2020-04-29 10:53:14
ᠬᠡᠨᠡᠳᠳᠡ ᠡᠭᠦᠰᠦᠭᠰᠡᠨ ᠰᠢᠨ᠎ᠡ ᠳᠢᠳᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶᠢᠳᠠᠯ ᠤᠯᠭᠠᠰᠤᠨ ᠰᠢᠷᠦᠭᠦᠰᠴᠦ ᠂ ᠬᠦᠮᠦᠨ ᠠᠷᠠᠳ᠎ᠢ ᠶᠡᠭᠡᠳᠡ ᠰᠦᠷᠳᠡᠭᠦᠯᠦᠯᠡ ᠃
ᠬᠢᠵᠢᠭ᠎ᠤᠨ ᠪᠠᠶᠢᠳᠠᠯ ᠪᠤᠯ ᠵᠠᠷᠯᠢᠭ ᠂ ᠰᠡᠷᠭᠡᠶᠢᠯᠡᠨ ᠡᠵᠡᠮᠳᠡᠭᠦ ᠪᠤᠯ ᠬᠠᠷᠢᠭᠤᠴᠠᠯᠭ᠎ᠠ ᠂ ᠠᠵᠢᠯ᠎ᠤᠨ ᠪᠠᠶᠢᠷᠢ ᠪᠤᠯ ᠳᠠᠶᠢᠯᠠᠯᠳᠤᠭᠠᠨ᠎ᠤ ᠳᠠᠯᠠᠪᠤᠷ ᠪᠢᠯᠡ ᠃ ᠬᠢᠵᠢᠭ᠎ᠲᠠᠢ ᠨᠢᠭᠤᠷᠯᠠᠨ ᠳᠠᠶᠢᠨ ᠵᠠᠷᠯᠠᠭᠰᠠᠨ ︽ ᠦᠬᠦᠯ ᠰᠡᠭᠡᠯ ︾᠎ᠤᠨ ᠬᠠᠳᠠᠭᠤ ᠰᠢᠷᠦᠭᠦᠨ ᠳᠠᠶᠢᠯᠠᠯᠳᠤᠭᠠᠨ ᠦᠪᠦᠷ ᠮᠤᠩᠭᠤᠯ᠎ᠤᠨ ᠦᠨᠴᠦᠭ ᠪᠤᠯᠤᠩ ᠦᠬᠡᠢ ᠶᠠᠪᠤᠭᠳᠠᠨ ᠪᠦᠬᠦ ᠤᠷᠤᠨ᠎ᠤ ᠡᠯ᠎ᠠ ᠠᠵᠢᠯ᠎ᠤᠨ ᠹᠷᠣᠨᠲ᠎ᠤᠨ᠎ᠬᠢᠨ 24 ᠴᠠᠭ᠎ᠢᠶᠠᠷ ᠵᠢᠵᠢᠭᠦᠷᠯᠡᠬᠦ ᠳᠦᠷᠢᠮ᠎ᠢ ᠬᠡᠷᠡᠭᠵᠢᠭᠦᠯᠤᠨ ᠂ ᠳᠠᠯ᠎ᠠ ᠨᠤᠳᠤᠭ᠎ᠤᠨ 2500 ᠭᠠᠷᠤᠢ ᠲᠦᠮᠡᠨ ᠠᠷᠠᠳ ᠤᠯᠠᠨ ᠪᠦᠬᠦ ᠤᠯᠤᠰ᠎ᠤᠨ ᠠᠷᠠᠳ ᠲᠦᠮᠡᠨ᠎ᠲᠠᠢ ᠮᠥᠷᠥ ᠵᠡᠷᠭᠡᠴᠡᠨ ᠡᠷᠴᠢ ᠵᠤᠷᠢᠭ᠎ᠢᠶᠡᠨ ᠬᠦᠪᠴᠢᠯᠡᠨ ᠳᠠᠶᠢᠯᠠᠯᠳᠤᠭᠠᠨ᠎ᠤ ᠳᠠᠯᠠᠪᠤᠷ᠎ᠲᠤ ᠰᠢᠭᠤᠷᠬᠠᠶᠢᠯᠠᠪᠠ ᠃
ᠠᠯᠳᠠᠨ ᠠᠮᠢ᠎ᠪᠠᠨ ᠠᠷᠠᠳ᠎ᠲᠠᠭᠠᠨ ᠡᠷᠭᠦᠭᠰᠡᠨ ᠠᠷᠤᠤᠬᠠᠨ ᠪᠠᠭᠠᠳᠤᠷ
ᠠᠶᠤᠯ᠎ᠳᠤ ᠬᠢᠵᠢᠭ᠎ᠲᠠᠢ ᠳᠡᠮᠡᠴᠡᠭᠦ ᠳᠤᠮᠳᠠ ᠂ ᠬᠢᠩᠭᠠᠨ ᠠᠢᠮᠠᠭ᠎ᠤᠨ ᠬᠤᠷᠴᠢᠨ ᠪᠠᠷᠠᠭᠤᠨ ᠭᠠᠷᠤᠨ ᠡᠮᠦᠨᠡᠳᠤ ᠬᠤᠰᠢᠭᠤᠨ᠎ᠤ ᠴᠠᠷᠠᠰᠤᠨ ᠪᠠᠯᠭᠠᠰᠤᠨ᠎ᠤ ᠱᠠᠭᠠᠷᠭᠠᠨ ᠭᠠᠴᠠᠭᠠᠨ᠎ᠤ ᠪᠤᠤ ᠴᠠᠩ ᠮᠢᠩ ᠦᠪᠡᠷ᠎ᠢᠶᠡᠨ ᠪᠡᠶ᠎ᠡ ᠵᠡᠮᠳᠡᠭ ᠪᠠᠢᠭᠰᠠᠨ ᠴᠦ ᠵᠣᠪᠠᠭᠤᠷᠢ ᠵᠦᠳᠡᠭᠦᠷᠢ᠎ᠶᠢ ᠬᠦᠯᠢᠴᠡᠨ ᠲᠡᠰᠪᠦᠷᠢᠯᠡᠨ ᠨᠢᠭᠡᠨ ᠭᠠᠴᠠᠭᠠᠨ᠎ᠤ ᠡᠮᠴᠢ᠎ᠶᠢᠨ ᠡᠭᠦᠷᠭᠡ ᠬᠠᠷᠢᠭᠤᠴᠠᠯᠭ᠎ᠠ᠎ᠪᠠᠨ ᠭᠦᠶᠴᠡᠳᠬᠡᠨ ᠂ ᠪᠥᠬᠥ ᠰᠡᠳᠬᠢᠯ ᠪᠥᠬᠥ ᠵᠣᠷᠢᠭ᠎ᠢᠶᠠᠷ᠎ᠢᠶᠡᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠠᠵᠢᠯ᠎ᠳ᠋ᠤ ᠣᠷᠣᠯᠴᠠᠵᠤ ᠂ ᠠᠮᠢ ᠨᠠᠰᠤᠨ᠎ᠤ ᠡᠴᠦᠰ᠎ᠤᠨ ᠨᠢᠭᠡ ᠮᠥᠴᠡ ᠪᠣᠯᠲᠠᠯ᠎ᠠ᠎ᠪᠠᠨ ᠠᠵᠢᠯᠯᠠᠵᠠᠢ ᠃
1 ᠰᠠᠷ᠎ᠠ᠎ᠶᠢᠨ 13᠎ᠤ ᠡᠳᠦᠷ ᠂ ᠵᠠᠩ ᡁᠢ ᠭᠦᠧᠧ ᠦᠬᠠᠨ ᠬᠤᠳᠠ᠎ᠡᠴᠠ ᠨᠤᠳᠤᠭ᠎ᠲᠠᠭᠠᠨ ᠪᠤᠴᠠᠨ ᠢᠷᠡᠵᠤ ᠂ ᠭᠠᠴᠠᠭᠠᠨ᠎ᠤ ᠠᠷᠠᠳ ᠪᠦᠬᠦᠨ᠎ᠢᠶᠠᠷ᠎ᠢᠶᠡᠨ ᠬᠢᠴᠢᠶᠡᠵᠤ ᠪᠠᠢᠬᠤ᠎ᠳ᠋ᠤ ᠪᠤᠤ ᠴᠠᠩ ᠮᠢᠩ ᠡᠮᠴᠢ ᠬᠦᠮᠦᠨ᠎ᠤ ᠳᠠᠷᠬᠠᠨ ᠬᠠᠷᠢᠭᠤᠴᠠᠯᠭ᠎ᠠ᠎ᠶᠢ ᠡᠪᠦᠷᠯᠡᠨ ᠂ ᠳᠡᠭᠦᠨ᠎ᠤ ᠪᠠᠢᠳᠠᠯ᠎ᠢ ᠡᠳᠦᠷ ᠪᠦᠷᠢ ᠠᠵᠢᠬᠯᠠᠵᠤ ᠪᠠᠢᠯ᠎ᠠ ᠃ ︽ ᠪᠦᠦ ᠡᠮᠴᠢ ᠮᠠᠨ᠎ᠤ ᠭᠡᠷ᠎ᠲᠤ ᠢᠷᠡᠭᠰᠡᠨ ᠬᠠᠮᠤᠭ᠎ᠤᠨ ᠰᠡᠭᠦᠯᠴᠢ᠎ᠶᠢᠨ ᠤᠳᠠᠭ᠎ᠠ ᠪᠣᠯ ᠴᠠᠭᠠᠨ ᠰᠠᠷ᠎ᠠ᠎ᠶᠢᠨ ᠰᠢᠨ᠎ᠡ᠎ᠶᠢᠨ ᠬᠣᠶᠠᠷ᠎ᠤᠨ ᠦᠳᠡ᠎ᠶᠢᠨ 12 ᠴᠠᠭ ᠪᠣᠯᠤᠨ᠎ᠠ ᠂ ᠤᠷᠢᠳ᠎ᠢᠶᠠᠷ ᠪᠡᠶ᠎ᠡ᠎ᠶᠢᠨ ᠬᠠᠯᠠᠭᠤᠨ᠎ᠢ ᠬᠡᠮᠵᠢᠵᠦ ᠂ ᠳᠠᠷᠠᠭ᠎ᠠ᠎ᠨᠢ ᠪᠡᠶ᠎ᠡ᠎ᠶᠢ ᠪᠠᠢᠴᠠᠭᠠᠵᠤ ᠂ ᠮᠢᠨᠦ ᠠᠯᠢᠪᠠ ᠪᠦᠬᠦᠨ ᠬᠡᠪ᠎ᠤᠨ ᠪᠠᠢᠳᠠᠯ᠎ᠲᠠᠢ ᠪᠠᠢᠬᠤ᠎ᠶᠢ ᠦᠵᠡᠭᠡᠳ ᠲᠡᠷᠡ ᠮᠠᠰᠢ ᠪᠠᠶᠠᠷᠯᠠᠵᠤ ᠪᠠᠢᠭᠰᠠᠨ ︾ ᠭᠡᠵᠦ ᠵᠠᠩ ᡁᠢ ᠭᠦᠸᠧ ᠡᠷᠭᠢᠴᠡᠭᠦᠯᠦᠨ ᠬᠡᠯᠡᠪᠡ ᠃ ᠴᠠᠭᠠᠨ ᠰᠠᠷ᠎ᠠ᠎ᠶᠢᠨ ᠰᠢᠨ᠎ᠡ᠎ᠶᠢᠨ ᠬᠣᠶᠠᠷ ᠂ ᠳᠠᠷᠤᠢ 1 ᠰᠠᠷ᠎ᠠ᠎ᠶᠢᠨ 26᠎ᠤ ᠡᠳᠦᠷ ᠪᠢᠯᠡ ᠃ ᠳᠤᠰ ᠡᠳᠦᠷ᠎ᠤᠨ 9 ᠄ 59 ᠴᠠᠭ᠎ᠲᠤ ᠪᠦᠦ ᠴᠠᠩ ᠮᠢᠩ ᠵᠢᠷᠬᠢᠶ᠎ᠡ᠎ᠪᠠᠷ ᠪᠠᠯᠭᠠᠰᠤᠨ᠎ᠤ ᠡᠷᠡᠭᠦᠯ ᠬᠠᠮᠠᠭᠠᠯᠠᠯ᠎ᠤᠨ ᠬᠣᠷᠢᠶᠠᠨ᠎ᠳ᠋ᠤ ᠭᠠᠳᠠᠨ᠎ᠠ᠎ᠡᠴᠠ ᠢᠷᠡᠭᠰᠡᠨ 3 ᠬᠥᠮᠦᠨ᠎ᠢ ᠳᠡᠩᠰᠡᠯᠡᠵᠦ ᠵᠢᠭᠰᠠᠭᠠᠨ ᠪᠠᠢᠴᠠᠭᠠᠭᠰᠠᠨ ᠪᠠᠢᠳᠠᠯ᠎ᠢᠶᠡᠨ ᠮᠡᠳᠡᠭᠦᠯᠪᠡ ︔ 14 ᠄ 40 ᠴᠠᠭ᠎ᠲᠤ ᠵᠢᠷᠬᠢᠶ᠎ᠡ᠎ᠪᠠᠷ ᠳᠠᠮᠵᠢᠨ ᠱᠠᠭᠠᠷᠭᠠᠨ ᠭᠠᠴᠠᠭᠠᠨ᠎ᠤ ᠵᠥᠪᠯᠡᠯ᠎ᠤᠨ ᠱᠦᠵᠢ᠎ᠳ᠋ᠤ ᠭᠠᠳᠠᠨ᠎ᠠ᠎ᠡᠴᠠ ᠢᠷᠡᠭᠰᠡᠨ 14 ᠬᠥᠮᠦᠨ ᠠᠮᠠ᠎ᠶᠢᠨ ᠪᠡᠶ᠎ᠡ᠎ᠶᠢᠨ ᠳᠤᠯᠠᠭᠠᠨ᠎ᠢ ᠬᠡᠮᠵᠢᠭᠰᠡᠨ ᠪᠦᠷᠢᠳᠬᠡᠯ᠎ᠤᠨ ᠬᠦᠰᠦᠨᠦᠭᠲᠦ᠎ᠪᠠᠨ ᠳᠤᠰᠢᠶᠠᠪᠠ ︔ 19 ᠄ 50 ᠣᠷᠴᠢᠮ ᠂ ᠠᠷᠠᠢ 50 ᠬᠦᠷᠴᠦ ᠪᠠᠢᠭ᠎ᠠ ᠪᠦᠦ ᠴᠠᠩ ᠮᠢᠩ ᠳᠠᠷᠢᠬᠢᠨᠳ᠋ᠤᠨᠢ ᠴᠢᠰᠤ ᠬᠠᠷᠪᠤᠵᠤ ᠭᠡᠨᠡᠳᠲᠡ ᠮᠠᠨᠠᠷᠠᠵᠤ ᠂ 1 ᠰᠠᠷ᠎ᠠ᠎ᠶᠢᠨ 27᠎ᠤ ᠡᠳᠦᠷ᠎ᠤᠨ 10 ᠄ 15 ᠴᠠᠭ᠎ᠲᠤ ᠲᠦᠷᠭᠡᠨ ᠠᠪᠤᠷᠠᠯᠳᠠ ᠬᠢᠭᠡᠳ ᠲᠤᠰᠠ ᠪᠤᠯᠤᠭᠰᠠᠨ ᠥᠬᠡᠶ ᠂ ᠡᠪᠡᠳᠴᠢᠨ᠎ᠲᠠᠢ ᠡᠬᠡᠨᠠᠷ ᠦᠭᠡᠯᠡᠢ ᠪᠤᠯᠤᠭ᠎ᠠ ᠦᠭᠡᠢ ᠦᠷ᠎ᠠ᠎ᠪᠠᠨ ᠤᠷᠬᠢᠭᠠᠳ ᠶᠠᠪᠤᠴᠢᠬᠠᠯ᠎ᠠ ᠃
ᠪᠤᠤ ᠴᠠᠩ ᠮᠢᠩ ᠶᠠᠪᠤᠴᠢᠬᠠᠯ᠎ᠠ ᠂ ᠭᠠᠴᠠᠭᠠᠨ᠎ᠤ ᠠᠷᠠᠳ᠎ᠤᠨ ᠲᠦᠯᠦᠭᠡ ᠭᠠᠯᠵᠠᠭᠤ ᠬᠢᠵᠢᠭ᠎ᠲᠠᠢ ᠳᠡᠮᠡᠴᠡᠭᠡᠳ ᠠᠵᠠ ᠪᠤᠰᠤ᠎ᠪᠠᠷ ᠦᠷᠡᠭᠳᠡᠴᠢᠭᠡᠯᠡ ᠃ 23 ᠵᠢᠯ᠎ᠤᠨ ᠲᠤᠷᠰᠢ ᠦᠢᠯᠡᠴᠢᠯᠡᠭᠰᠡᠨ ᠭᠠᠴᠠᠭᠠᠨ᠎ᠤ ᠠᠷᠠᠳ᠎ᠨᠢ ᠳᠡᠭᠦᠨ᠎ᠢ᠎ᠪᠠᠨ ᠦᠭᠡᠢᠯᠡᠨ᠎ᠡ ᠃ ᠣᠳᠣᠬᠠᠨ ᠪᠣᠯᠲᠠᠯ᠎ᠠ ᠱᠠᠠᠭᠠᠷᠭᠠᠨ ᠭᠠᠴᠠᠭᠠᠨ᠎ᠤ ᠮᠦᠩᠭᠡ ᠪᠦᠦ ᠴᠠᠩ ᠮᠢᠩ ᠨᠠᠰᠤ ᠪᠠᠷᠠᠭᠰᠠᠨ ᠬᠡᠳᠡᠭ᠎ᠢ ᠶᠠᠷᠢᠬᠤ ᠪᠦᠷᠢ ᠄ ︽ ᠳᠡᠷᠡ ᠭᠠᠴᠠᠭᠠᠨ᠎ᠳ᠋ᠤ ᠡᠮᠴᠢᠯᠡᠭᠰᠡᠨ 23 ᠵᠢᠯ᠎ᠤᠨ ᠲᠤᠷᠰᠢ ᠂ ᠪᠢ ᠡᠪᠡᠳᠴᠦ ᠬᠠᠪᠤᠳᠤᠭᠰᠠᠭᠠᠷ ᠯᠠ ᠬᠠᠮᠤᠭ᠎ᠤᠨ ᠳᠦᠷᠦᠭᠦᠨ᠎ᠳ᠋ᠤ ᠲᠡᠭᠦᠨ᠎ᠳ᠋ᠤ ᠤᠲᠠᠰᠤᠳᠠᠬᠤ᠎ᠨᠢ ᠨᠢᠭᠡᠨᠲᠡ ᠨᠢᠭᠡ ᠵᠦᠢᠯ᠎ᠤᠨ ᠳᠠᠳᠬᠠᠯ ᠪᠣᠯᠵᠠᠢ ᠂ ᠣᠳᠣ ᠁ ︾ ᠭᠡᠳ ᠳᠡᠷᠡ ᠮᠡᠭᠰᠢᠨᠡ ᠃
ᠪᠤᠤ ᠴᠠᠩ ᠮᠢᠩ ᠪᠦᠬᠦ ᠤᠷᠤᠨ᠎ᠤ ᠬᠢᠵᠢᠭ᠎ᠲᠠᠢ ᠳᠡᠮᠡᠴᠡᠭᠦ ᠡᠮᠦᠨ᠎ᠡ ᠹᠷᠦᠨᠲ᠎ᠤᠨ ᠡᠯ᠎ᠡ ᠠᠵᠢᠯ᠎ᠤᠨ ᠪᠠᠢᠷᠢ᠎ᠳ᠋ᠤ ᠭᠠᠪᠰᠢᠭᠠᠢᠯᠠᠭᠰᠠᠳᠤᠨ ᠨᠢᠭᠡ᠎ᠨᠢ ᠪᠢᠯᠡ ᠃ ᠪᠦᠬᠦ ᠤᠷᠤᠨ᠎ᠳ᠋ᠤ ᠪᠤᠤ ᠴᠠᠩ ᠮᠢᠩ᠎ᠲᠠᠢ ᠠᠳᠠᠯᠢᠬᠠᠨ᠎ᠢᠶᠠᠷ ᠬᠢᠵᠢᠭ᠎ᠲᠠᠢ ᠳᠡᠮᠡᠴᠡᠭᠦ ᠳᠠᠢᠯᠠᠯᠳᠤᠭᠠᠨ᠎ᠤ ᠳᠠᠯᠠᠪᠤᠷ᠎ᠲᠤ ᠠᠯᠳᠠᠨ ᠠᠮᠢ᠎ᠪᠠᠨ ᠵᠤᠷᠢᠭᠤᠯᠤᠭᠰᠠᠨ ᠪᠠᠭᠠᠳᠤᠷ ᠠᠷᠪᠠᠭᠠᠳ ᠪᠤᠢ ᠃
︽ ᠡᠨᠡ ᠡᠳᠦᠷ ᠮᠢᠨᠦ ᠠᠮᠠᠷᠠᠯᠳᠠ ᠪᠤᠯᠤᠭᠰᠠᠨ ᠴᠦ ᠪᠢ ᠰᠠᠷᠰ ᠡᠪᠡᠳᠴᠢᠨ᠎ᠲᠠᠢ ᠳᠡᠮᠡᠴᠡᠭᠰᠡᠨ ᠳᠤᠷᠰᠢᠯᠭ᠎ᠠ᠎ᠲᠠᠢ ᠂ ᠵᠢᠵᠢᠭᠦᠷᠯᠡᠨ ᠠᠵᠢᠯᠯᠠᠬᠤ ᠠᠶᠠᠨᠴᠢᠨ᠎ᠤ ᠦᠷᠳᠡᠭᠡ ᠴᠦ ᠮᠢᠨᠦ ᠬᠠᠷᠢᠭᠤᠴᠠᠭᠰᠠᠨ ᠬᠠᠷᠢᠶ᠎ᠠ ᠭᠠᠵᠠᠷ ᠪᠤᠯᠬᠤᠷ ᠪᠢ ᠪᠠᠢᠳᠠᠯ᠎ᠢ ᠨᠠᠷᠢᠨ ᠤᠢᠯᠠᠭᠠᠨ᠎ᠠ ︾ ᠭᠡᠵᠤ ᠲᠦᠴᠢᠦᠸᠠᠨ ᠰᠢᠶᠠᠨ᠎ᠤ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ᠎ᠶᠢᠨ ᠴᠠᠭᠳᠠᠭ᠎ᠠ ᠾᠧ ᠵᠢᠶᠡᠨ ᠬᠤᠸᠠ ᠭᠡᠷᠡᠴᠠᠪᠠᠨ ᠭᠠᠷᠬᠤᠡᠴᠠᠪᠠᠨ ᠡᠮᠤᠨ᠎ᠡ ᠡᠬᠡᠨᠠᠷᠲᠤᠪᠠᠨ ᠬᠡᠯᠡᠵᠤ ᠰᠠᠨᠠᠭᠠᠴᠢᠯᠠᠭ᠎ᠠ᠎ᠡᠴᠠ᠎ᠪᠠᠨ ᠳᠠᠢᠯᠠᠯᠳᠤᠭᠠᠨ᠎ᠤ ᠳᠠᠯᠠᠪᠤᠷ᠎ᠲᠤ ᠮᠤᠷᠳᠠᠯᠡ ᠃ ᠡᠨᠡ ᠡᠳᠦᠷ ᠪᠤᠯ ᠴᠠᠭᠠᠨ ᠰᠠᠷ᠎ᠠ᠎ᠶᠢᠨ ᠰᠢᠨ᠎ᠡ᠎ᠶᠢᠨ ᠬᠤᠶᠠᠷ ᠂ 1 ᠰᠠᠷ᠎ᠠ᠎ᠶᠢᠨ 26᠎ᠤ ᠡᠳᠦᠷ ᠪᠤᠯᠤᠨ᠎ᠠ ᠃ ᠠᠶᠠᠨᠴᠢᠨ᠎ᠤ ᠦᠷᠳᠡᠭᠡ᠎ᠳ᠋ᠤ ᠬᠦᠮᠦᠨ ᠤᠯᠠᠨᠳᠠᠢ ᠂ ᠠᠵᠢᠯ ᠦᠷᠨᠢᠭᠦᠯᠬᠦ᠎ᠳ᠋ᠤ ᠶᠠᠷᠰᠢᠭ ᠲᠦᠪᠡᠭ ᠤᠯᠠᠨᠳᠠᠢ ᠃ ᠦᠳᠡ᠎ᠶᠢᠨ ᠡᠮᠦᠨ᠎ᠡ᠎ᠶᠢᠨ 9 ᠴᠠᠭ᠎ᠡᠴᠠ ᠡᠬᠢᠯᠡᠨ ᠳᠡᠷᠡᠪᠡᠷ ᠳᠠᠭᠠᠭᠤᠯᠤᠭᠴᠢ ᠦᠢᠯᠡᠳᠦᠯ ᠦᠵᠡᠭᠦᠯᠦᠨ ᠡᠮᠤᠨ᠎ᠠ ᠹᠷᠤᠨᠲ᠎ᠲᠤ ᠭᠠᠪᠰᠢᠭᠠᠢᠯᠠᠵᠤ ᠂ ᠤᠷᠤᠢ᠎ᠶᠢᠨ 9 ᠴᠠᠭ᠎ᠤᠨ ᠦᠶ᠎ᠠ᠎ᠳ᠋ᠤ ᠳᠡᠷᠡ ᠬᠡᠨᠡᠳᠳᠡ᠎ᠪᠠᠷ ᠳᠠᠷᠢᠬᠢᠨᠳ᠋ᠤᠨᠢ ᠴᠢᠰᠤ ᠬᠠᠷᠪᠤᠭᠰᠠᠨ᠎ᠢᠶᠠᠷ ᠨᠠᠰᠤ ᠪᠠᠷᠠᠪᠠ ᠃ ᠾᠧ ᠵᠢᠶᠠᠨ ᠬᠤᠸᠠ ᠨᠠᠰᠤ ᠪᠠᠷᠠᠭᠰᠠᠨ᠎ᠤ ᠳᠠᠷᠠᠭ᠎ᠠ ᠂ ᠲᠦᠴᠢᠦᠸᠠᠨ ᠰᠢᠶᠠᠨ᠎ᠤ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ ︽ ᠾᠧ ᠵᠢᠶᠠᠨ ᠬᠤᠸᠠ ᠬᠢᠵᠢᠭ᠎ᠤᠨ ᠪᠠᠢᠳᠠᠯ᠎ᠢ ᠡᠰᠡᠷᠭᠦᠴᠡᠬᠦ ᠭᠠᠪᠰᠢᠭᠠᠶ ᠠᠩᠭᠢ ︾ ᠪᠠᠢᠭᠤᠯᠵᠤ ᠂ ᠳᠣᠲᠣᠭᠠᠳᠤ᠎ᠶᠢ ᠬᠠᠮᠠᠭᠠᠯᠠᠬᠤ ᠲᠣᠪᠴᠢᠶᠠᠨ᠎ᠤ ᠥᠷᠭᠡᠨ ᠣᠯᠠᠨ ᠠᠷᠠᠳ᠎ᠤᠨ ᠴᠠᠭᠳᠠᠭ᠎ᠠ ᠨᠠᠷ ᠢᠳᠡᠪᠬᠢᠲᠡᠶ᠎ᠪᠠᠷ ᠴᠤᠤᠷᠢᠶᠠᠲᠤᠨ ᠳᠠᠭᠠᠵᠤ ᠂ ᠰᠠᠨᠠᠭᠠᠴᠢᠯᠠᠭ᠎ᠠ᠎ᠡᠴᠠ᠎ᠪᠠᠨ ᠪᠠᠢᠯᠳᠤᠭᠠᠨ᠎ᠳ᠋ᠤ ᠤᠷᠤᠯᠴᠠᠬᠤ ᠭᠤᠶᠤᠴᠢᠯᠠᠯ᠎ᠤᠨ ᠪᠢᠴᠢᠭ ᠳᠤᠰᠢᠶᠠᠵᠤ ᠪᠠᠢᠯ᠎ᠠ ᠃
ᠳᠠᠢᠯᠠᠯᠳᠤᠭᠠᠨ᠎ᠤ ᠳᠠᠯᠠᠪᠤᠷ᠎ᠲᠤ ᠂ ᠳᠡᠳᠡᠨᠠᠷ ᠪᠡᠶ᠎ᠠ ᠮᠠᠬᠠᠪᠤᠳ᠎ᠤᠨ ᠶᠠᠳᠠᠷᠠᠯ ᠵᠦᠳᠡᠷᠡᠯ᠎ᠢᠶᠡᠨ ᠤᠮᠠᠷᠳᠠᠨ ᠠᠵᠢᠯᠯᠠᠭᠰᠠᠭᠠᠷ ᠬᠢᠵᠢᠭ᠎ᠲᠠᠢ ᠳᠡᠮᠡᠴᠡᠭᠦ ᠳᠠᠢᠯᠠᠯᠳᠤᠭᠠᠨ᠎ᠤ ᠳᠠᠯᠠᠪᠤᠷ᠎ᠲᠤ ᠬᠠᠯᠠᠭᠤᠨ ᠠᠮᠢ᠎ᠪᠠᠨ ᠬᠠᠷᠠᠮ ᠦᠭᠡᠢ ᠵᠣᠷᠢᠭᠤᠯᠤᠯᠡ ᠃
ᠳᠡᠳᠡᠨᠠᠷ ᠢᠳᠡᠷ ᠵᠠᠯᠠᠭᠤ ᠠᠮᠢ ᠨᠠᠰᠤ᠎ᠪᠠᠨ ᠦᠷᠡᠭᠳᠡᠭᠦᠯᠦᠭᠰᠡᠨ ᠴᠦ ᠬᠢᠵᠢᠭ᠎ᠲᠠᠢ ᠳᠡᠮᠡᠴᠡᠭᠦ ᠵᠠᠩᠭᠢᠯᠠᠭ᠎ᠠ᠎ᠶᠢᠨ ᠴᠠᠭ ᠮᠥᠴᠡ᠎ᠳ᠋ᠤ ᠪᠦᠬᠦ ᠬᠦᠴᠦᠨ᠎ᠢᠶᠠᠷ᠎ᠢᠶᠡᠨ ᠵᠢᠳᠬᠦᠳᠡᠭ ᠠᠯᠪᠠᠨ ᠵᠠᠷᠤᠴᠠ᠎ᠶᠢᠨ ᠰᠡᠳᠬᠢᠯᠭᠡ ᠪᠠ ᠬᠠᠷᠠᠮ ᠦᠭᠡᠢ ᠵᠣᠷᠢᠭᠤᠯᠬᠤ ᠵᠣᠷᠢᠭ ᠰᠠᠨᠠᠭ᠎ᠠ᠎ᠨᠢ ᠠᠷᠠᠳ ᠲᠦᠮᠡᠨ᠎ᠤ ᠰᠡᠳᠬᠢᠯ᠎ᠳ᠋ᠤ ᠮᠦᠩᠭᠡᠷᠡᠭᠦᠨᠢ ᠯᠠᠪᠳᠠᠢ ᠃
ᠦᠭᠦᠯᠢ ᠦᠯᠳᠡᠨ ᠠᠮᠢ᠎ᠶᠢ ᠬᠠᠮᠠᠭᠠᠯᠠᠬᠰᠠᠨ ᠡᠮᠴᠢ ᠰᠤᠪᠢᠯᠠᠭᠴᠢ
2 ᠰᠠᠷ᠎ᠠ᠎ᠶᠢᠨ 3᠎ᠤ ᠡᠳᠦᠷ ᠂ ᠴᠠᠭᠠᠨ ᠰᠠᠷ᠎ᠠ᠎ᠶᠢᠨ ᠰᠢᠨ᠎ᠠ᠎ᠶᠢᠨ ᠠᠷᠪᠠᠨ ᠃ ᠤᠯᠠᠭᠠᠨᠬᠠᠳᠠ ᠬᠤᠳᠠ᠎ᠶᠢᠨ 77᠎ᠲᠠᠢ ᠵᠢᠶᠠᠩ ᠤᠪᠤᠭᠳᠤ ᠨᠠᠰᠤᠳᠠᠨ ᠰᠢᠨ᠎ᠠ ᠳᠢᠳᠢᠮᠯᠢᠭ ᠠᠭᠤᠰᠬᠢᠨ ᠦᠷᠪᠢᠰᠦᠯ᠎ᠤᠨ ᠡᠪᠡᠳᠴᠢᠨ᠎ᠤ ᠢᠯᠡᠷᠡᠯ ᠡᠭᠦᠰᠴᠦ ᠂ 4᠎ᠤ ᠡᠳᠦᠷ ᠤᠨᠤᠰᠢᠯᠠᠭᠰᠠᠨ ᠪᠠᠶᠢᠨ᠎ᠠ ᠃ 5᠎ᠤ ᠡᠳᠦᠷ᠎ᠤᠨ 00 ᠄ 38 ᠴᠠᠭ᠎ᠲᠤ ᠨᠠᠰᠤᠳᠠᠨ᠎ᠢ ᠤᠯᠠᠭᠠᠨᠬᠠᠳᠠ ᠬᠤᠳᠠ᠎ᠶᠢᠨ ᠬᠠᠯᠳᠠᠪᠤᠷᠢᠳᠤ ᠡᠪᠡᠳᠴᠢᠨ᠎ᠤ ᠡᠮᠨᠡᠯᠭᠡ᠎ᠶᠢᠨ ᠬᠤᠷᠢᠶ᠎ᠠ ᠳ᠋ᠤ᠋ ᠰᠢᠯᠵᠢᠭᠦᠯᠤᠨ ᠡᠮᠨᠡᠪᠡ ᠃ ᠡᠪᠡᠳᠴᠢᠳᠡᠨ ᠨᠠᠰᠤ ᠠᠬᠢᠭᠰᠠᠨ ᠤᠴᠢᠷ᠎ᠡᠴᠠ ᠠᠪᠤᠷᠠᠨ ᠵᠠᠰᠠᠬᠤ᠎ᠳ᠋ᠤ ᠮᠠᠰᠢ ᠶᠡᠭᠡ ᠬᠦᠴᠢᠷᠳᠡᠯ ᠳᠤᠯᠭᠠᠷᠠᠵᠤ ᠂ ᠢᠯᠠᠩᠭᠤᠶ᠎ᠠ 9᠎ᠤ ᠤᠷᠤᠢ᠎ᠶᠢᠨ 18 ᠄ 50 ᠴᠠᠭ᠎ᠲᠤ ᠂ ᠨᠠᠰᠤᠳᠠᠨ ᠠᠮᠢᠰᠬᠤᠭ᠎ᠠ ᠳᠠᠰᠤᠯᠳᠠᠨ ᠂ ᠵᠢᠷᠤᠭᠡᠨ ᠴᠤᠬᠢᠯᠳᠠ᠎ᠨᠢ ᠭᠡᠨᠡᠳᠳᠡ ᠤᠳᠠᠭᠠᠰᠢᠷᠠᠪᠠ ᠃ ᠡᠮᠴᠢ ᠨᠠᠷ ᠮᠢᠨᠦ᠋ᠲ ᠰᠧᠺᠦᠢᠨ᠋ᠲᠢ ᠠᠮᠵᠢᠨ ᠲᠦᠷᠭᠡᠨ ᠠᠪᠤᠷᠠᠯᠳᠠ ᠬᠢᠭᠰᠡᠨ᠎ᠢᠶᠠᠷ 18 ᠄ 59 ᠴᠠᠭ᠎ᠲᠤ ᠨᠠᠰᠤᠳᠠᠨ᠎ᠤ ᠠᠮᠢ᠎ᠶᠢ ᠡᠷᠯᠢᠭ᠎ᠤᠨ ᠭᠠᠷ᠎ᠡᠴᠠ ᠡᠬᠡᠬᠦᠯᠦᠨ ᠠᠪᠴᠢᠷᠠᠯ᠎ᠠ ᠃ ᠢᠩᠬᠢᠭᠡᠳ ᠦᠪᠡᠷᠳᠡᠭᠡᠨ ᠵᠠᠰᠠᠬᠤ ᠤᠷᠤᠨ ᠵᠢᠴᠢ ᠤᠯᠠᠭᠠᠨᠬᠠᠳᠠ ᠬᠤᠳᠠ᠎ᠶᠢᠨ ᠳᠤᠰᠬᠠᠢ ᠮᠡᠷᠭᠡᠵᠢᠯᠳᠡᠨ᠎ᠤ ᠵᠢᠯᠤᠭᠤᠳᠤᠯᠭ᠎ᠠ ᠳᠤᠤᠷ᠎ᠠ 10 ᠭᠠᠷᠤᠢ ᠰᠤᠪᠢᠯᠠᠭᠴᠢ ᠡᠮᠴᠢ ᠡᠭᠡᠯᠵᠢ ᠬᠠᠯᠠᠭ᠎ᠠ᠎ᠪᠠᠷ ᠨᠠᠷᠢᠯᠢᠭ ᠰᠤᠪᠢᠯᠠᠬᠰᠠᠨᠤ ᠠᠴᠢ᠎ᠪᠠᠷ 15 ᠡᠳᠦᠷ᠎ᠤᠨ ᠳᠠᠷᠠᠭ᠎ᠠ ᠨᠠᠰᠤᠳᠠᠨ᠎ᠤ ᠪᠡᠶ᠎ᠠ ᠳᠡᠩᠭᠡᠷᠡᠵᠠᠢ ᠃
ᠬᠢᠵᠢᠭ᠎ᠲᠠᠢ ᠳᠡᠮᠡᠴᠡᠭᠦ ᠬᠤᠷᠴᠠ ᠰᠢᠷᠦᠭᠦᠨ ᠳᠠᠶᠢᠯᠠᠯᠳᠤᠭᠠᠨ᠎ᠤ ᠴᠠᠭ ᠮᠦᠴᠡ ᠳ᠋ᠤ᠋ ᠂ ᠮᠠᠨ᠎ᠤ ᠤᠷᠤᠨ ︽ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠭᠦ ᠠᠵᠢᠯ᠎ᠢ ᠳᠤᠬᠠᠢ᠎ᠶᠢᠨ ᠦᠶ᠎ᠠ᠎ᠶᠢᠨ ᠬᠠᠮᠤᠭ᠎ᠤᠨ ᠴᠢᠬᠤᠯᠠ ᠠᠵᠢᠯ ᠪᠤᠯᠭᠠᠨ ᠠᠳᠬᠤᠨ ︾ ᠠᠷᠠᠳ ᠣᠯᠠᠨ᠎ᠤ ᠠᠮᠢ ᠨᠠᠰᠤᠨ᠎ᠤ ᠠᠮᠤᠷ ᠲᠦᠪᠰᠢᠨ ᠪᠠ ᠪᠡᠶ᠎ᠡ ᠮᠠᠬᠠᠪᠣᠳ᠎ᠤᠨ ᠡᠷᠡᠭᠦᠯ ᠮᠡᠨᠳᠦ᠎ᠶᠢ ᠲᠡᠷᠢᠭᠦᠨ ᠪᠠᠶᠢᠷᠢᠨ᠎ᠳ᠋ᠤ ᠲᠠᠯᠪᠢᠵᠤ ᠂ ᠭᠠᠯ ᠹᠷᠤᠨᠲ᠎ᠤᠨ ᠡᠯ᠎ᠡ ᠳᠠᠶᠢᠯᠠᠯᠳᠤᠭᠠᠨ᠎ᠤ ᠳᠠᠯᠠᠪᠤᠷ᠎ᠲᠤ ᠵᠠᠪᠠᠯ ᠢᠯᠠᠬᠤ ᠬᠠᠳᠠᠭᠤ ᠡᠭᠦᠷᠭᠡ᠎ᠶᠢ ᠬᠦᠯᠢᠶᠡᠯ᠎ᠠ ᠃
1 ᠰᠠᠷ᠎ᠠ᠎ᠶᠢᠨ 25᠎ᠤ ᠡᠳᠤᠷ ᠂ ᠴᠠᠭᠠᠨ ᠰᠠᠷ᠎ᠠ᠎ᠶᠢᠨ ᠰᠢᠨ᠎ᠡ᠎ᠶᠢᠨ ᠨᠢᠭᠡᠨ ᠂ ᠥᠪᠡᠷᠲᠡᠭᠡᠨ ᠵᠠᠰᠠᠬᠤ ᠣᠷᠣᠨ ᠬᠥᠨᠲᠥ ᠶᠡᠬᠡ ᠭᠡᠨᠡᠳᠲᠡ ᠡᠭᠦᠰᠬᠥ ᠤᠯᠠᠨ ᠨᠡᠶᠢᠲᠡ᠎ᠶᠢᠨ ᠡᠷᠡᠭᠦᠯ ᠬᠠᠮᠠᠭᠠᠯᠠᠯ᠎ᠤᠨ ᠬᠡᠷᠡᠭ᠎ᠤᠨ ᠨᠢᠭᠡᠳᠦᠭᠡᠷ ᠳᠡᠰ᠎ᠤᠨ ᠠᠵᠢᠯᠯᠠᠭ᠎ᠠ᠎ᠶᠢ ᠡᠬᠢᠯᠡᠭᠦᠯᠪᠡ ᠃
1 ᠰᠠᠷ᠎ᠠ᠎ᠶᠢᠨ 26᠎ᠤ ᠡᠳᠦᠷ ᠂ ᠴᠠᠭᠠᠨ ᠰᠠᠷ᠎ᠠ᠎ᠶᠢᠨ ᠰᠢᠨ᠎ᠡ᠎ᠶᠢᠨ ᠬᠤᠶᠠᠷ ᠂ ᠦᠪᠡᠷᠳᠡᠭᠡᠨ ᠵᠠᠰᠠᠬᠤ ᠤᠷᠤᠨ᠎ᠤ ᠡᠷᠡᠭᠦᠯ ᠬᠠᠮᠠᠭᠠᠯᠠᠯ ᠡᠷᠡᠭᠦᠯ ᠮᠡᠨᠳᠤ᠎ᠶᠢᠨ ᠵᠦᠪᠯᠡᠯ ᠵᠠᠷᠯᠢᠭ᠎ᠤᠨ ᠪᠢᠴᠢᠭ ᠳᠠᠷᠬᠠᠭᠠᠵᠤ ᠂ ᠪᠦᠬᠦ ᠤᠷᠤᠨ᠎ᠤ ᠦᠷᠭᠡᠨ ᠤᠯᠠᠨ ᠡᠮᠴᠢ ᠠᠵᠢᠯᠳᠠᠨ᠎ᠢ ᠵᠢᠯ ᠴᠠᠭᠠᠨ ᠰᠠᠷ᠎ᠠ᠎ᠶᠢᠨ ᠠᠮᠠᠷᠠᠯᠳᠠ᠎ᠶᠢᠨ ᠴᠠᠭ᠎ᠢᠶᠡᠨ ᠦᠷᠡᠭᠳᠡᠭᠦᠯᠦᠨ ᠂ ᠠᠶᠤᠯ᠎ᠢ ᠰᠦᠷᠦᠨ ᠂ ᠬᠢᠵᠢᠭ᠎ᠲᠠᠢ ᠳᠡᠮᠡᠴᠡᠭᠦ ᠡᠮᠤᠨ᠎ᠡ ᠹᠷᠤᠨᠲ᠎ᠲᠤ ᠡᠷᠡᠯᠭᠡᠭᠯᠡᠨ ᠮᠤᠷᠳᠠᠬᠤ᠎ᠶᠢ ᠤᠷᠢᠶᠠᠯᠠᠪᠡ ᠃
ᠨᠢᠭᠡ ᠤᠳᠠᠭᠠᠨ᠎ᠤ ᠤᠳᠤᠭ᠎ᠠ ᠦᠭᠡᠢ ᠳᠠᠶᠢᠨ ᠪᠦᠬᠦ ᠳᠠᠯ᠎ᠠ᠎ᠪᠠᠷ ᠡᠬᠢᠯᠡᠯ᠎ᠡ ᠃
1 ᠰᠠᠷ᠎ᠠ᠎ᠶᠢᠨ 26᠎ᠤ ᠡᠳᠦᠷ ᠂ ᠬᠢᠵᠢᠭ᠎ᠤᠨ ᠪᠠᠴᠢᠮ ᠪᠠᠶᠢᠳᠠᠯ᠎ᠢ ᠠᠷᠭᠠᠴᠠᠭᠠᠬᠤ᠎ᠶᠢᠨ ᠳᠤᠰᠠᠳᠠ ᠂ ᠦᠪᠦᠷ ᠮᠤᠩᠭᠤᠯ᠎ᠤᠨ ᠦᠨᠳᠦᠰᠦᠳᠡᠨ᠎ᠤ ᠶᠡᠭᠡ ᠰᠤᠷᠭᠠᠭᠤᠯᠢ᠎ᠶᠢᠨ ᠬᠠᠷᠢᠶᠠᠳᠤ ᠡᠮᠨᠡᠯᠭᠡ᠎ᠶᠢᠨ ᠬᠤᠷᠢᠶ᠎ᠠ ᠡᠮᠴᠢᠯᠡᠬᠦ ᠂ ᠰᠤᠪᠢᠯᠠᠬᠤ ᠂ ᠵᠠᠰᠠᠭ᠎ᠤᠨ ᠶᠠᠪᠤᠳᠠᠯ ᠵᠡᠷᠭᠡ ᠡᠮᠴᠢ ᠠᠵᠢᠯᠳᠠᠨ᠎ᠢᠶᠠᠷ ᠪᠦᠷᠢᠯᠳᠦᠭᠰᠡᠨ ᠨᠢᠭᠡᠨ ᠰᠠᠯᠠᠭ᠎ᠠ ᠬᠤᠰᠢᠭᠤᠴᠢ ᠠᠩᠬᠢ᠎ᠶᠢ ᠪᠠᠶᠢᠭᠤᠯᠪᠠ ︔
1 ᠰᠠᠷ᠎ᠠ᠎ᠶᠢᠨ 28᠎ᠤ ᠡᠳᠦᠷ ᠂ ᠪᠠᠶᠠᠠᠨᠠᠭᠤᠷ ᠬᠤᠳᠠ᠎ᠶᠢᠨ ᠡᠮᠨᠡᠯᠭᠡ᠎ᠶᠢᠨ ᠬᠤᠷᠢᠶ᠎ᠠ ᠵᠢᠷᠬᠢᠶ᠎ᠠ᠎ᠶᠢᠨ ᠬᠤᠯᠪᠤᠭ᠎ᠠ᠎ᠳᠠᠭᠠᠨ ᠬᠢᠵᠢᠭ᠎ᠤᠨ ᠪᠠᠶᠢᠳᠠᠯ᠎ᠢ ᠰᠠᠷᠭᠡᠶᠢᠯᠡᠨ ᠡᠵᠡᠮᠳᠡᠭᠦ ᠪᠠᠴᠢᠮ ᠪᠠᠶᠢᠳᠠᠯ᠎ᠢ ᠠᠷᠭᠠᠴᠠᠭᠠᠬᠤ ᠠᠩᠬᠢ ᠪᠠᠶᠢᠭᠤᠯᠬᠤ ᠬᠡᠰᠡᠨᠳ᠋ᠦ ᠂ ᠤᠬᠤᠷᠬᠠᠨ 6 ᠴᠠᠭ᠎ᠤᠨ ᠳᠤᠳᠤᠷ᠎ᠠ ᠪᠦᠬᠦ ᠡᠮᠨᠡᠯᠭᠡ᠎ᠶᠢᠨ ᠬᠤᠷᠢᠶ᠎ᠠ᠎ᠶᠢᠨ 800 ᠭᠠᠷᠤᠢ ᠡᠮᠴᠢ ᠠᠵᠢᠯᠳᠠᠨ ᠤᠷᠤᠯᠴᠠᠬᠤ᠎ᠪᠠᠷ ᠭᠤᠶᠤᠴᠢᠯᠠᠪᠠ ︔
᠁
ᠡᠳᠦᠷ ᠪᠦᠷᠢ ᠨᠢᠳᠤ ᠬᠠᠮᠠᠭᠠᠯᠠᠬᠤ ᠰᠢᠯ᠎ᠢᠶᠡᠨ ᠵᠡᠭᠦᠨ ᠂ ᠠᠮᠠᠪᠴᠢ᠎ᠪᠠᠨ ᠵᠡᠭᠦᠵᠤ ᠂ ᠬᠠᠮᠠᠭᠠᠯᠠᠯᠳᠠ᠎ᠶᠢᠨ ᠬᠤᠪᠴᠠᠰᠤ ᠂ ᠲᠤᠰᠠᠭᠠᠷᠯᠠᠬᠤ ᠬᠤᠪᠴᠠᠰᠤ᠎ᠪᠠᠨ ᠳᠠᠪᠬᠤᠷᠯᠠᠵᠤ ᠂ ᠤᠳᠤᠭ᠎ᠠ ᠦᠬᠡᠢ ᠳᠠᠶᠢᠨ᠎ᠳ᠋ᠤ ︽ ᠬᠤᠶᠠᠭᠯᠠᠨ ︾ ᠮᠤᠷᠳᠠᠵᠠᠭᠠᠯᠠ ᠁ ︽ ᠦᠨᠦᠳᠦᠷ ᠦᠷᠭᠦᠯᠵᠢᠯᠡᠨ ᠳᠡᠮᠡᠴᠡᠶᠡ ︕ ᠡᠪᠡᠳᠴᠢᠨ᠎ᠤ ᠸᠢᠷᠦ᠋ᠰ᠎ᠢ ᠵᠠᠪᠠᠯ ᠢᠯᠡᠶᠠ ︕ ︾ ᠭᠡᠳᠡᠭ᠎ᠨᠢ ᠬᠢᠵᠢᠭ ᠳᠠᠬᠤᠯ ᠦᠷᠪᠢᠰᠦᠨ ᠳᠡᠯᠬᠡᠷᠡᠭᠰᠡᠨ ᠭᠠᠯ ᠹᠷᠤᠨᠲ᠎ᠲᠤ ᠬᠠᠳᠠᠭᠤ ᠳᠠᠶᠢᠯᠠᠯᠳᠤᠭᠠᠨ ᠬᠢᠵᠤ ᠪᠠᠶᠢᠭ᠎ᠠ ᠡᠮᠴᠢ ᠰᠤᠪᠢᠯᠠᠭᠴᠢᠳ᠎ᠤᠨ ᠶᠡᠷᠦᠳᠡ᠎ᠶᠢᠨ ᠵᠤᠷᠰᠢᠯ ᠮᠦᠷᠳᠡᠬᠡᠨ ᠬᠢᠵᠢᠭ᠎ᠢ ᠵᠠᠪᠠᠯ ᠢᠯᠠᠬᠤ ᠳᠤᠩᠬᠠᠭᠯᠠᠯ ᠃
3 ᠰᠠᠷ᠎ᠠ᠎ᠶᠢᠨ 19᠎ᠤ ᠡᠳᠦᠷ ᠮᠠᠨ᠎ᠤ ᠤᠷᠤᠨ᠎ᠤ ᠰᠢᠨ᠎ᠡ ᠲᠢᠳᠢᠮᠯᠢᠭ ᠠᠭᠤᠰᠬᠢᠨ ᠦᠷᠪᠢᠰᠦᠯ᠎ᠤᠨ ᠬᠠᠮᠤᠭ᠎ᠤᠨ ᠰᠡᠭᠦᠯᠴᠢ᠎ᠶᠢᠨ ᠨᠢᠭᠡ ᠡᠪᠡᠳᠴᠢᠳᠡᠨ ᠡᠮᠨᠡᠯᠭᠡ᠎ᠡᠴᠠ ᠭᠠᠷᠬᠤ ᠵᠢᠢ ᠳᠠᠭᠠᠯᠳᠤᠨ ᠂ ᠮᠠᠨ᠎ᠤ ᠣᠷᠣᠨ ᠰᠢᠨ᠎ᠡ ᠳᠢᠳᠢᠮᠯᠢᠭ ᠠᠭᠤᠰᠬᠢᠨ ᠦᠷᠪᠢᠰᠦᠯ᠎ᠤᠨ ᠣᠨᠣᠰᠢᠯᠠᠭᠰᠠᠨ ᠡᠪᠡᠳᠴᠢᠨ᠎ᠤ ᠵᠢᠱᠢᠶ᠎ᠡ ᠪᠠ ᠰᠡᠵᠢᠭᠯᠡᠯᠳᠡᠢ ᠡᠪᠡᠳᠴᠢᠨ᠎ᠤ ᠵᠢᠱᠢᠶ᠎ᠡ᠎ᠶᠢᠨ ︽ ᠬᠤᠤᠰ ᠳᠡᠭ ︾᠎ᠤᠨ ᠳᠤᠭ᠎ᠠ᠎ᠪᠠᠷ ᠱᠠᠳᠤᠴᠢ ᠴᠢᠨᠠᠷᠳᠠᠢ ᠢᠯᠠᠯᠳᠠ᠎ᠪᠠᠨ ᠳᠤᠩᠬᠠᠬᠯᠠᠪᠠ ᠃
ᠵᠠᠮ ᠬᠠᠷᠢᠯᠴᠠᠭ᠎ᠠ᠎ᠶᠢ ᠰᠢᠯᠤᠭᠤᠳᠬᠠᠭᠰᠠᠨ ᠰᠢᠭᠤᠷᠬᠠᠢ ᠪᠠᠢᠯᠳᠤᠭᠴᠢ
ᠣᠨᠴᠠᠭᠠᠶ ᠴᠠᠭ ᠦᠶ᠎ᠡ᠎ᠳ᠋ᠤ ᠂ ᠵᠠᠮ ᠬᠠᠷᠢᠯᠴᠠᠭᠠᠨ᠎ᠤ ᠱᠤᠭᠤᠮ᠎ᠨᠢ ᠳᠠᠷᠤᠶ ᠠᠮᠢ ᠨᠠᠰᠤᠨ᠎ᠤ ᠱᠤᠭᠤᠮ ᠪᠣᠯᠳᠠᠭ ᠃ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶᠢᠳᠠᠯ ᠳᠠᠭᠠᠷᠢᠨ ᠢᠷᠡᠬᠦ ᠦᠶ᠎ᠡ᠎ᠳ᠋ᠤ ᠂ ᠵᠠᠮ ᠬᠠᠷᠢᠯᠴᠠᠭᠠᠨ᠎ᠤ ᠹᠷᠣᠨᠲ᠎ᠲᠤ ᠬᠠᠲᠠᠭᠤ ᠴᠢᠩᠭ᠎ᠠ ᠰᠢᠯᠭᠠᠯᠳᠠ ᠲᠤᠯᠭᠠᠷᠠᠵᠤ ᠪᠢᠯᠡ ᠃ ᠥᠪᠥᠷ ᠮᠣᠩᠭᠣᠯ᠎ᠤᠨ ᠲᠡᠮᠦᠷ ᠵᠠᠮ ᠂ ᠵᠠᠰᠠᠮᠠᠯ ᠵᠠᠮ ᠂ ᠠᠷᠠᠳ᠎ᠤᠨ ᠠᠭᠠᠷ᠎ᠤᠨ ᠠᠶᠠᠯᠠᠯ᠎ᠤᠨ ᠵᠠᠮ ᠬᠠᠷᠢᠯᠴᠠᠭᠠᠨ᠎ᠤ᠎ᠬᠢᠨ ᠦᠳᠲᠡᠷ ᠲᠦᠷᠭᠡᠨ ᠬᠥᠳᠡᠯᠦᠯᠴᠡᠵᠦ ᠂ ᠬᠢᠵᠢᠭ᠎ᠤᠨ ᠪᠠᠶᠢᠳᠠᠯ᠎ᠢ ᠬᠤᠷᠢᠬᠯᠠᠬᠤ ᠪᠥᠬᠥ ᠲᠠᠯ᠎ᠠ᠎ᠶᠢᠨ ᠂ ᠪᠣᠰᠣᠭ᠎ᠠ ᠴᠣᠭᠴᠠᠲᠤ ᠳᠠᠶᠢᠯᠠᠯᠳᠤᠭᠠᠨ᠎ᠢ ᠡᠬᠢᠯᠡᠭᠦᠯᠪᠡ ᠃
ᠴᠠᠭᠠᠨ ᠰᠠᠷ᠎ᠠ᠎ᠶᠢᠨ ᠰᠢᠨ᠎ᠡ᠎ᠶᠢᠨ ᠭᠤᠷᠪᠠᠨ᠎ᠳ᠋ᠤ ᠂ ᠵᠠᠮ ᠬᠠᠷᠢᠯᠴᠠᠭᠠᠨ᠎ᠤ ᠰᠢᠰᠲ᠋ᠧᠮ᠎ᠤᠨ᠎ᠬᠢᠨ ᠳᠠᠶᠢᠴᠢᠯᠠᠯᠲᠠ᠎ᠶᠢᠨ ᠵᠠᠷᠯᠢᠭ ᠪᠠᠭᠤᠯᠭᠠᠬᠰᠠᠨ ᠲᠤᠰ ᠡᠳᠦᠷ ᠂ ᠦᠬᠠᠢ ᠬᠣᠲᠠ᠎ᠶᠢᠨ ᠵᠠᠮ ᠲᠡᠭᠡᠭᠡᠪᠦᠷᠢ᠎ᠶᠢᠨ ᠰᠢᠰᠲ᠋ᠧᠮ᠎ᠤᠨ 800 ᠭᠠᠷᠤᠶ ᠬᠥᠮᠦᠨ ᠰᠠᠶᠢᠨ ᠳᠤᠷᠠᠴᠤᠤᠯ᠎ᠤᠨ ᠦᠢᠯᠡᠴᠢᠯᠡᠭᠡᠨ᠎ᠤ ᠠᠩᠭᠢ᠎ᠳ᠋ᠤ ᠨᠡᠷ᠎ᠡ ᠮᠡᠳᠡᠭᠦᠯᠵᠦ ᠂ ᠨᠢᠭᠡ ᠡᠳᠦᠷ᠎ᠤᠨ ᠴᠠᠭ᠎ᠲᠤ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠭᠦ 11 ᠰᠠᠯᠠᠭ᠎ᠠ ᠰᠠᠶᠢᠨ ᠳᠤᠷᠠᠴᠤᠤᠯ᠎ᠤᠨ ᠦᠢᠯᠡᠴᠢᠯᠡᠭᠡᠨ᠎ᠤ ᠠᠩᠭᠢ ᠪᠠᠶᠢᠭᠤᠯᠤᠭᠳᠠᠵᠤ ᠂ ᠪᠥᠬᠥ ᠬᠣᠲᠠ᠎ᠶᠢᠨ 5 ᠤᠷᠤᠨ ᠰᠠᠭᠤᠴᠠ᠎ᠶᠢᠨ ᠲᠣᠭᠣᠷᠢᠭ ᠂ 4 ᠵᠠᠮ ᠬᠠᠷᠢᠯᠴᠠᠭᠠᠨ᠎ᠤ ᠬᠢᠵᠢᠭ᠎ᠤᠨ ᠪᠠᠶᠢᠳᠠᠯ᠎ᠢ ᠪᠠᠶᠢᠴᠠᠭᠠᠬᠤ ᠴᠡᠭ᠎ᠲᠤ ᠬᠦᠨᠵᠡᠭᠡᠶᠢᠷᠡᠪᠡ ᠃
ᠪᠢᠲᠡᠭᠦᠨ᠎ᠤ ᠰᠥᠨᠢ᠎ᠡᠴᠠ 3 ᠰᠠᠷ᠎ᠠ᠎ᠶᠢᠨ 31᠎ᠤ ᠡᠳᠦᠷ ᠪᠣᠯᠲᠠᠯᠠᠬᠢ 68 ᠡᠳᠦᠷ ᠂ ᠥᠪᠥᠷ ᠮᠣᠩᠭᠣᠯ᠎ᠤᠨ ᠠᠷᠠᠳ᠎ᠤᠨ ᠠᠭᠠᠷ᠎ᠤᠨ ᠠᠶᠠᠯᠠᠯ ᠨᠢᠰᠬᠡᠯ᠎ᠤᠨ ᠪᠠᠭᠤᠳᠠᠯ᠎ᠤᠨ ᠪᠦᠯᠦᠭᠯᠡᠯ᠎ᠤᠨ ᠭᠠᠵᠠᠷ ᠳᠡᠭᠡᠷᠡᠬᠢ ᠦᠢᠯᠡᠴᠢᠯᠡᠭᠡᠨ᠎ᠤ ᠺᠣᠮᠫᠠᠨᠢ᠎ᠶᠢᠨ ᠪᠠᠷᠠᠭᠠᠨ᠎ᠤ ᠲᠡᠭᠡᠭᠡᠪᠦᠷᠢ᠎ᠶᠢᠨ ᠬᠡᠯᠳᠡᠰ ᠬᠥᠬᠡᠬᠣᠲᠠ᠎ᠶᠢᠨ ᠨᠢᠰᠬᠡᠯ᠎ᠤᠨ ᠪᠠᠭᠤᠳᠠᠯ᠎ᠤᠨ ᠭᠠᠷᠠᠮ᠎ᠢᠶᠠᠷ ᠣᠷᠣᠵᠤ ᠭᠠᠷᠬᠤ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠭᠦ ᠪᠠᠷᠠᠭᠠᠨ᠎ᠤ ᠲᠡᠭᠡᠭᠡᠪᠦᠷᠢ᠎ᠶᠢᠨ ᠪᠠᠲᠤᠯᠠᠭ᠎ᠠ᠎ᠶᠢᠨ ᠡᠭᠦᠷᠭᠡ᠎ᠶᠢ ᠡᠭᠦᠷᠭᠡᠯᠡᠪᠡ ᠃ ᠬᠢᠵᠢᠭ᠎ᠤᠨ ᠪᠠᠶᠢᠳᠠᠯ ᠬᠠᠮᠤᠭ᠎ᠤᠨ ᠬᠦᠨᠳᠦ ᠨᠣᠴᠢᠲᠠᠶ ᠦᠶ᠎ᠡ᠎ᠳ᠋ᠤ ᠂ ᠨᠢᠭᠡ ᠡᠳᠦᠷ᠎ᠲᠤ 16000 ᠠᠮᠠᠪᠴᠢ ᠬᠥᠬᠡᠬᠣᠲᠠ᠎ᠶᠢᠨ ᠨᠢᠰᠬᠡᠯ᠎ᠤᠨ ᠪᠠᠭᠤᠳᠠᠯ᠎ᠡᠴᠠ ᠮᠠᠰᠢ ᠲᠦᠷᠭᠡᠨ᠎ᠢᠶᠠᠷ ᠪᠣᠭᠣᠮᠲᠠ ᠨᠡᠪᠲᠡᠷᠡᠵᠦ ᠂ ᠡᠮᠦᠨ᠎ᠡ ᠹᠷᠣᠨᠲ᠎ᠲᠤ ᠬᠦᠷᠭᠡᠵᠡᠶ ᠃ ︽ ᠪᠢᠳᠡᠨ᠎ᠤ ᠠᠵᠢᠯᠯᠠᠭ᠎ᠠ ᠬᠡᠳᠦᠢ ᠬᠤᠷᠳᠤᠨ ᠪᠣᠯᠪᠠᠯ ᠬᠢᠵᠢᠭ᠎ᠢ ᠰᠡᠷᠭᠡᠶᠢᠯᠡᠨ ᠡᠵᠡᠮᠳᠡᠭᠦ ᠡᠳ᠋ ᠪᠣᠳᠠᠰ ᠴᠦ ᠲᠡᠳᠦᠢ ᠲᠦᠷᠭᠡᠨ᠎ᠢᠶᠠᠷ ᠡᠮᠤᠨ᠎ᠡ ᠹᠷᠣᠨᠲ᠎ᠲᠤ ᠬᠦᠷᠴᠦ ᠴᠢᠳᠠᠨ᠎ᠠ ᠂ ᠴᠠᠭ ᠮᠦᠴᠡ᠎ᠲᠠᠢ ᠤᠷᠤᠯᠳᠤᠨ ᠪᠠᠶᠢᠭ᠎ᠠ ᠡᠨᠡ ᠬᠦ ᠳᠠᠶᠢᠯᠠᠯᠳᠤᠭᠠᠨ᠎ᠤ ᠴᠠᠭ ᠦᠶ᠎ᠠ᠎ᠳ᠋ᠤ ᠶᠠᠭᠠᠬᠢᠭᠰᠠᠨ ᠴᠤ ᠤᠳᠠᠭᠠᠰᠢᠷᠠᠭᠤᠯᠵᠤ ᠪᠣᠯᠬᠤ ᠥᠬᠡᠶ ︾ ᠭᠡᠵᠤ ᠪᠠᠷᠠᠭᠠᠨ᠎ᠤ ᠲᠡᠭᠡᠭᠡᠪᠦᠷᠢ᠎ᠶᠢᠨ ᠬᠡᠯᠳᠡᠰ᠎ᠤᠨ ᠳᠠᠭᠠᠭᠠᠮᠠᠯ ᠴᠢᠶᠣᠤ ᠳ᠋ᠦᠩ ᠴᠢᠩ ᠬᠡᠯᠡᠨ᠎ᠡ ᠃ ᠡᠨᠡ ᠬᠦ 68 ᠡᠳᠦᠷ᠎ᠲᠤ ᠂ ᠴᠢᠶᠣᠤ ᠳ᠋ᠦᠩ ᠴᠢᠩ 17 ᠡᠳᠦᠷ᠎ᠨᠢ 24 ᠴᠠᠭ᠎ᠢᠶᠠᠷ ᠵᠢᠵᠢᠭᠦᠷᠯᠡᠨ ᠠᠵᠢᠯᠯᠠᠵᠦ ᠂ ᠭᠠᠷᠠᠭ ᠪᠦᠷᠢ ᠨᠢᠭᠡ ᠯᠡ ᠡᠳᠦᠷ᠎ᠤᠨ ᠠᠮᠠᠷᠠᠯᠳᠠ᠎ᠲᠠᠢ ᠃ ᠴᠢᠬᠤᠯᠠ ᠪᠠᠲᠤᠯᠠᠭ᠎ᠠ᠎ᠶᠢᠨ ᠡᠭᠦᠷᠭᠡ ᠪᠠᠭᠤᠬᠤ ᠪᠦᠷᠢ᠎ᠳ᠋ᠤ ᠴᠢᠶᠣᠤ ᠳ᠋ᠦᠩ ᠴᠢᠩ ᠬᠠᠮᠤᠭ᠎ᠤᠨ ᠲᠦᠷᠦᠭᠦᠨ ᠳ᠋ᠦ ᠲᠤᠬᠠᠢ᠎ᠶᠢᠨ ᠲᠠᠯᠠᠪᠠᠢ᠎ᠳ᠋ᠤ ᠬᠦᠷᠳᠡᠭ ᠂ ᠡᠨᠡ ᠪᠣᠯ ᠳᠠᠷᠤᠢ ᠠᠶᠤᠯ ᠲᠦᠭᠰᠢᠭᠦᠷᠢᠲᠡᠢ ᠴᠠᠭ ᠦᠶ᠎ᠡ᠎ᠳ᠋ᠤ ᠨᠢᠭᠡᠨ ᠵᠠᠮ ᠲᠡᠭᠡᠭᠡᠪᠦᠷᠢ᠎ᠶᠢᠨ ᠠᠵᠢᠯᠳᠠᠨ᠎ᠤ ᠡᠭᠦᠷᠭᠡᠯᠡᠯ ᠃
ᠵᠠᠮ ᠬᠠᠷᠢᠯᠴᠠᠭ᠎ᠠ ᠰᠠᠭᠠᠳ ᠦᠭᠡᠶ ᠨᠡᠪᠲᠡᠷᠡᠬᠦ᠎ᠶᠢ ᠪᠠᠲᠤᠯᠠᠨ ᠪᠠᠴᠢᠮ ᠪᠠᠶᠢᠳᠠᠯ᠎ᠢ ᠠᠷᠭᠠᠴᠠᠭᠠᠬᠤ ᠡᠳ᠋ ᠪᠣᠳᠠᠰ᠎ᠢ ᠵᠥᠭᠡᠭᠡᠪᠦᠷᠢᠯᠡᠬᠦ᠎ᠨᠢ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠭᠦ ᠬᠤᠭᠤᠴᠠᠭᠠᠨ᠎ᠳ᠋ᠠᠬᠢ ᠪᠠᠷᠢᠨ ᠭᠦᠢᠴᠡᠳᠬᠡᠬᠦ ᠪᠠᠴᠢᠮ ᠡᠭᠦᠷᠭᠡ ᠪᠣᠯᠤᠨ᠎ᠠ ᠃ ᠡᠨᠡ ᠬᠦ ᠬᠤᠭᠤᠴᠠᠭᠠᠨ ᠳ᠋ᠦ ᠂ ᠪᠦᠬᠦ ᠤᠷᠤᠨ᠎ᠤ ᠵᠠᠮ ᠬᠠᠷᠢᠯᠴᠠᠭ᠎ᠠ ᠲᠡᠭᠡᠭᠡᠪᠦᠷᠢ᠎ᠶᠢᠨ ᠰᠢᠰᠲ᠋ᠧᠮ᠎ᠤᠨ᠎ᠬᠢᠨ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠬᠦ ᠡᠳ᠋ ᠪᠣᠳᠠᠰ᠎ᠤᠨ ᠰᠠᠭᠠᠳ ᠥᠬᠡᠶ ᠨᠡᠪᠲᠡᠷᠡᠬᠦ ᠵᠠᠮ᠎ᠢ ᠪᠥᠬᠥ ᠬᠦᠴᠦᠨ᠎ᠢᠶᠠᠷ᠎ᠢᠶᠡᠨ ᠪᠠᠲᠤᠯᠠᠨ ᠂ ︽ ᠭᠤᠷᠪᠠ ᠦᠭᠡᠢ ᠨᠢᠭᠡ ᠤᠷᠢᠳ᠎ᠢᠶᠠᠷ ︾ ᠳᠠᠷᠤᠢ ᠪᠠᠶᠢᠴᠠᠭᠠᠬᠤ ᠥᠬᠡᠶ ᠂ ᠲᠡᠷᠭᠡ ᠵᠣᠭᠰᠣᠭᠠᠬᠤ ᠥᠬᠡᠶ ᠂ ᠰᠦᠢᠳᠬᠡᠯ ᠬᠤᠷᠢᠶᠠᠬᠤ ᠥᠬᠡᠶ ᠂ ᠰᠡᠷᠭᠡᠶᠢᠯᠡᠨ ᠡᠵᠡᠮᠳᠡᠬᠦ ᠡᠳ᠋ ᠪᠣᠳᠠᠰ᠎ᠢ ᠤᠷᠢᠳ᠎ᠢᠶᠠᠷ ᠨᠡᠪᠲᠡᠷᠡᠭᠦᠯᠬᠦ᠎ᠶᠢ ᠪᠠᠲᠤᠯᠠᠬᠤ᠎ᠶᠢᠨ ᠬᠠᠮᠲᠤ ᠵᠠᠮ ᠬᠠᠷᠢᠯᠴᠠᠭ᠎ᠠ ᠲᠡᠭᠡᠭᠡᠪᠦᠷᠢ᠎ᠶᠢᠨ ᠦᠢᠯᠡᠴᠢᠯᠡᠭᠡᠨ᠎ᠤ ᠪᠠᠲᠤᠯᠠᠭ᠎ᠠ᠎ᠶᠢᠨ ᠠᠵᠢᠯ᠎ᠢ ᠴᠢᠩᠭᠠᠳᠬᠠᠵᠤ ᠂ ︽ ᠨᠢᠭᠡ᠎ᠶᠢ ᠲᠠᠰᠤᠯᠵᠤ ᠭᠤᠷᠪᠠ᠎ᠶᠢ ᠲᠠᠰᠤᠯᠳᠠᠭᠤᠯᠬᠤ ᠤᠶᠢᠭᠡᠢ ︾ ᠸᠢᠷᠦ᠋ᠰ ᠲᠠᠷᠬᠠᠭᠠᠬᠤ ᠵᠠᠮ᠎ᠢ ᠳᠠᠰᠤᠯᠤᠨ ᠂ ᠵᠠᠰᠠᠮᠠᠯ ᠵᠠᠮ᠎ᠤᠨ ᠵᠠᠮ ᠬᠠᠷᠢᠯᠴᠠᠭ᠎ᠠ᠎ᠶᠢ ᠲᠠᠰᠤᠯᠳᠠᠭᠤᠯᠬᠤ ᠦᠭᠡᠶ ᠂ ᠪᠠᠴᠢᠮ ᠪᠠᠶᠢᠳᠠᠯ᠎ᠢ ᠠᠷᠭᠠᠴᠠᠭᠠᠬᠤ ᠲᠡᠭᠡᠭᠡᠪᠦᠷᠢ᠎ᠶᠢᠨ ᠰᠠᠭᠠᠳ ᠦᠭᠡᠶ ᠨᠡᠪᠲᠡᠷᠡᠬᠦ ᠵᠠᠮ᠎ᠢ ᠲᠠᠰᠤᠯᠳᠠᠭᠤᠯᠬᠤ ᠦᠭᠡᠶ ᠂ ᠣᠯᠠᠨ ᠲᠦᠮᠡᠨ᠎ᠤ ᠦᠢᠯᠡᠳᠪᠦᠷᠢᠯᠡᠯ ᠠᠮᠢᠳᠤᠷᠠᠯ᠎ᠤᠨ ᠡᠳ᠋ ᠪᠠᠷᠠᠭ᠎ᠠ᠎ᠶᠢ ᠲᠠᠰᠤᠯᠳᠠᠭᠤᠯᠬᠤ ᠦᠭᠡᠶ ᠪᠠᠶᠢᠬᠤ᠎ᠶᠢ ᠪᠠᠳᠤᠯᠠᠭᠰᠠᠨ ᠪᠠᠶᠢᠨ᠎ᠠ ᠃
ᠡᠯᠢᠭᠡᠰᠡᠭ ᠬᠠᠶᠢᠷ᠎ᠠ᠎ᠪᠠᠨ ᠬᠠᠨᠳᠢᠪᠯᠠᠬᠰᠠᠨ ᠰᠠᠶᠢᠨ ᠳᠤᠷᠠᠴᠤᠤᠯ
ᠪᠦᠬᠦ ᠣᠷᠣᠨ᠎ᠤ ᠡᠯ᠎ᠡ ᠭᠠᠵᠠᠷ᠎ᠤᠨ ᠰᠠᠶᠢᠨ ᠳᠤᠷ᠎ᠠ᠎ᠶᠢᠨ ᠠᠵᠢᠯᠯᠠᠭᠰᠠᠳ ᠪᠣᠯᠤᠨ ᠰᠠᠶᠢᠨ ᠳᠤᠷ᠎ᠠ᠎ᠶᠢᠨ ᠵᠣᠬᠢᠶᠠᠨ ᠪᠠᠶᠢᠭᠤᠯᠤᠯᠲᠠ᠎ᠶᠢᠨ ᠬᠠᠶᠢᠷ᠎ᠠ ᠬᠠᠯᠠᠮᠵᠢ᠎ᠨᠢ ᠬᠠᠪᠤᠷ᠎ᠤᠨ ᠳᠤᠯᠠᠭᠠᠨ ᠤᠷᠤᠰᠬᠠᠯ ᠪᠤᠯᠵᠤ ᠂ ᠲᠠᠯ᠎ᠠ ᠨᠤᠲᠤᠭ᠎ᠤᠨ ᠬᠥᠪᠡᠭᠦᠳ ᠥᠬᠢᠳ ᠪᠦᠯᠬᠦᠮᠳᠡᠨ ᠨᠢᠭᠳᠠᠷᠠᠵᠦ ᠬᠢᠵᠢᠭ᠎ᠤᠨ ᠪᠠᠶᠢᠳᠠᠯ᠎ᠢ ᠢᠯᠠᠨ ᠲᠠᠪᠠᠬᠣᠳ᠋ᠤ ᠬᠦᠴᠦ ᠨᠡᠮᠡᠵᠦ ᠪᠠᠶᠢᠯ᠎ᠠ ᠃
ᠬᠢᠵᠢᠭ᠎ᠲᠠᠢ ᠳᠡᠮᠡᠴᠡᠭᠦ ᠵᠠᠩᠬᠢᠯᠠᠭ᠎ᠠ᠎ᠶᠢᠨ ᠬᠤᠭᠤᠴᠠᠭᠠᠨ᠎ᠳ᠋ᠤ ᠂ ᠬᠥᠬᠡᠬᠣᠲᠠ᠎ᠶᠢᠨ ᠠᠷᠪᠠᠨ ᠬᠡᠳᠦᠨ ᠢᠳᠡᠭᠡᠨ ᠤᠮᠳᠠᠭᠠᠨ᠎ᠤ ᠠᠵᠢᠯ ᠲᠥᠷᠥᠯ᠎ᠤᠨ ᠠᠵᠢᠯᠯᠠᠭᠰᠠᠳ ᠥᠪᠡᠰᠦᠪᠡᠨ ᠵᠣᠬᠢᠶᠠᠨ ᠪᠠᠶᠢᠭᠤᠯᠵᠤ ᠂ ᠡᠮᠴᠢ ᠰᠤᠪᠢᠯᠠᠭᠴᠢᠳ ᠂ ᠠᠷᠠᠳ᠎ᠤᠨ ᠴᠠᠭᠳᠠᠭ᠎ᠠ ᠂ ᠰᠣᠨᠢᠨ ᠮᠡᠳᠡᠭᠡᠨ᠎ᠤ ᠠᠵᠢᠯᠲᠠᠳ᠎ᠲᠤ ᠦᠨ᠎ᠡ ᠲᠥᠯᠥᠪᠦᠷᠢ ᠥᠬᠡᠶ᠎ᠪᠠᠷ ᠬᠣᠭᠣᠯᠠ ᠬᠦᠷᠭᠡᠪᠡ ︔ ᠣᠷᠳᠣᠰ ᠬᠣᠲᠠ᠎ᠶᠢᠨ ᠳ᠋ᠦᠩᠱᠧᠩ ᠲᠣᠭᠣᠷᠢᠭ᠎ᠤᠨ ᠵᠠᠮ ᠬᠠᠷᠢᠯᠴᠠᠭ᠎ᠠ ᠵᠡᠭᠡᠯᠢ ᠭᠤᠳᠤᠮᠵᠢ᠎ᠶᠢᠨ ᠺᠠᠳ᠋ᠷ ᠸᠠᠩ ᠴᠧᠨ ᠦᠪᠡᠷ᠎ᠤᠨ ᠴᠤᠭᠯᠠᠭᠤᠯᠤᠭᠰᠠᠨ ᠡᠮᠨᠡᠯᠭᠡ᠎ᠳ᠋ᠤ ᠬᠡᠷᠡᠭᠯᠡᠬᠦ 10000 ᠠᠮᠠᠪᠴᠢ ᠂ 30 ᠢᠵᠢ ᠬᠠᠮᠠᠭᠠᠯᠠᠯᠲᠠ᠎ᠶᠢᠨ ᠬᠤᠪᠴᠠᠰᠤ ᠂ 50 ᠬᠣᠤᠰ ᠪᠡᠭᠡᠯᠡᠶ ᠂ 500 N95 ᠠᠮᠠᠪᠴᠢ᠎ᠪᠠᠨ ᠦᠨ᠎ᠡ ᠲᠥᠯᠥᠪᠦᠷᠢ ᠥᠬᠡᠶ᠎ᠪᠠᠷ ᠬᠠᠨᠳᠢᠪᠯᠠᠪᠠ ︔ ᠥᠪᠥᠷ ᠮᠣᠩᠭᠣᠯ᠎ᠤᠨ ᠤᠯᠠᠭᠠᠨ ᠵᠠᠭᠠᠯᠮᠠᠶᠢᠲᠠᠨᠤ ᠨᠡᠶᠢᠭᠡᠮᠯᠢᠭ᠎ᠤᠨ ᠴᠢᠰᠤ ᠬᠠᠨᠳᠢᠪᠯᠠᠬᠤ ᠦᠢᠯᠡᠴᠢᠯᠡᠭᠡᠨ᠎ᠤ ᠠᠩᠭᠢ ᠂ ᠭᠤᠯᠳᠤ ᠪᠤᠷᠤ᠎ᠶᠢᠨ ᠬᠠᠶᠢᠷ᠎ᠠ ᠂ ᠬᠥᠬᠡᠬᠣᠲᠠ᠎ᠶᠢᠨ ᠤᠯᠠᠭᠠᠨ ᠵᠠᠭᠠᠯᠮᠠᠶᠢᠲᠠᠨᠤ ᠰᠠᠶᠢᠨ ᠳᠤᠷ᠎ᠠ᠎ᠶᠢᠨ ᠦᠢᠯᠡᠴᠢᠯᠡᠭᠡᠨ᠎ᠤ ᠠᠩᠭᠢ᠎ᠶᠢᠨ 8 ᠰᠠᠶᠢᠨ ᠲᠤᠷᠠᠴᠤᠤᠯ ᠬᠢᠵᠢᠭ᠎ᠤᠨ ᠪᠠᠶᠢᠳᠠᠯ᠎ᠢ ᠡᠰᠡᠷᠭᠦᠴᠡᠬᠦ᠎ᠳ᠋ᠤ 3100 ᠮᠢᠯᠢᠯᠢᠲ᠋ᠸᠷ ᠴᠢᠰᠤ ᠬᠠᠨᠳᠢᠪᠯᠠᠪᠠ ᠁ ᠪᠦᠬᠦ ᠤᠷᠤᠨ᠎ᠤ ᠬᠢᠵᠢᠭ᠎ᠲᠠᠢ ᠳᠡᠮᠡᠴᠡᠭᠦ ᠳᠠᠶᠢᠯᠠᠯᠳᠤᠭᠠᠨ᠎ᠤ ᠡᠮᠤᠨ᠎ᠡ ᠹᠷᠤᠨᠲ᠎ᠲᠤ ᠡᠶᠢᠮᠦᠷᠬᠦ ᠵᠢᠱᠢᠶ᠎ᠡ᠎ᠶᠢ ᠳᠤᠷᠠᠳᠤᠭᠠᠳ ᠪᠠᠷᠠᠰᠢ ᠥᠬᠡᠶ ᠃
ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠭᠦ᠎ᠶᠢᠨ ᠲᠥᠯᠥᠭᠡ ᠂ ᠪᠥᠬᠥ ᠣᠷᠣᠨ᠎ᠤ ᠥᠷᠭᠡᠨ ᠣᠯᠠᠨ ᠰᠠᠶᠢᠨ ᠳᠤᠷᠠᠴᠤᠤᠯ ᠂ ᠰᠠᠶᠢᠨ ᠳᠤᠷ᠎ᠠ᠎ᠶᠢᠨ ᠦᠢᠯᠡᠴᠢᠯᠡᠭᠡᠨ᠎ᠤ ᠵᠣᠬᠢᠶᠠᠨ ᠪᠠᠶᠢᠭᠤᠯᠤᠯᠲᠠ᠎ᠨᠢ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠬᠦ ᠠᠵᠢᠯ᠎ᠳ᠋ᠤ ᠢᠳᠡᠪᠬᠢᠲᠡᠶ᠎ᠪᠠᠷ ᠣᠷᠣᠯᠴᠠᠵᠤ ᠂ ᠬᠣᠲᠠ ᠬᠥᠳᠡᠭᠡ᠎ᠶᠢᠨ ᠨᠡᠶᠢᠭᠡᠮ ᠲᠣᠭᠣᠷᠢᠭ᠎ᠲᠤ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠬᠦ ᠮᠡᠳᠡᠯᠭᠡ᠎ᠶᠢ ᠤᠬᠠᠭᠤᠯᠬᠤ ᠂ ᠵᠢᠭᠰᠠᠭᠠᠨ ᠪᠠᠶᠢᠴᠠᠭᠠᠬᠤ ᠠᠵᠢᠯ᠎ᠳ᠋ᠤ ᠬᠦᠴᠦᠨ ᠨᠡᠮᠡᠷᠢᠯᠡᠬᠦ ᠂ ᠲᠤᠰᠬᠠᠶ ᠦᠢᠯᠡᠴᠢᠯᠡᠭᠡ ᠬᠠᠩᠭᠠᠬᠤ ᠵᠡᠷᠭᠡ ᠲᠠᠯ᠎ᠠ᠎ᠪᠠᠷ ᠢᠳᠡᠪᠬᠢ ᠬᠤᠪᠢ ᠨᠡᠮᠡᠷᠢ ᠦᠵᠡᠭᠦᠯᠪᠡ ᠃
ᠬᠢᠵᠢᠭ᠎ᠤᠨ ᠪᠠᠶᠢᠳᠠᠯ ᠡᠭᠦᠰᠦᠭᠰᠡᠨ᠎ᠡᠴᠠ ᠨᠠᠭᠠᠰᠢ ᠂ ᠪᠥᠬᠥ ᠣᠷᠣᠨ᠎ᠳ᠋ᠤ ᠨᠡᠶᠢᠲᠡ 5.8 ᠲᠦᠮᠡ ᠭᠠᠷᠤᠶ ᠵᠠᠯᠠᠭᠤ ᠰᠠᠶᠢᠨ ᠳᠤᠷᠠᠴᠤᠤᠯ ᠪᠠ 349 ᠵᠠᠯᠠᠭᠤ ᠰᠠᠶᠢᠨ ᠳᠤᠷᠠᠴᠤᠤᠯ᠎ᠤᠨ ᠦᠢᠯᠡᠴᠢᠯᠡᠭᠡᠨ᠎ᠤ ᠵᠣᠬᠢᠶᠠᠨ ᠪᠠᠶᠢᠭᠤᠯᠤᠯᠲᠠ ᠂ ᠨᠡᠶᠢᠲᠡ᠎ᠶᠢᠨ ᠠᠰᠠᠷᠠᠮᠵᠢ᠎ᠶᠢᠨ ᠵᠣᠬᠢᠶᠠᠨ ᠪᠠᠶᠢᠭᠤᠯᠤᠯᠲᠠ ᠬᠢᠵᠢᠭ᠎ᠲᠠᠢ ᠳᠠᠮᠡᠴᠡᠭᠦ ᠡᠮᠦᠨ᠎ᠡ ᠹᠷᠣᠨᠲ᠎ᠲᠤ ᠦᠢᠯᠡᠴᠢᠯᠡᠵᠦ ᠂ 4420 ᠨᠡᠶᠢᠭᠡᠮ ᠲᠣᠭᠣᠷᠢᠭ ᠰᠢᠶᠠᠩ ᠪᠠᠯᠭᠠᠰᠤ ᠭᠠᠴᠠᠭ᠎ᠠ ᠲᠣᠰᠬᠣᠨ᠎ᠢ ᠪᠦᠷᠭᠦᠪᠠ ︔ ᠪᠥᠬᠥ ᠣᠷᠣᠨ᠎ᠤ ᠤᠯᠠᠭᠠᠨ ᠵᠠᠭᠠᠯᠮᠠᠶᠢᠲᠠᠨᠤ ᠨᠡᠶᠢᠭᠡᠮᠯᠢᠭ᠎ᠤᠨ ᠰᠢᠰᠲ᠋ᠧᠮ᠎ᠨᠢ 111 ᠰᠠᠯᠠᠭ᠎ᠠ ᠰᠠᠶᠢᠨ ᠳᠤᠷᠠᠴᠤᠤᠯ᠎ᠤᠨ ᠦᠢᠯᠡᠴᠢᠯᠡᠭᠡᠨ᠎ᠤ ᠠᠩᠭᠢ᠎ᠶᠢ ᠵᠣᠬᠢᠶᠠᠨ ᠪᠠᠶᠢᠭᠤᠯᠵᠤ ᠂ ᠤᠯᠠᠭᠠᠨ ᠵᠠᠭᠠᠯᠮᠠᠶᠢᠲᠠᠨᠤ 11257 ᠰᠠᠶᠢᠨ ᠳᠤᠷᠠᠴᠤᠤᠯ᠎ᠢ ᠳᠠᠶᠢᠴᠢᠯᠠᠨ ᠬᠢᠵᠢᠭ᠎ᠤᠨ ᠪᠠᠶᠢᠳᠠᠯ᠎ᠢ ᠰᠡᠷᠭᠡᠶᠢᠯᠡᠨ ᠬᠢᠵᠠᠭᠠᠷᠯᠠᠬᠤ ᠠᠵᠢᠯ᠎ᠳ᠋ᠤ ᠣᠷᠣᠯᠴᠠᠭᠤᠯᠵᠠᠢ ᠃
ᠡᠨᠡ ᠬᠦ ᠬᠣᠶᠠᠷ ᠰᠠᠷ᠎ᠠ᠎ᠶᠢᠨ ᠬᠤᠭᠤᠴᠠᠭᠠᠨ᠎ᠳ᠋ᠤ ᠪᠦᠬᠦ ᠤᠷᠤᠨ᠎ᠤ ᠡᠯ᠎ᠠ ᠱᠠᠳᠤᠨ᠎ᠤ ᠡᠯ᠎ᠠ ᠲᠦᠷᠦᠯ᠎ᠤᠨ ᠡᠮᠨᠡᠯᠭᠡ᠎ᠶᠢᠨ ᠬᠤᠷᠢᠶ᠎ᠠ᠎ᠶᠢᠨ᠎ᠬᠢᠨ ᠬᠢᠵᠢᠭ᠎ᠲᠠᠢ ᠳᠡᠮᠡᠴᠡᠭᠦ ᠳᠠᠶᠢᠯᠠᠯᠳᠤᠭᠠᠨ᠎ᠤ ᠡᠮᠤᠨ᠎ᠡ ᠹᠷᠤᠨᠲ᠎ᠲᠤ ᠪᠦᠬᠦ ᠬᠦᠴᠦᠨ᠎ᠢᠶᠠᠷ ᠭᠠᠪᠰᠢᠭᠠᠶᠢᠯᠠᠵᠤ ᠂ ᠨᠢᠰᠬᠡᠯ᠎ᠤᠨ ᠪᠠᠭᠤᠳᠠᠯ ᠂ ᠳᠡᠷᠭᠡᠨ ᠦᠷᠳᠡᠭᠡ ᠂ ᠦᠢᠯᠡᠳᠪᠦᠷᠢ ᠂ ᠵᠠᠮ ᠬᠠᠷᠢᠯᠴᠠᠭ᠎ᠠ᠎ᠶᠢᠨ ᠠᠭᠤᠯᠵᠠᠷ ᠂ ᠭᠠᠴᠠᠭ᠎ᠠ ᠳᠤᠰᠬᠤᠨ ᠂ ᠨᠡᠶᠢᠭᠡᠮ ᠳᠤᠭᠤᠷᠢᠭ᠎ᠤᠨ ᠡᠭᠦᠳᠡᠨ᠎ᠳ᠋ᠤ ᠨᠦᠷᠢᠨ ᠢᠷᠡᠭᠰᠡᠨ ᠬᠢᠵᠢᠭ᠎ᠢ ᠰᠡᠷᠭᠡᠶᠢᠯᠡᠨ ᠡᠵᠡᠮᠳᠡᠬᠦ᠎ᠪᠠᠷ ᠡᠯ᠎ᠠ ᠠᠵᠢᠯ᠎ᠤᠨ ᠹᠷᠤᠨᠲ᠎ᠲᠤ ᠠᠵᠢᠯ ᠡᠬᠦᠷᠬᠡ᠎ᠪᠠᠨ ᠬᠦᠢᠴᠡᠳᠬᠡᠭᠰᠡᠨ ᠠᠷᠠᠳ᠎ᠤᠨ ᠴᠠᠭᠳᠠᠭ᠎ᠠ ᠂ ᠨᠡᠶᠢᠭᠡᠮ ᠳᠤᠭᠤᠷᠢᠭ᠎ᠤᠨ ᠠᠵᠢᠯᠳᠠᠨ ᠠᠵᠢᠯᠴᠢᠨ ᠂ ᠰᠠᠶᠢᠨ ᠳᠤᠷᠠᠴᠤᠤᠯ ᠁ ᠬᠦᠮᠦᠨ ᠪᠦᠬᠦᠨ ︽ ᠪᠠᠶᠢᠯᠳᠤᠭᠴᠢ ︾᠎ᠶᠢᠨ ᠬᠤᠪᠢ᠎ᠪᠠᠷ ᠤᠨᠳᠠᠵᠤ ᠠᠮᠠᠷᠠᠯ ᠦᠭᠡᠢ ᠡᠳᠦᠷ ᠰᠦᠨᠢ᠎ᠶᠢᠨ ᠡᠭᠡᠯᠵᠢ᠎ᠪᠠᠷ ᠵᠢᠵᠢᠭᠦᠷᠯᠡᠨ ᠂ ᠠᠷᠠᠳ ᠤᠯᠠᠨ᠎ᠤ ᠠᠮᠤᠷ ᠲᠦᠪᠰᠢᠨ᠎ᠤ ᠲᠦᠯᠦᠭᠡ ᠰᠢᠭᠤᠷᠬᠠᠶᠢᠯᠠᠨ ᠲᠡᠮᠡᠴᠠᠵᠦ ᠂ ᠬᠢᠵᠢᠭ᠎ᠤᠨ ᠪᠠᠶᠢᠳᠠᠯ᠎ᠢ ᠰᠠᠷᠭᠡᠶᠢᠯᠡᠨ ᠡᠵᠡᠮᠳᠡᠭᠦ ᠲᠠᠶᠢᠨᠤ ᠲᠠᠯᠠᠪᠤᠷ᠎ᠲᠤ ᠡᠷᠡᠯᠬᠡᠭ᠎ᠢᠶᠠᠷ ᠰᠦᠷᠦᠨ ᠤᠷᠤᠭᠰᠢᠯᠠᠭᠰᠠᠨ ᠪᠢᠯᠡ ᠃
ᠤᠯᠠᠨ᠎ᠤ ᠬᠦᠴᠦᠨ᠎ᠳ᠋ᠤ ᠤᠪᠤᠭ᠎ᠠ ᠪᠤᠰᠤᠨ᠎ᠠ ᠃ ᠬᠢᠵᠢᠭ᠎ᠲᠠᠢ ᠳᠡᠮᠡᠴᠡᠭᠦ ᠬᠠᠳᠠᠭᠤ ᠪᠡᠷᠭᠡᠰᠢᠶᠡᠯ᠎ᠢ ᠬᠠᠮᠳᠤ᠎ᠪᠠᠷ ᠲᠤᠭᠤᠯᠤᠬᠰᠠᠨ ᠠᠷᠠᠳ ᠤᠯᠠᠨ ᠡᠨᠡ ᠬᠦ ᠤᠳᠤᠭ᠎ᠠ ᠦᠬᠡᠢ ᠳᠠᠶᠢᠨ᠎ᠳ᠋ᠤ ︽ ᠰᠢᠨ᠎ᠠ ᠳᠢᠳᠢᠮᠯᠢᠭ ᠠᠭᠤᠰᠬᠢᠨ ᠦᠷᠪᠢᠰᠦᠯ ︾ ᠬᠡᠮᠡᠬᠦ ︽ ᠳᠠᠶᠢᠰᠤᠨ ︾᠎ᠢ ᠳᠠᠷᠤᠵᠦ ᠂ ᠳᠠᠷᠬᠠᠨ ᠴᠤᠯᠠ᠎ᠪᠠᠨ ᠮᠠᠨᠳᠤᠭᠤᠯᠤᠯ᠎ᠠ ᠃ ᠡᠨᠡ ᠬᠦ ᠱᠠᠳᠤᠴᠢ ᠴᠢᠨᠠᠷᠳᠠᠢ ᠳᠠᠶᠢᠯᠠᠯᠳᠤᠭᠠᠨ᠎ᠤ ᠢᠯᠠᠯᠳᠠ᠎ᠶᠢᠨ ᠳᠡᠮᠳᠡᠭᠯᠡᠯ᠎ᠤᠨ ᠬᠠᠭᠤᠳᠠᠰᠦᠨᠠ ᠂ ᠡᠮᠤᠨ᠎ᠡ ᠹᠷᠤᠨᠲ᠎ᠤᠨ ᠡᠯ᠎ᠠ ᠠᠵᠢᠯ᠎ᠤᠨ ᠪᠠᠢᠷᠢ᠎ᠳ᠋ᠤ ᠭᠠᠪᠰᠢᠭᠠᠢᠯᠠᠬᠰᠠᠳᠤᠨ ᠠᠮᠵᠢᠯᠳᠠ ᠴᠢᠷᠮᠠᠶᠢᠯᠭ᠎ᠠ᠎ᠶᠢ ᠳᠡᠮᠳᠡᠭᠯᠡᠬᠦᠰᠢᠳᠡᠢ ᠂ ᠮᠦᠨ ᠴᠦ ᠾᠧ ᠵᠢᠶᠡᠨ ᠬᠤᠸᠠ ᠂ ᠪᠤᠤ ᠴᠠᠩ ᠮᠢᠩ ᠨᠠᠷ᠎ᠤᠨ ᠠᠶᠤᠯ ᠲᠦᠭᠰᠢᠭᠦᠷᠢ᠎ᠶᠢ ᠬᠠᠶᠢᠬᠤᠷᠤᠯ ᠦᠭᠡᠢ ᠬᠤᠰᠢᠭᠤᠷᠠᠨ ᠪᠠᠶᠢᠯᠳᠤᠵᠤ ᠂ ᠬᠢᠵᠢᠭ᠎ᠢ ᠰᠡᠷᠭᠡᠶᠢᠯᠡᠬᠦ ᠭᠠᠯ ᠹᠷᠤᠨᠲ᠎ᠲᠤ ᠠᠯᠳᠠᠨ ᠠᠮᠢ᠎ᠪᠠᠨ ᠵᠤᠷᠢᠭᠤᠯᠤᠭᠰᠠᠨ ᠪᠠᠢᠯᠳᠤᠬᠴᠢᠳᠢ ᠨᠡᠩᠳᠡ ᠳᠤᠷᠠᠳᠬᠠᠭᠤᠰᠢᠳᠠᠢ ᠃
ᠳᠤᠤᠭᠠᠷᠪᠠᠯ ᠳᠠᠭᠤ ᠨᠢᠬᠡᠳᠡᠢ ᠳᠤᠭᠳᠤᠷᠪᠠᠯ ᠬᠦᠴᠦᠨ ᠨᠢᠬᠡᠳᠡᠢ᠎ᠪᠠᠷ ᠡᠷᠡᠰ ᠳᠡᠮᠡᠴᠡᠭᠰᠡᠨ ᠳᠠᠯ᠎ᠠ ᠨᠤᠳᠤᠭ᠎ᠤᠨ ᠠᠷᠠᠳ ᠳᠦᠮᠡᠨ ᠱᠠᠳᠤᠴᠢ ᠴᠢᠨᠠᠷᠳᠠᠢ ᠠᠮᠵᠢᠯᠳᠠ ᠪᠦᠳᠦᠮᠵᠢ ᠣᠯᠵᠤ ᠂ ᠦᠬᠦᠯ ᠬᠠᠭᠠᠴᠠᠯ᠎ᠢ ᠦᠯᠳᠡᠨ ᠠᠮᠢᠯᠠᠯ ᠪᠢᠯᠬᠠᠬᠰᠠᠨ ᠤᠷᠢᠬᠠᠨ ᠬᠠᠪᠤᠷ᠎ᠢᠶᠡᠨ ᠤᠬᠳᠤᠯ᠎ᠠ ᠃ ᠡᠶᠡᠪᠡᠷᠬᠦᠦ ᠰᠠᠯᠬᠢᠨ ᠢᠯᠪᠢᠬᠦᠶᠢᠲᠠᠭᠠᠨ ᠦᠪᠦᠷ ᠮᠤᠩᠭᠤᠯ᠎ᠤᠨ ᠳᠠᠯ᠎ᠠ ᠬᠦᠳᠡᠬᠡ ᠬᠤᠳᠠ ᠪᠠᠯᠭᠠᠰᠦ ᠪᠦᠬᠦᠨ ᠬᠠᠪᠤᠷ᠎ᠤᠨ ᠦᠩᠬᠡ᠎ᠪᠠᠷ ᠮᠦᠰᠢᠶᠡᠵᠦ ᠪᠠᠶᠢᠨ᠎ᠠ ᠂ ᠤᠳᠤᠬᠠᠨ᠎ᠳ᠋ᠤ ᠦᠪᠦᠷ ᠮᠤᠩᠭᠤᠯ᠎ᠤᠨ᠎ᠬᠢᠨ ᠬᠢᠯᠢ᠎ᠶᠢᠨ ᠭᠠᠳᠠᠨ᠎ᠠ᠎ᠡᠴᠠ ᠤᠷᠤᠵᠤ ᠢᠷᠡᠭᠰᠡᠨ ᠡᠪᠡᠳᠴᠢᠨ᠎ᠤ ᠵᠢᠱᠢᠶ᠎ᠡ᠎ᠶᠢ ᠡᠮᠨᠡᠨ ᠵᠠᠰᠠᠬᠤ ᠠᠵᠢᠯ᠎ᠳ᠋ᠤ ᠭᠠᠪᠰᠢᠭᠠᠶᠢᠯᠠᠬᠤ᠎ᠶᠢᠨ ᠬᠠᠮᠳᠤ ᠦᠢᠯᠡᠳᠪᠦᠷᠢᠯᠡᠯ ᠠᠮᠢᠳᠤᠷᠠᠯ᠎ᠤᠨ ᠡᠮᠬᠢ ᠳᠢᠭᠯᠢᠮ᠎ᠢᠶᠡᠨ ᠰᠡᠷᠬᠦᠬᠡᠵᠦ ᠡᠬᠢᠯᠡᠯ᠎ᠠ ᠃

ᠬᠡᠷᠡᠯᠴᠢ ᠴᠡᠨᠡᠭ᠎ᠢᠶᠠᠷ ᠴᠠᠬᠢᠯᠭᠠᠨ ᠭᠠᠷᠭᠠᠬᠤ ᠲᠦᠷᠦᠯ ᠵᠦᠢᠯ ᠪᠠᠷᠢᠯᠭ᠎ᠠ᠎ᠶᠢᠨ ᠠᠵᠢᠯ᠎ᠢᠶᠡᠨ ᠰᠡᠷᠬᠦᠬᠡᠪᠡ ᠃
ᠨᠢᠤ ᠲᠢᠶᠠᠨ ᠵᠢᠶᠠ ᠰᠡᠬᠦᠳᠡᠷᠯᠡᠪᠡ
ᠡᠩᠭᠡ ᠠᠮᠢᠳᠤᠷᠠᠯ᠎ᠤᠨ ᠳᠠᠷᠬᠠᠨ ᠬᠠᠮᠠᠭᠠᠯᠠᠭᠴᠢ
● ᠭᠤᠸ᠎ᠠ
ᠰᠢᠨ᠎ᠡ ᠳᠢᠳᠢᠮᠯᠢᠭ ᠠᠭᠤᠰᠬᠢᠨ ᠦᠷᠪᠢᠰᠦᠯ ᠳᠡᠯᠬᠡᠷᠡᠭᠰᠡᠨ ᠡᠨᠡ ᠭᠦ ᠬᠡᠨᠡᠳᠳᠡ᠎ᠪᠠᠷ ᠡᠭᠦᠰᠦᠭᠰᠡᠨ ᠬᠦᠨᠳᠦ ᠶᠡᠬᠡ ᠤᠯᠠᠨ ᠨᠡᠢᠳᠡ᠎ᠶᠢᠨ ᠡᠷᠡᠭᠦᠯ ᠬᠠᠮᠠᠭᠠᠯᠠᠯ᠎ᠤᠨ ᠬᠡᠷᠡᠭ ᠶᠠᠪᠤᠳᠠᠯ᠎ᠨᠢ ᠵᠦᠪᠭᠡᠨ ᠡᠮ ᠡᠮᠨᠡᠯᠭᠡ ᠡᠷᠡᠭᠦᠯ ᠬᠠᠮᠠᠭᠠᠯᠠᠯ᠎ᠤᠨ ᠠᠰᠠᠭᠤᠳᠠᠯ ᠪᠢᠰᠢ ᠂ ᠬᠠᠷᠢᠨ ᠪᠦᠬᠦ ᠳᠠᠯ᠎ᠠ᠎ᠶᠢᠨ ᠶᠡᠷᠦᠩᠬᠡᠢ ᠳᠠᠢᠯᠠᠯᠳᠤᠭᠠᠨ ᠪᠤᠯᠵᠤ ᠪᠢᠯᠡ ᠃
ᠡᠨᠡ ᠭᠦ ︽ ᠦᠯᠦ ᠬᠠᠷᠠᠭᠳᠠᠬᠤ ︾ ᠳᠠᠢᠨ᠎ᠤ ᠹᠷᠤᠨᠲ ᠂ ︽ ᠬᠢᠵᠠᠭᠠᠷ ᠦᠭᠡᠢ ︾ ᠳᠠᠢᠯᠠᠯᠳᠤᠭᠠᠨ᠎ᠤ ᠳᠠᠯᠠᠪᠤᠷ ᠳᠡᠭᠡᠷ᠎ᠠ ᠂ ᠡᠮᠴᠢ ᠰᠤᠪᠢᠯᠠᠭᠴᠢ ᠂ ᠠᠷᠠᠳ᠎ᠤᠨ ᠴᠠᠭᠳᠠᠭ᠎ᠠ ᠂ ᠨᠡᠢᠭᠡᠮ ᠳᠤᠭᠤᠷᠢᠭ᠎ᠤᠨ ᠠᠵᠢᠯᠳᠠᠨ ᠠᠵᠢᠯᠴᠢᠨ ᠂ ᠰᠠᠢᠨ ᠳᠤᠷᠠᠴᠤᠤᠯ ᠁ ᠡᠳᠡᠭᠡᠷ ᠡᠭᠡᠯ ᠵᠢᠷ᠎ᠤᠨ ᠬᠦᠮᠦᠰ ᠠᠶᠤᠯ ᠲᠦᠭᠰᠢᠭᠦᠷᠢ᠎ᠶᠢ ᠰᠦᠷᠦᠨ ᠠᠶᠠᠯᠠᠵᠤ ᠂ ᠬᠤᠪᠢ ᠪᠡᠶ᠎ᠡ᠎ᠶᠢᠨ ᠠᠮᠢ ᠨᠠᠰᠤ᠎ᠪᠠᠷ᠎ᠢᠶᠡᠨ ᠠᠷᠠᠳ ᠤᠯᠠᠨ᠎ᠤ ᠠᠮᠢ ᠨᠠᠰᠤᠨ᠎ᠤ ᠠᠮᠤᠷ ᠲᠦᠪᠰᠢᠨ ᠪᠠ ᠪᠡᠶ᠎ᠡ ᠮᠠᠬᠠᠪᠤᠳ᠎ᠤᠨ ᠡᠷᠡᠭᠦᠯ ᠮᠡᠨᠳᠤ᠎ᠶᠢ ᠬᠠᠮᠠᠭᠠᠯᠠᠵᠤ ᠂ ᠡᠨᠡ ᠭᠦ ᠳᠠᠷᠢ᠎ᠶᠢᠨ ᠤᠳᠤᠭ᠎ᠠ ᠦᠭᠡᠢ ᠳᠠᠢᠨ᠎ᠤ ᠳᠠᠯᠠᠪᠤᠷ᠎ᠲᠤ ᠦᠭᠦᠵᠤ ᠰᠡᠭᠡᠭᠦ᠎ᠶᠢ ᠤᠮᠠᠷᠳᠠᠨ ᠂ ᠬᠦᠮᠦᠨ ᠲᠦᠷᠦᠯᠬᠢᠳᠡᠨ᠎ᠤ ᠡᠷᠬᠢᠮ ᠨᠠᠨᠳᠢᠨ ᠠᠮᠢ ᠨᠠᠰᠣᠨ᠎ᠤ ᠲᠦᠯᠦᠭᠡ ᠂ ᠡᠬᠡ ᠣᠯᠣᠰ᠎ᠤᠨ᠎ᠢᠶᠡᠨ ᠡᠭᠦᠷᠢᠳᠡ᠎ᠶᠢᠨ ᠵᠢᠷᠭᠠᠯ᠎ᠢ ᠴᠣᠬᠴᠠᠯᠠᠬᠤ᠎ᠶᠢᠨ ᠲᠦᠯᠦᠭᠡ ᠂ ᠬᠠᠯᠠᠭᠤᠨ ᠠᠮᠢ ᠪᠦᠯᠢᠶᠡᠨ ᠴᠢᠰᠦ᠎ᠪᠠᠨ ᠬᠠᠶᠢᠷᠠᠯᠠᠯ ᠦᠭᠡᠢ ᠵᠣᠷᠢᠭᠤᠯᠤᠨ ᠴᠢᠷᠮᠠᠶᠢᠨ ᠵᠢᠳᠭᠦᠯ᠎ᠡ ᠃
ᠳᠡᠳᠡ ᠨᠠᠷ ᠬᠦᠮᠦᠨ᠎ᠤ ᠶᠢᠷᠳᠢᠨᠴᠦ᠎ᠳ᠋ᠤ ᠵᠠᠢᠯᠠᠰᠢ ᠦᠬᠡᠢ ᠵᠠᠶᠠᠭᠠᠭᠰᠠᠨ ᠪᠠᠭᠠᠳᠤᠷ ᠰᠦᠰᠦᠳᠡᠨ ᠪᠢᠰᠢ ᠂ ᠵᠦᠪᠭᠡᠨ ᠠᠶᠤᠯ ᠲᠦᠭᠰᠢᠭᠦᠷᠢ᠎ᠶᠢᠨ ᠡᠮᠤᠨ᠎ᠡ ᠠᠶᠤᠨ ᠰᠦᠷᠳᠡᠭᠦ ᠦᠭᠡᠢ ᠵᠤᠷᠢᠭ ᠰᠦᠰᠦ᠎ᠶᠢ ᠪᠠᠷᠢᠮᠳᠠᠯᠠᠭᠰᠠᠨ ᠡᠬᠡᠯ ᠲᠦᠷᠦᠬᠦᠳᠡᠨ ᠳᠡᠳᠦᠢ ᠃ ᠳᠡᠳᠡ ᠨᠠᠷ ᠬᠦᠮᠦᠨ᠎ᠢ ᠪᠢᠰᠢᠷᠡᠭᠦᠯᠦᠮᠠ ᠦᠬᠡ ᠶᠠᠷᠢᠶ᠎ᠠ᠎ᠪᠠᠷ ᠪᠢᠰᠢ ᠂ ᠬᠠᠷᠢᠨ ᠬᠠᠢᠷ᠎ᠠ ᠰᠡᠳᠬᠢᠯᠭᠡ ᠬᠠᠳᠠᠭᠤ ᠵᠤᠷᠢᠭ ᠦᠨᠠᠨ ᠪᠤᠳᠠᠳᠠᠢ ᠦᠢᠯᠡ ᠠᠵᠢᠯᠯᠠᠭ᠎ᠠ᠎ᠪᠠᠷ᠎ᠢᠶᠡᠨ ᠬᠢᠵᠢᠭ᠎ᠲᠠᠢ ᠳᠡᠮᠡᠴᠡᠭᠦ ᠬᠠᠳᠠᠭᠤ ᠳᠠᠢᠯᠠᠯᠳᠤᠭᠠᠨ᠎ᠤ ᠭᠠᠯ ᠹᠷᠤᠨᠲ᠎ᠲᠤ ᠭᠠᠪᠰᠢᠭᠠᠢᠯᠠᠨ ᠂ ᠠᠷᠠᠳ ᠤᠯᠠᠨ᠎ᠤ ᠠᠮᠢ ᠨᠠᠰᠤ᠎ᠶᠢ ᠬᠠᠮᠠᠭᠠᠯᠠᠬᠤ ᠳᠠᠢᠴᠢᠨ ᠡᠩᠨᠡᠬᠡ ᠪᠤᠯᠵᠦ ᠵᠤᠭᠰᠤᠭᠰᠠᠨ ᠶᠤᠮ ᠃ ᠳᠡᠳᠡ ᠨᠠᠷ ᠪᠤᠯ ᠨᠡᠷ᠎ᠡ ᠨᠢᠳᠡᠷ᠎ᠲᠡᠭᠡᠨ ᠳᠡᠩᠴᠡᠭᠰᠡᠨ ᠳᠠᠯ᠎ᠠ ᠨᠤᠳᠤᠭ᠎ᠤᠨ ᠪᠠᠭᠠᠳᠤᠷᠴᠤᠳ ᠂ ᠡᠩᠬᠡ ᠠᠮᠢᠳᠤᠷᠠᠯ᠎ᠤᠨ ᠳᠠᠷᠬᠠᠨ ᠬᠠᠮᠠᠭᠠᠯᠠᠭᠴᠢ ᠪᠢᠯᠡ ᠂ ᠬᠢᠵᠢᠭ᠎ᠤᠨ ᠡᠮᠦᠨ᠎ᠠ ᠰᠦᠷᠳᠡᠰᠢ ᠦᠬᠡᠢ ᠡᠷᠡᠯᠬᠡᠭᠯᠡᠭᠰᠡᠨ ᠳᠡᠳᠡ ᠨᠠᠷ ᠡᠭᠡᠯ ᠵᠢᠷ᠎ᠤᠨ ᠮᠦᠷᠳᠡᠭᠡᠨ ᠠᠭᠤᠤ ᠶᠡᠭᠡ ︕
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠠᠷᠢᠭᠤᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃