2020-04-14 10:33:26
ᠣᠳᠣᠬᠠᠨ᠎ᠳ᠋ᠤ ᠪᠥᠬᠥ ᠤᠯᠤᠰ᠎ᠲᠤ ᠬᠢᠵᠢᠭ᠎ᠤᠨ ᠪᠠᠶᠢᠳᠠᠯ ᠲᠠᠷᠬᠠᠨ ᠳᠡᠯᠬᠡᠷᠡᠬᠦ᠎ᠶᠢ ᠨᠢᠭᠡᠨᠲᠡ ᠦᠨᠳᠦᠰᠦᠨ᠎ᠳ᠋ᠡᠭᠡᠨ ᠬᠤᠷᠢᠬᠯᠠᠯᠠ ᠂ ᠭᠡᠬᠦ᠎ᠳ᠋ᠤ ᠦᠬᠠᠨ᠎ᠤ ︽ ᠬᠣᠷᠢᠭ᠎ᠠ ᠲᠠᠶᠢᠯᠬᠤ ︾᠎ᠶᠢ ᠳᠠᠭᠠᠯᠳᠤᠨ ᠂ ᠰᠢᠨ᠎ᠡ ᠲᠢᠲᠢᠮᠯᠢᠭ ᠸᠢᠷᠦ᠋ᠰ᠎ᠤᠨ ᠡᠪᠡᠳᠴᠢᠨ᠎ᠤ ᠢᠯᠡᠷᠡᠯ ᠥᠬᠡᠶ ᠬᠠᠯᠳᠠᠪᠤᠷᠢᠯᠠᠭᠲᠠᠭᠰᠠᠳ ᠣᠯᠠᠨ᠎ᠤ ᠠᠩᠬᠠᠷᠤᠯ᠎ᠢ ᠶᠡᠬᠡᠳᠡ ᠲᠠᠲᠠᠵᠤ ᠪᠠᠶᠢᠨ᠎ᠠ ᠃ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠳᠠᠬᠴᠢ ᠭᠡᠵᠥ ᠶᠠᠮᠠᠷ ᠪᠤᠢ ᠂ ᠲᠡᠳᠡᠨ᠎ᠤ ᠬᠠᠯᠳᠠᠪᠤᠷᠢᠯᠠᠬᠤ ᠴᠢᠨᠠᠷ᠎ᠨᠢ ᠬᠢᠷᠢ ᠵᠡᠷᠭᠡ ᠪᠤᠯ ︖ ᠠᠵᠢᠯ᠎ᠢᠶᠡᠨ ᠰᠡᠷᠭᠦᠭᠡᠵᠦ ᠦᠢᠯᠡᠳᠪᠦᠷᠢᠯᠡᠯ᠎ᠢᠶᠡᠨ ᠰᠡᠷᠬᠦᠬᠡᠭᠰᠡᠨᠤ ᠳᠠᠷᠠᠭ᠎ᠠ ᠬᠡᠷᠬᠢᠨ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠲᠠᠭᠰᠠᠳᠤᠨ ᠬᠠᠯᠳᠠᠪᠤᠷᠢᠯᠠᠬᠤ ᠠᠶᠤᠯ ᠲᠦᠭᠰᠢᠭᠦᠷᠢ᠎ᠶᠢ ᠠᠷᠭᠠᠴᠠᠭᠠᠬᠤ ᠪᠤᠢ ︖ ᠣᠯᠠᠨ᠎ᠢᠶᠠᠷ᠎ᠢᠶᠡᠨ ᠲᠣᠰ ᠪᠡᠶ᠎ᠡ᠎ᠶᠢᠨ ᠬᠠᠮᠠᠭᠠᠯᠠᠯᠲᠠ᠎ᠪᠠᠨ ᠬᠡᠷᠬᠢᠨ ᠰᠠᠶᠢᠲᠤᠷ ᠬᠢᠬᠦ ᠪᠣᠶ ︖ ᠨᠡᠶᠢᠭᠡᠮ ᠨᠡᠢᠳᠡ᠎ᠶᠢᠨ ᠠᠩᠬᠠᠷᠤᠯ ᠪᠤᠯᠵᠤ ᠪᠠᠶᠢᠭ᠎ᠠ ᠡᠳᠡᠭᠡᠷ ᠠᠰᠠᠭᠤᠳᠠᠯ᠎ᠤᠨ ᠲᠤᠬᠠᠶ ᠰᠢᠨᠬᠤᠸᠠ ᠬᠣᠷᠢᠶᠠᠨ᠎ᠤ ᠰᠤᠷᠪᠤᠯᠵᠢᠯᠠᠭᠴᠢ ᠬᠠᠮᠢᠶ᠎ᠠ ᠪᠦᠬᠦᠢ ᠲᠤᠰᠬᠠᠶ ᠮᠡᠷᠭᠡᠵᠢᠯᠲᠡᠨ᠎ᠢ ᠰᠤᠷᠪᠤᠯᠵᠢᠯᠠᠵᠤ ᠂ ᠤᠴᠢᠷ ᠤᠬᠠᠭᠠᠨ᠎ᠢ᠎ᠨᠢ ᠬᠠᠶᠢᠵᠠᠶ ᠃
ᠳᠦᠪᠯᠡᠷᠡᠯ ᠴᠡᠭ ᠨᠢᠭᠡ ᠄ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠳᠠᠬᠰᠠᠳ᠎ᠤᠨ ᠬᠠᠯᠳᠠᠪᠤᠷᠢᠯᠠᠬᠤ ᠴᠢᠨᠠᠷ᠎ᠨᠢ ᠶᠠᠮᠠᠷ ᠪᠤᠢ ︖
ᠲᠣᠭ᠎ᠠ ᠪᠠᠷᠢᠮᠲᠠ᠎ᠳ᠋ᠤ ᠢᠯᠡᠷᠡᠭᠦᠯᠦᠭᠰᠡᠨ᠎ᠢᠶᠠᠷ ᠂ 31 ᠮᠤᠵᠢ ︵ ᠥᠪᠡᠷᠲᠡᠭᠡᠨ ᠵᠠᠰᠠᠬᠤ ᠣᠷᠣᠨ ᠂ ᠰᠢᠭᠤᠳ ᠬᠠᠷᠢᠶ᠎ᠠ ᠬᠣᠲᠠ ︶ ᠪᠣᠯᠤᠨ ᠰᠢᠨᠵᠢᠶᠠᠩ᠎ᠤᠨ ᠦᠶᠯᠡᠳᠪᠦᠷᠢᠯᠡᠯ ᠪᠥᠲᠥᠭᠡᠨ ᠪᠠᠶᠢᠭᠤᠯᠤᠯᠲᠠ᠎ᠶᠢᠨ ᠪᠢᠩᠲ᠋ᠤᠸᠠᠨ᠎ᠳ᠋ᠤ 4 ᠰᠠᠷ᠎ᠠ᠎ᠶᠢᠨ 11᠎ᠤ ᠡᠳᠦᠷ᠎ᠲᠤ ᠡᠪᠡᠳᠴᠢᠨ᠎ᠤ ᠢᠯᠡᠷᠡᠯ ᠥᠬᠡᠶ ᠬᠠᠯᠳᠠᠪᠤᠷᠢᠯᠠᠭᠳᠠᠬᠴᠢ ᠰᠢᠨ᠎ᠡ᠎ᠪᠠᠷ 63 ᠨᠡᠮᠡᠭᠳᠡᠵᠤ ᠂ ᠡᠭᠦᠨ᠎ᠳ᠋ᠤ ᠬᠢᠯᠢ᠎ᠶᠢᠨ ᠭᠠᠳᠠᠨ᠎ᠠ᠎ᠡᠴᠠ ᠤᠷᠤᠵᠥ ᠢᠷᠡᠭᠰᠡᠨ ᠡᠪᠡᠳᠴᠢᠨ᠎ᠤ ᠢᠯᠡᠷᠡᠯ ᠥᠬᠡᠶ ᠬᠠᠯᠳᠠᠪᠤᠷᠢᠯᠠᠭᠳᠠᠬᠴᠢ 12 ᠪᠤᠢ ︔ ᠲᠣᠰ ᠡᠳᠦᠷ᠎ᠲᠤ ᠣᠨᠣᠰᠢᠯᠠᠭᠰᠠᠨ ᠡᠪᠡᠳᠴᠢᠨ᠎ᠤ ᠵᠢᠱᠢᠶ᠎ᠡ ᠪᠤᠯᠤᠭᠰᠠᠠ᠎ᠨᠢ 14 ︵ ᠬᠢᠯᠢ᠎ᠶᠢᠨ ᠭᠠᠳᠠᠨ᠎ᠠ᠎ᠡᠴᠠ ᠣᠷᠣᠵᠥ ᠢᠷᠡᠭᠰᠡᠨ ᠵᠢᠱᠢᠶ᠎ᠡ 14 ︶ ᠪᠤᠢ ︔ ᠠᠨᠠᠭᠠᠬᠤ ᠤᠬᠠᠭᠠᠨ᠎ᠤ ᠠᠵᠢᠬᠯᠠᠯᠲᠠ ᠬᠢᠵᠥ ᠪᠠᠢᠭ᠎ᠠ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠳᠠᠬᠴᠢ 1086 ᠵᠢᠱᠢᠶ᠎ᠡ ︵ ᠬᠢᠯᠢ᠎ᠶᠢᠨ ᠭᠠᠳᠠᠨ᠎ᠠ᠎ᠡᠴᠠ ᠤᠷᠤᠵᠥ ᠢᠷᠡᠭᠰᠡᠨ᠎ᠨᠢ 332 ︶ ᠪᠤᠢ ᠬᠡᠵᠥ ᠮᠡᠳᠡᠬᠦᠯᠪᠡ ᠃
ᠳᠤᠮᠳᠠᠳᠤ ᠣᠷᠣᠨ᠎ᠤ ᠰᠢᠨᠵᠢᠯᠡᠬᠦ ᠤᠬᠠᠭᠠᠨ ᠲᠸᠭᠨᠢᠢᠡ ᠮᠡᠷᠭᠡᠵᠢᠯ᠎ᠤᠨ ᠶᠡᠬᠡ ᠰᠤᠷᠭᠠᠭᠤᠯᠢ᠎ᠶᠢᠨ ᠲᠦᠩ ᠵᠢᠢ ᠠᠨᠠᠭᠠᠬᠤ ᠤᠬᠠᠭᠠᠨ᠎ᠤ ᠳᠡᠭᠡᠳᠦ ᠰᠤᠷᠭᠠᠭᠤᠯᠢ᠎ᠶᠢᠨ ᠤᠯᠠᠨ ᠨᠡᠶᠢᠲᠡ᠎ᠶᠢᠨ ᠡᠷᠡᠭᠦᠯ ᠬᠠᠮᠠᠭᠠᠯᠠᠯ᠎ᠤᠨ ᠳᠡᠭᠡᠳᠦ ᠰᠤᠷᠭᠠᠭᠤᠯᠢ᠎ᠶᠢᠨ ᠫᠷᠤᠹᠸᠰᠰᠤᠷ ᠸᠧᠢ ᠬᠤᠤ ᠄ ︽ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠳᠠᠬᠰᠠᠳ᠎ᠤᠨ ᠬᠠᠯᠳᠠᠪᠤᠷᠢᠯᠠᠬᠤ ᠴᠢᠨᠠᠷ᠎ᠨᠢ ᠠᠳᠠᠯᠢ ᠪᠤᠰᠤ ᠪᠠᠶᠢᠳᠠᠯ᠎ᠲᠠᠢ ᠂ ᠬᠡᠷᠪᠡ ᠦᠬᠠᠨ᠎ᠳ᠋ᠤ ᠡᠳᠦᠢ ᠤᠯᠠᠨ ᠡᠳᠦᠷ ᠲᠤᠰᠠᠭᠠᠷᠯᠠᠭᠰᠠᠨ᠎ᠤ ᠲᠠᠷᠠᠭ᠎ᠠ ᠰᠠᠶᠢ ᠣᠯᠵᠤ ᠮᠡᠳᠡᠭᠰᠡᠨ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠳᠠᠬᠴᠢ ᠪᠤᠯ ᠬᠠᠯᠳᠠᠪᠤᠷᠢᠯᠠᠬᠤ ᠴᠢᠨᠠᠷ᠎ᠨᠢ ᠲᠤᠩ ᠳᠣᠣᠷ᠎ᠠ ᠪᠠᠶᠢᠳᠠᠭ ᠃ ᠬᠡᠷᠪᠡ ᠭᠠᠳᠠᠭᠠᠳᠤ᠎ᠶᠢᠨ ᠶᠠᠭ ᠬᠢᠵᠢᠭ ᠦᠷᠪᠢᠰᠦᠨ ᠳᠡᠯᠭᠡᠷᠡᠵᠦ ᠪᠠᠶᠢᠭ᠎ᠠ ᠭᠠᠵᠠᠷ ᠣᠷᠣᠨ᠎ᠡᠴᠠ ᠪᠤᠴᠠᠵᠤ ᠢᠷᠡᠭᠰᠡᠨ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠳᠠᠬᠴᠢ ᠪᠤᠯ ᠬᠠᠯᠳᠠᠪᠤᠷᠢᠯᠠᠬᠤ ᠴᠢᠨᠠᠷ᠎ᠨᠢ ᠮᠠᠰᠢ ᠥᠨᠳᠥᠷ ᠪᠠᠶᠢᠳᠠᠭ ᠃ ᠠᠳᠠᠯᠢ ᠪᠤᠰᠤ ᠪᠠᠢᠳᠠᠯ ᠬᠤᠪᠢᠶᠠᠵᠤ ᠂ ᠲᠣᠰ ᠲᠤᠰᠲᠤᠨᠢ ᠮᠠᠭᠠᠳᠯᠠᠬᠤ ᠬᠡᠷᠡᠭᠲᠡᠶ ︾ ᠬᠡᠨ᠎ᠡ ᠃
ᠲᠥᠪ᠎ᠤᠨ ᠵᠢᠭᠠᠨ ᠵᠢᠯᠣᠭᠣᠳᠬᠤ ᠳᠤᠭᠤᠶᠢᠯᠠᠩ᠎ᠤᠨ ᠲᠤᠰᠬᠠᠶ ᠮᠡᠷᠭᠡᠵᠢᠯᠲᠡᠨ᠎ᠤ ᠳᠤᠭᠤᠶᠢᠯᠠᠩ᠎ᠤᠨ ᠪᠦᠷᠢᠯᠳᠦᠬᠦᠨ ᠂ ᠪᠡᠭᠡᠵᠢᠩ᠎ᠤᠨ ᠴᠤᠤᠶᠠᠩ ᠡᠮᠨᠡᠯᠭᠡ᠎ᠶᠢᠨ ᠬᠣᠷᠢᠶᠠᠨ᠎ᠤ ᠳᠡᠳ᠋ ᠳᠠᠷᠤᠭ᠎ᠠ ᠲᠦᠩ ᠴᠤᠤ ᠬᠤᠢ᠎ᠶᠢᠨ ᠲᠠᠨᠢᠯᠴᠠᠭᠤᠯᠤᠭᠰᠠᠨ᠎ᠢᠶᠠᠷ ᠂ ᠡᠪᠡᠳᠴᠢᠨ᠎ᠤ ᠢᠯᠡᠷᠡᠯ ᠥᠬᠡᠶ ᠬᠠᠯᠳᠠᠪᠤᠷᠢᠯᠠᠭᠳᠠᠬᠰᠠᠳᠢ ᠬᠣᠶᠠᠷ ᠲᠥᠷᠥᠯ᠎ᠳ᠋ᠤ ᠬᠤᠪᠢᠶᠠᠨ᠎ᠠ ᠄ ᠨᠢᠭᠡ ᠲᠥᠷᠥᠯ᠎ᠨᠢ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠢᠶᠠᠷ ᠣᠨᠣᠰᠢᠯᠠᠬᠰᠠᠨ ᠡᠪᠡᠳᠴᠢᠲᠡᠨ ᠂ ᠵᠥᠪᠬᠡᠨ ᠨᠢᠭᠤᠭᠳᠠᠮᠠᠯ ᠬᠤᠭᠤᠴᠠᠭᠠᠨ᠎ᠳᠠᠭᠠᠨ ᠪᠠᠶᠢᠵᠤ ᠂ ᠡᠪᠡᠳᠴᠢᠨ᠎ᠤ ᠢᠯᠡᠷᠡᠯ ᠥᠬᠡᠶ ᠂ ᠲᠡᠳᠡᠨ᠎ᠢ ᠢᠯᠭᠠᠨ ᠳᠣᠲᠣᠯᠠᠵᠤ ᠣᠨᠣᠰᠢᠯᠠᠬᠰᠠᠨ ᠡᠪᠡᠳᠴᠢᠲᠡᠨ᠎ᠤ ᠬᠠᠮᠢᠶᠠᠷᠤᠯᠲᠠ᠎ᠳ᠋ᠤ ᠣᠷᠣᠭᠤᠯᠬᠤ ᠬᠡᠷᠡᠭᠲᠡᠢ ︔ ᠨᠦᠭᠦᠭᠡ ᠨᠢᠭᠡ ᠲᠦᠷᠦᠯ᠎ᠨᠢ ᠶᠠᠮᠠᠷ ᠴᠤ ᠡᠪᠡᠳᠴᠢᠨ᠎ᠤ ᠢᠯᠡᠷᠡᠯ ᠦᠭᠡᠢ ᠂ ᠶᠠᠮᠠᠷ ᠴᠤ ᠪᠠᠢᠴᠠᠭᠠᠯᠳᠠ᠎ᠶᠢᠨ ᠵᠢᠷᠤᠬ ᠳᠦᠷᠰᠦ᠎ᠶᠢᠨ ᠬᠤᠪᠢᠷᠠᠯᠲᠠ ᠦᠭᠡᠢ ᠂ ᠳᠡᠳᠡᠬᠡᠷ᠎ᠨᠢ ᠪᠤᠯ ᠵᠢᠩᠬᠢᠨᠢ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠳᠠᠬᠴᠢ ᠮᠥᠨ ᠂ ᠲᠡᠳᠡ ᠡᠪᠡᠳᠴᠢᠲᠡᠨ ᠪᠢᠰᠢ ᠂ ᠵᠥᠪᠬᠡᠨ ᠪᠥᠭᠡᠮ ᠬᠦᠴᠢᠯ᠎ᠤᠨ ᠪᠠᠶᠢᠴᠠᠭᠠᠯᠲᠠ᠎ᠨᠢ ᠠᠷᠭ᠎ᠠ ᠴᠢᠨᠠᠷᠲᠠᠢ ᠪᠠᠢᠭ᠎ᠠ ᠲᠡᠳᠦᠢ ᠃
ᠲᠦᠩ ᠴᠤᠤ ᠬᠤᠢ ᠂ ᠠᠨᠠᠭᠠᠬᠤ ᠤᠬᠠᠭᠠᠨ᠎ᠤ ᠡᠭᠦᠳᠡᠨ᠎ᠡᠴᠠ ᠦᠵᠡᠪᠡᠯ ᠂ ᠡᠪᠡᠳᠴᠢᠨ᠎ᠤ ᠢᠯᠡᠷᠡᠯ ᠥᠬᠡᠶ ᠬᠠᠯᠳᠠᠪᠤᠷᠢᠯᠠᠭᠰᠠᠳ ᠵᠣᠬᠢᠬᠤ ᠬᠠᠯᠳᠠᠪᠤᠷᠢᠯᠠᠬᠤ ᠴᠢᠨᠠᠷᠲᠠᠢ ᠪᠣᠯᠪᠠᠴᠤ ᠬᠠᠯᠳᠠᠪᠤᠷᠢᠯᠠᠬᠤ ᠴᠢᠳᠠᠪᠤᠷᠢ᠎ᠨᠢ ᠨᠡᠯᠢᠶᠡᠳ ᠪᠠᠭᠤᠷᠠᠶ ᠂ ᠬᠠᠯᠳᠠᠪᠤᠷᠢᠯᠠᠬᠤ ᠴᠢᠨᠠᠷ᠎ᠨᠢ ᠡᠪᠡᠳᠴᠢᠨ᠎ᠤ ᠢᠯᠡᠷᠡᠯ᠎ᠲᠠᠢ ᠬᠠᠯᠳᠠᠪᠤᠷᠢᠯᠠᠭᠰᠠᠳ᠎ᠡᠴᠠ ᠬᠣᠯᠠ ᠳᠣᠤᠷ᠎ᠠ ᠪᠠᠶᠢᠳᠠᠭ ᠃ ︽ ᠨᠠᠶᠢᠲᠠᠭᠠᠬᠤ ᠂ ᠬᠠᠨᠢᠶᠠᠬᠤ ᠵᠡᠷᠭᠡ ᠢᠯᠡᠷᠡᠯ ᠦᠭᠡᠢ ᠪᠣᠯ ᠂ ᠸᠢᠷᠦ᠋ᠰ᠎ᠲᠠᠢ ᠦᠰᠦᠷᠳᠡᠰᠦ ᠠᠮᠢᠰᠬᠤᠯ᠎ᠤᠨ ᠵᠠᠮ᠎ᠤᠨ ᠳᠤᠲᠤᠷ᠎ᠠ᠎ᠡᠴᠠ ᠭᠠᠳᠠᠭᠰᠢᠯᠠᠵᠤ ᠳᠡᠢᠯᠬᠦ ᠦᠭᠡᠢ ᠪᠠᠢᠵᠤ ᠂ ᠲᠠᠷᠬᠠᠬᠤ ᠵᠠᠪᠰᠢᠶᠠᠨ ᠬᠠᠷᠢᠴᠠᠩᠭᠤᠶ ᠪᠠᠭ᠎ᠠ ᠪᠠᠢᠲᠠᠭ ︾ ᠭᠡᠵᠦ ᠢᠯᠡᠳᠭᠡᠪᠡ ᠃
ᠳᠦᠪᠯᠡᠷᠡᠯ ᠴᠡᠭ ᠬᠣᠶᠠᠷ ᠄ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠰᠠᠳ ᠬᠢᠵᠢᠭ᠎ᠤᠨ ᠪᠠᠶᠢᠳᠠᠯ᠎ᠢ ᠳᠠᠬᠢᠨ ᠡᠭᠦᠰᠭᠡᠨ᠎ᠡ ᠤᠤ ︖
4 ᠰᠠᠷ᠎ᠠ᠎ᠶᠢᠨ 8᠎ᠤ ᠡᠳᠦᠷ ᠂ 76 ᠡᠳᠦᠷ ᠬᠠᠭᠠᠭᠰᠠᠨ ᠦᠬᠠᠨ᠎ᠡᠴᠠ ᠭᠠᠷᠬᠤ ᠵᠠᠮ᠎ᠢ ᠳᠠᠬᠢᠨ ᠨᠡᠭᠡᠭᠡᠵᠦ ᠂ ᠦᠬᠠᠨ ︽ ᠬᠤᠷᠢᠭ᠎ᠠ᠎ᠪᠠᠨ ᠲᠠᠢᠯᠵᠤ ︾ ᠂ ᠠᠵᠢᠯ᠎ᠢᠶᠡᠨ ᠰᠡᠷᠭᠦᠭᠡᠵᠦ ᠦᠢᠯᠡᠳᠪᠦᠷᠢᠯᠡᠯ᠎ᠢᠶᠡᠨ ᠰᠡᠷᠭᠦᠭᠡᠭᠰᠡᠨ᠎ᠤ ᠳᠠᠷᠠᠭ᠎ᠠ ᠂ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠰᠠᠳ᠎ᠤᠨ ᠬᠠᠯᠳᠠᠪᠤᠷᠢᠯᠠᠬᠤ ᠠᠶᠤᠯ ᠲᠦᠭᠰᠢᠭᠦᠷᠢ᠎ᠨᠢ ᠬᠥᠮᠦᠰ᠎ᠤᠨ ᠠᠩᠬᠠᠷᠤᠯ᠎ᠢ ᠲᠠᠲᠠᠬᠤ ᠪᠤᠯᠪᠠ ᠃
︽ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠲᠠᠭᠴᠢ ᠪᠠᠶᠢᠭ᠎ᠠ᠎ᠨᠢ ᠬᠠᠯᠳᠠᠪᠤᠷᠢᠲᠤ ᠡᠪᠡᠳᠴᠢᠨ᠎ᠤ ᠵᠢᠮ᠎ᠡ ᠶᠣᠰᠣ ᠮᠥᠨ ᠂ ᠤᠯᠠᠭᠠᠨ ᠨᠣᠳ ᠂ ᠬᠠᠯᠳᠠᠪᠤᠷᠢᠲᠤ ᠲᠠᠭᠰᠢᠭᠤᠷ ᠂ SARS ᠵᠡᠷᠭᠡ᠎ᠨᠢ ᠴᠥᠮ ᠵᠣᠬᠢᠬᠤ ᠬᠠᠷᠢᠴᠠᠯ ᠪᠦᠬᠦᠢ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠲᠠᠭᠴᠢᠲᠠᠢ ᠪᠠᠶᠢᠭᠰᠠᠠ ᠶᠤᠮ ᠂ ᠭᠡᠪᠡᠴᠤ ᠲᠡᠳᠡ ᠴᠥᠮ ᠸᠢᠷᠦ᠋ᠰ᠎ᠢ ᠨᠡᠶᠢᠭᠡᠮ ᠳᠡᠭᠡᠷ᠎ᠡ ᠶᠡᠬᠡ᠎ᠪᠠᠷ ᠬᠠᠯᠳᠠᠪᠤᠷᠢᠯᠠᠨ ᠲᠠᠷᠬᠠᠭᠠᠭᠰᠠᠨ ᠦᠭᠡᠢ ︾ ᠃ ᠲᠦᠩ ᠴᠤᠤ ᠬᠤᠢ ᠂ 2003 ᠣᠨ᠎ᠤ SARS ᠪᠣᠯᠤᠨ ᠡᠮᠦᠨᠡᠬᠢ ᠬᠤᠭᠤᠴᠠᠭᠠᠨ᠎ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠲᠠᠬᠤᠯ ᠡᠪᠡᠳᠴᠢᠨ᠎ᠤ ᠰᠤᠳᠤᠯᠤᠯ᠎ᠤᠨ ᠪᠠᠶᠢᠴᠠᠭᠠᠯᠲᠠ᠎ᠶᠢᠨ ᠭᠡᠷᠡᠴᠢ ᠪᠠᠷᠢᠮᠲᠠ᠎ᠨᠢ ᠴᠥᠮ ᠡᠪᠡᠳᠴᠢᠨ᠎ᠤ ᠢᠯᠡᠷᠡᠯ ᠥᠬᠡᠶ ᠬᠠᠯᠳᠠᠪᠤᠷᠢᠯᠠᠭᠰᠠᠳ᠎ᠲᠤ ᠵᠣᠬᠢᠬᠤ ᠬᠠᠯᠳᠠᠪᠤᠷᠢᠲᠤ ᠴᠢᠨᠠᠷᠲᠠᠢ ᠭᠡᠳᠡᠭ᠎ᠢ ᠭᠡᠷᠡᠴᠢᠯᠡᠪᠡ ᠂ ᠭᠡᠪᠡᠴᠦ ᠬᠠᠯᠳᠠᠪᠤᠷᠢᠯᠠᠬᠤ ᠴᠢᠨᠠᠷ ᠂ ᠲᠠᠷᠬᠠᠬᠤ ᠴᠢᠨᠠᠷ᠎ᠨᠢ ᠬᠢᠵᠠᠭᠠᠷ᠎ᠲᠠᠶ ᠪᠠᠶᠢᠵᠤ ᠂ ᠬᠥᠮᠦᠰ᠎ᠤᠨ ᠬᠤᠭᠤᠷᠤᠨᠳᠤᠬᠢ ᠶᠡᠬᠡ ᠬᠡᠪᠴᠢᠶᠡᠨ᠎ᠤ ᠲᠠᠷᠬᠠᠯᠲᠠ᠎ᠶᠢ ᠡᠭᠦᠰᠭᠡᠬᠦ ᠥᠬᠡᠶ ᠶᠤᠮ ᠃ ᠡᠮᠨᠡᠯᠭᠡ᠎ᠶᠢᠨ ᠬᠣᠷᠢᠶ᠎ᠠ ᠂ ᠡᠪᠡᠳᠴᠢᠨ ᠡᠮᠭᠡᠭ᠎ᠢ ᠰᠡᠷᠭᠡᠶᠢᠯᠡᠨ ᠡᠵᠡᠮᠳᠡᠬᠦ ᠪᠠᠶᠢᠭᠤᠯᠤᠮᠵᠢ ᠬᠠᠯᠳᠠᠪᠤᠷᠢᠲᠤ ᠡᠪᠡᠳᠴᠢᠨ᠎ᠢ ᠰᠡᠷᠭᠡᠶᠢᠯᠡᠨ ᠵᠠᠰᠠᠬᠤ ︽ ᠳᠥᠷᠪᠡᠨ ᠡᠷᠲᠡ ︾᠎ᠶᠢᠨ ᠱᠠᠭᠠᠷᠳᠠᠯᠭ᠎ᠠ᠎ᠶᠢ ᠭᠦᠶᠴᠡᠳ ᠨᠠᠶᠢᠳᠠᠪᠤᠷᠢᠵᠢᠭᠤᠯᠳᠠᠭ ᠯᠠ ᠶᠤᠮ ᠪᠣᠯ ᠳᠠᠷᠤᠶ ᠡᠪᠡᠳᠴᠢᠨ᠎ᠤ ᠢᠯᠡᠷᠡᠯ ᠥᠬᠡᠶ ᠬᠠᠯᠳᠠᠪᠤᠷᠢᠯᠠᠭᠲᠠᠭᠰᠠᠳᠤᠨ ᠬᠠᠯᠳᠠᠪᠤᠷᠢᠯᠠᠬᠤ ᠲᠦᠭᠰᠢᠭᠦᠷᠢ᠎ᠶᠢ ᠰᠠᠶᠢᠲᠤᠷ ᠬᠢᠵᠠᠭᠠᠷᠯᠠᠵᠤ ᠴᠢᠳᠠᠨ᠎ᠠ ᠭᠡᠪᠡ ᠃
︽ ᠡᠪᠡᠳᠴᠢᠨ᠎ᠤ ᠢᠯᠡᠷᠡᠯ ᠥᠬᠡᠶ ᠬᠠᠯᠳᠠᠪᠤᠷᠢᠯᠠᠭᠰᠠᠳ ᠬᠢᠵᠢᠭ᠎ᠤᠨ ᠪᠠᠶᠢᠳᠠᠯ᠎ᠢ ᠳᠠᠬᠢᠨ ᠡᠭᠦᠰᠭᠡᠨ᠎ᠡ ᠤᠤ ᠥᠬᠡᠢ ᠤᠤ ᠂ ᠡᠨᠡ᠎ᠨᠢ ᠰᠡᠷᠭᠡᠶᠢᠯᠡᠨ ᠡᠵᠡᠮᠳᠡᠬᠦ ᠠᠵᠢᠯ᠎ᠤᠨ ᠣᠪᠣᠷ ᠪᠠ ᠴᠢᠳᠠᠪᠤᠷᠢ᠎ᠡᠴᠠ ᠲᠣᠭᠳᠠᠭᠠᠭᠳᠠᠨ᠎ᠠ ᠃ ᠬᠡᠷᠪᠡ ᠬᠦᠨᠳᠦᠳᠬᠡᠨ ᠦᠵᠡᠬᠦ ᠦᠭᠡᠢ ᠪᠣᠯ ᠵᠥᠪᠬᠡᠨ ᠴᠦᠬᠡᠨ ᠬᠡᠳᠦᠨ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠲᠠᠭᠴᠢ ᠴᠦ ᠡᠪᠡᠳᠴᠢᠨ ᠡᠮᠭᠡᠭ᠎ᠤᠨ ᠲᠠᠷᠬᠠᠯᠲᠠ᠎ᠶᠢ ᠡᠭᠦᠰᠭᠡᠵᠦ ᠮᠡᠳᠡᠨ᠎ᠡ ︔ ᠬᠡᠷᠪᠡ ᠪᠢᠳᠡ ᠴᠢᠬᠤᠯᠠᠴᠢᠯᠠᠵᠦ ᠦᠵᠡᠪᠡᠯ ᠂ ᠡᠪᠡᠳᠴᠢᠨ᠎ᠤ ᠢᠯᠡᠷᠡᠯ ᠦᠬᠡᠢ ᠬᠠᠯᠳᠠᠪᠤᠷᠢᠯᠠᠭᠲᠠᠭᠴᠢ ᠪᠠᠢᠭᠰᠠᠨ ᠴᠤ ᠂ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ᠎ᠶᠢ ᠪᠦᠲᠦᠮᠵᠢᠲᠡᠶ ᠨᠠᠶᠢᠳᠠᠪᠤᠷᠢᠵᠢᠭᠤᠯᠵᠤ ᠂ ᠨᠢᠭᠡ᠎ᠶᠢ ᠣᠯᠵᠤ ᠮᠡᠳᠡᠪᠡᠯ ᠨᠢᠭᠡ᠎ᠶᠢ ᠬᠠᠮᠢᠶᠠᠷᠤᠨ ᠡᠵᠡᠮᠳᠡᠵᠦ ᠂ ᠢᠯᠡᠷᠡᠭᠦᠯᠬᠦ ᠪᠠ ᠬᠠᠮᠢᠶᠠᠷᠤᠨ ᠡᠵᠡᠮᠳᠡᠬᠦ ᠠᠵᠢᠯ᠎ᠢ ᠯᠠᠪᠳᠠᠭᠤᠨ ᠪᠠᠲᠤᠲᠠᠶ ᠰᠠᠶᠢᠲᠤᠷ ᠬᠢᠳᠡᠭ ᠯᠡ ᠶᠤᠮ ᠪᠣᠯ ᠠᠰᠠᠭᠤᠳᠠᠯ ᠥᠬᠡᠶ ᠶᠤᠮ ᠃ ᠳᠤᠮᠳᠠᠳᠤ ᠤᠯᠤᠰ᠎ᠤᠨ ᠡᠪᠡᠳᠴᠢᠨ ᠡᠮᠭᠡᠭ᠎ᠢ ᠰᠡᠷᠭᠡᠶᠢᠯᠡᠨ ᠡᠵᠡᠮᠳᠡᠬᠦ ᠲᠥᠪ᠎ᠤᠨ ᠡᠷᠡᠭᠦᠯ ᠬᠠᠮᠠᠭᠠᠯᠠᠯ᠎ᠤᠨ ᠪᠠᠴᠢᠮ ᠪᠠᠶᠢᠳᠠᠯ᠎ᠢ ᠠᠷᠭᠠᠴᠠᠭᠠᠬᠤ ᠲᠥᠪ᠎ᠤᠨ ᠡᠷᠬᠢᠯᠡᠭᠴᠢ ᠯᠢ ᠴᠢᠶᠦ᠋ᠨ ᠂ ᠣᠳᠣᠬᠠᠨ᠎ᠳ᠋ᠤ ᠡᠯ᠎ᠡ ᠲᠠᠯ᠎ᠠ᠎ᠶᠢᠨ᠎ᠬᠢᠨ ᠨᠢᠭᠡᠨᠲᠡ ᠡᠪᠡᠳᠴᠢᠨ᠎ᠤ ᠢᠯᠡᠷᠡᠯ ᠥᠬᠡᠶ ᠬᠠᠯᠳᠠᠪᠤᠷᠢᠯᠠᠭᠰᠠᠳ᠎ᠤᠨ ᠰᠡᠷᠭᠡᠶᠢᠯᠡᠨ ᠡᠵᠡᠮᠳᠡᠬᠦ ᠠᠵᠢᠯ᠎ᠢ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠨ ᠦᠵᠡᠵᠦ ᠂ ᠲᠤᠰᠬᠠᠶ ᠮᠡᠷᠭᠡᠵᠢᠯ᠎ᠤᠨ ᠰᠠᠯᠠᠭ᠎ᠠ ᠮᠥᠴᠢᠷ᠎ᠤᠨ ᠬᠢᠨᠠᠨ ᠬᠡᠮᠵᠢᠬᠦ ᠠᠵᠢᠯ ᠲᠠᠰᠤᠷᠠᠯᠲᠠ ᠥᠬᠡᠶ ᠴᠢᠩᠭᠠᠷᠠᠵᠤ ᠂ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠪᠠ ᠶᠠᠪᠤᠴᠠ ᠲᠠᠰᠤᠷᠠᠯᠲᠠ ᠥᠬᠡᠶ ᠰᠢᠯᠢᠳᠡᠭᠵᠢᠵᠦ ᠂ ᠭᠣᠤᠯᠳᠠᠯᠭ᠎ᠠ᠎ᠲᠠᠢ ᠬᠥᠮᠦᠰ᠎ᠢ ᠵᠢᠭᠰᠠᠭᠠᠨ ᠪᠠᠶᠢᠴᠠᠭᠠᠬᠤ ᠠᠵᠢᠯ ᠴᠤ ᠦᠷᠭᠦᠯᠵᠢᠯᠡᠨ ᠥᠷᠨᠢᠵᠦ ᠪᠠᠶᠢᠨ᠎ᠠ ᠂ ᠡᠪᠡᠳᠴᠢᠨ᠎ᠤ ᠢᠯᠡᠷᠡᠯ ᠥᠬᠡᠶ ᠬᠠᠯᠳᠠᠪᠤᠷᠢᠯᠠᠭᠰᠠᠳ ᠬᠢᠵᠢᠭ᠎ᠤᠨ ᠪᠠᠶᠢᠳᠠᠯ᠎ᠢ ᠶᠡᠬᠡ᠎ᠪᠠᠷ ᠡᠭᠦᠰᠬᠡᠨ᠎ᠡ ᠭᠡᠵᠦ ᠳᠡᠩᠳᠡᠭᠦᠤ ᠰᠠᠨᠠᠭ᠎ᠠ ᠵᠣᠪᠠᠭᠰᠠᠨᠤ ᠬᠡᠷᠡᠭ ᠥᠬᠡᠶ ᠭᠡᠵᠦ ᠦᠵᠡᠪᠡ ᠃
ᠲᠦᠪᠯᠡᠷᠡᠯ ᠴᠡᠭ ᠭᠤᠷᠪᠠ ᠄ ᠤᠯᠠᠠᠢᠶᠠᠷᠢᠶᠡᠨ ᠶᠠᠭᠠᠬᠢᠵᠤ ᠰᠡᠷᠭᠡᠢᠯᠡᠡ ᠬᠠᠮᠠᠭᠠᠯᠠᠪᠠᠯ ᠵᠤᠬᠢᠯᠲᠠᠢ ᠪᠤᠢ ︖
ᠨᠢᠭᠡ ᠪᠦᠯᠦᠭ ᠡᠪᠡᠳᠴᠢᠨ᠎ᠤ ᠢᠯᠡᠷᠡᠯ ᠦᠭᠡᠢ ᠬᠠᠯᠲᠠᠪᠤᠷᠢᠯᠠᠭᠲᠠᠭᠰᠠᠳᠡᠴᠠ ᠠᠶᠤᠨ ᠡᠮᠢᠶᠡᠵᠦ ᠪᠠᠢᠭ᠎ᠠ ᠰᠡᠳᠭᠢᠯᠭᠡ᠎ᠳ᠋ᠤ ᠵᠤᠷᠢᠭᠤᠯᠤᠨ ᠂ ᠲᠦᠩ ᠴᠤᠤ ᠬᠤᠢ ᠂ ᠤᠨᠤᠰᠢᠯᠠᠠ ᠲᠤᠲᠤᠯᠠᠭᠰᠠᠠ ᠡᠪᠡᠳᠴᠢᠲᠠᠳ᠎ᠲᠠᠢ ᠨᠢᠭᠲᠠ ᠤᠢᠷᠠᠲᠤᠭᠰᠠᠠ ᠪᠤᠯ ᠡᠪᠡᠳᠴᠢᠨ᠎ᠤ ᠢᠯᠡᠷᠡᠯ ᠦᠭᠡᠢ ᠬᠠᠯᠲᠠᠪᠤᠷᠢᠯᠠᠭᠲᠠᠭᠰᠠᠳᠤᠨ ᠬᠠᠮᠤᠭ᠎ᠤᠨ ᠭᠤᠤᠯ ᠢᠷᠡᠯᠲᠡ ᠮᠦᠨ ᠂ ᠰᠢᠨ᠎ᠠ ᠲᠢᠲᠢᠮᠯᠢᠭ ᠠᠭᠤᠰᠬᠢᠨ ᠦᠷᠪᠢᠰᠦᠯ᠎ᠤᠨ ᠡᠪᠡᠳᠴᠢᠲᠠᠠ᠎ᠲᠠᠢ ᠤᠢᠷᠠᠲᠤᠭᠰᠠᠠ ᠦᠭᠡᠢ ᠪᠤᠯ ᠶᠡᠷᠦ᠎ᠶᠢᠨ ᠪᠠᠢᠲᠠᠯ ᠲᠤᠤᠷ᠎ᠠ ᠬᠠᠯᠲᠠᠪᠤᠷᠢᠯᠠᠬᠤ ᠦᠭᠡᠢ ᠂ ᠠᠶᠤᠨ ᠡᠮᠢᠶᠡᠭᠰᠡᠡᠤ ᠭᠡᠷᠡᠭ ᠠᠯᠠᠭ᠎ᠠ ᠭᠡᠵᠦ ᠢᠯᠡᠳᠭᠡᠪᠡ ᠃
ᠯᠢ ᠴᠢᠶᠦᠢᠨ ᠄ ︽ ᠤᠯᠠᠠᠢᠶᠠᠷᠢᠶᠡᠨ ᠬᠠᠯᠲᠠᠪᠤᠷᠢᠯᠠᠭᠲᠠᠬᠤ ᠠᠶᠤᠯ ᠲᠦᠭᠰᠢᠬᠦᠷᠢ᠎ᠶᠢ ᠰᠡᠷᠭᠡᠢᠯᠡᠬᠦ ᠤᠬᠠᠮᠰᠠᠷ᠎ᠲᠠᠢ ᠪᠠᠢᠬᠤ ᠭᠡᠷᠡᠭᠲᠡᠢ ᠂ ᠭᠡᠲᠡᠯ᠎ᠠ ᠲᠡᠩᠲᠡᠭᠦᠦ ᠵᠤᠪᠠᠨᠢᠬᠤ ᠭᠡᠷᠡᠭ ᠦᠭᠡᠢ ᠂ ᠤᠷᠴᠢᠨ ᠲᠤᠭᠤᠷᠢᠨ᠎ᠳ᠋ᠤ ᠴᠢᠨᠢ ᠡᠪᠡᠳᠴᠢᠠᠤ ᠢᠯᠡᠷᠡᠯ ᠦᠭᠡᠢ ᠬᠠᠯᠲᠠᠪᠤᠷᠢᠯᠠᠭᠲᠠᠭᠰᠠᠳ ᠪᠠᠢᠬᠤ ᠡᠰᠡᠬᠦ᠎ᠶᠢ ᠢᠯᠭᠠᠠ ᠮᠡᠲᠡᠬᠦ᠎ᠶᠢᠨ ᠠᠷᠭ᠎ᠠ ᠦᠭᠡᠢ ᠪᠤᠯ ᠬᠤᠪᠢ ᠬᠦᠮᠦᠨ᠎ᠤ ᠰᠡᠷᠭᠡᠢᠯᠡᠠ ᠬᠠᠮᠠᠭᠠᠯᠠᠯᠲᠠ᠎ᠪᠠᠨ ᠰᠠᠢᠨ ᠬᠢᠬᠦ ᠪᠤᠯ ᠬᠠᠮᠤᠭ᠎ᠤᠨ ᠴᠢᠬᠤᠯᠠ ᠪᠠᠢᠲᠠᠭ ︾ ᠭᠡᠵᠦ ᠬᠡᠯᠡᠪᠡ ᠃
ᠲᠤᠰᠬᠠᠢ ᠮᠡᠷᠭᠡᠵᠢᠯᠲᠠᠳ ᠂ ᠡᠪᠡᠳᠴᠢᠨ᠎ᠤ ᠢᠯᠡᠷᠡᠯ ᠦᠭᠡᠢ ᠪᠦᠭᠡᠳ ᠤᠨᠤᠰᠢᠯᠠᠠ ᠲᠤᠲᠤᠯᠠᠭᠰᠠᠠ ᠡᠪᠡᠳᠴᠢᠲᠠᠠ᠎ᠲᠠᠢ ᠤᠢᠷᠠᠲᠤᠭᠰᠠᠠ ᠰᠡᠵᠢᠭᠯᠡᠯ ᠦᠭᠡᠢ ᠡᠩ᠎ᠤᠨ ᠬᠦᠮᠦᠨ ᠂ ᠪᠦᠭᠡᠮ ᠬᠦᠴᠢᠯ᠎ᠤᠨ ᠪᠠᠢᠴᠠᠭᠠᠯᠲᠠ ᠬᠢᠯᠭᠡᠬᠦ ᠴᠢᠬᠤᠯᠠ ᠦᠭᠡᠢ ᠂ ᠡᠭᠡᠯ ᠵᠢᠷ᠎ᠤᠨ ᠤᠯᠠᠠ ᠬᠦᠮᠦᠰ᠎ᠢ ᠲᠤᠮᠤ ᠬᠡᠪᠴᠢᠶ᠎ᠠ᠎ᠲᠠᠢ ᠰᠤᠭᠤᠴᠢᠨ ᠪᠠᠢᠴᠠᠭᠠᠬᠤ ᠭᠡᠷᠡᠭ ᠦᠭᠡᠢ ᠂ ᠮᠦᠨ ᠴᠤ ᠢᠩᠭᠢᠬᠦ ᠴᠢᠬᠤᠯᠠ ᠦᠭᠡᠢ ᠃ ᠤᠯᠠᠠᠢᠶᠠᠷᠢᠶᠡᠨ ᠬᠤᠪᠢ ᠬᠦᠮᠦᠨ᠎ᠤ ᠰᠡᠷᠭᠡᠢᠯᠡᠡ ᠬᠠᠮᠠᠭᠠᠯᠠᠯᠲᠠ᠎ᠪᠠᠨ ᠰᠠᠢᠨ ᠬᠢᠵᠦ ᠂ ᠡᠷᠡᠭᠦᠯ ᠬᠠᠮᠠᠭᠠᠯᠠᠯ᠎ᠤᠨ ᠰᠠᠢᠨ ᠲᠠᠳᠬᠠᠯ᠎ᠲᠠᠢ ᠪᠠᠢᠵᠦ ᠂ ᠰᠢᠮ᠎ᠠ ᠲᠡᠵᠢᠭᠡᠯ᠎ᠢᠶᠡᠨ ᠨᠦᠬᠦᠵᠤ ᠂ ᠰᠠᠢᠨ ᠠᠮᠠᠷᠠᠵᠦ ᠂ ᠲᠤᠰ ᠪᠡᠶ᠎ᠠ᠎ᠶᠢᠨ ᠦᠯᠦ ᠬᠠᠯᠲᠠᠭᠠᠬᠤ ᠴᠢᠲᠠᠪᠤᠷᠢ᠎ᠪᠠᠨ ᠲᠡᠭᠡᠭᠰᠢᠯᠡᠭᠦᠯᠬᠦ ᠴᠢᠬᠤᠯᠠᠲᠠᠢ ᠭᠡᠵᠦ ᠨᠡᠢᠲᠡᠮ ᠦᠵᠡᠵᠡᠭᠡᠵᠦ ᠪᠤᠢ ᠃
ᠵᠢᠷᠤᠮᠵᠢᠯ᠎ᠲᠠᠢ ᠰᠡᠷᠭᠡᠢᠯᠡᠡ ᠬᠠᠮᠠᠭᠠᠯᠠᠬᠤ᠎ᠨᠢ ᠮᠦᠨ ᠴᠤ ᠲᠤᠩ ᠴᠢᠬᠤᠯᠠ ᠪᠠᠢᠲᠠᠭ ᠂ ︽ ᠪᠢᠲᠠ ᠪᠠᠰᠠ ᠵᠠᠷᠢᠮ ᠰᠠᠨᠠᠮᠰᠠᠷ ᠦᠭᠡᠢ ᠠᠵᠢᠯᠯᠠᠭ᠎ᠠ ᠬᠢᠵᠦ ᠂ ᠵᠠᠷᠢᠮ ᠮᠠᠭᠤ ᠲᠠᠳᠬᠠᠯ᠎ᠢᠶᠡᠨ ᠠᠩᠬᠠᠷᠴᠤ ᠤᠯᠤᠭᠠᠲᠤᠢ ᠪᠠᠢᠬᠤ ᠮᠠᠭᠠᠳ ᠂ ᠵᠢᠱᠢᠶᠡᠯᠡᠪᠡᠯ ᠭᠠᠷ᠎ᠢᠶᠠᠷ᠎ᠢᠶᠡᠨ ᠠᠮᠠᠪᠴᠢᠶᠢᠨᠢᠶᠡᠨ ᠭᠠᠲᠠᠷ ᠲᠠᠯ᠎ᠠ᠎ᠶᠢ ᠲᠡᠮᠲᠡᠷᠬᠢᠯᠡᠴᠢᠭᠡᠭᠡᠳ ᠲᠠᠬᠢᠭᠠᠳ ᠨᠢᠲᠤ᠎ᠪᠠᠨ ᠨᠤᠬᠤᠯᠬᠤ ︾ ᠃ ᠯᠢ ᠴᠢᠶᠦᠢᠨ ᠂ ᠤᠯᠠᠠᠢᠶᠠᠷᠢᠶᠡᠨ ᠨᠢᠭᠡ ᠲᠠᠯ᠎ᠠ᠎ᠪᠠᠷ ᠲᠤᠰ ᠪᠡᠶ᠎ᠠ᠎ᠶᠢᠨ ᠰᠡᠷᠭᠡᠢᠯᠡᠡ ᠬᠠᠮᠠᠭᠠᠯᠠᠯᠲᠠ᠎ᠪᠠᠨ ᠰᠠᠢᠨ ᠬᠢᠬᠦ ᠤᠬᠠᠮᠰᠠᠷ᠎ᠲᠠᠢ ᠪᠠᠢᠵᠦ ᠂ ᠨᠦᠬᠦᠭᠡ ᠲᠠᠯ᠎ᠠ᠎ᠪᠠᠷ ᠭᠡᠷᠬᠢᠨ ᠵᠢᠷᠤᠮᠵᠢᠯ᠎ᠲᠠᠢ ᠰᠡᠷᠭᠡᠢᠯᠡᠡ ᠬᠠᠮᠠᠭᠠᠯᠠᠯᠲᠠ ᠬᠢᠨ᠎ᠠ ᠭᠡᠲᠡᠭ᠎ᠢ ᠮᠡᠲᠡᠬᠦ ᠴᠢᠬᠤᠯᠠᠲᠠᠢ ︾ ᠭᠡᠵᠦ ᠬᠡᠯᠡᠪᠡ ᠃
︽ ᠬᠢᠵᠢᠭ᠎ᠤᠨ ᠪᠠᠢᠲᠠᠯ ᠦᠩᠭᠡᠷᠡᠭᠰᠡᠡᠤ ᠲᠠᠷᠠᠭ᠎ᠠ ᠂ ᠤᠯᠠᠠᠢᠶᠠᠷᠢᠶᠡᠨ ᠡᠷᠡᠭᠦᠯ ᠬᠠᠮᠠᠭᠠᠯᠠᠯ᠎ᠤᠨ ᠰᠠᠢᠨ ᠲᠠᠳᠬᠠᠯ᠎ᠲᠠᠢ ᠪᠤᠯᠬᠤ᠎ᠶᠢ ᠬᠦᠰᠡᠵᠦ ᠪᠠᠢᠨ᠎ᠠ ᠂ ᠡᠨᠡ᠎ᠨᠢ ᠰᠢᠨ᠎ᠠ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠢᠲᠠᠯ᠎ᠢ ᠰᠡᠷᠭᠡᠢᠯᠡᠬᠦ᠎ᠳ᠋ᠤ ᠠᠰᠢᠭᠲᠠᠢᠪᠠᠷ ᠪᠠᠷᠠᠬᠤ ᠦᠭᠡᠢ ᠪᠤᠰᠤᠳ ᠬᠠᠯᠲᠠᠪᠤᠷᠢᠲᠦ ᠡᠪᠡᠳᠴᠢᠨ᠎ᠢ ᠰᠡᠷᠭᠡᠢᠯᠡᠡ ᠡᠵᠡᠮᠲᠡᠬᠦ᠎ᠳ᠋ᠤ ᠪᠠᠰᠠ ᠠᠰᠢᠭᠲᠠᠢ ︾ ᠃ ᠠᠮᠠᠪᠴᠢᠶᠢᠨᠢᠶᠡᠨ ᠠᠷᠢᠭᠤᠠ ᠴᠡᠪᠡᠷ᠎ᠢ ᠬᠠᠮᠠᠭᠠᠯᠠᠵᠦ ᠂ ᠭᠠᠷ᠎ᠢᠶᠡᠨ ᠦᠷᠬᠦᠯᠵᠢ ᠤᠬᠢᠶᠠᠵᠦ ᠂ ᠨᠡᠢᠭᠡᠮ᠎ᠤᠨ ᠬᠠᠷᠢᠯᠴᠠᠭᠠᠠᠤ ᠵᠠᠢ᠎ᠶᠢ ᠪᠠᠷᠢᠮᠲᠠᠯᠠᠬᠤ ᠵᠡᠷᠭᠡ ᠡᠷᠡᠭᠦᠯ ᠬᠠᠮᠠᠭᠠᠯᠠᠯ᠎ᠤᠨ ᠰᠠᠢᠨ ᠲᠠᠳᠬᠠᠯ᠎ᠢᠶᠡᠨ ᠦᠷᠬᠦᠯᠵᠢᠯᠡᠡ ᠪᠠᠷᠢᠮᠲᠠᠯᠠᠪᠠᠯ ᠵᠤᠬᠢᠨ᠎ᠠ ᠭᠡᠵᠦ ᠤᠯᠠᠠ ᠲᠤᠰᠬᠠᠢ ᠮᠡᠷᠭᠡᠵᠢᠯᠲᠠᠠ ᠬᠡᠯᠡᠵᠦ ᠪᠠᠢᠨ᠎ᠠ ᠃
︵ ᠰᠢᠨᠬᠤᠸᠠ ᠬᠤᠷᠢᠶᠠᠨ᠎ᠤ ᠦᠬᠠᠨ᠎ᠤ 4 ᠰᠠᠷ᠎ᠠ᠎ᠶᠢᠨ 12᠎ᠤᠨ ᠴᠠᠬᠢᠯᠭᠠᠨ ᠮᠡᠳᠡᠬᠡ᠎ᠡᠴᠠ ︶
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠠᠷᠢᠭᠤᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃