2020-04-28 15:14:07
ᠰᠢᠨ᠎ᠠ ᠲᠢᠲᠢᠮᠯᠢᠭ ᠠᠭᠤᠰᠬᠢᠨ ᠦᠷᠪᠢᠰᠦᠯ᠎ᠤᠨ ᠳᠤᠳᠤᠯᠠᠯᠳᠠ᠎ᠳ᠋ᠤ ᠪᠦᠬᠡᠮ ᠬᠦᠴᠢᠯ᠎ᠤᠨ ᠪᠠᠢᠴᠠᠭᠠᠯᠳᠠ ᠤᠯᠠᠨ ᠭᠡᠷᠡᠭᠯᠡᠭᠳᠡᠵᠦ ᠂ ᠬᠦᠮᠦᠰ ᠲᠡᠭᠦᠨ᠎ᠤ ᠦᠨ᠎ᠠ ᠬᠠᠩᠰᠢ᠎ᠶᠢᠨ ᠳᠤᠬᠠᠢ ᠰᠠᠨᠠᠭᠠᠰᠢᠷᠠᠵᠦ ᠪᠠᠢᠬᠤ ᠮᠦᠷᠳᠡᠭᠡᠨ ᠨᠡᠢᠭᠡᠮ ᠲᠡᠭᠡᠷᠡᠬᠢ ︽ ᠬᠡᠳᠦᠨ ᠮᠢᠩᠭᠠᠨ ᠲᠦᠭᠦᠷᠢᠭ ᠬᠡᠷᠡᠭᠰᠡᠳᠡᠭ ︾ ᠭᠡᠰᠡᠨ ᠴᠤᠤᠷᠬᠠᠯ᠎ᠢ ᠰᠤᠨᠤᠰᠤᠭᠠᠳ ᠪᠦᠷ ᠠᠶᠤᠵᠤ ᠵᠠᠢᠯᠠᠳᠠᠭ ᠪᠠᠢᠨ᠎ᠠ ᠃
ᠲᠡᠭᠡᠪᠡᠯ ᠪᠦᠬᠡᠮ ᠬᠦᠴᠢᠯ᠎ᠤᠨ ᠪᠠᠢᠴᠠᠭᠠᠯᠳᠠ᠎ᠳ᠋ᠤ ᠬᠡᠳᠦᠢ ᠵᠤᠭᠤᠰ ᠬᠡᠷᠡᠭᠰᠡᠳᠡᠭ ᠪᠤᠢ ︖
ᠰᠤᠷᠪᠤᠯᠵᠢᠯᠠᠭᠴᠢ ᠦᠪᠡᠷᠳᠡᠭᠡᠨ ᠵᠠᠰᠠᠬᠤ ᠤᠷᠤᠨ᠎ᠤ ᠬᠢᠵᠢᠭ᠎ᠢ ᠰᠡᠷᠭᠡᠢᠯᠡᠨ ᠡᠵᠡᠮᠳᠡᠬᠦ ᠳᠦᠪ᠎ᠡᠴᠠ ᠤᠢᠯᠠᠭᠠᠭᠰᠠᠨ᠎ᠢᠶᠠᠷ ᠤᠳᠤᠬᠠᠨ᠎ᠳ᠋ᠤ ᠮᠠᠨ᠎ᠤ ᠤᠷᠤᠨ᠎ᠤ ᠪᠦᠬᠡᠮ ᠬᠦᠴᠢᠯ᠎ᠤᠨ ᠪᠠᠢᠴᠠᠭᠠᠯᠳᠠ᠎ᠶᠢᠨ ᠵᠠᠷᠤᠳᠠᠯ᠎ᠨᠢ 275 ᠳᠦᠬᠦᠷᠢᠭ ᠪᠠᠢᠵᠦ ᠂ ᠡᠨᠡ᠎ᠨᠢ ᠤᠯᠤᠰ᠎ᠡᠴᠠ ᠳᠤᠭᠳᠠᠭᠠᠭᠰᠠᠨ ᠦᠨ᠎ᠠ ᠬᠠᠩᠰᠢ ᠶᠤᠮ ᠃ ᠶᠡᠷᠦᠳ᠋ᠡᠭᠡᠨ ᠡᠮᠦᠨ᠎ᠠ ᠡᠳᠦᠷ᠎ᠨᠢ ᠪᠠᠢᠴᠠᠭᠠᠯᠭᠠᠪᠠᠯ ᠳᠠᠷᠠᠭ᠎ᠠ ᠡᠳᠦᠷ᠎ᠨᠢ ᠦᠷ᠎ᠡ ᠳ᠋ᠦ᠋ᠢᠩᠨᠢ ᠭᠠᠷᠴᠢᠬᠠᠳᠠᠭ ᠃
ᠤᠢᠷ᠎ᠠ᠎ᠳ᠋ᠤ ᠬᠤᠪᠸᠢ ᠮᠤᠵᠢ᠎ᠶᠢᠨ ᠡᠮᠴᠢᠯᠡᠭᠡᠨ᠎ᠤ ᠳᠠᠭᠠᠳᠬᠠᠯ᠎ᠤᠨ ᠲᠣᠪᠴᠢᠶ᠎ᠠ ᠮᠤᠵᠢ᠎ᠶᠢᠨ ᠡᠷᠡᠭᠦᠯ ᠬᠠᠮᠠᠭᠠᠯᠠᠯ ᠡᠷᠡᠭᠦᠯ ᠮᠡᠨᠳᠦ᠎ᠶᠢᠨ ᠵᠥᠪᠯᠡᠯ᠎ᠲᠠᠢ ᠬᠠᠮᠲᠤᠷᠠᠨ ᠪᠢᠴᠢᠭ ᠮᠠᠲ᠋ᠧᠷᠢᠶᠠᠯ ᠪᠠᠭᠤᠯᠭᠠᠵᠤ ᠂ ᠪᠥᠬᠥ ᠮᠤᠵᠢ᠎ᠶᠢᠨ ᠭᠡᠪᠴᠢᠶᠡᠨ᠎ᠳ᠋ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠪᠥᠭᠡᠮ ᠬᠦᠴᠢᠯ᠎ᠤᠨ ᠪᠠᠶᠢᠴᠠᠭᠠᠯᠳᠠ ᠪᠠ ᠡᠰᠡᠷᠭᠦᠴᠡᠭᠴᠢ ᠪᠠᠶ᠎ᠠ ︵ IgM/IgG ︶᠎ᠶᠢᠨ ᠪᠠᠢᠴᠠᠭᠠᠯᠳᠠ᠎ᠶᠢᠨ ᠦᠨ᠎ᠠ ᠬᠠᠩᠰᠢ᠎ᠶᠢ ᠳᠠᠬᠢᠨ ᠳᠤᠭᠳᠠᠭᠠᠵᠦ ᠂ ᠬᠠᠮᠤᠭ᠎ᠤᠨ ᠥᠨᠳᠥᠷ ᠬᠢᠵᠠᠭᠠᠷᠯᠠᠬᠤ ᠦᠨᠡᠨ᠎ᠢ ᠲᠣᠰ ᠲᠣᠰ 180 ᠲᠥᠭᠥᠷᠢᠭ / ᠤᠳᠠᠭ᠎ᠠ ᠪᠠ 50 ᠲᠥᠭᠥᠷᠢᠭ / ᠳᠦᠷᠦᠯ ᠭᠡᠵᠦ ᠳᠤᠭᠳᠠᠯ᠎ᠠ ᠃
ᠦᠬᠠᠨ ᠬᠣᠲᠠ᠎ᠪᠠᠷ ᠵᠢᠱᠢᠶᠡᠯᠡᠪᠡᠯ ᠂ ᠲᠣᠰ ᠤᠳᠠᠭ᠎ᠠ ᠦᠨ᠎ᠡ ᠲᠣᠬᠢᠷᠠᠭᠤᠯᠤᠭᠰᠠᠨ᠎ᠨᠢ ᠂ 3 ᠰᠠᠷ᠎ᠠ᠎ᠶᠢᠨ ᠰᠡᠭᠦᠯᠴᠢ᠎ᠶᠢᠨ ᠪᠥᠭᠡᠮ ᠬᠦᠴᠢᠯ᠎ᠤᠨ ᠪᠠᠶᠢᠴᠠᠭᠠᠯᠳᠠ᠎ᠶᠢᠨ ᠲᠦᠷ ᠴᠠᠭ᠎ᠤᠨ ᠦᠨ᠎ᠡ 260 ᠲᠥᠭᠥᠷᠢᠭ / ᠤᠳᠠᠭ᠎ᠠ ᠪᠦᠷᠢ ᠪᠠᠢᠭᠰᠠᠨ᠎ᠢ 80 ᠲᠥᠭᠥᠷᠢᠭ ᠪᠠᠭᠤᠷᠠᠭᠤᠯᠵᠤ ᠂ ᠡᠰᠡᠷᠭᠦᠴᠡᠭᠴᠢ ᠪᠡᠶ᠎ᠡ᠎ᠶᠢᠨ ᠪᠠᠢᠴᠠᠭᠠᠯᠳᠠ᠎ᠶᠢᠨ ᠲᠦᠷ ᠴᠠᠭ᠎ᠤᠨ ᠦᠨ᠎ᠡ 90 ᠲᠥᠭᠥᠷᠢᠭ / ᠳᠦᠷᠦᠯ ᠪᠠᠢᠭᠰᠠᠨ᠎ᠢ 40 ᠲᠥᠭᠥᠷᠢᠭ ᠪᠠᠭᠤᠷᠠᠭᠤᠯᠵᠠᠢ ᠃
ᠲᠤᠰ ᠤᠳᠠᠭ᠎ᠠ᠎ᠶᠢᠨ ᠲᠣᠭᠲᠠᠭᠠᠭᠰᠠᠨ ᠦᠨ᠎ᠡ ᠬᠠᠩᠰᠢ ᠪᠣᠯ ᠬᠢᠵᠢᠭ᠎ᠤᠨ ᠪᠠᠶᠢᠳᠠᠯ᠎ᠤᠨ ᠬᠤᠭᠤᠴᠠᠭᠠᠨ᠎ᠤ ᠲᠦᠷ ᠴᠠᠭ᠎ᠤᠨ ᠦᠨ᠎ᠡ ᠪᠣᠯᠤᠨ᠎ᠠ ᠂ ᠬᠢᠵᠢᠭ᠎ᠤᠨ ᠪᠠᠶᠢᠳᠠᠯ ᠳᠠᠭᠤᠰᠤᠭᠰᠠᠨ᠎ᠤ ᠳᠠᠷᠠᠭ᠎ᠠ ᠠᠶᠠᠨᠳᠠᠭᠠᠨ ᠬᠦᠴᠦᠨ ᠦᠭᠡᠶ ᠪᠣᠯᠤᠨ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃