠪᠠᠯᠠᠩ᠎ᠢᠶᠡᠨ ᠬᠠᠮᠳᠤᠳᠬᠠᠬᠤ ᠵᠤᠷᠢᠭ ᠰᠠᠨᠠᠭ᠎ᠠ᠎ᠪᠠᠷ ᠡᠯ᠎ᠠ ᠤᠯᠤᠰ᠎ᠯᠤᠭ᠎ᠠ ᠬᠥᠴᠤ ᠬᠠᠮᠳᠤᠳᠬᠠᠨ ᠨᠠᠩ ᠤᠯᠠᠨ ᠠᠮᠢ ᠨᠠᠰᠤ᠎ᠶᠢ ᠠᠪᠤᠷᠠᠵᠤ ᠪᠠᠢᠨ᠎ᠠ ᠃
ᠲᠦᠷᠦᠭᠦᠬᠡᠨ ᠂ ᠭᠤᠸᠠᠩᠵᠸᠤ ᠬᠤᠳᠠ᠎ᠶᠢᠨ ᠡᠮᠡᠭᠳᠠᠢᠴᠤᠳ ᠬᠡᠤᠬᠡᠳ᠎ᠤᠨ ᠡᠮᠴᠢᠯᠡᠭᠡᠨ᠎ᠤ ᠲᠦᠪ᠎ᠤᠨ ᠡᠮᠴᠢᠯᠡᠭᠡᠨ᠎ᠤ ᠰᠤᠳᠤᠯᠭᠠᠨ᠎ᠤ ᠪᠦᠯᠬᠦᠮ᠎ᠤᠨ᠎ᠬᠢᠨ ᠰᠢᠨ᠎ᠠ ᠲᠢᠳᠢᠮᠯᠢᠭ ᠠᠭᠤᠰᠬᠢᠨ ᠦᠷᠪᠢᠰᠦᠯ᠎ᠳ᠋ᠤ ᠨᠡᠷᠪᠡᠭᠳᠡᠭᠰᠡᠨ ᠬᠡᠤᠬᠡᠳ᠎ᠤᠨ ᠲᠤᠬᠠᠢ ᠰᠤᠳᠤᠯᠭᠠᠨ᠎ᠤ ᠦᠷ᠎ᠠ ᠪᠦᠲᠦᠭᠡᠯ᠎ᠢᠶᠡᠨ ᠨᠡᠢᠳᠡᠯᠡᠭᠰᠡᠨ ᠪᠦᠭᠡᠳ ᠳᠡᠯᠡᠬᠡᠢ᠎ᠶᠢᠨ ᠡᠷᠡᠭᠦᠯ ᠬᠠᠮᠠᠭᠠᠯᠠᠯ᠎ᠤᠨ ᠵᠤᠬᠢᠶᠠᠨ ᠪᠠᠢᠭᠤᠯᠤᠯᠳᠠ᠎ᠲᠠᠢ ᠬᠤᠪᠢᠶᠠᠯᠴᠠᠵᠤ ᠂ ᠳᠡᠯᠡᠬᠡᠢ ᠳ᠋ᠠᠬᠢᠨ᠎ᠳ᠋ᠤ ᠨᠢᠯᠬ᠎ᠠ ᠪᠠᠭ᠎ᠠ ᠡᠪᠡᠳᠴᠢᠳᠡᠨ᠎ᠢ ᠡᠮᠨᠡᠨ ᠵᠠᠰᠠᠬᠤ᠎ᠳ᠋ᠤ ᠯᠠᠪᠯᠠᠭ᠎ᠠ ᠬᠠᠩᠭᠠᠪᠠ ᠃
ᠤᠢᠷ᠎ᠠ᠎ᠳ᠋ᠤ ᠂ ︽ ᠳᠤᠮᠳᠠᠳᠤ ᠤᠯᠤᠰ ᠳᠡᠯᠡᠬᠡᠢ᠎ᠶᠢᠨ ᠡᠷᠡᠭᠦᠯ ᠬᠠᠮᠠᠭᠠᠯᠠᠯ᠎ᠤᠨ ᠵᠤᠬᠢᠶᠠᠨ ᠪᠠᠢᠭᠤᠯᠤᠯᠳᠠ᠎ᠶᠢᠨ ᠰᠢᠨ᠎ᠠ ᠲᠢᠳᠢᠮᠯᠢᠭ ᠠᠭᠤᠰᠬᠢᠨ ᠦᠷᠪᠢᠰᠦᠯ᠎ᠤᠨ ᠲᠤᠬᠠᠢ ᠬᠠᠮᠳᠤᠷᠠᠭᠰᠠᠨ ᠪᠠᠢᠴᠠᠭᠠᠯᠳᠠ᠎ᠶᠢᠨ ᠮᠡᠳᠡᠭᠦᠯᠦᠯᠳᠡ ︾᠎ᠶᠢᠨ ᠬᠤᠯᠪᠤᠭᠳᠠᠯ ᠪᠦᠬᠦᠢ ᠨᠢᠯᠬ᠎ᠠ ᠪᠠᠭ᠎ᠠ ᠡᠪᠡᠳᠴᠢᠨ᠎ᠤ ᠵᠢᠱᠢᠶ᠎ᠠ᠎ᠶᠢᠨ ᠲᠤᠬᠠᠢ ᠳᠤᠳᠤᠷᠬᠠᠢᠯᠠᠯᠳᠠᠳ᠋ᠤ ᠭᠤᠸᠠᠩᠵᠸᠤ᠎ᠶᠢᠨ ᠨᠢᠯᠬ᠎ᠠ ᠪᠠᠭ᠎ᠠ ᠡᠪᠡᠳᠴᠢᠨ᠎ᠤ ᠵᠢᠱᠢᠶ᠎ᠠ᠎ᠶᠢᠨ ᠮᠡᠳᠡᠭᠦᠯᠦᠯᠳᠡ᠎ᠶᠢ ᠪᠢᠴᠢᠵᠤ ᠤᠷᠤᠭᠤᠯᠤᠭᠰᠠᠨ ᠪᠠᠢᠨ᠎ᠠ ᠃ ᠳᠤᠮᠳᠠᠳᠤ ᠤᠯᠤᠰ᠎ᠤᠨ ᠳᠦᠷᠪᠡᠨ ᠮᠤᠵᠢ ᠤᠷᠤᠨ᠎ᠤ ᠬᠢᠵᠢᠭ᠎ᠲᠠᠢ ᠲᠡᠮᠡᠴᠡᠭᠰᠡᠨ ᠦᠢᠯᠡᠳᠦᠯᠭᠡ᠎ᠶᠢ ᠦᠨᠳᠦᠰᠦᠯᠡᠨ ᠬᠢᠭᠰᠡᠨ ᠡᠨᠡ ᠬᠦ ᠬᠠᠮᠳᠤᠷᠠᠭᠰᠠᠨ ᠪᠠᠢᠴᠠᠭᠠᠯᠳᠠ᠎ᠶᠢᠨ ᠮᠡᠳᠡᠭᠦᠯᠦᠯᠳᠡ᠎ᠨᠢ ᠤᠳᠤᠬᠠᠨ᠎ᠳ᠋ᠤ ᠡᠯ᠎ᠠ ᠤᠯᠤᠰ᠎ᠤᠨ ᠬᠢᠵᠢᠭ᠎ᠲᠠᠢ ᠲᠡᠮᠡᠴᠡᠬᠦ᠎ᠳ᠋ᠤ ᠴᠢᠬᠤᠯᠠ ᠯᠠᠪᠯᠠᠭ᠎ᠠ ᠬᠠᠩᠭᠠᠵᠠᠢ ᠃
ᠤᠢᠷ᠎ᠠ᠎ᠶᠢᠨ ᠡᠳᠦᠷ᠎ᠲᠤ ᠂ ᠳᠤᠮᠳᠠᠳᠤ ᠤᠯᠤᠰ᠎ᠡᠴᠠ ᠢᠲ᠋ᠠᠯᠢ᠎ᠳ᠋ᠤ ᠲᠤᠮᠢᠯᠠᠭᠰᠠᠨ ᠬᠢᠵᠢᠭ᠎ᠲᠠᠢ ᠲᠡᠮᠡᠴᠡᠬᠦ ᠡᠮᠴᠢᠯᠡᠭᠡᠨ᠎ᠤ ᠲᠤᠰᠬᠠᠢ ᠮᠡᠷᠭᠡᠵᠢᠯᠳᠡᠨ᠎ᠤ ᠳᠤᠭᠤᠢᠯᠠᠩ᠎ᠤᠨ᠎ᠬᠢᠨ ᠬᠢᠵᠢᠭ᠎ᠲᠠᠢ ᠲᠡᠮᠡᠴᠡᠬᠦ ᠡᠮᠴᠢᠯᠡᠭᠡᠨ᠎ᠤ ᠡᠳ᠋ ᠪᠤᠳᠠᠰ ᠪᠠ ᠲᠦᠬᠦᠭᠡᠷᠤᠮᠵᠢ ᠠᠪᠠᠴᠢᠵᠤ ᠲᠤᠬᠠᠢ᠎ᠶᠢᠨ ᠭᠠᠵᠠᠷ᠎ᠤᠨ ᠡᠮ ᠡᠮᠨᠡᠯᠭᠡ ᠡᠷᠡᠭᠦᠯ ᠬᠠᠮᠠᠭᠠᠯᠠᠯ᠎ᠤᠨ ᠪᠠᠢᠭᠤᠯᠤᠮᠵᠢ᠎ᠲᠠᠢ ᠬᠠᠮᠳᠤᠷᠠᠯᠴᠠᠭ᠎ᠠ ᠦᠷᠨᠢᠭᠦᠯᠵᠤ ᠂ ᠡᠪᠡᠳᠴᠢᠳᠡᠨ᠎ᠢ ᠠᠪᠤᠷᠠᠨ ᠡᠮᠨᠡᠬᠦ ᠂ ᠡᠮ ᠲᠠᠩ ᠬᠡᠷᠡᠭᠯᠡᠬᠦ ᠂ ᠡᠮᠨᠡᠯᠭᠡ᠎ᠶᠢᠨ ᠬᠤᠷᠢᠶᠠᠨ᠎ᠤ ᠳᠤᠳᠤᠭᠠᠳᠤᠳ᠋ᠠᠬᠢ ᠬᠠᠯᠳᠠᠪᠤᠷᠢᠯᠠᠯ᠎ᠢ ᠬᠢᠵᠠᠭᠠᠷᠯᠠᠬᠤ ᠵᠡᠷᠭᠡ ᠲᠤᠷᠰᠢᠯᠭ᠎ᠠ᠎ᠪᠠᠨ ᠬᠤᠪᠢᠶᠠᠯᠴᠠᠵᠤ ᠪᠤᠢ ᠃
ᠳᠠᠢᠨ ᠳᠠᠵᠢᠨ ᠦᠷᠬᠦᠯᠵᠢᠯᠡᠵᠤ ᠂ ᠡᠳ᠋ ᠪᠤᠳᠠᠰ ᠳᠤᠳᠠᠭᠳᠠᠵᠤ ᠪᠠᠢᠭ᠎ᠠ ᠳᠤᠮᠳᠠᠳᠤ ᠳᠤᠷᠤᠨᠠᠳᠤ᠎ᠶᠢᠨ ᠭᠠᠵᠠᠷ ᠤᠷᠤᠨ᠎ᠳ᠋ᠤ ᠂ ᠳᠤᠮᠳᠠᠳᠤ ᠤᠯᠤᠰ ᠬᠠᠰᠢᠷ ᠲᠤᠷᠰᠢᠯᠭ᠎ᠠ᠎ᠲᠠᠢ ᠡᠮᠴᠢᠯᠡᠭᠡᠨ᠎ᠤ ᠠᠩᠭᠢ ᠲᠤᠮᠢᠯᠠᠨ ᠢᠷᠠᠨ ᠪᠠ ᠢᠷᠠᠺ᠎ᠲᠤ ᠤᠴᠢᠭᠤᠯᠵᠤ ᠂ ᠶᠧᠵᠢᠫᠲ ᠂ ᠯᠸᠪᠠᠨᠤᠨ ᠂ ᠰᠢᠷᠢᠶ᠎ᠠ ᠵᠡᠷᠭᠡ ᠤᠯᠤᠰ᠎ᠲᠤ ᠬᠢᠵᠢᠭ᠎ᠢ ᠰᠡᠷᠭᠡᠢᠯᠡᠬᠦ ᠡᠳ᠋ ᠪᠤᠳᠠᠰ ᠬᠠᠩᠭᠠᠵᠠᠢ ︔ ᠬᠢᠵᠢᠭ᠎ᠤᠨ ᠪᠠᠢᠳᠠᠯ ᠲᠦᠷᠭᠡᠨ ᠲᠠᠷᠬᠠᠵᠤ ᠪᠠᠢᠭ᠎ᠠ ᠡᠸᠦ᠋ᠷᠦᠫᠠ ᠠᠮᠸᠷᠢᠺᠠ᠎ᠳ᠋ᠤ ᠳᠤᠮᠳᠠᠳᠤ ᠤᠯᠤᠰ᠎ᠤᠨ ᠲᠤᠰᠬᠠᠢ ᠮᠡᠷᠭᠡᠵᠢᠯᠳᠡᠳ ᠡᠸᠦ᠋ᠷᠦᠫᠠ ᠠᠮᠸᠷᠢᠺᠠ᠎ᠶᠢᠨ ᠤᠯᠠᠨ ᠤᠯᠤᠰ᠎ᠤᠨ ᠵᠠᠰᠠᠭ᠎ᠤᠨ ᠤᠷᠳᠤᠨ᠎ᠤ ᠲᠤᠰᠢᠶᠠᠯᠳᠠᠨ ᠵᠢᠴᠢ ᠡᠷᠡᠭᠦᠯ ᠬᠠᠮᠠᠭᠠᠯᠠᠯ᠎ᠤᠨ ᠲᠤᠰᠬᠠᠢ ᠮᠡᠷᠭᠡᠵᠢᠯᠳᠡᠳ᠎ᠲᠠᠢ ᠸᠢᠳᠢᠣ᠋᠎ᠪᠠᠷ ᠨᠡᠪᠳᠡᠷᠡᠯᠴᠡᠨ ᠬᠢᠵᠢᠭ᠎ᠲᠠᠢ ᠲᠡᠮᠡᠴᠡᠭᠰᠡᠨ ᠮᠡᠳᠡᠭᠡ ᠵᠠᠩᠭᠢ ᠪᠠ ᠲᠤᠷᠰᠢᠯᠭ᠎ᠠ᠎ᠪᠠᠨ ᠬᠤᠪᠢᠶᠠᠯᠴᠠᠪᠠ ᠃
ᠪᠦᠬᠦ ᠳᠡᠯᠡᠭᠡᠢ᠎ᠶᠢᠨ ᠬᠢᠵᠢᠭ᠎ᠲᠠᠢ ᠲᠡᠮᠡᠴᠡᠬᠦ ᠳᠠᠢᠯᠠᠯᠳᠤᠭᠠᠨ᠎ᠳ᠋ᠤ ᠂ ᠳᠤᠮᠳᠠᠳᠤ ᠤᠯᠤᠰ ᠳᠡᠯᠡᠬᠡᠢ ᠳ᠋ᠠᠬᠢᠨ᠎ᠠ ᠠᠶᠤᠯ ᠲᠦᠭᠰᠢᠭᠦᠷᠢᠲᠦ ᠴᠠᠭ ᠦᠶᠠᠳ᠋ᠠᠬᠢ ᠲᠤᠮᠤ ᠤᠯᠤᠰ᠎ᠤᠨ ᠬᠠᠷᠢᠭᠤᠴᠠᠯᠭ᠎ᠠ ᠡᠬᠦᠷᠬᠡᠯᠡᠯ᠎ᠢ ᠦᠵᠡᠬᠦᠯᠵᠡᠢ ᠄ ᠳᠡᠯᠡᠬᠡᠢ᠎ᠶᠢᠨ ᠡᠷᠡᠭᠦᠯ ᠬᠠᠮᠠᠭᠠᠯᠠᠯ᠎ᠤᠨ ᠵᠤᠬᠢᠶᠠᠨ ᠪᠠᠢᠭᠤᠯᠤᠯᠳᠠ ᠪᠠ ᠳᠡᠯᠡᠬᠡᠢ ᠨᠡᠢᠭᠡᠮ᠎ᠲᠠᠢ ᠤᠯᠤᠯᠴᠠᠨ ᠵᠤᠬᠢᠴᠠᠭᠤᠯᠬᠤ᠎ᠪᠠᠨ ᠪᠠᠷᠢᠮᠳᠠᠯᠠᠵᠤ ᠂ ᠬᠢᠵᠢᠭ᠎ᠲᠠᠢ ᠲᠡᠮᠡᠴᠡᠬᠦ ᠲᠤᠷᠰᠢᠯᠭ᠎ᠠ᠎ᠪᠠᠨ ᠡᠯ᠎ᠠ ᠤᠯᠤᠰ᠎ᠲᠠᠢ ᠢᠳᠡᠪᠬᠢᠳᠠᠢ ᠬᠤᠪᠢᠶᠠᠯᠴᠠᠨ ᠰᠤᠯᠢᠯᠴᠠᠵᠤ ᠂ ᠬᠡᠷᠡᠭᠴᠡᠭᠡ᠎ᠲᠠᠢ ᠤᠯᠤᠰ᠎ᠲᠤ ᠡᠮᠴᠢᠯᠡᠭᠡᠨ᠎ᠤ ᠲᠤᠰᠬᠠᠢ ᠮᠡᠷᠭᠡᠵᠢᠯᠳᠡᠨ᠎ᠤ ᠪᠦᠯᠬᠦᠮ ᠲᠤᠮᠢᠯᠠᠨ ᠤᠴᠢᠭᠤᠯᠵᠤ ᠂ ᠳᠡᠯᠡᠬᠡᠢ ᠨᠡᠢᠭᠡᠮ᠎ᠳ᠋ᠤ ᠬᠢᠵᠢᠭ᠎ᠢ ᠰᠡᠷᠭᠡᠢᠯᠡᠬᠦ ᠡᠳ᠋ ᠪᠤᠳᠠᠰ᠎ᠤᠨ ᠳᠡᠮᠵᠢᠯᠭᠡ ᠬᠠᠩᠭᠠᠵᠤ ᠂ ᠡᠯ᠎ᠠ ᠲᠠᠯ᠎ᠠ᠎ᠶᠢᠨ᠎ᠬᠢᠨ᠎ᠲᠠᠢ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠤᠨ ᠬᠠᠮᠳᠤᠷᠠᠯᠴᠠᠭ᠎ᠠ ᠦᠷᠨᠢᠭᠦᠯᠪᠡ ᠁
ᠤᠯᠠᠨ ᠤᠯᠤᠰ᠎ᠯᠤᠭ᠎ᠠ᠎ᠶᠢᠨ ᠬᠤᠯᠪᠤᠭᠠᠯᠠᠨ ᠰᠡᠷᠬᠡᠢᠯᠡᠵᠦ ᠬᠤᠯᠪᠤᠭᠠᠯᠠᠨ ᠡᠵᠡᠮᠳᠡᠬᠦ ᠠᠵᠢᠯ᠎ᠢ ᠴᠢᠩᠭᠠᠳᠬᠠᠪᠠ
ᠰᠢᠨ᠎ᠠ ᠳᠢᠳᠢᠮᠯᠢᠭ ᠠᠭᠤᠰᠬᠢᠨ ᠦᠷᠪᠢᠰᠦᠯ ᠤᠯᠠᠨ ᠤᠯᠤᠰ ᠪᠡ ᠤᠯᠠᠨ ᠴᠡᠭ᠎ᠲᠤ ᠡᠬᠦᠰᠴᠤ ᠂ ᠪᠠᠢᠳᠠᠯ ᠳᠤᠩ ᠬᠡᠴᠡᠬᠦᠦ ᠬᠡᠮᠵᠢᠶᠡᠨ᠎ᠳ᠋ᠤ ᠬᠦᠷᠦᠬᠡᠳ ᠪᠠᠢᠨ᠎ᠠ ᠃ ᠵᠠᠩᠬᠢᠯᠠᠭ᠎ᠠ᠎ᠶᠢᠨ ᠴᠠᠬ ᠦᠶ᠎ᠠ᠎ᠳ᠋ᠤ ᠂ ᠳᠤᠮᠳᠠᠳᠤ ᠤᠯᠤᠰ ᠤᠯᠠᠨ ᠤᠯᠤᠰ᠎ᠯᠤᠭ᠎ᠠ᠎ᠶᠢᠨ ᠬᠤᠯᠪᠤᠭᠠᠯᠠᠨ ᠰᠡᠷᠬᠡᠢᠯᠡᠵᠦ ᠬᠤᠯᠪᠤᠭᠠᠯᠠᠨ ᠡᠵᠡᠮᠳᠡᠬᠦ ᠬᠠᠮᠳᠤᠷᠠᠯᠴᠠᠭ᠎ᠠ᠎ᠶᠢ ᠪᠦᠳᠦᠮᠵᠢᠳᠡᠢ ᠦᠷᠨᠢᠬᠦᠯᠵᠦ ᠂ ︽ ᠳᠤᠳᠤᠭᠠᠳᠤ᠎ᠳᠠᠭᠠᠨ ᠳᠠᠷᠬᠠᠨ ᠳᠡᠯᠬᠡᠷᠡᠬᠦ᠎ᠶᠢ ᠰᠡᠷᠭᠡᠢᠯᠡᠵᠤ ᠂ ᠭᠠᠳᠠᠨ᠎ᠠ᠎ᠡᠴᠠ ᠬᠠᠯᠳᠠᠪᠤᠷᠢᠯᠡᠨ ᠤᠷᠤᠵᠦ ᠢᠷᠡᠬᠦ᠎ᠶᠢ ᠰᠡᠷᠬᠡᠢᠯᠡᠬᠦ ︾ ᠠᠵᠢᠯ᠎ᠢ ᠰᠤᠯᠠᠷᠠᠭᠤᠯᠤᠯ ᠦᠬᠡᠢ ᠴᠢᠩᠭ᠎ᠠ ᠠᠳᠬᠤᠵᠦ ᠂ ᠬᠢᠵᠢᠭ᠎ᠢ ᠢᠯᠡᠨ ᠳᠠᠪᠠᠬᠤ᠎ᠳ᠋ᠤ ᠬᠦᠴᠦᠳᠦ ᠶᠡᠬᠡ ᠬᠠᠮᠳᠤᠷᠠᠯ ᠬᠦᠴᠦᠨ᠎ᠢ ᠪᠦᠷᠢᠯᠳᠦᠬᠦᠯᠵᠠᠢ ᠃
ᠵᠠᠮ ᠬᠠᠷᠢᠯᠴᠠᠭᠠᠨ᠎ᠤ ᠪᠠᠭᠠᠵᠢ ᠬᠡᠷᠡᠭᠰᠡᠯ᠎ᠨᠢ ᠬᠦᠮᠦᠨ᠎ᠤ ᠤᠷᠤᠰᠬᠠᠯ᠎ᠢ ᠳᠦᠷᠬᠡᠳᠬᠡᠨ᠎ᠠ ᠃ ᠬᠢᠵᠢᠭ ᠳᠡᠯᠬᠡᠷᠡᠭᠰᠡᠨ᠎ᠡᠴᠠ ᠨᠠᠭᠠᠰᠢ ᠂ ᠵᠠᠮ ᠳᠡᠬᠡᠬᠡᠪᠤᠷᠢ᠎ᠶᠢᠨ ᠶᠠᠮᠤᠨ ᠂ ᠠᠷᠠᠳ᠎ᠤᠨ ᠠᠭᠠᠷ᠎ᠤᠨ ᠠᠶᠠᠯᠠᠯ᠎ᠤᠨ ᠳᠤᠪᠴᠢᠶ᠎ᠠ ᠂ ᠳᠤᠮᠳᠠᠳᠤ ᠤᠯᠤᠰ᠎ᠤᠨ ᠤᠯᠤᠰ᠎ᠤᠨ ᠳᠡᠮᠤᠷ ᠵᠠᠮ᠎ᠤᠨ ᠪᠦᠯᠦᠭᠯᠡᠯ᠎ᠤᠨ ᠬᠢᠵᠠᠭᠠᠷᠳᠤ ᠺᠤᠮᠫᠠᠨᠢ ᠵᠡᠷᠬᠡ᠎ᠶᠢᠨ᠎ᠬᠢᠨ ᠲᠡᠷᠨ ᠲᠡᠷᠤᠢᠳ᠋ᠤᠨᠢ ᠵᠠᠮ ᠬᠠᠷᠢᠯᠴᠠᠭᠠᠨ᠎ᠤ ᠪᠠᠭᠠᠵᠢ ᠬᠡᠷᠡᠭᠰᠡᠯ᠎ᠤᠨ ᠬᠠᠮᠢᠶᠠᠳᠠᠢ ᠰᠡᠷᠬᠡᠢᠯᠡᠨ ᠡᠵᠡᠮᠳᠡᠬᠦ ᠮᠡᠷᠭᠡᠵᠢᠯ᠎ᠤᠨ ᠵᠢᠯᠤᠭᠤᠳᠤᠮᠵᠢ᠎ᠶᠢ ᠨᠡᠢᠳᠡᠯᠡᠭᠰᠡᠨᠤ ᠬᠠᠮᠳᠤ ᠂ ᠮᠠᠰᠢ ᠤᠯᠠᠨ ᠬᠤᠪᠤᠷ ᠨᠠᠨᠳᠢᠨ ᠳᠤᠷᠰᠢᠯᠭ᠎ᠠ᠎ᠶᠢ ᠬᠤᠷᠠᠮᠳᠤᠭᠤᠯᠵᠠᠢ ᠃ ᠡᠳᠡᠬᠡᠷ ᠰᠠᠯᠠᠭ᠎ᠠ ᠮᠦᠴᠢᠷ᠎ᠤᠨ᠎ᠬᠢᠨ ᠡᠳᠦᠭᠡ ᠳᠡᠯᠡᠬᠡᠢ ᠨᠡᠢᠭᠡᠮ᠎ᠲᠠᠢ ᠬᠠᠮᠳᠤ᠎ᠪᠠᠷ ᠮᠡᠳᠡᠬᠡ ᠵᠠᠩᠬᠢ ᠪᠤᠯᠤᠨ ᠳᠤᠷᠰᠢᠯᠭ᠎ᠠ᠎ᠶᠢ ᠬᠠᠮᠳᠤ᠎ᠪᠠᠷ ᠡᠳ᠋ᠯᠡᠬᠦ ᠠᠵᠢᠯ᠎ᠢ ᠢᠳᠡᠪᠬᠢᠳᠡᠢ ᠦᠷᠨᠢᠬᠦᠯᠵᠦ ᠪᠠᠢᠨ᠎ᠠ ᠃ ᠵᠢᠱᠢᠶᠡᠯᠡᠪᠡᠯ ᠂ ᠳᠤᠮᠳᠠᠳᠤ ᠤᠯᠤᠰ᠎ᠤᠨ ᠠᠷᠠᠳ᠎ᠤᠨ ᠠᠭᠠᠷ᠎ᠤᠨ ᠠᠶᠠᠯᠡᠯᠤᠨᠬᠢᠨ ᠨᠢᠬᠡᠨᠳᠡ 40 ᠭᠠᠷᠤᠢ ᠤᠯᠤᠰ᠎ᠤᠨ ᠠᠷᠠᠳ᠎ᠤᠨ ᠠᠭᠠᠷ᠎ᠤᠨ ᠠᠶᠠᠯᠠᠯ᠎ᠤᠨ ᠭᠤᠤᠯᠯᠠᠨ ᠬᠠᠮᠢᠶᠠᠷᠬᠤ ᠰᠠᠯᠠᠭ᠎ᠠ ᠮᠦᠴᠢᠷ᠎ᠯᠦᠭᠡ ᠨᠢᠰᠬᠡᠯ ᠳᠠᠭᠠᠭᠠᠴᠢᠯᠠᠬᠤ ᠂ ᠨᠢᠰᠬᠡᠯ᠎ᠤᠨ ᠪᠠᠭᠤᠳᠠᠯ ᠂ ᠨᠢᠰᠬᠡᠯ᠎ᠤᠨ ᠦᠷᠦᠬᠡᠨᠳ᠋ᠠᠬᠢ ᠰᠡᠷᠬᠡᠢᠯᠡᠨ ᠡᠵᠡᠮᠳᠡᠬᠦ ᠮᠡᠷᠬᠡᠵᠢᠯ᠎ᠤᠨ ᠪᠠᠷᠢᠮᠵᠢᠶ᠎ᠠ᠎ᠶᠢ ᠬᠤᠪᠢᠶᠠᠯᠴᠠᠵᠤ ᠪᠠᠢᠬᠤ᠎ᠶᠢᠨ ᠬᠠᠮᠳᠤ ᠂ ᠤᠯᠠᠨ ᠤᠯᠤᠰ᠎ᠤᠨ ᠠᠷᠠᠳ᠎ᠤᠨ ᠠᠭᠠᠷ᠎ᠤᠨ ᠠᠶᠠᠯᠠᠯ᠎ᠤᠨ ᠵᠤᠬᠢᠶᠠᠨ ᠪᠠᠢᠭᠤᠯᠤᠯᠳᠠ᠎ᠳ᠋ᠤ ᠠᠵᠢᠯ᠎ᠤᠨ ᠮᠠᠲ᠋ᠸᠷᠢᠶᠠᠯ᠎ᠢᠶᠡᠨ ᠳᠡᠪᠰᠢᠬᠦᠯᠵᠦ ᠂ ᠳᠤᠮᠳᠠᠳᠤ ᠭᠠᠳᠠᠭᠠᠳᠤ᠎ᠶᠢᠨ ᠠᠷᠠᠳ᠎ᠤᠨ ᠠᠭᠠᠷ᠎ᠤᠨ ᠠᠶᠠᠯᠠᠯ᠎ᠤᠨ ᠺᠤᠮᠫᠠᠨᠢᠶᠢᠨᠬᠢᠨᠳ᠋ᠤ ᠯᠠᠪᠯᠠᠯᠳᠠ ᠪᠤᠯᠭᠠᠵᠠᠢ ᠃
ᠵᠠᠮ ᠳᠡᠬᠡᠬᠡᠪᠤᠷᠢ᠎ᠶᠢᠨ ᠶᠠᠮᠤᠨ 1 ᠳ᠋ᠤᠬᠡᠷ ᠰᠠᠷ᠎ᠠ᠎ᠶᠢᠨ ᠰᠡᠬᠦᠯᠴᠢ᠎ᠳ᠋ᠤ ᠮᠠᠨ᠎ᠤ ᠤᠯᠤᠰ᠎ᠤᠨ ᠡᠬᠡ ᠬᠠᠭᠤᠷᠠᠢ᠎ᠶᠢᠨ ᠭᠠᠷᠠᠮ᠎ᠡᠴᠠ ᠠᠶᠠᠯᠠᠵᠤ ᠭᠠᠷᠬᠤ ᠤᠯᠠᠨ ᠤᠯᠤᠰ᠎ᠤᠨ ᠰᠢᠤᠳᠠᠨ᠎ᠤ ᠬᠦᠯᠬᠡ ᠤᠩᠭᠤᠴᠠ᠎ᠶᠢ ᠲᠡᠷᠨ ᠲᠡᠷᠤᠢᠳ᠋ᠤᠨᠢ ᠵᠤᠬᠰᠤᠭᠠᠪᠡ ᠂ ᠡᠨᠡ᠎ᠨᠢ ᠪᠦᠬᠦ ᠳᠡᠯᠡᠬᠡᠢ᠎ᠶᠢᠨ 7 ᠤᠯᠠᠨ ᠤᠯᠤᠰ᠎ᠤᠨ ᠰᠢᠤᠳᠠᠨ᠎ᠤ ᠬᠦᠯᠬᠡ ᠤᠩᠭᠤᠴᠠᠨ᠎ᠤ ᠺᠤᠮᠫᠠᠨᠢ᠎ᠶᠢᠨ 10 ᠤᠯᠠᠨ ᠤᠯᠤᠰ᠎ᠤᠨ ᠰᠢᠤᠳᠠᠨ᠎ᠤ ᠬᠦᠯᠬᠡ ᠤᠩᠭᠤᠴᠠᠯᠤᠭᠠ ᠬᠤᠯᠪᠤᠬᠳᠠᠵᠡᠢ ᠃ ᠤᠳᠤᠬᠠᠨ ᠪᠤᠯᠳᠠᠯ᠎ᠠ ᠡᠵᠡᠩᠨᠡᠯᠳᠡ ᠬᠢᠵᠦ ᠪᠠᠢᠭ᠎ᠠ ᠳᠤᠮᠳᠠᠳᠤ ᠤᠯᠤᠰ᠎ᠲᠤ ᠢᠷᠡᠬᠦ ᠠᠶᠠᠨᠴᠢᠳ᠎ᠤᠨ ᠬᠦᠯᠬᠡ ᠤᠩᠭᠤᠴᠠᠨ᠎ᠳ᠋ᠤ ᠂ ᠮᠠᠨ᠎ᠤ ᠤᠯᠤᠰ ᠡᠳᠦᠷ ᠪᠦᠷᠢ ᠳᠤᠬᠢᠷᠠᠭᠤᠯᠤᠯᠳᠠ ᠬᠢᠬᠦ ᠳᠤᠬᠳᠠᠴᠠ᠎ᠶᠢ ᠪᠠᠢᠭᠤᠯᠵᠦ ᠂ ᠠᠶᠠᠨᠴᠢᠳ᠎ᠤᠨ ᠳᠤᠭ᠎ᠠ ᠨᠤᠷᠮ᠎ᠠ᠎ᠶᠢ ᠴᠢᠩᠭ᠎ᠠ ᠬᠢᠵᠠᠭᠠᠷᠯᠠᠬᠰᠠᠨᠤ ᠬᠠᠮᠳᠤ ᠂ ᠠᠶᠠᠨᠴᠢᠳ᠎ᠤᠨ ᠮᠡᠳᠡᠬᠡ ᠵᠠᠩᠬᠢ᠎ᠶᠢ ᠳᠠᠩᠰᠠᠯᠠᠬᠤ ᠠᠵᠢᠯ᠎ᠢ ᠬᠠᠪᠰᠤᠷᠭᠠᠵᠠᠢ ᠃
ᠤᠳᠤᠬᠠᠨ᠎ᠳ᠋ᠤ ᠂ ᠳᠤᠮᠳᠠᠳᠤ ᠤᠯᠤᠰ᠎ᠤᠨ ᠤᠯᠠᠨ ᠭᠠᠵᠠᠷ ᠤᠷᠤᠨ᠎ᠤ᠎ᠬᠢᠨ ᠬᠠᠮᠢᠶ᠎ᠠ ᠪᠦᠬᠦᠢ ᠤᠯᠤᠰ ᠪᠤᠯᠤᠨ ᠭᠠᠵᠠᠷ ᠤᠷᠤᠨ᠎ᠯᠤᠭ᠎ᠠ᠎ᠶᠢᠨ ᠪᠤᠭᠤᠮᠳᠠ ᠭᠠᠷᠠᠮ᠎ᠤᠨ ᠬᠠᠮᠢᠶᠠᠷᠤᠯᠳᠠ ᠡᠵᠡᠮᠳᠡᠯ᠎ᠢᠶᠡᠨ ᠬᠠᠮᠵᠢᠯᠴᠠᠨ ᠴᠢᠩᠭᠠᠳᠬᠠᠵᠦ ᠂ ᠡᠷᠡᠬᠦᠯ ᠬᠠᠮᠠᠭᠠᠯᠠᠯ ᠂ ᠬᠢᠵᠢᠭ᠎ᠤᠨ ᠪᠠᠢᠴᠠᠭᠠᠯᠳᠠ ᠂ ᠭᠠᠷᠠᠮ ᠂ ᠨᠡᠬᠦᠳᠡᠯ ᠠᠷᠠᠳ ᠵᠡᠷᠬᠡ ᠰᠠᠯᠠᠭ᠎ᠠ ᠮᠦᠴᠢᠷ᠎ᠤᠨ᠎ᠬᠢᠨ᠎ᠲᠠᠢ ᠬᠠᠮᠵᠢᠯᠴᠠᠨ ᠬᠦᠳᠡᠯᠦᠯᠴᠡᠵᠦ ᠮᠡᠳᠡᠬᠡ ᠵᠡᠩᠬᠢ᠎ᠶᠢ ᠬᠠᠮᠳᠤ᠎ᠪᠠᠷ ᠡᠳ᠋ᠯᠡᠬᠦ᠎ᠶᠢ ᠴᠢᠩᠭᠠᠳᠬᠠᠵᠦ ᠂ ᠪᠦᠬᠦ ᠳᠡᠯᠡᠬᠡᠢ᠎ᠪᠠᠷ᠎ᠢᠶᠡᠨ ᠬᠤᠯᠪᠤᠭᠠᠯᠠᠨ ᠰᠡᠷᠬᠡᠢᠯᠡᠵᠦ ᠬᠤᠯᠪᠤᠭᠠᠯᠠᠨ ᠡᠵᠡᠮᠳᠡᠬᠦ ᠳᠤᠤᠷ᠎ᠢ ᠬᠠᠮᠳᠤ᠎ᠪᠠᠷ ᠪᠠᠢᠭᠤᠯᠵᠦ ᠪᠠᠢᠨ᠎ᠠ ᠃
ᠶᠠᠬ ᠳᠡᠯᠡᠬᠡᠢ᠎ᠶᠢᠨ ᠡᠷᠡᠬᠦᠯ ᠬᠠᠮᠠᠭᠠᠯᠠᠯ᠎ᠤᠨ ᠵᠤᠬᠢᠶᠠᠨ ᠪᠠᠢᠭᠤᠯᠤᠯᠳᠠ᠎ᠶᠢᠨ ᠶᠡᠷᠦᠩᠬᠡᠢ ᠠᠵᠢᠯᠯᠠᠬᠴᠢ ᠳᠠᠩᠳ᠋ᠸᠰᠠᠢᠶᠢᠨ ᠤᠢᠷ᠎ᠠ᠎ᠳ᠋ᠤ ᠬᠢᠵᠢᠭ᠎ᠤᠨ ᠪᠠᠢᠳᠠᠯ᠎ᠤᠨ ᠳᠤᠬᠠᠢ ᠵᠠᠭᠤᠴᠢᠯᠠᠭᠤᠷ᠎ᠤᠨ᠎ᠬᠢᠨ᠎ᠳ᠋ᠤ ᠨᠡᠢᠳᠡᠯᠡᠰᠡᠨᠴᠢᠯᠠᠨ ᠄ ︽ ᠮᠠᠨ᠎ᠤ ᠡᠨᠡ ᠬᠦ ᠴᠠᠬ ᠦᠶ᠎ᠠ᠎ᠶᠢᠨ ᠰᠢᠢᠳᠪᠤᠷᠢᠳᠦ ᠴᠢᠨᠠᠷᠳᠠᠢ ᠪᠦᠬᠦ ᠳᠡᠯᠡᠬᠡᠢ᠎ᠶᠢᠨ ᠡᠷᠡᠬᠦᠯ ᠮᠡᠨᠳᠦ᠎ᠶᠢᠨ ᠬᠢᠮᠦᠷᠡᠯᠢ ᠠᠷᠭᠠᠴᠠᠭᠠᠬᠤ᠎ᠳ᠋ᠤ ᠂ ᠡᠷᠬᠡᠪᠰᠢ ᠵᠤᠪᠠᠯ ᠵᠢᠷᠭᠠᠯ᠎ᠢᠶᠡᠨ ᠬᠠᠮᠳᠤᠳᠬᠠᠬᠤ᠎ᠶᠢ ᠰᠠᠨᠠᠭᠠᠴᠢᠯᠠᠬᠤ ᠶᠤᠰᠤᠳᠠᠢ ︾ ᠪᠠᠢᠨᠠᠮ ᠃
︵ ᠰᠢᠨᠬᠤᠸᠠ ᠬᠤᠷᠢᠶᠠᠨ᠎ᠤ ᠪᠡᠬᠡᠵᠢᠩ᠎ᠤᠨ 3 ᠰᠠᠷ᠎ᠠ᠎ᠶᠢᠨ 17᠎ᠤ ᠴᠠᠬᠢᠯᠭᠠᠨ ᠮᠡᠳᠡᠬᠡ᠎ᠡᠴᠠ ︶
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠴᠣᠷᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃