ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠲᠠᠢᠯᠤᠮᠵᠢ

2020-05-08 09:27:21

ᠵᠣᠬᠢᠶᠠᠭ᠍ᠴᠢ᠄ ᠤᠯᠠᠭᠠᠨᠨᠠᠷᠠᠰᠤ ᠣᠩᠱᠢᠭ᠍ᠰᠠᠨ ᠣᠳᠠᠭ᠎ᠠ᠄ 3

ᠰᠢᠨ᠎ᠡ ᠲᠣᠮᠳᠠᠳᠣ ᠣᠯᠣᠰ ᠪᠠᠢᠭᠤᠯᠣᠭᠳᠠᠭᠰᠠᠨ᠎ᠡᠴᠠ ᠨᠠᠭᠠᠰᠢ ᠂ ᠬᠤᠶᠠᠷ ᠣᠳᠠᠭᠠᠨ᠎ᠤ ᠣᠯᠠᠨ ᠨᠡᠢᠳᠡ᠎ᠶᠢᠨ ᠡᠷᠡᠭᠦᠯ ᠬᠠᠮᠠᠭᠠᠯᠠᠯ᠎ᠤᠨ ᠬᠡᠷᠡᠭ ᠡᠭᠦᠰᠦᠭᠰᠡᠨ ᠪᠠᠢᠳᠠᠬ ᠃ ᠨᠢᠭᠡ᠎ᠨᠢ 2003 ᠤᠨ᠎ᠤ ︽ ᠨᠡᠢᠳᠡᠯᠢᠭ ᠪᠣᠰᠣ ᠬᠡᠯᠪᠡᠷᠢ᠎ᠶᠢᠨ ᠠᠭᠤᠰᠬᠢᠨ ᠦᠷᠪᠢᠰᠣᠯ ︾ ᠂ ᠨᠢᠭᠡ᠎ᠨᠢ ᠲᠠᠷᠣᠢ ᠡᠨᠡ ᠣᠳᠠᠭᠠᠨ᠎ᠤ ᠰᠢᠨ᠎ᠡ ᠲᠢᠳᠢᠮᠯᠢᠭ ᠠᠭᠤᠰᠬᠢᠨ ᠦᠷᠪᠢᠰᠣᠯ ᠪᠣᠯᠣᠨ᠎ᠠ ᠃ ᠵᠠᠰᠠᠭ᠎ᠤᠨ ᠣᠷᠳᠣᠨ ᠪᠠ ᠭᠤᠣᠯᠯᠠᠨ ᠬᠠᠮᠢᠶᠠᠷᠬᠤ ᠰᠠᠯᠠᠭ᠎ᠠ ᠮᠦᠴᠢᠷ᠎ᠡᠴᠠ ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠤ ᠲᠣᠭᠳᠠᠭᠠᠨ ᠬᠡᠷᠡᠭᠵᠢᠭᠦᠯᠦᠭᠰᠡᠨ ᠠᠯᠢ ᠣᠯᠠᠨ ᠲᠦᠷᠢᠮᠵᠢᠯ ᠪᠣᠯᠣᠨ ᠪᠣᠳᠠᠳᠦ ᠠᠵᠢᠯᠯᠠᠭ᠎ᠠ᠎ᠨᠢ ᠠᠯᠪᠠᠳᠠᠯᠭᠠᠳᠣ ᠴᠢᠨᠠᠷᠳᠠᠢ ᠵᠠᠰᠠᠭ ᠵᠠᠬᠢᠷᠭᠠᠨ᠎ᠤ ᠠᠷᠭ᠎ᠠ ᠪᠠᠷᠢᠯ ᠪᠣᠯᠣᠭᠰᠠᠨ ᠬᠤᠪᠢ᠎ᠳ᠋ᠤ ᠂ ᠨᠡᠢᠭᠡᠮ᠎ᠤᠨ ᠡᠯ᠎ᠡ ᠲᠠᠯ᠎ᠠ᠎ᠳ᠋ᠤ ᠯᠣᠳᠣ ᠶᠡᠭᠡ ᠨᠦᠯᠦᠭᠡ ᠭᠠᠷᠭᠠᠬᠤ᠎ᠨᠢ ᠵᠠᠢᠯᠠᠰᠢ ᠦᠭᠡᠢ ᠃ ᠭᠡᠬᠦ᠎ᠳ᠋ᠡᠭᠡᠨ ᠡᠨᠡᠬᠦ ᠵᠠᠩᠭᠢᠯᠠᠭ᠎ᠠ᠎ᠶᠢᠨ ᠬᠤᠭᠤᠴᠠᠭᠠᠨ᠎ᠳ᠋ᠤ ᠬᠤᠪᠢ ᠬᠦᠮᠦᠨ᠎ᠤ ᠬᠤᠭᠤᠷᠣᠨᠳᠤ ᠂ ᠬᠤᠪᠢ ᠬᠦᠮᠦᠨ ᠪᠠ ᠪᠠᠢᠭᠤᠯᠭ᠎ᠠ᠎ᠶᠢᠨ ᠬᠤᠭᠤᠷᠣᠨᠳᠣ ᠂ ᠪᠠᠢᠭᠤᠯᠭ᠎ᠠ ᠪᠣᠯᠣᠨ ᠪᠠᠢᠭᠤᠯᠭ᠎ᠠ᠎ᠶᠢᠨ ᠬᠤᠭᠤᠷᠣᠨᠳᠣᠬᠢ ᠢᠷᠭᠡᠨ᠎ᠤ ᠬᠡᠷᠡᠭ᠎ᠤᠨ ᠬᠠᠣᠯᠢ ᠴᠠᠭᠠᠵᠠ᠎ᠶᠢᠨ ᠬᠠᠷᠢᠴᠠᠭ᠎ᠠ᠎ᠶᠢ ᠬᠠᠣᠯᠢ ᠶᠣᠰᠣᠭᠠᠷ ᠵᠦᠢ ᠵᠣᠬᠢᠰᠳᠠᠢ ᠰᠢᠢᠳᠪᠦᠷᠢᠯᠡᠬᠦ ᠪᠣᠯ ᠪᠦᠬᠦ ᠨᠡᠢᠭᠡᠮ᠎ᠤᠨ ᠠᠮᠣᠷ ᠲᠣᠭᠳᠠᠭᠤᠨ ᠪᠠ ᠡᠷᠡᠭᠦᠯ᠎ᠢᠶᠠᠷ ᠬᠦᠭᠵᠢᠬᠦ᠎ᠶᠢ ᠪᠠᠳᠣᠯᠠᠬᠤ᠎ᠶᠢᠨ ᠤᠷᠢᠳᠠᠯ ᠰᠠᠭᠤᠷᠢ ᠪᠣᠯᠬᠤ ᠶᠣᠰᠣᠳᠠᠢ ᠃

ᠨᠢᠭᠡ ᠂ ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠠᠬᠢ ᠢᠷᠭᠡᠨ᠎ᠤ ᠭᠡᠷ᠎ᠡ᠎ᠶᠢᠨ ᠵᠢᠭᠤᠷᠠᠭᠠᠨ᠎ᠤ ᠬᠠᠣᠯᠢ᠎ᠶᠢᠨ ᠠᠰᠠᠭᠤᠳᠠᠯ

ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠤᠨ ᠬᠢᠵᠢᠭ᠎ᠤᠨ ᠪᠠᠢᠳᠠᠯ ᠡᠭᠦᠰᠦᠭᠰᠡᠨ᠎ᠤ ᠲᠠᠷᠠᠭ᠎ᠠ ᠂ ᠠᠷᠠᠳ ᠣᠯᠠᠨ᠎ᠤ ᠠᠮᠢ ᠨᠠᠰᠣ ᠂ ᠡᠷᠡᠭᠦᠯ ᠮᠡᠨᠳᠦ ᠂ ᠡᠳ᠋ ᠬᠦᠷᠦᠩᠭᠡ᠎ᠶᠢᠨ ᠠᠮᠣᠷ ᠲᠦᠪᠰᠢᠨ᠎ᠢ ᠬᠠᠮᠠᠭᠠᠯᠠᠬᠤ᠎ᠶᠢᠨ ᠲᠣᠰᠠᠳᠠ ᠡᠯ᠎ᠡ ᠭᠠᠵᠠᠷ ᠣᠷᠣᠨ ᠂ ᠡᠯ᠎ᠡ ᠱᠠᠳᠣᠨ᠎ᠤ ᠵᠠᠰᠠᠭ᠎ᠤᠨ ᠣᠷᠳᠣᠨ᠎ᠡᠴᠠ ᠪᠣᠳᠠᠳᠠᠢ ᠪᠠᠢᠳᠠᠯ᠎ᠢᠶᠡᠨ ᠦᠨᠳᠦᠰᠦᠯᠡᠨ ᠬᠢᠵᠢᠭ᠎ᠢ ᠰᠡᠷᠭᠡᠢᠯᠡᠨ ᠡᠵᠡᠮᠳᠡᠬᠦ ᠪᠦᠳᠦᠮᠵᠢᠳᠠᠢ ᠠᠷᠭ᠎ᠠ ᠬᠡᠮᠵᠢᠶ᠎ᠡ ᠠᠪᠣᠭᠰᠠᠨ ᠪᠠᠢᠨ᠎ᠠ ᠃ ᠶᠠᠷᠢᠶᠠᠨ ᠦᠭᠡᠢ ᠡᠳᠡᠭᠡᠷ ᠵᠠᠰᠠᠭ ᠵᠠᠬᠢᠷᠭᠠᠨ᠎ᠤ ᠠᠷᠭ᠎ᠠ ᠪᠠᠷᠢᠯ᠎ᠨᠢ ᠶᠡᠷᠦ ᠪᠣᠰᠣ᠎ᠶᠢᠨ ᠴᠠᠭ᠎ᠲᠠᠬᠢ ᠨᠡᠢᠭᠡᠮ᠎ᠤᠨ ᠬᠠᠮᠢᠶᠠᠷᠣᠯᠳᠠ᠎ᠶᠢᠨ ᠣᠨᠴᠠᠭᠠᠢ ᠬᠡᠯᠪᠡᠷᠢ ᠪᠣᠯᠣᠭᠰᠠᠨ᠎ᠤ ᠬᠤᠪᠢ᠎ᠳ᠋ᠤ ᠂ ᠵᠠᠰᠠᠭ ᠵᠠᠬᠢᠷᠭᠠᠨ᠎ᠤ ᠬᠠᠣᠯᠢ ᠴᠠᠭᠠᠵᠠ᠎ᠶᠢᠨ ᠬᠠᠷᠢᠴᠠᠭᠠᠨ᠎ᠳ᠋ᠤ ᠰᠢᠭᠤᠳ ᠨᠦᠯᠦᠭᠡ ᠦᠵᠡᠭᠦᠯᠬᠦ᠎ᠪᠠᠷ ᠦᠯᠦ ᠪᠠᠷᠠᠮ ᠡᠷᠬᠡ ᠲᠡᠭᠰᠢ ᠪᠡᠶᠡᠴᠢ ᠴᠣᠭᠴᠠ᠎ᠶᠢᠨ ᠢᠷᠭᠡᠨ᠎ᠤ ᠬᠠᠣᠯᠢ ᠴᠠᠭᠠᠵᠠ᠎ᠶᠢᠨ ᠬᠠᠷᠢᠴᠠᠭᠠᠨ᠎ᠤ ᠲᠣᠬᠠᠢ᠎ᠶᠢᠨ ᠬᠦᠮᠦᠨ᠎ᠤ ᠡᠷᠬᠡ ᠪᠠ ᠡᠭᠦᠷᠭᠡ᠎ᠶᠢ ᠲᠠᠬᠢᠨᠳᠠ ᠬᠤᠪᠢᠶᠠᠷᠢᠯᠠᠬᠤ ᠦᠷ᠎ᠡ ᠳ᠋ᠦᠩ᠎ᠢ ᠴᠦ ᠪᠣᠢ ᠪᠣᠯᠭᠠᠳᠠᠭ ᠶᠣᠮ ᠃ ᠡᠢᠮᠦᠷᠬᠦ ᠨᠦᠯᠦᠭᠡ ᠲᠣᠰᠬᠠᠯ᠎ᠨᠢ ᠢᠷᠭᠡᠨ᠎ᠤ ᠭᠡᠷ᠎ᠡ᠎ᠶᠢᠨ ᠬᠠᠷᠢᠴᠠᠭᠠᠨ᠎ᠳ᠋ᠤ ᠨᠡᠩ ᠴᠦ ᠢᠯᠭᠤᠮ ᠪᠣᠳᠠᠳᠠᠢ ᠲᠣᠰᠬᠠᠭᠳᠠᠳᠠᠭ ᠶᠤᠮ ᠃
2 ᠰᠠᠷ᠎ᠠ᠎ᠶᠢᠨ 14᠎ᠤ ᠡᠳᠦᠷ ᠨᠡᠢᠳᠡᠯᠡᠵᠦ ᠬᠡᠷᠡᠭᠵᠢᠭᠦᠯᠦᠭᠰᠡᠨ ᠂ ᠦᠪᠦᠷ ᠮᠣᠩᠭᠤᠯ᠎ᠤᠨ ᠦᠪᠡᠷᠳᠡᠭᠡᠨ ᠵᠠᠰᠠᠬᠤ ᠣᠷᠣᠨ᠎ᠤ ᠦᠨᠳᠦᠷ ᠵᠡᠷᠭᠡ᠎ᠶᠢᠨ ᠰᠢᠭᠦᠬᠦ ᠬᠤᠷᠢᠶ᠎ᠠ᠎ᠶᠢᠨ ︽ ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠤᠨ ᠬᠢᠵᠢᠭ᠎ᠤᠨ ᠪᠠᠢᠳᠠᠯ᠎ᠳ᠋ᠤ ᠬᠤᠯᠪᠣᠭᠳᠠᠬᠤ ᠢᠷᠭᠡᠨ᠎ᠤ ᠪᠠ ᠬᠤᠳᠠᠯᠳᠣᠭᠠᠨ᠎ᠤ ᠬᠡᠷᠡᠭ᠎ᠢ ᠰᠢᠭᠦᠬᠦ ᠬᠠᠮᠢᠶ᠎ᠠ ᠪᠦᠬᠦᠢ ᠠᠰᠠᠭᠤᠳᠠᠯ᠎ᠤᠨ ᠲᠣᠬᠠᠢ ᠵᠢᠯᠣᠭᠤᠳᠣᠮᠵᠢ ︾᠎ᠳ᠋ᠤ ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠤᠨ ᠬᠢᠵᠢᠭ᠎ᠤᠨ ᠪᠠᠢᠳᠠᠯ ᠪᠣᠯ ᠢᠷᠭᠡᠨ᠎ᠤ ᠬᠠᠣᠯᠢ᠎ᠶᠢᠨ ᠶᠡᠷᠦᠩᠬᠡᠢ ᠲᠦᠷᠢᠮ᠎ᠳ᠋ᠠᠬᠢ ᠬᠤᠷᠢᠬᠯᠠᠬᠳᠠᠰᠢ ᠦᠭᠡᠢ ᠬᠦᠴᠦᠨ᠎ᠳ᠋ᠤ ᠲᠣᠭᠠᠴᠠᠭᠳᠠᠨ᠎ᠠ ᠭᠡᠵᠦ ᠵᠢᠭᠠᠨ ᠭᠠᠷᠭᠠᠵᠠᠢ ᠃ 2020 ᠣᠨ᠎ᠤ 4 ᠰᠠᠷ᠎ᠠ᠎ᠶᠢᠨ 20᠎ᠤ ᠡᠳᠦᠷ ᠠᠷᠠᠳ᠎ᠤᠨ ᠲᠡᠭᠡᠳᠦ ᠰᠢᠭᠦᠬᠦ ᠬᠤᠷᠢᠶ᠎ᠠ ︽ ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠤᠨ ᠬᠢᠵᠢᠭ᠎ᠤᠨ ᠪᠠᠢᠳᠠᠯ᠎ᠳ᠋ᠤ ᠬᠤᠯᠪᠣᠭᠳᠠᠬᠤ ᠢᠷᠭᠡᠨ᠎ᠤ ᠬᠡᠷᠡᠭ᠎ᠢ ᠬᠠᠣᠯᠢ ᠶᠣᠰᠣᠭᠠᠷ ᠲᠣᠬᠢᠷᠠᠮᠵᠢᠳᠠᠢ ᠰᠢᠭᠦᠬᠦ ᠡᠳᠦᠢ ᠲᠡᠳᠦᠢ ᠠᠰᠠᠭᠤᠳᠠᠯ᠎ᠤᠨ ᠲᠣᠬᠠᠢ ᠵᠢᠯᠣᠭᠤᠳᠬᠤ ᠰᠠᠨᠠᠯ ︾᠎ᠢ ᠨᠡᠢᠳᠡᠯᠡᠵᠦ ᠂ ᠬᠠᠣᠯᠢ ᠴᠠᠭᠠᠵᠠ᠎ᠶᠢᠨ ᠠᠵᠢᠯᠯᠠᠭᠠᠨ᠎ᠤ ᠲᠣᠮᠳᠠ ᠰᠢᠨ᠎ᠡ ᠲᠢᠳᠢᠮᠯᠢᠭ ᠠᠭᠤᠰᠬᠢᠨ ‍ᠦᠷᠪᠢᠰᠣᠯ᠎ᠤᠨ ᠬᠢᠵᠢᠭ᠎ᠤᠨ ᠪᠠᠢᠳᠠᠯ᠎ᠳ᠋ᠤ ᠬᠤᠯᠪᠣᠭᠳᠠᠬᠤ ᠢᠷᠭᠡᠨ᠎ᠤ ᠬᠡᠷᠡᠭ᠎ᠢ ᠬᠠᠣᠯᠢ ᠶᠣᠰᠣᠭᠠᠷ ᠬᠡᠷᠬᠢᠨ ᠵᠣᠬᠢᠰᠳᠠᠢ ᠰᠢᠢᠳᠪᠦᠷᠢᠯᠡᠬᠦ ᠲᠣᠬᠠᠢ ᠲᠦᠷᠢᠮᠵᠢᠯ᠎ᠤᠨ ᠦᠨᠳᠦᠰᠦᠯᠡᠯ᠎ᠢ ᠬᠠᠩᠭᠠᠭᠰᠠᠨ ᠪᠠᠢᠨ᠎ᠠ ᠃ ︽ ᠢᠷᠭᠡᠨ᠎ᠤ ᠬᠠᠣᠯᠢ᠎ᠶᠢᠨ ᠶᠡᠷᠦᠩᠬᠡᠢ ᠲᠦᠷᠢᠮ ︾ ᠂ ︽ ᠭᠡᠷ᠎ᠡ᠎ᠶᠢᠨ ᠬᠠᠣᠯᠢ ︾ ᠵᠡᠷᠭᠡ ᠢᠷᠭᠡᠨ᠎ᠤ ᠬᠠᠣᠯᠢ ᠴᠠᠭᠠᠵᠠ ᠵᠢᠴᠢ ᠲᠡᠭᠡᠷ᠎ᠡ ᠶᠠᠷᠢᠭᠰᠠᠨ ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠠᠬᠢ ᠪᠦᠬᠦ ᠣᠯᠣᠰ᠎ᠤᠨ ᠠᠷᠠᠳ᠎ᠤᠨ ᠲᠦᠯᠦᠭᠡᠯᠡᠭᠴᠢᠳ᠎ᠤᠨ ᠶᠡᠭᠡ ᠬᠤᠷᠠᠯ᠎ᠤᠨ ᠪᠠᠢᠩᠭᠤ᠎ᠶᠢᠨ ᠬᠤᠷᠢᠶ᠎ᠠ᠎ᠶᠢᠨ ᠬᠠᠣᠯᠢ ᠴᠠᠭᠠᠵᠠ᠎ᠶᠢᠨ ᠵᠦᠪᠯᠡᠯ᠎ᠤᠨ ︽ ᠬᠠᠷᠢᠭᠤ ︾ ᠂ ᠠᠷᠠᠳ᠎ᠤᠨ ᠲᠡᠭᠡᠳᠦ ᠰᠢᠭᠦᠬᠦ ᠬᠤᠷᠢᠶ᠎ᠠ᠎ᠶᠢᠨ ︽ ᠵᠢᠯᠣᠭᠤᠳᠬᠤ ᠰᠠᠨᠠᠯ ︾ ᠪᠣᠯᠣᠨ ᠮᠠᠨ᠎ᠤ ᠣᠷᠣᠨ᠎ᠤ ᠦᠨᠳᠦᠷ ᠵᠡᠷᠭᠡ᠎ᠶᠢᠨ ᠰᠢᠭᠦᠬᠦ ᠬᠤᠷᠢᠶ᠎ᠠ᠎ᠶᠢᠨ ︽ ᠵᠢᠯᠣᠭᠤᠳᠣᠮᠵᠢ ︾ ᠵᠡᠷᠭᠡ᠎ᠶᠢ ᠦᠨᠳᠦᠰᠦᠯᠡᠪᠡᠯ ᠂ ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠠᠬᠢ ᠢᠷᠭᠡᠨ᠎ᠤ ᠭᠡᠷ᠎ᠡ᠎ᠶᠢᠨ ᠵᠢᠭᠤᠷᠠᠭᠠᠨ᠎ᠤ ᠬᠠᠣᠯᠢ᠎ᠶᠢᠨ ᠠᠰᠠᠭᠤᠳᠠᠯ᠎ᠤᠳ᠎ᠲᠤ ᠲᠣᠣᠷᠠᠬᠢ ᠮᠡᠳᠦ ᠵᠠᠳᠠᠯᠣᠯᠳᠠ ᠬᠢᠵᠦ ᠪᠣᠯᠣᠨ᠎ᠠ ᠃

︵ ᠨᠢᠭᠡ ︶ ᠢᠷᠭᠡᠨ᠎ᠤ ᠭᠡᠷ᠎ᠡ᠎ᠶᠢᠨ ᠵᠢᠭᠤᠷᠠᠭᠠᠨ᠎ᠳ᠋ᠠᠬᠢ ᠬᠤᠷᠢᠬᠯᠠᠬᠳᠠᠰᠢ ᠦᠭᠡᠢ ᠬᠦᠴᠦᠨ᠎ᠤ ᠲᠣᠬᠠᠢ

︽ ᠢᠷᠭᠡᠨ᠎ᠤ ᠬᠠᠣᠯᠢ᠎ᠶᠢᠨ ᠶᠡᠷᠦᠩᠬᠡᠢ ᠲᠦᠷᠢᠮ ︾᠎ᠤᠨ 180 ᠳ᠋ᠤᠭᠠᠷ ᠵᠣᠢᠯ᠎ᠤᠨ ᠬᠤᠶᠠᠳᠤᠭᠠᠷ ᠪᠠᠳᠠᠭ ᠪᠣᠯᠣᠨ ︽ ᠭᠡᠷ᠎ᠡ᠎ᠶᠢᠨ ᠬᠠᠣᠯᠢ ︾᠎ᠶᠢᠨ 117 ᠳ᠋ᠤᠭᠠᠷ ᠵᠣᠢᠯ᠎ᠤᠨ ᠬᠤᠶᠠᠳᠤᠭᠠᠷ ᠪᠠᠳᠠᠭ᠎ᠤᠨ ᠲᠣᠭᠳᠠᠭᠠᠯ᠎ᠢ ᠦᠨᠳᠦᠰᠦᠯᠡᠪᠡᠯ ᠂ ᠬᠤᠷᠢᠬᠯᠠᠬᠳᠠᠰᠢ ᠦᠭᠡᠢ ᠬᠦᠴᠦᠨ ᠭᠡᠳᠡᠭ ᠪᠣᠯ ᠣᠷᠢᠳᠴᠢᠯᠠᠨ ᠮᠡᠳᠡᠵᠦ ᠦᠯᠦ ᠴᠢᠳᠠᠬᠤ ᠂ ᠵᠠᠢᠯᠠᠰᠬᠢᠵᠣ ᠦᠯᠦ ᠴᠢᠳᠠᠬᠤ ᠮᠦᠷᠳᠡᠭᠡᠨ ᠢᠯᠠᠨ ᠲᠠᠪᠠᠵᠣ ᠦᠯᠦ ᠴᠢᠳᠠᠬᠤ ᠪᠣᠰᠣᠳᠴᠢ ᠪᠠᠢᠳᠠᠯ᠎ᠢ ᠵᠢᠭᠠᠳᠠᠭ ᠃ ᠬᠤᠷᠢᠬᠯᠠᠭᠳᠠᠰᠢ ᠦᠭᠡᠢ ᠬᠦᠴᠦᠨ᠎ᠨᠢ ᠭᠡᠷ᠎ᠡ᠎ᠶᠢᠨ ᠲᠣᠬᠠᠢ᠎ᠶᠢᠨ ᠬᠦᠮᠦᠨ᠎ᠤ ᠬᠠᠷᠢᠭᠤᠴᠠᠯᠭ᠎ᠠ᠎ᠡᠴᠠ ᠬᠡᠯᠳᠦᠷᠢᠭᠦᠯᠬᠦ ᠨᠦᠬᠦᠴᠡᠯ ᠪᠣᠯᠣᠭᠰᠠᠨ ᠬᠤᠪᠢ᠎ᠳ᠋ᠤ ᠲᠡᠷᠡ᠎ᠨᠢ ᠲᠣᠬᠠᠢ᠎ᠶᠢᠨ ᠬᠦᠮᠦᠨ᠎ᠤ ᠪᠡᠶᠡᠴᠢ ᠲᠠᠯ᠎ᠠ᠎ᠶᠢᠨ ᠣᠰᠣᠯ ᠪᠣᠷᠣᠭᠤ᠎ᠡᠴᠠ ᠰᠢᠯᠳᠠᠭᠠᠯᠠᠭᠳᠠᠭᠰᠠᠨ ᠪᠢᠰᠢ ᠬᠠᠷᠢᠨ ᠭᠡᠷ᠎ᠡ ᠲᠣᠭᠳᠠᠭᠰᠠᠨ᠎ᠤ ᠲᠠᠷᠠᠭ᠎ᠠ ᠭᠡᠷ᠎ᠡ᠎ᠶᠢᠨ ᠲᠣᠬᠠᠢ᠎ᠶᠢᠨ ᠬᠦᠮᠦᠨ ᠣᠷᠢᠳᠴᠢᠯᠠᠨ ᠰᠡᠷᠭᠡᠢᠯᠡᠵᠦ ᠲᠡᠢᠯᠬᠦ ᠦᠭᠡᠢ ᠂ ᠡᠵᠡᠮᠳᠡᠵᠦ ᠲᠡᠢᠯᠬᠦ ᠦᠭᠡᠢ ᠬᠡᠷᠡᠭ ᠡᠭᠦᠰᠴᠦ ᠭᠡᠷ᠎ᠡ᠎ᠶᠢ ᠭᠦᠢᠴᠡᠳᠬᠡᠵᠦ ᠲᠡᠢᠯᠬᠦ ᠦᠭᠡᠢ ᠪᠣᠶᠣ ᠪᠣᠯᠵᠤᠭ᠎ᠠ ᠶᠣᠰᠣᠭᠠᠷ ᠭᠦᠢᠴᠡᠳᠬᠡᠵᠦ ᠲᠡᠢᠯᠬᠦ ᠦᠭᠡᠢ ᠪᠠᠢᠵᠣ ᠂ ᠬᠠᠷᠢᠭᠤᠴᠠᠯᠭᠠᠳᠣ ᠬᠦᠮᠦᠨ᠎ᠨᠢ ᠬᠠᠣᠯᠢ ᠶᠣᠰᠣᠭᠠᠷ ᠬᠡᠰᠡᠭ ᠬᠠᠷᠢᠭᠤᠴᠠᠯᠭ᠎ᠠ ᠪᠣᠶᠣ ᠪᠦᠬᠦ ᠬᠠᠷᠢᠭᠤᠴᠠᠯᠭ᠎ᠠ᠎ᠡᠴᠠ ᠬᠡᠯᠳᠦᠷᠢᠳᠡᠭ ᠪᠠᠢᠨ᠎ᠠ ᠃

︵ ᠬᠤᠶᠠᠷ ︶ ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠠᠬᠢ ᠢᠷᠭᠡᠨ᠎ᠤ ᠭᠡᠷ᠎ᠡ᠎ᠶᠢᠨ ᠵᠢᠭᠤᠷᠠᠭᠠᠨ᠎ᠢ ᠰᠢᠢᠳᠪᠦᠷᠢᠯᠡᠬᠦ ᠦᠨᠳᠦᠰᠦᠨ ᠵᠠᠷᠴᠢᠮ ᠪᠣᠯᠣᠨ ᠠᠷᠭ᠎ᠠ ᠬᠡᠯᠪᠡᠷᠢ

ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠠᠬᠢ ᠭᠡᠷ᠎ᠡ᠎ᠶᠢᠨ ᠵᠢᠭᠤᠷᠠᠭᠠᠨ᠎ᠢ ᠪᠦᠳᠦᠮᠵᠢᠳᠠᠢ ᠰᠢᠢᠳᠪᠦᠷᠢᠯᠡᠬᠦ᠎ᠳ᠋ᠤ ᠭᠡᠷ᠎ᠡ᠎ᠶᠢᠨ ᠲᠣᠬᠠᠢ᠎ᠶᠢᠨ ᠬᠦᠮᠦᠨ᠎ᠡᠴᠠ ᠬᠤᠪᠢ ᠪᠠ ᠠᠯᠪᠠᠨ᠎ᠤ ᠬᠤᠶᠠᠷ ᠲᠠᠯ᠎ᠠ᠎ᠶᠢᠨ ᠠᠪᠣᠷᠠᠨ ᠲᠣᠰᠠᠯᠠᠬᠤ ᠠᠷᠭ᠎ᠠ ᠵᠠᠮ᠎ᠢ ᠰᠦᠪᠡᠭᠴᠢᠯᠡᠵᠦ ᠪᠣᠯᠳᠠᠭ ᠃ ᠬᠤᠪᠢ᠎ᠶᠢᠨ ᠲᠠᠯ᠎ᠠ᠎ᠶᠢᠨ ᠠᠪᠣᠷᠠᠨ ᠲᠣᠰᠠᠯᠠᠬᠤ ᠠᠷᠭ᠎ᠠ ᠵᠠᠮ᠎ᠢᠶᠠᠷ ᠵᠢᠭᠤᠷᠠᠭᠠᠨ᠎ᠢ ᠰᠢᠢᠳᠪᠦᠷᠢᠯᠡᠬᠦ᠎ᠳ᠋ᠤ ᠪᠣᠳᠠᠳᠣ ᠪᠠᠢᠳᠠᠯ᠎ᠢ ᠬᠦᠨᠳᠦᠳᠬᠡᠨ ᠂ ᠬᠠᠷᠢᠯᠴᠠᠨ ᠣᠢᠯᠠᠭᠠᠯᠴᠠᠨ ᠵᠦᠪᠳᠡᠯᠴᠡᠬᠦ ᠵᠠᠷᠴᠢᠮ᠎ᠢ ᠵᠢᠷᠣᠮᠯᠠᠵᠣ ᠂ ᠠᠯᠪᠠᠨ᠎ᠤ ᠲᠠᠯ᠎ᠠ᠎ᠡᠴᠠ ᠠᠪᠴᠣ ᠬᠡᠯᠡᠪᠡᠯ ᠂ ᠣᠯᠠᠨ ᠡᠰᠢᠵᠢᠭᠦᠯᠦᠯᠳᠡ᠎ᠶᠢᠨ ᠵᠢᠭᠤᠷᠠᠭᠠᠨ᠎ᠢ ᠰᠢᠢᠳᠪᠦᠷᠢᠯᠡᠬᠦ ᠵᠠᠷᠴᠢᠮ ᠂ ᠲᠦᠪ ᠭᠤᠣᠯᠴᠢ ᠵᠠᠷᠴᠢᠮ ᠪᠠ ᠴᠢᠯᠦᠭᠡᠳᠦ ᠲᠠᠰᠣᠯᠣᠨ ᠲᠣᠭᠳᠠᠭᠠᠯᠳᠠ᠎ᠶᠢᠨ ᠡᠷᠬᠡ᠎ᠶᠢ ᠬᠠᠣᠯᠢ ᠶᠣᠰᠣᠭᠠᠡᠷ ᠠᠮᠢᠳᠣᠯᠢᠭ ᠬᠡᠷᠡᠭᠯᠡᠬᠦ ᠵᠠᠷᠴᠢᠮ᠎ᠢ ᠪᠠᠷᠢᠮᠳᠠᠯᠠᠭᠰᠠᠨ ᠪᠠᠢᠪᠠᠯ ᠵᠣᠬᠢᠰᠳᠠᠢ ᠃

1. ᠵᠦᠪᠳᠡᠯᠴᠡᠨ ᠰᠢᠢᠳᠪᠦᠷᠢᠯᠡᠬᠦ ᠠᠷᠭ᠎ᠠ ᠬᠡᠯᠪᠡᠷᠢ

ᠬᠢᠵᠢᠭ᠎ᠤᠨ ᠪᠠᠢᠳᠠᠯ ᠭᠠᠷᠣᠭᠰᠠᠨ᠎ᠤ ᠲᠠᠷᠠᠭ᠎ᠠ ᠡᠷᠡᠭᠦᠯ ᠬᠠᠮᠠᠭᠠᠯᠠᠯ ᠂ ᠠᠮᠣᠷ ᠲᠦᠪᠰᠢᠨ ᠵᠡᠷᠭᠡ ᠰᠢᠯᠳᠠᠭᠠᠨ ᠵᠢᠴᠢ ᠵᠠᠰᠠᠭ᠎ᠤᠨ ᠣᠷᠳᠣᠨ᠎ᠤ ᠰᠡᠷᠭᠡᠢᠯᠡᠨ ᠡᠵᠡᠮᠳᠡᠬᠦ ᠠᠷᠭ᠎ᠠ ᠪᠠᠷᠢᠯ᠎ᠡᠴᠠ ᠪᠣᠯᠵᠣ ᠂ ᠣᠣᠯ᠎ᠤᠨ ᠣᠢᠯᠡᠳᠪᠦᠷᠢ ᠬᠤᠳᠠᠯᠳᠣᠭᠠᠨ᠎ᠤ ᠡᠮᠬᠢ ᠵᠢᠷᠦᠮ ᠡᠪᠳᠡᠭᠳᠡᠨ ᠬᠠᠷᠢᠭᠤᠴᠠᠯᠭᠠᠳᠣ ᠬᠦᠮᠦᠨ᠎ᠨᠢ ᠭᠡᠷ᠎ᠡ᠎ᠶᠢ ᠭᠦᠢᠴᠡᠳᠬᠡᠵᠦ ᠲᠡᠢᠯᠬᠦ ᠦᠭᠡᠢ ᠪᠣᠶᠣ ᠪᠣᠯᠵᠤᠭ᠎ᠠ ᠶᠣᠰᠣᠭᠠᠷ ᠭᠦᠢᠴᠡᠳᠬᠡᠵᠦ ᠲᠡᠢᠯᠬᠦ ᠦᠭᠡᠢ ᠪᠠᠢᠳᠠᠯ ᠭᠠᠷᠳᠠᠭ ᠪᠠᠢᠨ᠎ᠠ ᠃ ᠡᠢᠮᠦ᠎ᠡᠴᠠ ᠭᠡᠷ᠎ᠡ᠎ᠶᠢᠨ ᠡᠯ᠎ᠡ ᠲᠠᠯ᠎ᠠ᠎ᠶᠢᠨ ᠲᠣᠬᠠᠢ᠎ᠶᠢᠨ ᠬᠦᠮᠦᠨ᠎ᠳ᠋ᠤ ᠠᠪᠴᠣ ᠦᠵᠡᠪᠡᠯ ᠂ ᠪᠣᠳᠠᠳᠣ ᠪᠠᠢᠳᠠᠯ᠎ᠢ ᠬᠦᠨᠳᠦᠳᠬᠡᠨ ᠂ ᠬᠠᠷᠢᠯᠴᠠᠨ ᠣᠢᠯᠠᠭᠠᠯᠴᠠᠨ ᠵᠦᠪᠳᠡᠯᠴᠡᠬᠦ ᠵᠠᠷᠴᠢᠮ ᠶᠣᠰᠣᠭᠠᠷ ᠬᠠᠮᠳᠣ᠎ᠳ᠋ᠤ ᠠᠰᠢᠭᠳᠠᠢ ᠠᠷᠭ᠎ᠠ ᠬᠡᠯᠪᠡᠷᠢ᠎ᠪᠠᠷ ᠭᠡᠷ᠎ᠡ᠎ᠶᠢᠨ ᠵᠢᠭᠤᠷᠠᠭᠠᠨ᠎ᠢ ᠵᠤᠬᠢᠰᠳᠠᠢ ᠰᠢᠢᠳᠪᠦᠷᠢᠯᠡᠪᠠᠯ ᠵᠤᠬᠢᠨ᠎ᠠ ᠃

2. ᠣᠯᠠᠨ ᠡᠰᠢᠳᠤ ᠵᠢᠭᠤᠷᠠᠭᠠᠨ᠎ᠢ ᠰᠢᠢᠳᠪᠦᠷᠢᠯᠡᠬᠦ ᠠᠷᠭ᠎ᠠ ᠬᠡᠯᠪᠡᠷᠢ

ᠵᠦᠪᠳᠡᠯᠴᠡᠨ ᠰᠢᠢᠳᠪᠦᠷᠢᠯᠡᠬᠦ ᠠᠷᠭ᠎ᠠ ᠬᠡᠯᠪᠡᠷᠢ᠎ᠨᠢ ᠬᠡᠳᠦᠢᠢᠪᠡᠷ ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠠᠬᠢ ᠭᠡᠷ᠎ᠡ᠎ᠶᠢᠨ ᠵᠢᠭᠤᠷᠠᠭᠠᠨ᠎ᠢ ᠰᠢᠢᠳᠪᠦᠷᠢᠯᠡᠬᠦ ᠲᠣᠬᠢᠷᠠᠮᠵᠢᠳᠠᠢ ᠠᠷᠭ᠎ᠠ ᠵᠠᠮ ᠪᠠᠢᠭᠰᠠᠨ ᠴᠦ ᠂ ᠭᠡᠷ᠎ᠡ᠎ᠶᠢᠨ ᠲᠣᠬᠠᠢ᠎ᠶᠢᠨ ᠬᠦᠮᠦᠨ᠎ᠳ᠋ᠤ ᠠᠪᠴᠣ ᠬᠡᠯᠡᠪᠡᠯ ᠂ ᠲᠣᠰ ᠪᠡᠶ᠎ᠡ᠎ᠶᠢᠨ ᠠᠰᠢᠭ ᠲᠣᠰᠠ᠎ᠶᠢᠨ ᠪᠣᠳᠣᠯᠬᠢᠯᠠᠯ᠎ᠡᠴᠠ ᠰᠢᠯᠳᠠᠭᠠᠯᠠᠭᠳᠠᠨ ᠂ ᠭᠡᠷ᠎ᠡ᠎ᠶᠢᠨ ᠡᠯ᠎ᠡ ᠡᠳᠡᠭᠡᠳ᠎ᠢ ᠨᠡᠢᠳᠡᠮ ᠬᠠᠷᠠᠭᠠᠯᠵᠠᠨ ᠲᠣᠰ ᠪᠦᠷᠢ᠎ᠶᠢᠨ ᠠᠰᠢᠭ ᠲᠣᠰᠠ᠎ᠶᠢ ᠲᠡᠩᠴᠡᠭᠦᠷᠢᠳᠡᠢ ᠪᠠᠢᠯᠭᠠᠬᠤ᠎ᠳ᠋ᠤ ᠬᠦᠴᠢᠷᠳᠡᠢ ᠪᠠᠢᠬᠤ᠎ᠨᠢ ᠲᠠᠮᠵᠢᠭ ᠦᠭᠡᠢ ᠃ ᠡᠢᠮᠦ᠎ᠡᠴᠠ ᠭᠡᠷ᠎ᠡ᠎ᠶᠢᠨ ᠡᠯ᠎ᠡ ᠲᠠᠯ᠎ᠠ᠎ᠲᠠᠢ ᠠᠰᠢᠭ ᠬᠤᠣᠷ᠎ᠤᠨ ᠬᠠᠷᠢᠴᠠᠭ᠎ᠠ ᠦᠭᠡᠢ ᠭᠤᠷᠪᠠᠳᠠᠭᠴᠢ ᠡᠳᠡᠭᠡᠳ᠎ᠲᠤ ᠨᠠᠢᠳᠠᠵᠣ ᠂ ᠡᠶᠡᠳᠡᠭᠦᠯᠭᠡ᠎ᠶᠢᠨ ᠵᠢᠷᠦᠮ᠎ᠢ ᠰᠣᠩᠭᠤᠬᠤ᠎ᠳ᠋ᠤ ᠬᠦᠷᠪᠡᠯ ᠂ ᠵᠦᠪᠳᠡᠯᠴᠡᠨ ᠰᠢᠢᠳᠪᠦᠷᠢᠯᠡᠬᠦ ᠠᠷᠭ᠎ᠠ ᠵᠠᠮ᠎ᠤᠨ ᠬᠦᠷᠦᠯᠴᠡᠬᠦ ᠦᠭᠡᠢ ᠵᠣᠢᠯᠡᠰ᠎ᠢ ᠪᠦᠳᠦᠮᠵᠢᠳᠡᠢ ᠨᠦᠬᠦᠪᠦᠷᠢᠯᠡᠵᠦ ᠪᠣᠯᠣᠨ᠎ᠠ ᠃

3. ᠵᠠᠷᠭᠤ᠎ᠶᠢᠨ ᠠᠷᠭ᠎ᠠ ᠬᠡᠯᠪᠡᠷᠢ

ᠬᠠᠣᠯᠢ ᠪᠠᠷᠢᠯᠳᠠ ᠪᠣᠯ ᠨᠡᠢᠭᠡᠮ᠎ᠤᠨ ᠲᠦᠪ ᠭᠤᠣᠯᠴᠢ ᠰᠢᠳᠣᠷᠭᠤ ᠶᠣᠰᠣ᠎ᠶᠢ ᠪᠠᠳᠣᠯᠠᠬᠤ ᠬᠠᠮᠤᠭ ᠡᠴᠦᠰ᠎ᠤᠨ ᠬᠠᠮᠠᠭᠠᠯᠠᠯᠳᠠ᠎ᠶᠢᠨ ᠱᠣᠭᠤᠮ ᠪᠣᠯᠣᠨ᠎ᠠ ᠃ ᠡᠢᠮᠦ᠎ᠡᠴᠠ ᠵᠠᠷᠭᠤ ᠪᠣᠯ ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠠᠬᠢ ᠭᠡᠷ᠎ᠡ᠎ᠶᠢᠨ ᠵᠢᠭᠤᠷᠠᠭᠠᠨ᠎ᠢ ᠲᠣᠢᠯᠪᠣᠷᠢᠳᠠᠢ ᠰᠢᠢᠳᠪᠦᠷᠢᠯᠡᠬᠦ ᠬᠠᠮᠤᠭ ᠰᠡᠭᠦᠯ᠎ᠤᠨ ᠠᠷᠭ᠎ᠠ ᠵᠠᠮ ᠪᠠᠢᠬᠤ ᠶᠣᠰᠣᠳᠠᠢ ᠃ ᠬᠠᠣᠯᠢ ᠪᠠᠷᠢᠬᠤ ᠪᠠᠢᠭᠤᠯᠭ᠎ᠠ ᠪᠣᠯᠣᠭᠰᠠᠨ ᠠᠷᠠᠳ᠎ᠤᠨ ᠰᠢᠭᠦᠬᠦ ᠬᠤᠷᠢᠶ᠎ᠠ᠎ᠨᠢ ᠡᠢᠮᠦᠷᠬᠦ ᠭᠡᠷ᠎ᠡ᠎ᠶᠢᠨ ᠵᠢᠭᠤᠷᠠᠭᠠᠨ᠎ᠢ ᠰᠢᠢᠳᠪᠦᠷᠢᠯᠡᠬᠦ᠎ᠳ᠋ᠤ ᠲᠣᠣᠷᠠᠬᠢ ᠬᠡᠳᠦᠨ ᠵᠣᠢᠯᠡᠰ᠎ᠢ ᠠᠩᠬᠠᠷᠠᠬᠤ ᠴᠢᠬᠤᠯᠠᠳᠠᠢ ᠃

︵ 1 ︶ ᠬᠢᠨᠠᠨ ᠪᠠᠢᠴᠠᠭᠠᠬᠤ

ᠲᠣᠬᠠᠢ᠎ᠶᠢᠨ ᠬᠦᠮᠦᠨ᠎ᠤ ᠨᠢᠭᠡ ᠲᠠᠯ᠎ᠠ᠎ᠨᠢ ᠬᠤᠷᠢᠬᠯᠠᠬᠳᠠᠰᠢ ᠦᠭᠡᠢ ᠬᠦᠴᠦᠨ᠎ᠢᠶᠠᠷ ᠡᠰᠡᠷᠭᠦᠴᠡᠨ ᠮᠠᠷᠭᠤᠭᠰᠠᠨ ᠪᠠᠢᠪᠠᠯ ᠠᠷᠠᠳ᠎ᠤᠨ ᠰᠢᠭᠦᠬᠦ ᠬᠤᠷᠢᠶ᠎ᠠ ᠬᠢᠵᠢᠭ᠎ᠤᠨ ᠪᠠᠢᠳᠠᠯ ᠵᠢᠴᠢ ᠵᠠᠰᠠᠭ᠎ᠤᠨ ᠣᠷᠳᠣᠨ᠎ᠤ ᠰᠡᠷᠭᠡᠢᠯᠡᠨ ᠡᠵᠡᠮᠳᠡᠬᠦ ᠠᠷᠭ᠎ᠠ ᠬᠡᠮᠵᠢᠶ᠎ᠡ ᠵᠡᠷᠭᠡ᠎ᠨᠢ ᠲᠣᠬᠠᠢ᠎ᠶᠢᠨ ᠬᠦᠮᠦᠨ᠎ᠤ ᠡᠷᠬᠡ ᠡᠭᠦᠷᠭᠡ᠎ᠶᠢᠨ ᠬᠠᠷᠢᠴᠠᠭ᠎ᠠ᠎ᠶᠢ ᠬᠢᠷᠢ ᠵᠡᠷᠭᠡ ᠨᠦᠯᠦᠭᠡᠯᠡᠭᠰᠡᠨ ᠪᠠᠢᠳᠠᠯ᠎ᠢ ᠣᠨᠣᠪᠴᠢᠳᠠᠢ ᠬᠠᠷᠭᠤᠭᠤᠯᠣᠨ ᠪᠠᠢᠴᠠᠭᠠᠵᠣ ᠂ ᠬᠢᠵᠢᠭ᠎ᠤᠨ ᠪᠠᠢᠳᠠᠯ ᠵᠡᠷᠭᠡ᠎ᠪᠠᠷ ᠰᠢᠯᠳᠠᠭᠠᠯᠠᠬᠳᠠᠨ ᠬᠠᠷᠢᠭᠤᠴᠠᠯᠭ᠎ᠠ᠎ᠡᠴᠠ ᠮᠣᠯᠳᠣᠷᠠᠬᠤ ᠪᠣᠶᠣ ᠵᠦᠢ ᠪᠣᠰᠣ ᠠᠰᠢᠭ ᠣᠯᠬᠤ᠎ᠡᠴᠠ ᠰᠡᠷᠭᠡᠢᠯᠡᠬᠦ ᠬᠡᠷᠡᠭᠳᠡᠢ ᠃

︵ 2 ︶ ᠰᠢᠭᠦᠨ ᠲᠠᠰᠣᠯᠬᠤ

ᠰᠢᠭᠦᠬᠦ ᠬᠤᠷᠢᠶ᠎ᠠ᠎ᠶᠢᠨ ᠲᠠᠯ᠎ᠠ᠎ᠳ᠋ᠤ ᠠᠪᠴᠣ ᠬᠡᠯᠡᠪᠡᠯ ᠂ ︽ ᠢᠷᠭᠡᠨ᠎ᠤ ᠬᠠᠣᠯᠢ᠎ᠶᠢᠨ ᠶᠡᠷᠦᠩᠬᠡᠢ ᠲᠦᠷᠢᠮ ︾᠎ᠤᠨ 6 ᠳ᠋ᠤᠭᠠᠷ ᠵᠣᠢᠯ ᠪᠣᠯᠣᠨ ︽ ᠭᠡᠷ᠎ᠡ᠎ᠶᠢᠨ ᠬᠠᠣᠯᠢ ︾᠎ᠶᠢᠨ 5 ᠳ᠋ᠤᠭᠠᠷ ᠵᠣᠢᠯ᠎ᠳ᠋ᠤ ᠲᠣᠭᠳᠠᠭᠠᠭᠰᠠᠨ ᠲᠦᠪ ᠭᠤᠣᠯᠴᠢ ᠵᠠᠷᠴᠢᠮ᠎ᠢ ᠦᠨᠳᠦᠰᠦᠯᠡᠨ ᠲᠣᠬᠠᠢ᠎ᠶᠢᠨ ᠬᠦᠮᠦᠨ᠎ᠤ ᠣᠷᠣᠰᠢᠵᠣ ᠪᠠᠢᠭ᠎ᠠ ᠪᠣᠰᠣᠳᠴᠢ ᠠᠬᠤᠢ ᠂ ᠪᠡᠶᠡᠴᠢ ᠲᠠᠯ᠎ᠠ᠎ᠶᠢᠨ ᠣᠰᠣᠯ ᠪᠣᠷᠣᠭᠤ ᠵᠡᠷᠭᠡ᠎ᠶᠢ ᠭᠦᠢᠴᠡᠳ ᠪᠣᠳᠣᠯᠬᠢᠯᠠᠭᠰᠠᠨ ᠰᠠᠭᠤᠷᠢᠨ ᠳᠡᠭᠡᠷ᠎ᠠ ᠴᠢᠯᠦᠭᠡᠳᠦ ᠲᠠᠰᠣᠯᠣᠨ ᠲᠣᠭᠳᠠᠭᠠᠯᠳᠠ᠎ᠶᠢᠨ ᠡᠷᠬᠡ᠎ᠶᠢ ᠬᠠᠣᠯᠢ ᠶᠣᠰᠣᠭᠠᠡᠷ ᠠᠮᠢᠳᠣᠯᠢᠭ ᠬᠡᠷᠡᠭᠯᠡᠬᠦ ᠵᠠᠷᠴᠢᠮ᠎ᠢ ᠵᠢᠷᠣᠮᠯᠠᠨ ᠡᠯ᠎ᠡ ᠲᠠᠯ᠎ᠠ᠎ᠶᠢᠨ ᠲᠣᠬᠠᠢ᠎ᠶᠢᠨ ᠬᠦᠮᠦᠨ᠎ᠤ ᠠᠰᠢᠭ ᠲᠣᠰᠠ᠎ᠶᠢ ᠬᠠᠷᠠᠭᠠᠯᠵᠠᠭᠰᠠᠨ ᠰᠢᠭᠦᠨ ᠲᠠᠰᠣᠯᠣᠯᠳᠠ᠎ᠶᠢ ᠭᠠᠷᠭᠠᠪᠠᠯ ᠵᠣᠬᠢᠨ᠎ᠠ ᠃
A. ᠬᠢᠵᠢᠭ᠎ᠤᠨ ᠪᠠᠢᠳᠠᠯ᠎ᠡᠴᠠ ᠡᠮᠦᠨ᠎ᠡ ᠨᠢᠭᠡᠨᠳᠡ ᠲᠣᠭᠳᠠᠭᠰᠠᠨ ᠭᠡᠷ᠎ᠡ᠎ᠶᠢ ᠭᠦᠢᠴᠡᠳᠬᠡᠬᠦ᠎ᠳ᠋ᠤ ᠨᠦᠯᠦᠭᠡ ᠭᠠᠷᠣᠭᠰᠠᠨ ᠪᠠᠢᠪᠠᠯ ᠂ ᠬᠤᠷᠢᠬᠯᠠᠬᠳᠠᠰᠢ ᠦᠭᠡᠢ ᠬᠦᠴᠦᠨ᠎ᠤ ᠵᠢᠭᠠᠯᠳᠠ᠎ᠶᠢ ᠲᠣᠬᠢᠷᠠᠭᠤᠯᠣᠨ ᠬᠡᠷᠡᠭᠯᠡᠵᠦ ᠪᠣᠯᠣᠨ᠎ᠠ ᠃
B. ᠬᠤᠷᠢᠬᠯᠠᠬᠳᠠᠰᠢ ᠦᠭᠡᠢ ᠬᠦᠴᠦᠨ ᠪᠣᠯᠣᠨ ᠪᠠᠢᠳᠠᠯ ᠬᠤᠪᠢᠷᠠᠬᠤ ᠵᠢᠴᠢ ᠬᠤᠳᠠᠯᠳᠣᠭᠠᠨ᠎ᠤ ᠠᠶᠣᠯ ᠲᠦᠭᠰᠢᠭᠦᠷᠢ ᠵᠡᠷᠭᠡ᠎ᠳ᠋ᠤ ᠬᠠᠣᠯᠢ ᠴᠠᠭᠠᠵᠠ᠎ᠶᠢ ᠣᠨᠣᠪᠴᠢᠳᠠᠢ ᠲᠣᠬᠢᠷᠠᠭᠤᠯᠣᠨ ᠬᠡᠷᠡᠭᠯᠡᠬᠦ ᠬᠡᠷᠡᠭᠳᠡᠢ ᠃

ᠬᠤᠶᠠᠷ ᠂ ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠠᠬᠢ ᠡᠷᠬᠡᠨ᠎ᠳ᠋ᠤ ᠬᠠᠯᠳᠠᠭᠰᠠᠨ ᠵᠢᠭᠤᠷᠠᠭᠠᠨ᠎ᠤ ᠬᠠᠣᠯᠢ ᠴᠠᠭᠠᠵᠠ᠎ᠶᠢᠨ ᠠᠰᠠᠭᠤᠳᠠᠯ

ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠠᠬᠢ ᠡᠷᠬᠡᠨ᠎ᠳ᠋ᠤ ᠬᠠᠯᠳᠠᠭᠰᠠᠨ ᠢᠷᠭᠡᠨ᠎ᠤ ᠬᠡᠷᠡᠭ᠎ᠢ ᠬᠢᠵᠢᠭ᠎ᠢ ᠰᠡᠷᠭᠡᠢᠯᠡᠨ ᠡᠵᠡᠮᠳᠡᠬᠦ ᠠᠵᠢᠯ᠎ᠢ ᠬᠠᠷᠰᠢᠯᠠᠵᠣ ᠡᠷᠬᠡᠨ᠎ᠳ᠋ᠤ ᠬᠠᠯᠳᠠᠭᠰᠠᠨ ᠵᠢᠭᠤᠷᠠᠭᠠᠨ ᠪᠠ ᠪᠣᠰᠣᠳ ᠡᠷᠬᠡᠨ᠎ᠳ᠋ᠤ ᠬᠠᠯᠳᠠᠭᠰᠠᠨ ᠵᠢᠭᠤᠷᠠᠭᠠᠨ ᠭᠡᠵᠦ ᠬᠤᠪᠢᠶᠠᠵᠣ ᠪᠣᠯᠣᠨ᠎ᠠ ᠃
︵ ᠨᠢᠭᠡ ︶ ᠬᠢᠵᠢᠭ᠎ᠢ ᠰᠡᠷᠭᠡᠢᠯᠡᠨ ᠡᠵᠡᠮᠳᠡᠬᠦ ᠠᠵᠢᠯ᠎ᠢ ᠬᠠᠷᠰᠢᠯᠠᠵᠣ ᠡᠷᠬᠡᠨ᠎ᠳ᠋ᠤ ᠬᠠᠯᠳᠠᠭᠰᠠᠨ ᠵᠢᠭᠤᠷᠠᠭᠠᠨ
︽ ᠬᠠᠯᠳᠠᠪᠣᠷᠢᠳᠣ ᠡᠪᠡᠳᠴᠢᠨ᠎ᠢ ᠰᠡᠷᠭᠡᠢᠯᠡᠨ ᠵᠠᠰᠠᠬᠤ ᠬᠠᠣᠯᠢ ︾᠎ᠶᠢᠨ 77 ᠳ᠋ᠤᠭᠠᠷ ᠵᠣᠢᠯ᠎ᠳ᠋ᠤ ᠂ ︽ ᠨᠢᠭᠡᠴᠢ ᠪᠠ ᠬᠤᠪᠢ ᠬᠦᠮᠦᠨ ᠲᠣᠰ ᠬᠠᠣᠯᠢ᠎ᠶᠢᠨ ᠲᠣᠭᠳᠠᠭᠠᠯ᠎ᠢ ᠵᠦᠷᠢᠴᠡᠭᠰᠡᠨ᠎ᠡᠴᠠ ᠪᠣᠯᠵᠣ ᠬᠠᠯᠳᠠᠪᠣᠷᠢᠳᠣ ᠡᠪᠡᠳᠴᠢᠨ ᠲᠠᠷᠬᠠᠬᠤ ᠂ ᠲᠡᠯᠭᠡᠷᠡᠬᠦ᠎ᠳ᠋ᠤ ᠬᠦᠷᠦᠭᠦᠯᠵᠦ ᠂ ᠪᠣᠰᠣᠳ᠎ᠤᠨ ᠪᠡᠶ᠎ᠡ ᠮᠠᠬᠠᠪᠣᠳ ᠂ ᠡᠳ᠋ ᠬᠦᠷᠦᠩᠭᠡ᠎ᠳ᠋ᠤ ᠬᠤᠬᠢᠷᠠᠯ ᠣᠴᠠᠷᠠᠭᠤᠯᠣᠭᠰᠠᠨ ᠪᠠᠢᠪᠠᠯ ᠂ ᠬᠠᠣᠯᠢ ᠶᠣᠰᠣᠭᠠᠷ ᠢᠷᠭᠡᠨ᠎ᠤ ᠬᠡᠷᠡᠭ᠎ᠤᠨ ᠬᠠᠷᠢᠭᠤᠴᠠᠯᠭ᠎ᠠ ᠡᠭᠦᠷᠭᠡᠯᠡᠬᠦ ᠬᠡᠷᠡᠭᠳᠡᠢ ︾ ᠬᠡᠵᠦ ᠲᠤᠬᠳᠠᠭᠠᠬᠰᠠᠨ ᠪᠠᠢᠳᠠᠬ ᠃ ᠡᠭᠦᠨ᠎ᠡᠴᠠ ᠭᠠᠳᠠᠨ᠎ᠠ ᠬᠢᠵᠢᠭ᠎ᠤᠨ ᠬᠤᠭᠤᠴᠠᠭᠠᠨ᠎ᠳ᠋ᠤ ᠬᠠᠮᠢᠶ᠎ᠠ ᠪᠦᠬᠦᠢ ᠬᠠᠮᠢᠶᠠᠷᠣᠯᠳᠠ᠎ᠶᠢᠨ ᠲᠣᠭᠳᠠᠭᠠᠯ᠎ᠢ ᠵᠦᠷᠢᠴᠡᠨ ᠂ ᠬᠢᠵᠢᠭ᠎ᠢ ᠰᠡᠷᠭᠡᠢᠯᠡᠨ ᠡᠵᠡᠮᠳᠡᠬᠦ ᠠᠵᠢᠯ᠎ᠢ ᠡᠭᠦᠷᠭᠡᠯᠡᠵᠦ ᠪᠠᠢᠭ᠎ᠠ ᠠᠵᠢᠯᠳᠠᠨ ᠪᠣᠯᠣᠨ ᠡᠮᠴᠢᠯᠡᠭᠡᠨ᠎ᠤ ᠠᠵᠢᠯᠳᠠᠨ᠎ᠢ ᠴᠣᠬᠢᠬᠤ ᠂ ᠭᠤᠳᠣᠭᠠᠨ ᠬᠠᠷᠢᠶᠠᠬᠤ ᠂ ᠰᠡᠷᠭᠡᠢᠯᠡᠨ ᠡᠵᠡᠮᠳᠡᠬᠦ ᠬᠡᠷᠡᠭᠰᠡᠯ ᠪᠠ ᠡᠮᠴᠢᠯᠡᠭᠡᠨ᠎ᠤ ᠬᠡᠷᠡᠭᠰᠡᠯ ᠵᠡᠷᠭᠡ᠎ᠶᠢ ᠡᠪᠳᠡᠭᠰᠡᠨ ᠪᠠᠢᠪᠠᠯ ᠂ ᠬᠤᠣᠷ ᠠᠮᠰᠠᠭᠴᠢ ᠬᠤᠪᠢ ᠬᠦᠮᠦᠨ ᠪᠠ ᠪᠠᠢᠭᠤᠯᠭ᠎ᠠ᠎ᠳ᠋ᠤ ᠪᠣᠷᠣᠭᠤ ᠬᠦᠯᠢᠶᠡᠬᠦ ᠵᠢᠴᠢ ᠲᠦᠯᠦᠪᠦᠷᠢᠯᠡᠬᠦ ᠢᠷᠭᠡᠨ᠎ᠤ ᠬᠠᠷᠢᠭᠤᠴᠠᠯᠭ᠎ᠠ᠎ᠶᠢ ᠡᠭᠦᠷᠭᠡᠯᠡᠬᠦ ᠶᠣᠰᠣᠳᠠᠢ ᠃
︵ ᠬᠤᠶᠠᠷ ︶ ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠠᠬᠢ ᠪᠣᠰᠣᠳ ᠡᠷᠬᠡᠨ᠎ᠳ᠋ᠤ ᠬᠠᠯᠳᠠᠭᠰᠠᠨ ᠵᠢᠭᠤᠷᠠᠭᠠᠨ
ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠤ ᠵᠢᠷᠬᠢᠶ᠎ᠡ ᠂ ᠪᠢᠴᠢᠯ ᠪᠦᠷᠭᠡ ᠂ ᠰᠦᠯᠵᠢᠶ᠎ᠡ ᠵᠡᠷᠭᠡ᠎ᠶᠢ ᠠᠰᠢᠬᠯᠡᠨ ᠬᠤᠳᠠᠯ ᠮᠡᠳᠡᠭᠡ ᠵᠠᠩᠬᠢ᠎ᠶᠢ ᠲᠠᠷᠬᠠᠭᠠᠨ ᠂ ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠤᠨ ᠡᠪᠡᠳᠴᠢᠳᠡᠨ ᠂ ᠰᠡᠵᠢᠭᠯᠡᠯᠳᠡᠢ ᠡᠪᠡᠳᠴᠢᠳᠡᠨ ᠪᠠ ᠪᠣᠰᠣᠳ ᠡᠷᠬᠡᠳᠦ ᠠᠷᠠᠳ᠎ᠤᠨ ᠣᠪᠣᠭ ᠨᠡᠷ᠎ᠡ᠎ᠶᠢᠨ ᠡᠷᠬᠡ ᠂ ᠬᠦᠷᠦᠭ ᠵᠢᠷᠤᠭ᠎ᠤᠨ ᠡᠷᠬᠡ ᠂ ᠨᠡᠷ᠎ᠡ ᠬᠦᠨᠳᠦ᠎ᠶᠢᠨ ᠡᠷᠬᠡ ᠂ ᠬᠤᠪᠢ᠎ᠶᠢᠨ ᠨᠢᠭᠤᠴᠠ᠎ᠶᠢᠨ ᠡᠷᠬᠡ ᠂ ᠠᠯᠳᠠᠷ ᠬᠦᠨᠳᠦ᠎ᠶᠢᠨ ᠡᠷᠬᠡ ᠵᠡᠷᠭᠡ ᠵᠢᠴᠢ ᠬᠠᠣᠯᠢ᠎ᠶᠢᠨ ᠬᠦᠮᠦᠨ ᠵᠡᠷᠭᠡ ᠵᠣᠬᠢᠶᠠᠨ ᠪᠠᠢᠭᠤᠯᠣᠯᠳᠠ᠎ᠶᠢᠨ ᠨᠡᠷᠡᠢᠳᠦᠯ᠎ᠤᠨ ᠡᠷᠬᠡ ᠂ ᠨᠡᠷ᠎ᠡ ᠬᠦᠨᠳᠦ᠎ᠶᠢᠨ ᠡᠷᠬᠡ᠎ᠳ᠋ᠤ ᠬᠠᠯᠳᠠᠯᠭ᠎ᠠ ᠣᠴᠠᠷᠠᠭᠤᠯᠣᠭᠰᠠᠨ ᠪᠠᠢᠪᠠᠯ ᠂ ᠬᠠᠯᠳᠠᠯᠭ᠎ᠠ᠎ᠶᠢ ᠵᠣᠭᠰᠣᠬᠤ ᠂ ᠨᠡᠷ᠎ᠡ ᠬᠦᠨᠳᠦ᠎ᠶᠢ ᠰᠡᠷᠭᠦᠭᠡᠬᠦ ᠂ ᠨᠦᠯᠦᠭᠡ᠎ᠶᠢ ᠠᠷᠢᠯᠭᠠᠬᠤ ᠂ ᠪᠣᠷᠣᠭᠤ ᠬᠦᠯᠢᠶᠡᠬᠦ ᠂ ᠬᠤᠬᠢᠷᠠᠯ᠎ᠢ ᠲᠦᠯᠦᠪᠦᠷᠢᠯᠡᠬᠦ ᠵᠡᠷᠭᠡ ᠢᠷᠭᠡᠨ᠎ᠤ ᠬᠠᠷᠢᠭᠤᠴᠠᠯᠭ᠎ᠠ᠎ᠶᠢ ᠡᠭᠦᠷᠭᠡᠯᠡᠪᠡᠯ ᠵᠣᠬᠢᠨ᠎ᠠ ᠃
ᠭᠤᠷᠪᠠ ᠂ ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠠᠬᠢ ᠬᠦᠳᠡᠯᠮᠦᠷᠢ᠎ᠶᠢᠨ ᠵᠢᠭᠤᠷᠠᠭᠠᠨ᠎ᠤ ᠬᠠᠣᠯᠢ ᠴᠠᠭᠠᠵᠠ᠎ᠶᠢᠨ ᠠᠰᠠᠭᠤᠳᠠᠯ
ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠠᠬᠢ ᠬᠦᠳᠡᠯᠮᠦᠷᠢ᠎ᠶᠢᠨ ᠵᠢᠭᠤᠷᠠᠭᠠᠨ᠎ᠳ᠋ᠤ ᠬᠦᠳᠡᠯᠮᠦᠷᠢ᠎ᠶᠢᠨ ᠭᠡᠷ᠎ᠡ᠎ᠶᠢᠨ ᠬᠠᠣᠯᠢ ᠴᠠᠭᠠᠵᠠ᠎ᠶᠢᠨ ᠠᠰᠠᠭᠤᠳᠠᠯ ᠪᠣᠯᠣᠨ ᠬᠦᠳᠠᠯᠮᠦᠷᠢᠴᠢᠨ᠎ᠤ ᠬᠦᠯᠦᠰᠦ ᠣᠯᠭᠤᠮᠵᠢ᠎ᠶᠢᠨ ᠬᠠᠣᠯᠢ ᠴᠠᠭᠠᠵᠠ᠎ᠶᠢᠨ ᠠᠰᠠᠭᠤᠳᠠᠯ ᠪᠠᠭᠳᠠᠨ᠎ᠠ ᠃ 2020 ᠣᠨ᠎ᠤ 1 ᠰᠠᠷ᠎ᠠ᠎ᠶᠢᠨ 24᠎ᠤ ᠡᠳᠦᠷ ᠬᠦᠮᠦᠨ᠎ᠤ ᠬᠦᠴᠦᠨ᠎ᠤ ᠡᠬᠢ ᠪᠠᠶᠠᠯᠢᠭ ᠵᠢᠴᠢ ᠨᠡᠢᠭᠡᠮ᠎ᠤᠨ ᠪᠠᠳᠣᠯᠠᠪᠣᠷᠢ᠎ᠶᠢᠨ ᠶᠠᠮᠣᠨ ︽ ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠤᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠠᠬᠢ ᠬᠦᠳᠡᠯᠮᠦᠷᠢ᠎ᠶᠢᠨ ᠬᠠᠷᠢᠴᠠᠭ᠎ᠠ᠎ᠶᠢᠨ ᠠᠰᠠᠭᠤᠳᠠᠯ᠎ᠢ ᠲᠣᠬᠢᠷᠠᠮᠵᠢᠳᠠᠢ ᠰᠢᠢᠳᠪᠦᠷᠢᠯᠡᠬᠦ ᠲᠣᠬᠠᠢ ᠮᠡᠳᠡᠭᠳᠡᠯ ︾᠎ᠢ ᠨᠡᠢᠳᠡᠯᠡᠵᠦ ᠂ ᠵᠠᠰᠠᠭ᠎ᠤᠨ ᠣᠷᠳᠣᠨ᠎ᠤ ᠭᠤᠣᠯᠯᠠᠨ ᠬᠠᠮᠢᠶᠠᠷᠴᠣ ᠪᠠᠢᠭ᠎ᠠ ᠰᠠᠯᠠᠭ᠎ᠠ ᠮᠦᠴᠢᠷ᠎ᠤᠨ ᠲᠠᠯ᠎ᠠ᠎ᠡᠴᠠ ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠠᠬᠢ ᠬᠦᠳᠡᠯᠮᠦᠷᠢ᠎ᠶᠢᠨ ᠬᠠᠷᠢᠴᠠᠭ᠎ᠠ᠎ᠶᠢᠨ ᠲᠣᠬᠠᠢ ᠰᠠᠨᠠᠯ᠎ᠢ ᠪᠣᠳᠠᠳᠠᠢ ᠢᠯᠡᠷᠬᠡᠢᠯᠡᠵᠡᠢ ᠃
︵ ᠨᠢᠭᠡ ︶ ᠬᠦᠳᠡᠯᠮᠦᠷᠢ᠎ᠶᠢᠨ ᠭᠡᠷ᠎ᠡ᠎ᠶᠢᠨ ᠬᠠᠣᠯᠢ ᠴᠠᠭᠠᠵᠠ᠎ᠶᠢᠨ ᠠᠰᠠᠭᠤᠳᠠᠯ
ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠠᠬᠢ ᠬᠦᠳᠡᠯᠮᠦᠷᠢ᠎ᠶᠢᠨ ᠵᠢᠭᠤᠷᠠᠭᠠᠨ᠎ᠢ ᠬᠠᠣᠯᠢ ᠶᠣᠰᠣᠭᠠᠷ ᠵᠣᠬᠢᠰᠳᠠᠢ ᠰᠢᠢᠳᠪᠦᠷᠢᠯᠡᠬᠦ᠎ᠳ᠋ᠤ ᠲᠣᠣᠷᠠᠬᠢ ᠬᠡᠳᠦᠨ ᠲᠠᠯ᠎ᠠ᠎ᠶᠢᠨ ᠠᠰᠠᠭᠤᠳᠠᠯ᠎ᠢ ᠠᠩᠬᠠᠷᠪᠠᠯ ᠵᠣᠬᠢᠨ᠎ᠠ ᠄ ᠡᠩ ᠲᠡᠷᠢᠭᠦᠨ᠎ᠳ᠋ᠤ ᠂ ᠰᠢᠨ᠎ᠡ ᠲᠢᠳᠢᠮᠯᠢᠭ ᠠᠭᠤᠰᠬᠢᠨ ᠦᠷᠪᠢᠰᠣᠯ᠎ᠢᠶᠠᠷ ᠤᠨᠤᠰᠢᠯᠠᠬᠳᠠᠬᠰᠠᠨ ᠡᠪᠡᠳᠴᠢᠳᠡᠨ ᠂ ᠰᠡᠵᠢᠭᠯᠡᠯᠳᠡᠢ ᠡᠪᠡᠳᠴᠢᠳᠡᠨ ᠵᠢᠴᠢ ᠨᠢᠭᠳᠠ ᠣᠢᠷᠠᠳᠣᠭᠰᠠᠳ ᠲᠣᠰᠠᠭᠠᠷᠯᠠᠨ ᠡᠮᠨᠡᠵᠦ ᠪᠠᠢᠭ᠎ᠠ ᠬᠤᠭᠤᠴᠠᠭ᠎ᠠ ᠪᠣᠶᠣ ᠠᠨᠠᠭᠠᠬᠤ ᠣᠬᠠᠭᠠᠨ᠎ᠤ ᠪᠠᠢᠴᠠᠭᠠᠯᠳᠠ᠎ᠶᠢᠨ ᠬᠤᠭᠤᠴᠠᠭᠠᠨ᠎ᠳ᠋ᠤ ᠬᠦᠮᠦᠨ ᠬᠡᠷᠡᠭᠯᠡᠵᠦ ᠪᠠᠢᠭ᠎ᠠ ᠪᠠᠢᠭᠤᠯᠭ᠎ᠠ ᠨᠢᠭᠡᠴᠢ᠎ᠡᠴᠠ ᠬᠦᠳᠡᠯᠮᠦᠷᠢ᠎ᠶᠢᠨ ᠭᠡᠷ᠎ᠡ᠎ᠶᠢ ᠬᠦᠴᠦᠨ ᠦᠭᠡᠢ ᠪᠤᠯᠭᠠᠵᠤ ᠪᠣᠯᠬᠤ ᠦᠭᠡᠢ ᠃ ᠡᠭᠦᠨ᠎ᠤ ᠲᠠᠷᠠᠭ᠎ᠠ ᠂ ᠵᠠᠰᠠᠭ᠎ᠤᠨ ᠣᠷᠳᠣᠨ᠎ᠤ ᠠᠪᠤᠭᠰᠠᠨ ᠬᠢᠵᠢᠭ᠎ᠢ ᠰᠡᠷᠭᠡᠢᠯᠡᠨ ᠡᠵᠡᠮᠳᠡᠬᠦ ᠠᠷᠭ᠎ᠠ ᠪᠠᠷᠢᠯ᠎ᠡᠴᠠ ᠰᠢᠯᠳᠠᠭᠠᠯᠠᠭᠳᠠᠨ ᠬᠡᠪ᠎ᠤᠨ ᠬᠦᠳᠡᠯᠮᠦᠷᠢ᠎ᠶᠢ ᠬᠠᠩᠭᠠᠵᠣ ᠲᠡᠢᠯᠬᠦ ᠦᠭᠡᠢ ᠬᠤᠭᠤᠴᠠᠭᠠᠨ᠎ᠳ᠋ᠤ ᠂ ᠬᠦᠮᠦᠨ ᠬᠡᠷᠡᠭᠯᠡᠵᠦ ᠪᠠᠢᠭ᠎ᠠ ᠪᠠᠢᠭᠤᠯᠭ᠎ᠠ ᠨᠢᠭᠡᠴᠢ᠎ᠡᠴᠠ ᠬᠦᠳᠡᠯᠮᠦᠷᠢᠴᠢᠨ᠎ᠲᠠᠢ ᠬᠦᠳᠡᠯᠮᠦᠷᠢ᠎ᠶᠢᠨ ᠭᠡᠷ᠎ᠡ᠎ᠶᠢ ᠬᠦᠴᠦᠨ ᠦᠭᠡᠢ ᠪᠤᠯᠭᠠᠵᠤ ᠪᠣᠯᠬᠤ ᠦᠭᠡᠢ ᠃ ᠲᠠᠬᠢᠪᠠᠯ ᠂ ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠤ ᠬᠦᠳᠡᠯᠮᠦᠷᠢ᠎ᠶᠢᠨ ᠭᠡᠷ᠎ᠡ᠎ᠶᠢᠨ ᠬᠤᠭᠤᠴᠠᠭ᠎ᠠ ᠲᠣᠯᠣᠭᠰᠠᠨ ᠪᠠᠢᠪᠠᠯ ᠂ ᠬᠦᠳᠡᠯᠮᠦᠷᠢ᠎ᠶᠢᠨ ᠭᠡᠷ᠎ᠡ᠎ᠶᠢᠨ ᠬᠤᠭᠤᠴᠠᠭ᠎ᠠ᠎ᠶᠢ ᠬᠢᠵᠢᠭ᠎ᠢ ᠰᠡᠷᠭᠡᠢᠯᠡᠨ ᠡᠵᠡᠮᠳᠡᠬᠦ ᠬᠠᠮᠢᠶᠠᠷᠣᠯᠳᠠ᠎ᠶᠢᠨ ᠠᠷᠭ᠎ᠠ ᠬᠡᠮᠵᠢᠶ᠎ᠡ ᠲᠠᠭᠤᠰᠬᠤ ᠪᠣᠯᠳᠠᠯ᠎ᠠ ᠣᠷᠳᠤᠳᠬᠠᠬᠤ ᠴᠢᠬᠤᠯᠠᠳᠠᠢ ᠃ ᠬᠠᠮᠤᠭ᠎ᠤᠨ ᠰᠡᠭᠦᠯ᠎ᠳ᠋ᠤ ᠂ ᠬᠦᠮᠦᠨ ᠬᠡᠷᠡᠭᠯᠡᠵᠦ ᠪᠠᠢᠭ᠎ᠠ ᠪᠠᠢᠭᠣᠯᠭ᠎ᠠ ᠨᠢᠭᠡᠴᠢ ᠪᠠ ᠬᠦᠳᠡᠯᠮᠦᠷᠢᠴᠢᠨ᠎ᠤ ᠠᠯᠢ ᠨᠢᠭᠡ ᠲᠠᠯ᠎ᠠ᠎ᠡᠴᠠ ᠬᠢᠵᠢᠭ᠎ᠤᠨ ᠬᠤᠭᠤᠴᠠᠭᠠᠨ᠎ᠳ᠋ᠠᠬᠢ ᠴᠠᠯᠢᠩ ᠂ ᠠᠵᠣ ᠠᠬᠤᠢ᠎ᠶᠢᠨ ᠨᠦᠬᠦᠪᠦᠷᠢ ᠂ ᠠᠵᠢᠯ᠎ᠢ ᠰᠡᠷᠭᠦᠭᠡᠬᠦ ᠵᠡᠷᠭᠡ ᠠᠰᠠᠭᠤᠳᠠᠯ᠎ᠡᠴᠠ ᠪᠣᠯᠵᠣ ᠂ ᠬᠦᠳᠡᠯᠮᠦᠷᠢ᠎ᠶᠢᠨ ᠭᠡᠷ᠎ᠡ᠎ᠶᠢ ᠬᠦᠴᠦᠨ ᠦᠭᠡᠢ ᠪᠤᠯᠭᠠᠬᠤ᠎ᠪᠠᠷ ᠰᠠᠨᠠᠭᠠᠴᠢᠯᠠᠭᠰᠠᠨ ᠪᠠᠢᠪᠠᠯ ᠂ ᠰᠢᠭᠦᠬᠦ ᠬᠤᠷᠢᠶ᠎ᠠ᠎ᠡᠴᠠ ᠪᠣᠳᠠᠳᠠᠢ ᠪᠠᠢᠳᠠᠯ᠎ᠲᠠᠢ ᠣᠶᠠᠯᠳᠣᠭᠤᠯᠣᠨ ᠵᠣᠬᠢᠰᠳᠠᠢ ᠰᠢᠢᠳᠪᠦᠷᠢᠯᠡᠬᠦ ᠬᠡᠷᠡᠭᠳᠡᠢ ᠃
︵ ᠬᠤᠶᠠᠷ ︶ ᠬᠦᠳᠠᠯᠮᠦᠷᠢᠴᠢᠨ᠎ᠤ ᠬᠦᠯᠦᠰᠦ ᠣᠯᠭᠤᠮᠵᠢ᠎ᠶᠢᠨ ᠬᠠᠣᠯᠢ ᠴᠠᠭᠠᠵᠠ᠎ᠶᠢᠨ ᠠᠰᠠᠭᠤᠳᠠᠯ
ᠬᠢᠵᠢᠭ᠎ᠢ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠠᠬᠢ ᠬᠦᠳᠠᠯᠮᠦᠷᠢᠴᠢᠨ᠎ᠤ ᠬᠦᠯᠦᠰᠦ ᠣᠯᠭᠤᠮᠵᠢ᠎ᠶᠢᠨ ᠲᠠᠯ᠎ᠠ᠎ᠶᠢᠨ ᠬᠠᠣᠯᠢ ᠴᠠᠭᠠᠵᠠ᠎ᠶᠢᠨ ᠠᠰᠠᠭᠤᠳᠠᠯ᠎ᠳ᠋ᠤ ᠂ ᠲᠦᠷᠢᠮᠵᠢᠯ᠎ᠤᠨ ᠦᠨᠳᠦᠰᠦᠯᠡᠯ ᠵᠢᠴᠢ ᠬᠠᠮᠢᠶ᠎ᠠ ᠪᠦᠬᠦᠢ ᠬᠠᠣᠯᠢ ᠲᠣᠭᠳᠠᠭᠠᠯ ᠵᠡᠷᠭᠡ᠎ᠶᠢ ᠬᠡᠷᠬᠢᠨ ᠨᠠᠢᠳᠠᠪᠣᠷᠢᠵᠠᠭᠤᠯᠬᠤ ᠵᠡᠷᠭᠡ ᠠᠰᠠᠭᠤᠳᠠᠯ᠎ᠤᠳ ᠪᠠᠭᠳᠠᠨ᠎ᠠ ᠃
2020 ᠣᠨ᠎ᠤ 1 ᠰᠠᠷ᠎ᠠ᠎ᠶᠢᠨ 27᠎ᠤ ᠡᠳᠦᠷ᠎ᠤᠨ ︽ ᠲᠦᠷᠦ᠎ᠶᠢᠨ ᠶᠠᠪᠣᠳᠠᠯ᠎ᠤᠨ ᠬᠤᠷᠢᠶ᠎ᠠ᠎ᠶᠢᠨ 2020 ᠣᠨ᠎ᠤ ᠴᠠᠭᠠᠨ ᠰᠠᠷ᠎ᠠ᠎ᠶᠢᠨ ᠠᠮᠠᠷᠠᠯᠳᠠ᠎ᠶᠢᠨ ᠬᠤᠭᠤᠴᠠᠭ᠎ᠠ᠎ᠶᠢ ᠣᠷᠳᠣᠳᠬᠠᠬᠤ ᠲᠣᠬᠠᠢ ᠮᠡᠳᠡᠭᠳᠡᠯ ︾᠎ᠳ᠋ᠤ ᠴᠠᠭᠠᠨ ᠰᠠᠷ᠎ᠠ᠎ᠶᠢᠨ ᠠᠮᠠᠷᠠᠯᠳᠠ᠎ᠶᠢᠨ ᠬᠤᠭᠤᠴᠠᠭ᠎ᠠ᠎ᠶᠢ 2 ᠰᠠᠷ᠎ᠠ᠎ᠶᠢᠨ 2᠎ᠤ ᠡᠳᠦᠷ ᠪᠣᠯᠳᠠᠯ᠎ᠠ ᠣᠷᠳᠣᠳᠬᠠᠵᠠᠢ ᠃ ᠡᠢᠮᠦ᠎ᠡᠴᠠ 2020 ᠣᠨ᠎ᠤ ᠴᠠᠭᠠᠨ ᠰᠠᠷ᠎ᠠ᠎ᠶᠢᠨ ᠠᠮᠠᠷᠠᠯᠳᠠ᠎ᠶᠢᠨ ᠣᠷᠳᠣᠳᠬᠠᠭᠰᠠᠨ ᠬᠤᠭᠤᠴᠠᠭᠠᠨ᠎ᠳ᠋ᠤ ᠠᠵᠢᠯ᠎ᠤᠨ ᠪᠠᠢᠷᠢ᠎ᠳᠠᠭᠠᠨ ᠪᠠᠢᠭ᠎ᠠ ᠬᠦᠳᠡᠯᠮᠦᠷᠢᠴᠢᠨ᠎ᠢ ᠬᠦᠮᠦᠨ ᠬᠡᠷᠡᠭᠯᠡᠵᠦ ᠪᠠᠢᠭ᠎ᠠ ᠪᠠᠢᠭᠤᠯᠭ᠎ᠠ ᠨᠢᠭᠡᠴᠢ᠎ᠡᠴᠠ ᠨᠦᠬᠦᠨ ᠠᠮᠠᠷᠠᠭᠤᠯᠬᠤ ᠪᠣᠶᠣ ᠨᠦᠭᠦᠪᠦᠷᠢ ᠤᠯᠭᠤᠬᠤ ᠶᠣᠰᠣᠳᠠᠢ ᠃ ᠡᠭᠦᠨ᠎ᠡᠴᠠ ᠭᠠᠳᠠᠨ᠎ᠠ ᠵᠠᠰᠠᠭ᠎ᠤᠨ ᠣᠷᠳᠣᠨ᠎ᠤ ᠠᠪᠤᠭᠰᠠᠨ ᠬᠢᠵᠢᠭ᠎ᠢ ᠰᠡᠷᠭᠡᠢᠯᠡᠨ ᠡᠵᠡᠮᠳᠡᠬᠦ ᠠᠷᠭ᠎ᠠ ᠪᠠᠷᠢᠯ᠎ᠡᠴᠠ ᠰᠢᠯᠳᠠᠭᠠᠯᠠᠭᠳᠠᠨ ᠬᠡᠪ᠎ᠤᠨ ᠬᠦᠳᠡᠯᠮᠦᠷᠢ᠎ᠶᠢ ᠬᠠᠩᠭᠠᠵᠣ ᠲᠡᠢᠯᠬᠦ ᠦᠭᠡᠢ ᠬᠤᠭᠤᠴᠠᠭᠠᠨ᠎ᠳ᠋ᠤ ᠂ ᠬᠦᠮᠦᠨ ᠬᠡᠷᠡᠭᠯᠡᠵᠦ ᠪᠠᠢᠭ᠎ᠠ ᠪᠠᠢᠭᠤᠯᠭ᠎ᠠ ᠨᠢᠭᠡᠴᠡ᠎ᠡᠴᠠ ᠮᠦᠨᠴᠦ ᠬᠦᠳᠡᠯᠮᠦᠷᠢᠴᠢᠨ᠎ᠤ ᠬᠦᠯᠦᠰᠦ ᠣᠯᠭᠤᠮᠵᠢ᠎ᠶᠢ ᠪᠠᠳᠣᠯᠠᠬᠤ ᠬᠡᠷᠡᠭᠳᠡᠢ ᠃
ᠡᠭᠦᠨ᠎ᠡᠴᠠ ᠭᠠᠳᠠᠨ᠎ᠠ ᠂ ᠬᠦᠮᠦᠨ᠎ᠤ ᠬᠦᠴᠦᠨ᠎ᠤ ᠡᠬᠢ ᠪᠠᠶᠠᠯᠢᠭ ᠵᠢᠴᠢ ᠨᠡᠢᠭᠡᠮ᠎ᠤᠨ ᠪᠠᠳᠣᠯᠠᠪᠣᠷᠢ᠎ᠶᠢᠨ ᠶᠠᠮᠣᠨ᠎ᠤ ︹2020︺᠎ᠶᠢᠨ 11 ᠳ᠋ᠤᠭᠡᠷ ᠲᠣᠭᠠᠳᠣ ᠠᠯᠪᠠᠨ ᠪᠢᠴᠢᠭ᠎ᠤᠨ ᠲᠣᠭᠳᠠᠭᠠᠯ᠎ᠢ ᠦᠨᠳᠦᠰᠦᠯᠡᠨ ᠂ ᠬᠦᠳᠡᠯᠮᠦᠷᠢ᠎ᠶᠢᠨ ᠵᠢᠭᠤᠷᠠᠭᠠᠨ᠎ᠢ ᠰᠢᠢᠳᠪᠦᠷᠢᠯᠡᠬᠦ᠎ᠳ᠋ᠤ ᠬᠦᠳᠡᠯᠮᠦᠷᠢᠴᠢᠨ᠎ᠤ ᠬᠠᠣᠯᠢ ᠶᠣᠰᠣᠨ᠎ᠤ ᠡᠷᠬᠡ ᠠᠰᠢᠭ ᠪᠣᠯᠣᠨ ᠠᠵᠣ ᠠᠬᠤᠢᠯᠠᠯ᠎ᠤᠨ ᠣᠷᠣᠰᠢᠨ ᠲᠣᠭᠳᠠᠨᠢᠯ ᠬᠢᠭᠡᠳ ᠬᠦᠭᠵᠢᠯᠳᠡ᠎ᠶᠢ ᠬᠠᠮᠳᠣ᠎ᠳ᠋ᠤᠨᠢ ᠬᠠᠷᠠᠭᠠᠯᠵᠠᠬᠤ ᠵᠠᠷᠴᠢᠮ᠎ᠢ ᠪᠠᠷᠢᠮᠳᠠᠯᠠᠨ ᠡᠯ᠎ᠡ ᠲᠠᠯ᠎ᠠ᠎ᠶᠢᠨ ᠬᠠᠣᠯᠢ ᠶᠣᠰᠣᠨ᠎ᠤ ᠡᠷᠬᠡ ᠠᠰᠢᠭ᠎ᠢ ᠦᠨᠡᠨ ᠬᠦ ᠪᠠᠳᠣᠯᠠᠬᠤ ᠬᠡᠷᠡᠭᠳᠡᠢ ᠃
ᠣᠳᠣᠬᠠᠨ᠎ᠳ᠋ᠤ ᠪᠦᠬᠦ ᠣᠯᠣᠰ ᠲᠠᠶᠠᠭᠠᠷ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠪᠠ ᠣᠢᠯᠡᠳᠪᠦᠷᠢᠯᠡᠯ᠎ᠢ ᠰᠡᠷᠭᠦᠭᠡᠨ ᠠᠵᠣ ᠠᠬᠤᠢ ᠨᠡᠢᠭᠡᠮ᠎ᠤᠨ ᠬᠦᠭᠵᠢᠯᠳᠡ᠎ᠶᠢ ᠠᠬᠢᠭᠤᠯᠬᠤ ᠂ ᠬᠤᠶᠠᠷ ᠲᠠᠯ᠎ᠠ᠎ᠶᠢᠨ ᠠᠵᠢᠯ᠎ᠢ ᠬᠠᠮᠳᠣ᠎ᠳ᠋ᠤᠨᠢ ᠠᠬᠢᠭᠤᠯᠬᠤ ᠵᠠᠩᠭᠢᠯᠠᠭ᠎ᠠ᠎ᠶᠢᠨ ᠱᠠᠳᠣᠨ᠎ᠳ᠋ᠤ ᠣᠷᠣᠭᠠᠳ ᠪᠣᠢ ᠃ ᠡᠢᠮᠦ᠎ᠡᠴᠠ ᠡᠨᠡᠬᠦ ᠬᠤᠭᠤᠴᠠᠭᠠᠨ᠎ᠳ᠋ᠤ ᠡᠭᠦᠰᠦᠭᠰᠡᠨ ᠭᠡᠷ᠎ᠡ᠎ᠶᠢᠨ ᠵᠢᠭᠤᠷᠠᠭᠠᠨ ᠪᠣᠯᠣᠨ ᠡᠷᠬᠡᠨ᠎ᠳ᠋ᠤ ᠬᠠᠯᠳᠠᠭᠰᠠᠨ ᠵᠢᠭᠤᠷᠠᠭᠠᠨ ᠵᠢᠴᠢ ᠬᠦᠳᠡᠯᠮᠦᠷᠢ᠎ᠶᠢᠨ ᠵᠢᠭᠤᠷᠠᠭᠠᠨ᠎ᠢ ᠬᠠᠣᠯᠢ ᠶᠣᠰᠣᠭᠠᠷ ᠵᠣᠬᠢᠰᠳᠠᠢ ᠰᠢᠢᠳᠪᠦᠷᠢᠯᠡᠬᠦ᠎ᠨᠢ ︽ ᠬᠤᠶᠠᠷ ᠲᠠᠯ᠎ᠠ᠎ᠶᠢᠨ ᠠᠵᠢᠯ ︾᠎ᠢ ᠪᠦᠳᠦᠮᠵᠢᠳᠡᠢ ᠠᠬᠢᠭᠤᠯᠬᠤ᠎ᠶᠢᠨ ᠪᠣᠰᠣᠳᠴᠢ ᠱᠠᠭᠠᠷᠳᠠᠯᠭ᠎ᠠ ᠪᠣᠯᠬᠤ ᠶᠣᠮ ᠃
︵ ᠵᠤᠬᠢᠶᠠᠬᠴᠢ᠎ᠶᠢᠨ ᠪᠠᠢᠭᠤᠯᠭ᠎ᠠ ᠄ ᠥᠪᠥᠷ ᠮᠣᠩᠭᠤᠯ᠎ᠤᠨ ᠡᠳ᠋᠎ᠤᠨ ᠵᠠᠰᠠᠭ ᠠᠵᠣ ᠠᠬᠤᠢ᠎ᠶᠢᠨ ᠶᠡᠬᠡ ᠰᠣᠷᠭᠠᠭᠤᠯᠢ᠎ᠶᠢᠨ ᠬᠠᠣᠯᠢ ᠰᠣᠳᠣᠯᠣᠯ᠎ᠤᠨ ᠲᠡᠭᠡᠲᠣ ᠰᠣᠷᠭᠠᠭᠤᠯᠢ ︶

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面