2020-05-19 09:30:40
ᠰᠢᠨ᠎ᠡ ᠳᠢᠳᠢᠮᠯᠢᠭ ᠠᠭᠤᠰᠬᠢᠨ ᠦᠷᠪᠢᠰᠤᠯ᠎ᠤᠨ ᠬᠢᠵᠢᠭ᠎ᠤᠨ ᠪᠠᠢᠳᠠᠯ ᠭᠠᠷᠤᠭᠰᠨᠨᠤ ᠳᠠᠷᠠᠭ᠎ᠠ ᠂ ᠨᠠᠮ᠎ᠤᠨ ᠲᠦᠪ ᠬᠤᠷᠢᠶ᠎ᠠ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠠᠵᠢᠯ᠎ᠢ ᠲᠡᠷᠢᠬᠦᠨ ᠴᠢᠬᠤᠯᠠ ᠶᠠᠪᠤᠳᠠᠯ ᠪᠤᠯᠭᠠᠨ ᠠᠳᠬᠤᠵᠦ ᠂ ᠶᠡᠷᠦᠩᠭᠡᠢ ᠱᠦᠵᠢ ᠰᠢ᠎ᠶᠢᠨ ᠫᠢᠩ ᠪᠡᠶ᠎ᠠ᠎ᠪᠠᠷ᠎ᠢᠶᠡᠨ ᠵᠢᠯᠤᠭᠤᠳᠤᠨ ᠂ ᠪᠡᠶ᠎ᠠ᠎ᠪᠠᠷ᠎ᠢᠶᠡᠨ ᠪᠠᠢᠷᠢᠯᠠᠭᠤᠯᠵᠦ ᠂ ᠠᠷᠠᠳ ᠲᠦᠮᠡᠨ᠎ᠤ ᠠᠮᠢ ᠨᠠᠰᠤᠨ᠎ᠤ ᠠᠮᠤᠷ ᠲᠦᠪᠰᠢᠨ ᠪᠠ ᠪᠡᠶ᠎ᠠ ᠮᠠᠬᠠᠪᠤᠳ᠎ᠤᠨ ᠡᠷᠡᠬᠦᠯ ᠮᠡᠨᠳᠦ᠎ᠶᠢ ᠲᠡᠷᠢᠬᠦᠨ ᠪᠠᠢᠷᠢᠨ᠎ᠳ᠋ᠤ ᠲᠠᠯᠪᠢᠨ ᠂ ᠪᠦᠬᠦ ᠨᠠᠮ ᠪᠦᠬᠦ ᠴᠡᠷᠢᠭ ᠪᠦᠬᠦ ᠤᠯᠤᠰ᠎ᠤᠨ ᠦᠨᠳᠦᠰᠦᠳᠡᠨ᠎ᠨᠦᠭᠦᠳ᠎ᠤᠨ ᠠᠷᠠᠳ ᠲᠦᠮᠡᠨ᠎ᠢ ᠤᠳᠤᠷᠢᠳᠤᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠠᠷᠠᠳ᠎ᠤᠨ ᠲᠠᠢᠨ ᠂ ᠶᠡᠷᠦᠩᠭᠡᠢ ᠲᠠᠢᠯᠠᠯᠳᠤᠭᠠᠨ ᠂ ᠬᠤᠷᠢᠬᠯᠠᠯᠳᠠ᠎ᠶᠢᠨ ᠲᠠᠢᠯᠠᠯᠳᠤᠭᠠᠨ᠎ᠢ ᠰᠠᠢᠳᠤᠷ ᠬᠢᠵᠠᠢ ᠃
ᠰᠢᠷᠭᠠᠭᠤ ᠬᠠᠳᠠᠭᠤᠵᠢᠯᠳᠠᠢ ᠴᠢᠷᠮᠠᠢᠯᠭ᠎ᠠ᠎ᠪᠠᠷ ᠳᠠᠮᠵᠢᠨ ᠂ ᠦᠬᠠᠨ᠎ᠢ ᠬᠠᠮᠠᠭᠠᠯᠠᠬᠤ ᠲᠠᠢᠯᠠᠯᠳᠤᠭᠠᠨ ᠂ ᠬᠤᠪᠸᠢ᠎ᠶᠢ ᠬᠠᠮᠠᠭᠠᠯᠠᠬᠤ ᠲᠠᠢᠯᠠᠯᠳᠤᠭᠠᠨ ᠰᠢᠢᠳᠪᠤᠷᠢᠳᠦ ᠴᠢᠨᠠᠷᠳᠠᠢ ᠦᠷ᠎ᠠ ᠪᠦᠳᠦᠭᠡᠯ ᠤᠯᠵᠦ ᠂ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠬᠤᠷᠢᠬᠯᠠᠯᠳᠠ᠎ᠶᠢᠨ ᠲᠠᠢᠯᠠᠯᠳᠤᠭᠠᠨ ᠴᠢᠬᠤᠯᠠ ᠶᠡᠭᠡ ᠪᠠᠢᠯᠳᠤᠬᠤ ᠪᠤᠳᠤᠯᠭ᠎ᠠ᠎ᠶᠢᠨ ᠦᠷ᠎ᠡ ᠪᠦᠲᠦᠭᠡᠯ ᠤᠯᠵᠦ ᠂ ᠳᠤᠮᠳᠠᠳᠤ ᠤᠯᠤᠰ ᠰᠢᠷᠭᠠᠭᠤ ᠴᠢᠷᠮᠠᠢᠯᠭ᠎ᠠ᠎ᠪᠠᠷ᠎ᠢᠶᠡᠨ ᠰᠦᠷ ᠵᠢᠪᠬᠤᠯᠠᠩᠲᠦ ︽ ᠬᠢᠵᠢᠭ᠎ᠲᠠᠢ ᠲᠡᠮᠡᠴᠡᠬᠦ ᠬᠠᠷᠢᠭᠤᠯᠳᠠ᠎ᠶᠢᠨ ᠬᠠᠭᠤᠳᠠᠰᠤ ︾᠎ᠶᠢ ᠪᠢᠴᠢᠭᠯᠡᠯᠠ ᠃
ᠠᠯᠢᠪᠠ ᠪᠦᠬᠦᠨ ᠠᠮᠢ ᠨᠠᠰᠤ᠎ᠶᠢ ᠠᠪᠤᠷᠠᠬᠤ᠎ᠪᠠᠷ ᠬᠦᠴᠦᠯᠡᠪᠡ
︽ ᠠᠷᠠᠳ ᠲᠦᠮᠡᠨ᠎ᠤ ᠠᠮᠢ ᠨᠠᠰᠤᠨ᠎ᠤ ᠠᠮᠤᠷ ᠲᠦᠪᠰᠢᠨ ᠪᠠ ᠪᠡᠶ᠎ᠠ ᠮᠠᠬᠠᠪᠤᠳ᠎ᠤᠨ ᠡᠷᠡᠬᠦᠯ ᠮᠡᠨᠳᠦ᠎ᠶᠢ ᠲᠡᠷᠢᠬᠦᠨ ᠪᠠᠢᠷᠢᠨ᠎ᠳ᠋ᠤ ᠲᠠᠯᠪᠢᠬᠤ ᠭᠡᠷᠡᠭᠲᠡᠢ ︾ ︽ ᠬᠠᠮᠤᠭ᠎ᠤᠨ ᠶᠡᠭᠡ ᠴᠢᠷᠮᠠᠢᠯᠭ᠎ᠠ ᠭᠠᠷᠭᠠᠵᠦ ᠪᠠᠢᠭᠠᠳ ᠨᠡᠩ ᠤᠯᠠᠨ ᠡᠪᠡᠳᠴᠢᠳᠡᠨ᠎ᠤ ᠠᠮᠢ ᠨᠠᠰᠤ᠎ᠶᠢ ᠠᠪᠤᠷᠠᠬᠤ ᠭᠡᠷᠡᠭᠲᠡᠢ ︾ ︽ ᠢᠯᠠᠷᠢᠰᠢᠬᠦᠯᠬᠦ ᠨᠤᠷᠮ᠎ᠠ᠎ᠶᠢ ᠬᠠᠮᠤᠭ᠎ᠤᠨ ᠶᠡᠭᠡ ᠭᠡᠮᠵᠢᠶ᠎ᠠ᠎ᠪᠠᠷ ᠨᠡᠮᠡᠭᠳᠡᠬᠦᠯᠦᠨ ᠂ ᠡᠪᠡᠳᠴᠢᠨ᠎ᠢᠶᠠᠷ ᠦᠬᠦᠬᠦ ᠨᠤᠷᠮ᠎ᠠ᠎ᠶᠢ ᠬᠠᠮᠤᠭ᠎ᠤᠨ ᠶᠡᠭᠡ ᠭᠡᠮᠵᠢᠶ᠎ᠠ᠎ᠪᠠᠷ ᠪᠠᠭᠤᠷᠠᠭᠤᠯᠬᠤ ᠭᠡᠷᠡᠭᠲᠡᠢ ︾ ᠁ ᠶᠡᠷᠦᠩᠭᠡᠢ ᠱᠦᠵᠢ ᠰᠢ᠎ᠶᠢᠨ ᠫᠢᠩ ᠤᠯᠠᠨ ᠤᠳᠠᠭ᠎ᠠ ᠴᠢᠬᠤᠯᠠ ᠪᠠᠢᠷᠢᠯᠠᠭᠤᠯᠤᠯᠳᠠ ᠬᠢᠵᠦ ᠂ ᠡᠪᠡᠳᠴᠢᠳᠡᠨ᠎ᠢ ᠪᠦᠬᠦ ᠬᠦᠴᠦ᠎ᠪᠠᠷ᠎ᠢᠶᠡᠨ ᠠᠪᠤᠷᠠᠨ ᠵᠠᠰᠠᠬᠤ ᠭᠡᠷᠡᠭᠲᠡᠢ ᠭᠡᠵᠦ ᠱᠠᠭᠠᠷᠳᠠᠵᠠᠢ ᠃
ᠬᠢᠵᠢᠭ᠎ᠤᠨ ᠪᠠᠢᠳᠠᠯ ᠭᠠᠷᠤᠬᠰᠡᠨᠤ ᠲᠠᠷᠠᠭ᠎ᠡ ᠂ ᠪᠦᠬᠦ ᠤᠯᠤᠰ᠎ᠤᠨ 340 ᠭᠠᠷᠤᠢ ᠡᠮᠴᠢᠯᠡᠭᠡᠨ᠎ᠤ ᠠᠩᠭᠢ ᠂ 4.2 ᠲᠦᠮᠠ ᠭᠠᠷᠤᠢ ᠡᠮᠴᠢᠯᠡᠭᠡᠨ᠎ᠤ ᠠᠵᠢᠯᠳᠠᠨ ᠲᠠᠢᠨ᠎ᠤ ᠲᠠᠯᠠᠪᠤᠷ᠎ᠲᠤ ᠬᠦᠷᠴᠤ ᠂ ᠪᠦᠬᠦ ᠤᠯᠤᠰ᠎ᠤᠨ ᠠᠷᠪᠡᠨᠤ ᠨᠢᠭᠡ ᠬᠤᠪᠢ᠎ᠶᠢᠨ ᠬᠦᠨᠳᠤ ᠡᠪᠡᠳᠴᠢᠨ᠎ᠤ ᠰᠤᠪᠢᠯᠠᠯᠳᠠ᠎ᠶᠢᠨ ᠬᠦᠴᠤᠨ ᠦᠬᠠᠨ᠎ᠳ᠋ᠤ ᠲᠦᠪᠯᠡᠷᠡᠪᠠ ᠃
︽ ᠬᠢᠵᠢᠭ᠎ᠤᠨ ᠪᠠᠢᠳᠠᠯ ᠦᠩᠭᠡᠷᠡᠬᠦ ᠦᠭᠡᠢ ᠴᠠᠭ᠎ᠲᠤ ᠪᠢᠳᠠ ᠶᠠᠭᠠᠬᠢᠭᠰᠠᠨ ᠴᠦ ᠤᠬᠤᠷᠢᠬᠤ ᠦᠭᠡᠢ ︾ ᠃ ᠪᠢᠳᠡᠬᠦᠨ᠎ᠤ ᠡᠳᠦᠷ ᠂ ᠴᠠᠭᠠᠨ ᠬᠤᠶᠠᠭ ᠭᠡᠳᠡᠷ᠎ᠤᠨ ᠠᠮᠢ ᠨᠠᠰᠤ᠎ᠶᠢ ᠬᠠᠮᠠᠭᠠᠯᠠᠬᠤ᠎ᠪᠠᠷ ᠲᠠᠯᠠᠢ ᠂ ᠬᠠᠭᠤᠷᠠᠢ ᠂ ᠠᠭᠠᠷ ᠭᠤᠷᠪᠡᠨ ᠵᠠᠮ᠎ᠤᠨ ᠴᠡᠷᠢᠭ᠎ᠤᠨ ᠡᠮᠴᠢᠯᠡᠭᠡᠨ᠎ᠤ ᠠᠩᠭᠢ᠎ᠶᠢᠨ᠎ᠬᠢᠨ ᠦᠬᠠᠨ ᠵᠦᠭ ᠪᠠᠴᠢᠮ ᠲᠦᠷᠭᠡᠨ ᠮᠤᠷᠳᠠᠪᠠ ᠃ ᠲᠡᠲᠡ ᠠᠷᠠᠳ ᠲᠦᠮᠡᠨ᠎ᠤ ᠠᠮᠢ ᠨᠠᠰᠤ᠎ᠶᠢ ᠲᠡᠭᠡᠲᠦᠯᠡᠨ ᠂ ᠡᠷᠡᠰ ᠬᠠᠳᠠᠭᠤ ᠲᠠᠩᠭᠠᠷᠢᠭᠢᠶᠠᠷᠢᠶᠡᠨ ᠰᠠᠨᠠᠭᠠᠰᠢᠷᠠᠨ ᠵᠤᠪᠠᠨᠢᠵᠤ ᠪᠠᠢᠭ᠎ᠡ ᠲᠦᠭ ᠲᠦᠮᠡᠨ ᠬᠦᠮᠦᠰ᠎ᠲᠤ ᠬᠦᠰᠡᠯ ᠡᠷᠡᠮᠡᠯᠵᠡᠯ ᠠᠪᠴᠢᠷᠠᠪᠠ ᠃
ᠦᠪᠡᠷ᠎ᠤᠨ ᠦᠬᠦᠵᠤ ᠰᠡᠭᠡᠬᠦ᠎ᠶᠢ ᠦᠯᠦ ᠬᠠᠢᠬᠤᠷᠤᠭᠰᠠᠠ ᠲᠠᠢᠨ᠎ᠳ᠋ᠤ ᠮᠤᠷᠳᠠᠬᠤ ᠭᠤᠶᠤᠴᠢᠯᠠᠭᠡᠶᠢᠨ ᠪᠢᠴᠢᠭ᠎ᠤᠳ ᠂ ᠪᠤᠭᠤᠬᠳᠠᠭᠠᠳ ᠤᠷᠤᠮ ᠦᠯᠡᠳᠡᠭᠰᠡᠨ ᠨᠢᠭᠤᠷ ᠴᠢᠷᠠᠢ᠎ᠨᠤᠭᠤᠳ ᠂ ᠴᠢᠰᠤᠨ ᠰᠤᠲᠠᠰᠦ ᠲᠠᠲᠠᠭᠰᠠᠠ ᠨᠢᠳᠤᠳ ᠪᠦᠬᠦ ᠤᠯᠤᠰ᠎ᠤᠨ ᠠᠷᠠᠳ ᠲᠦᠮᠡᠨ᠎ᠤ ᠬᠠᠮᠤᠭ᠎ᠡᠴᠠ ᠮᠠᠷᠳᠠᠬᠳᠠᠰᠢ ᠦᠭᠡᠢ ᠦᠵᠡᠭᠳᠡᠯ ᠪᠤᠯᠤᠬᠰᠡᠨ ᠪᠠᠢᠨ᠎ᠡ ᠃
ᠶᠢᠷᠳᠢᠨᠴᠤ᠎ᠳ᠋ᠤ ᠤᠤᠯᠡᠴᠠᠪᠠᠨ ᠪᠠᠭᠠᠳᠤᠷ ᠪᠠᠢᠬᠰᠠᠨ ᠦᠭᠡᠢ ᠂ ᠴᠡᠭᠡᠵᠢ ᠲᠦᠷᠢᠨ ᠭᠠᠷᠤᠬᠰᠡᠨ ᠡᠭᠡᠯ ᠵᠢᠷ᠎ᠤᠨ ᠬᠦᠮᠦᠨ ᠪᠠᠢᠬᠰᠠᠨ᠎ᠡᠴᠠ ᠪᠠᠭᠠᠳᠤᠷᠴᠤᠳ ᠪᠤᠢ ᠪᠤᠯᠤᠭᠰᠠᠨ ᠶᠤᠮ ᠃ ᠲᠡᠳᠡ ᠨᠢᠭᠡ ᠵᠠᠬ᠎ᠡ ᠬᠠᠮᠠᠭᠠᠯᠠᠯᠳᠠ᠎ᠶᠢᠨ ᠬᠤᠪᠴᠠᠰᠤ᠎ᠶᠢ ᠠᠷᠪᠢᠯᠠᠬᠤ᠎ᠶᠢᠨ ᠲᠦᠯᠦᠭᠡ ᠨᠠᠢᠮᠠᠨ ᠴᠠᠭ᠎ᠢᠶᠠᠷ ᠤᠰᠤ ᠤᠤᠭᠤᠬᠤ ᠦᠭᠡᠢ ᠵᠤᠷᠯᠦᠩ᠎ᠳ᠋ᠤ ᠤᠴᠢᠬᠤ ᠦᠭᠡᠢ ᠪᠠᠢᠬᠰᠠᠨ ᠪᠠᠢᠳᠠᠯ᠎ᠢ ᠬᠦᠮᠦᠰ ᠪᠠᠳᠤ ᠴᠡᠭᠡᠵᠢᠯᠡᠪᠠ ︔ ᠳᠡᠳᠡ ᠠᠮᠢ ᠨᠠᠰᠤ᠎ᠶᠢ ᠠᠪᠤᠷᠠᠬᠤ᠎ᠶᠢᠨ ᠲᠦᠯᠦᠭᠡ ᠬᠦᠴᠢᠷ᠎ᠢ ᠰᠦᠷᠤᠨ ᠤᠷᠤᠬᠰᠢᠯᠠᠬᠰᠡᠨ ᠂ ᠰᠦᠷᠳᠠᠯ ᠦᠭᠡᠢ ᠲᠠᠭᠠᠷᠢᠵᠤ ᠪᠠᠢᠬᠰᠡᠨ ᠪᠠᠢᠳᠠᠯ᠎ᠢ ᠴᠡᠭᠡᠵᠢᠯᠡᠪᠠ ᠁ ᠲᠠᠷᠢ᠎ᠶᠢᠨ ᠤᠳᠤᠭᠡ ᠦᠭᠡᠢ ᠲᠠᠢᠨ᠎ᠤ ᠲᠠᠯᠠᠪᠤᠷ᠎ᠲᠤ ᠂ ᠲᠠᠳᠠ ᠴᠢᠰᠤ ᠮᠢᠬᠠᠨ ᠪᠠᠶᠡᠪᠠᠷᠢᠶᠡᠨ ᠬᠦᠮᠦᠰ᠎ᠤᠨ ᠲᠦᠯᠦᠭᠡ ᠰᠢᠨ᠎ᠡ ᠳᠢᠳᠢᠮᠯᠢᠭ ᠠᠭᠤᠰᠬᠢᠨ ᠦᠷᠪᠢᠰᠦᠯ᠎ᠤᠨ ᠸᠢᠷᠦ᠋ᠰ᠎ᠤᠨ ᠲᠠᠭᠠᠷᠢᠯᠳᠠ᠎ᠶᠢ ᠬᠤᠷᠢᠬᠯᠠᠪᠠ ᠃
ᠡᠪᠡᠳᠴᠢᠳᠠᠨ᠎ᠤ ᠡᠮᠴᠢᠯᠡᠭᠡᠨ᠎ᠤ ᠵᠠᠷᠤᠳᠠᠯ᠎ᠢ ᠲᠤᠮᠳᠠᠳᠤ ᠤᠯᠤᠰ᠎ᠤᠨ ᠡᠳ᠋᠎ᠤᠨ ᠵᠠᠰᠠᠭ᠎ᠡᠴᠠ ᠪᠦᠬᠦᠨ᠎ᠢ ᠬᠠᠷᠢᠭᠤᠴᠠᠨ ᠡᠬᠦᠷᠭᠡᠯᠡᠪᠡ ︔ ᠡᠯ᠎ᠡ ᠵᠦᠢᠯ᠎ᠤᠨ ᠨᠦᠬᠦᠪᠤᠷᠢ᠎ᠶᠢ ᠲᠤᠭᠡ ᠶᠤᠰᠤᠭᠠᠷ ᠲᠠᠷᠬᠠᠭᠠᠪᠠ ︔ ᠭᠠᠳᠠᠨ᠎ᠡ᠎ᠡᠴᠠ ᠢᠷᠡᠭᠰᠡᠨ ᠬᠦᠮᠦᠰ ᠂ ᠬᠦᠴᠢᠷᠳᠡᠯᠳᠠᠢ ᠤᠯᠠᠨ ᠲᠦᠮᠡᠨ᠎ᠤ ᠪᠠᠳᠤᠯᠠᠬᠤ ᠵᠤᠬᠢᠰᠳᠠᠢᠶᠢᠨᠢ ᠪᠦᠬᠦᠨ᠎ᠢ ᠪᠠᠳᠤᠯᠠᠪᠠ ᠃ 3 ᠰᠠᠷᠡᠶᠢᠨ 21᠎ᠤ ᠡᠳᠦᠷ ᠪᠤᠯᠳᠠᠯ᠎ᠡ ᠂ ᠪᠦᠬᠦ ᠤᠯᠤᠰ᠎ᠤᠨ ᠡᠯ᠎ᠡ ᠱᠠᠳᠤᠨ᠎ᠤ ᠡᠳ᠋᠎ᠤᠨ ᠵᠠᠰᠠᠭ᠎ᠤᠨ ᠲᠤᠬᠢᠷᠠᠭᠤᠯᠤᠬᠰᠡᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠪᠡᠯᠡ ᠤᠷᠤᠭᠤᠯᠤᠯᠳᠠ ᠨᠢᠭᠡᠨᠳᠠ 1218 ᠳ᠋ᠦᠩᠰᠢᠭᠤᠷ ᠲᠦᠬᠦᠷᠢᠭ᠎ᠲᠤ ᠬᠦᠷᠦᠭᠰᠡᠨ ᠪᠠᠢᠨ᠎ᠡ ᠃
ᠳᠤᠮᠳᠠᠳᠤ ᠤᠯᠤᠰ ᠦᠳᠡᠬᠦᠰ ᠨᠠᠰᠤᠲᠠᠨ ᠬᠡᠤᠬᠡᠳ ᠨᠢᠯᠬ᠎ᠠ ᠭᠡᠰᠡᠨ ᠦᠭᠡᠢ ᠂ ᠶᠠᠳᠠᠭᠤ ᠪᠠᠶᠠᠨ ᠬᠡᠰᠡᠨ ᠦᠬᠡᠢ ᠂ ᠶᠠᠮᠠᠷᠪᠠ ᠨᠢᠬᠡ ᠬᠦᠮᠤᠨ᠎ᠤ ᠠᠮᠢ ᠨᠠᠰᠤ᠎ᠶᠢ ᠡᠷᠬᠢᠮᠨᠠᠨ ᠨᠠᠨᠳᠢᠩᠨᠠᠵᠤ ᠂ ᠵᠢᠭᠠᠬᠠᠨ ᠪᠤᠯᠤᠮᠵᠢ ᠪᠠᠢᠪᠠᠯ ᠵᠠᠭᠤᠨ ᠬᠤᠪᠢ᠎ᠶᠢᠨ ᠴᠢᠷᠮᠠᠢᠯᠭ᠎ᠠ ᠭᠠᠷᠭᠠᠵᠤ ᠂ ᠠᠮᠢ ᠨᠠᠰᠤ᠎ᠶᠢ ᠠᠪᠤᠷᠠᠬᠤ᠎ᠶᠢᠨ ᠲᠦᠯᠤᠬᠡ ᠰᠦᠢᠷᠡᠰᠢ ᠦᠭᠡᠢ ᠪᠠᠳᠤ ᠪᠡᠬᠢ ᠤᠷᠳᠤ ᠴᠠᠭᠠᠨ ᠭᠡᠷᠡᠮ᠎ᠢ ᠴᠤᠬᠴᠠᠯᠠᠨ ᠪᠠᠢᠭᠤᠯᠪᠠ ᠃
︽ ᠬᠤᠶᠠᠷ ᠲᠠᠢᠯᠠᠯᠳᠤᠭᠠᠨ᠎ᠤ ᠲᠠᠯᠠᠪᠤᠷ ︾᠎ᠲᠤ ᠤᠨᠤᠴᠢᠳᠠᠢ ᠠᠷᠭ᠎ᠠ ᠪᠤᠳᠤᠯᠭ᠎ᠠ ᠭᠡᠷᠡᠭᠵᠢᠬᠦᠯᠪᠠ
ᠮᠢᠩᠭᠠᠨ ᠲᠦᠮᠡᠨ ᠬᠦᠮᠤᠨ ᠠᠮᠠ᠎ᠲᠠᠢ ᠶᠡᠬᠡ ᠬᠤᠳᠠ᠎ᠶᠢ ᠪᠢᠳᠡᠬᠦᠮᠵᠢᠯᠠᠬᠦ ᠭᠡᠳᠡᠭ᠎ᠨᠢ ᠶᠠᠮᠠᠷᠪᠠ ᠤᠯᠤᠰ᠎ᠲᠤ ᠠᠪᠴᠤ ᠬᠡᠯᠡᠭᠰᠡᠨ ᠴᠤ ᠲᠤᠢᠯ᠎ᠤᠨ ᠶᠡᠬᠡ ᠦᠷᠢᠰᠤᠯᠳᠤᠬᠡᠨ᠎ᠲᠠᠢ ᠪᠡᠷᠭᠡ ᠰᠤᠩᠭᠤᠯᠳᠠ ᠪᠤᠯᠤᠨ᠎ᠠ ᠃ ᠬᠡᠪᠡᠴᠤ ᠪᠦᠬᠦ ᠤᠯᠤᠰ᠎ᠤᠨ ᠠᠷᠠᠳ ᠲᠦᠮᠡᠨ ᠴᠢᠨᠠᠬᠰᠢᠯᠠᠪᠠᠯ ᠲᠡᠯᠡᠬᠡᠢ᠎ᠶᠢᠨ ᠠᠷᠠᠳ ᠲᠦᠮᠡᠨ᠎ᠤ ᠲᠦᠯᠤᠬᠡ ᠂ ᠳᠤᠮᠳᠠᠳᠤ ᠤᠯᠤᠰ ᠯᠤᠳᠤ ᠶᠡᠬᠡ ᠤᠯᠤᠰ ᠲᠦᠷᠤ᠎ᠶᠢᠨ ᠰᠦᠰᠤ ᠵᠤᠷᠢᠬ ᠪᠤᠯᠤᠨ ᠰᠢᠢᠳᠮᠡᠭ ᠪᠤᠳᠤᠯ᠎ᠢᠶᠠᠷ ︽ ᠬᠤᠳᠠ᠎ᠶᠢ ᠪᠢᠳᠡᠬᠦᠮᠵᠢᠯᠡᠬᠦ ︾ ᠤᠶᠠᠷᠠᠭᠤᠨ ᠵᠢᠪᠬᠤᠭᠠᠲᠦ ᠠᠷᠭ᠎ᠠ᠎ᠶᠢ ᠡᠷᠡᠰ ᠲᠠᠰᠤᠷᠬᠠᠢ ᠠᠪᠤᠬᠰᠠᠨ ᠪᠠᠢᠨ᠎ᠠ ᠃
ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠪᠦᠬᠦ ᠶᠠᠪᠤᠴᠠ᠎ᠳ᠋ᠤ ᠂ ᠰᠢ᠎ᠶᠢᠨ ᠫᠢᠩ ᠨᠦᠬᠦᠷ᠎ᠢᠶᠠᠷ ᠭᠤᠤᠯ ᠪᠤᠯᠭᠠᠬᠰᠠᠨ ᠨᠠᠮ᠎ᠤᠨ ᠲᠦᠪ ᠬᠤᠷᠢᠶᠠᠨ᠎ᠤ᠎ᠬᠢᠨ ᠢᠮᠠᠬᠳᠠ ᠬᠤᠪᠸᠢ ᠂ ᠦᠬᠠᠨ ᠪᠠ ᠪᠦᠬᠦ ᠤᠯᠤᠰ᠎ᠤᠨ ︽ ᠬᠤᠶᠠᠷ ᠲᠠᠢᠯᠠᠯᠳᠤᠭᠠᠨ᠎ᠤ ᠲᠠᠯᠠᠪᠤᠷ ︾᠎ᠤᠨ ᠬᠤᠪᠢᠰᠤᠩᠭᠤᠢ ᠬᠠᠷᠢᠴᠠᠭ᠎ᠠ᠎ᠶᠢ ᠬᠦᠨᠵᠡᠬᠡᠢ ᠡᠵᠡᠮᠳᠡᠵᠤ ᠂ ᠰᠢᠨᠵᠢᠯᠡᠬᠦ ᠤᠬᠠᠭᠠᠨᠴᠢ᠎ᠪᠠᠷ ᠰᠡᠷᠬᠡᠢᠯᠡᠨ ᠵᠠᠰᠠᠵᠤ ᠂ ᠤᠨᠤᠴᠠᠳᠠᠢ ᠠᠷᠭ᠎ᠠ ᠪᠤᠳᠤᠯᠭ᠎ᠠ ᠭᠡᠷᠡᠭᠵᠢᠬᠦᠯᠵᠤ ᠂ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠪᠠ ᠡᠪᠡᠳᠴᠢᠳᠠᠨ᠎ᠢ ᠡᠮᠨᠡᠨ ᠵᠠᠰᠠᠬᠤ᠎ᠶᠢ ᠵᠡᠷᠬᠡ᠎ᠪᠠᠷ ᠴᠢᠬᠤᠯᠠᠴᠢᠯᠠᠬᠤ᠎ᠶᠢ ᠪᠠᠷᠢᠮᠳᠠᠯᠠᠵᠠᠢ ᠃
1 ᠰᠠᠷ᠎ᠠ᠎ᠶᠢᠨ 27᠎ᠤ ᠡᠳᠤᠷ ᠂ ᠲᠦᠪ᠎ᠤᠨ ᠵᠢᠯᠤᠭᠤᠳᠬᠤ ᠲᠤᠭᠤᠢᠯᠠᠩ ᠦᠬᠠᠨ᠎ᠳ᠋ᠤ ᠤᠷᠤᠵᠤ ᠰᠠᠭᠤᠭᠠᠳ ᠂ ᠬᠤᠪᠸᠢ ᠵᠡᠷᠬᠡ ᠬᠢᠵᠢᠭ᠎ᠤᠨ ᠪᠠᠢᠳᠠᠯ ᠬᠦᠨᠳᠤ ᠨᠤᠴᠢᠳᠠᠢ ᠮᠤᠵᠢ ᠤᠷᠤᠨ᠎ᠤ ᠰᠡᠷᠬᠡᠢᠯᠡᠨ ᠡᠵᠡᠮᠳᠡᠬᠦ ᠠᠵᠢᠯ᠎ᠢ ᠵᠢᠯᠤᠭᠤᠳᠴᠠᠢ ᠃ ︽ ᠬᠤᠪᠸᠢ᠎ᠶᠢᠨ ᠲᠠᠢᠯᠠᠯᠳᠤᠭᠠᠨ ︾᠎ᠤ ᠢᠯᠠᠯᠳᠠ᠎ᠶᠢ ᠤᠯᠬᠤ᠎ᠶᠢᠨ ᠲᠦᠯᠤᠬᠡ ᠂ ᠳᠤᠮᠳᠠᠳᠤ ᠤᠯᠤᠰ᠎ᠤᠨ᠎ᠬᠢᠨ ᠴᠢᠩᠭᠡᠯᠢᠭ ᠡᠮᠨᠡᠯᠬᠡ᠎ᠶᠢᠨ ᠬᠤᠷᠢᠶ᠎ᠠ ᠪᠠᠢᠭᠤᠯᠵᠤ ᠂ ᠡᡁᠦᠢᠸᠸ ᠱᠸᠨ ᠱᠠᠨ ᠡᠮᠨᠡᠯᠬᠡ᠎ᠶᠢᠨ ᠬᠤᠷᠢᠶ᠎ᠠ ᠂ ᠯᠸᠢ ᠱᠸᠨ ᠱᠠᠨ ᠡᠮᠨᠡᠯᠬᠡ᠎ᠶᠢᠨ ᠬᠤᠷᠢᠶ᠎ᠠ᠎ᠶᠢ ᠰᠢᠨ᠎ᠠ᠎ᠪᠠᠷ ᠪᠠᠢᠭᠤᠯᠤᠨ ᠂ ᠤᠤᠯ᠎ᠤᠨ ᠡᠮᠨᠡᠯᠬᠡ᠎ᠶᠢᠨ ᠬᠤᠷᠢᠶ᠎ᠠ᠎ᠶᠢ ᠰᠢᠨᠡᠳᠬᠡᠨ ᠦᠬᠡᠷᠡᠴᠢᠯᠠᠵᠤ ᠂ 530 ᠭᠠᠷᠤᠢ ᠵᠤᠴᠢᠳ᠎ᠤᠨ ᠪᠠᠭᠤᠳᠠᠯ ᠂ ᠪᠤᠯᠪᠠᠰᠤᠷᠠᠯ᠎ᠤᠨ ᠲᠦᠪ ᠂ ᠰᠤᠪᠢᠯᠠᠯᠲᠠ᠎ᠶᠢᠨ ᠪᠠᠢᠭᠤᠯᠤᠮᠵᠢ᠎ᠶᠢ ᠲᠠᠳᠠᠪᠤᠷᠢᠯᠠᠨ ᠲᠤᠰᠠᠭᠠᠷᠯᠠᠬᠤ ᠴᠡᠭ ᠪᠤᠯᠭᠠᠵᠤ ᠂ 11 ᠲᠦᠮᠡ ᠰᠢᠬᠠᠮ ᠡᠪᠡᠳᠴᠢᠳᠠᠨ᠎ᠤ ᠤᠷᠤ᠎ᠶᠢ ᠭᠠᠷᠭᠠᠭᠰᠠᠠ ᠪᠠᠢᠨ᠎ᠠ ᠃
︽ ᠪᠦᠬᠦ ᠤᠯᠤᠰ᠎ᠤᠨ ᠳᠠᠢᠨ᠎ᠤ ᠲᠠᠯᠠᠪᠤᠷ ︾᠎ᠤᠨ ᠢᠯᠠᠯᠲᠠ᠎ᠶᠢ ᠣᠯᠵᠤ ᠂ ᠳᠤᠮᠳᠠᠳᠤ ᠤᠯᠤᠰ ᠠᠪᠤᠷᠠᠨ ᠵᠠᠰᠠᠬᠤ ᠦᠷ᠎ᠡ ᠪᠦᠲᠦᠮᠵᠢ᠎ᠶᠢ ᠳᠡᠭᠡᠭᠰᠢᠯᠡᠭᠦᠯᠬᠦ ᠲᠠᠯ᠎ᠠ᠎ᠪᠠᠷ ᠪᠦᠳᠦᠭᠡᠯᠴᠢ ᠴᠢᠨᠠᠷᠲᠠᠶ᠎ᠪᠠᠷ ︽ ᠲᠠᠪᠤ᠋᠎ᠶᠢ ᠤᠶᠠᠯᠳᠤᠭᠤᠯᠬᠤ ︾᠎ᠶᠢ ᠠᠰᠢᠬᠯᠠᠪᠠ ᠰᠠᠭᠤᠷᠢ ᠠᠨᠠᠭᠠᠬᠤ ᠤᠬᠠᠭᠠᠨ ᠬᠢᠭᠡᠳ ᠡᠮᠴᠢᠯᠡᠭᠡᠨ᠎ᠤ ᠦᠶᠯᠡᠳᠦᠯᠭᠡ᠎ᠶᠢ ᠬᠠᠷᠢᠯᠴᠠᠨ ᠤᠶᠠᠯᠳᠤᠭᠤᠯᠵᠤ ᠂ ᠡᠮᠦᠨ᠎ᠡ ᠹᠷᠣᠨᠲ᠎ᠤᠨ ᠡᠮᠴᠢᠯᠡᠭᠡᠨ᠎ᠤ ᠠᠪᠤᠷᠠᠨ ᠵᠠᠰᠠᠯᠲᠠ ᠬᠢᠭᠡᠳ ᠠᠷᠤ ᠲᠠᠯ᠎ᠠ᠎ᠶᠢᠨ ᠣᠯᠠᠨ ᠰᠢᠨᠵᠢᠯᠡᠭᠡᠨ᠎ᠤ ᠳᠡᠮᠵᠢᠯᠭᠡ᠎ᠶᠢ ᠬᠠᠷᠢᠯᠴᠠᠨ ᠤᠶᠠᠯᠳᠤᠭᠤᠯᠵᠤ ᠂ ᠡᠮᠴᠢᠯᠡᠭᠡ ᠪᠠ ᠰᠤᠪᠢᠯᠠᠯᠲᠠ᠎ᠶᠢ ᠬᠠᠷᠢᠯᠴᠠᠨ ᠤᠶᠠᠯᠳᠤᠭᠤᠯᠵᠤ ᠂ ᠡᠮᠴᠢᠯᠡᠭᠡ ᠪᠠ ᠬᠠᠮᠢᠶᠠᠷᠤᠯᠲᠠ᠎ᠶᠢ ᠬᠠᠷᠢᠯᠴᠠᠨ ᠤᠶᠠᠯᠳᠤᠭᠤᠯᠵᠤ ᠂ ᠬᠢᠲᠠᠳ ᠡᠮ ᠡᠮᠨᠡᠯᠭᠡ ᠪᠣᠯᠤᠨ ᠧᠦ᠋ᠷᠣᠫᠠ ᠡᠮ ᠡᠮᠨᠡᠯᠭᠡ᠎ᠶᠢ ᠬᠠᠷᠢᠯᠴᠠᠨ ᠤᠶᠠᠯᠳᠤᠭᠤᠯᠪᠠ ᠂ ᠨᠢᠭᠡ ᠲᠠᠯ᠎ᠠ᠎ᠪᠠᠷ ᠡᠮᠨᠡᠨ ᠵᠠᠰᠠᠵᠤ ᠂ ᠨᠢᠭᠡ ᠲᠠᠯ᠎ᠠ᠎ᠪᠠᠷ ᠳ᠋ᠦᠩᠨᠡᠵᠦ ᠂ ᠨᠢᠭᠡ ᠲᠠᠯ᠎ᠠ᠎ᠪᠠᠷ ᠬᠠᠶᠢᠨ ᠰᠦᠪᠡᠭᠴᠢᠯᠡᠵᠦ ᠂ ᠨᠢᠭᠡ ᠲᠠᠯ᠎ᠠ᠎ᠪᠠᠷ ᠲᠡᠭᠦᠯᠳᠡᠷᠵᠢᠭᠦᠯᠵᠦ ᠂ ᠡᠮᠴᠢᠯᠡᠭᠡᠨ᠎ᠤ ᠬᠠᠨᠳᠤᠯᠭᠠᠲᠤ ᠴᠢᠨᠠᠷ ᠪᠦᠬᠦᠯᠢ ᠴᠣᠭᠴᠠᠲᠤ ᠴᠢᠨᠠᠷ ᠪᠦᠲᠦᠭᠡᠯᠴᠢ ᠴᠢᠨᠠᠷ᠎ᠢ ᠲᠠᠰᠤᠷᠠᠯᠲᠠ ᠦᠭᠡᠢ ᠳᠡᠭᠡᠭᠰᠢᠯᠡᠭᠦᠯᠪᠡ ᠃
︽ ᠳᠤᠮᠳᠠᠳᠤ ᠤᠯᠤᠰ ᠳᠡᠯᠡᠬᠡᠢ᠎ᠶᠢᠨ ᠡᠷᠡᠭᠦᠯ ᠬᠠᠮᠠᠭᠠᠯᠠᠯ᠎ᠤᠨ ᠵᠣᠬᠢᠶᠠᠨ ᠪᠠᠶᠢᠭᠤᠯᠤᠯᠲᠠ᠎ᠶᠢᠨ ᠰᠢᠨ᠎ᠡ ᠲᠢᠳᠢᠮᠯᠢᠭ ᠠᠭᠤᠰᠬᠢᠨ ᠦᠷᠪᠢᠰᠦᠯ ︵ COVID-19 ︶᠎ᠤᠨ ᠬᠠᠮᠲᠤᠷᠠᠭᠰᠠᠨ ᠪᠠᠶᠢᠴᠠᠭᠠᠯᠲᠠ᠎ᠶᠢᠨ ᠮᠡᠳᠡᠭᠦᠯᠦᠯᠲᠡ ︾᠎ᠳ᠋ᠤ ᠂ ︽ ᠡᠶᠢᠮᠦᠷᠬᠦᠤ ᠤᠷᠢᠳ ᠡᠮᠦᠨ᠎ᠠ ᠪᠠᠢᠭ᠎ᠠ ᠦᠭᠡᠢ ᠸᠢᠷᠦ᠋ᠰ᠎ᠤᠨ ᠡᠮᠦᠨ᠎ᠡ ᠂ ᠳᠤᠮᠳᠠᠳᠤ ᠤᠯᠤᠰ ᠲᠡᠤᠬᠡᠨ ᠳᠡᠭᠡᠷᠡᠬᠢ ᠬᠠᠮᠤᠭ᠎ᠤᠨ ᠡᠷᠡᠯᠬᠡᠭ ᠪᠠᠭᠠᠲᠤᠷᠯᠢᠭ ᠂ ᠬᠠᠮᠤᠭ᠎ᠤᠨ ᠠᠮᠢᠳᠤᠯᠢᠭ ᠂ ᠬᠠᠮᠤᠭ᠎ᠤᠨ ᠢᠳᠡᠪᠬᠢᠲᠡᠶ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠠᠪᠴᠠᠶ ︾ ᠭᠡᠵᠦ ᠦᠵᠡᠪᠡ ᠃ ᠳᠡᠯᠡᠬᠡᠢ᠎ᠶᠢᠨ ᠡᠷᠡᠭᠦᠯ ᠬᠠᠮᠠᠭᠠᠯᠠᠯ᠎ᠤᠨ ᠵᠣᠬᠢᠶᠠᠨ ᠪᠠᠶᠢᠭᠤᠯᠤᠯᠲᠠ᠎ᠶᠢᠨ ᠶᠡᠷᠦᠩᠬᠡᠢ ᠠᠵᠢᠯᠯᠠᠭᠴᠢ ᠲᠠᠨᠳ᠋ᠸᠰᠠᠢ ᠄ ︽ ᠪᠢ ᠨᠢᠭᠡ ᠨᠠᠰᠤᠨ᠎ᠳᠠᠭᠠᠨ ᠡᠶᠢᠮᠦ ᠲᠠᠢᠴᠢᠯᠠᠯᠳᠠ᠎ᠶᠢ ᠶᠡᠷᠦ ᠣᠯᠵᠤ ᠦᠵᠡᠭᠡ ᠦᠭᠡᠢ ︾ ᠭᠡᠵᠦ ᠰᠡᠳᠬᠢᠯ ᠬᠥᠳᠡᠯᠦᠨ ᠬᠡᠯᠡᠪᠡ ᠃
ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ ᠲᠦᠮᠡᠨ ᠭᠠᠵᠠᠷ᠎ᠤᠨ ᠬᠤᠯᠠ᠎ᠡᠴᠠ ᠬᠦᠷᠰᠢ ᠵᠡᠷᠭᠡᠯᠡᠳᠡᠭᠡ ᠪᠤᠯᠤᠯᠴᠠᠪᠠ
3 ᠰᠠᠷ᠎ᠠ᠎ᠶᠢᠨ 15᠎ᠤ ᠤᠷᠤᠢ ᠂ ᠰᠧᠷᠪᠢᠶ᠎ᠠ᠎ᠶᠢᠨ ᠶᠡᠷᠦᠩᠬᠡᠶᠢᠯᠡᠭᠴᠢ ᠦᠴᠢᠴᠢ ᠤᠯᠤᠰ᠎ᠤᠨ ᠪᠠᠴᠢᠮ ᠪᠠᠶᠢᠳᠠᠯ᠎ᠳ᠋ᠤ ᠤᠷᠤᠭᠰᠠᠨ᠎ᠢ ᠨᠡᠶᠢᠲᠡᠯᠡᠵᠦ ᠂ ᠲᠤᠰ ᠡᠳᠦᠷ᠎ᠤᠨ ᠰᠣᠨᠢᠨ ᠮᠡᠳᠡᠭᠡ ᠨᠡᠶᠢᠲᠡᠯᠡᠬᠦ ᠬᠤᠷᠠᠯ ᠳᠡᠭᠡᠷ᠎ᠡ ᠂ ᠦᠴᠢᠴᠢ ᠄ ︽ ᠳᠤᠮᠳᠠᠳᠤ ᠤᠯᠤᠰ ᠪᠣᠯ ᠣᠳᠣᠬᠠᠨ᠎ᠤ ᠰᠸᠷᠪᠢᠶ᠎ᠠ᠎ᠶᠢ ᠬᠠᠪᠰᠤᠷᠴᠤ ᠳᠡᠶᠢᠯᠬᠦ ᠴᠤᠷ᠎ᠤᠨ ᠭᠠᠭᠴᠠ ᠤᠯᠤᠰ ᠮᠥᠨ ︾ ᠭᠡᠵᠦ ᠨᠢᠯᠪᠤᠰᠤ ᠠᠰᠬᠠᠷᠠᠭᠤᠯᠤᠨ ᠬᠡᠯᠡᠪᠡ ᠃
ᠸᠢᠷᠦ᠋ᠰ᠎ᠤᠨ ᠡᠮᠦᠨ᠎ᠠ ᠤᠯᠤᠰ᠎ᠤᠨ ᠵᠠᠭᠠᠭ ᠭᠡᠵᠦ ᠪᠠᠢᠬᠤ ᠦᠭᠡᠢ ᠂ ᠬᠦᠮᠦᠨ᠎ᠤ ᠣᠷᠴᠢᠯᠠᠩ᠎ᠳ᠋ᠤ ᠦᠨᠡᠨ ᠰᠡᠳᠬᠢᠯ ᠪᠤᠢ ᠃ ᠬᠡᠳᠦᠨ ᠡᠳᠦᠷ᠎ᠤᠨ ᠳᠠᠷᠠᠭ᠎ᠠ ᠂ ᠳᠤᠮᠳᠠᠳᠤ ᠤᠯᠤᠰ᠎ᠤᠨ ᠰᠸᠷᠪᠢᠶ᠎ᠠ᠎ᠶᠢᠨ ᠬᠢᠵᠢᠭ᠎ᠲᠠᠢ ᠲᠡᠮᠡᠴᠡᠬᠦ᠎ᠳ᠋ᠤ ᠲᠤᠰᠠᠯᠠᠬᠤ ᠡᠮᠴᠢᠯᠡᠭᠡᠨ᠎ᠤ ᠲᠤᠰᠬᠠᠶ ᠮᠡᠷᠭᠡᠵᠢᠯᠲᠡᠨ᠎ᠤ ᠳᠤᠭᠤᠶᠢᠯᠠᠩ ᠳᠤᠮᠳᠠᠳᠤ ᠤᠯᠤᠰ᠎ᠤᠨ ᠵᠠᠰᠠᠭ᠎ᠤᠨ ᠣᠷᠳᠣᠨ᠎ᠤ ᠬᠠᠨᠳᠢᠪᠯᠠᠭᠰᠠᠨ ᠡᠮᠴᠢᠯᠡᠭᠡᠨ᠎ᠤ ᠡᠳ᠋ ᠪᠣᠳᠠᠰ᠎ᠢ ᠠᠪᠴᠤ ᠰᠸᠷᠪᠢᠶ᠎ᠠ᠎ᠶᠢᠨ ᠨᠡᠶᠢᠰᠯᠡᠯ᠎ᠳ᠋ᠤ ᠬᠦᠷᠴᠡᠶ ᠃ ᠳᠤᠮᠳᠠᠳᠤ ᠤᠯᠤᠰ᠎ᠤᠨ ᠡᠮᠴᠢᠯᠡᠭᠡᠨ᠎ᠤ ᠮᠡᠷᠭᠡᠵᠢᠯᠲᠡᠨ᠎ᠤ ᠳᠤᠭᠤᠶᠢᠯᠠᠩ᠎ᠤᠨ ᠬᠠᠪᠰᠤᠷᠤᠯᠭ᠎ᠠ᠎ᠶᠢ ᠦᠴᠢᠴᠢ ᠦᠨᠡᠯᠡᠬᠦᠳ᠋ᠡᠭᠡᠨ ᠄ ︽ ᠲᠡᠳᠡ 6 ᠭᠠᠷᠠᠭ ᠪᠠᠲᠤ ᠰᠠᠬᠢᠵᠤ ᠂ ᠡᠪᠡᠳᠴᠢᠨ᠎ᠤ ᠵᠢᠱᠢᠶ᠎ᠡ ᠢᠯᠡᠷᠡᠭᠰᠡᠨ ᠪᠤᠢ ᠪᠦᠬᠦᠢ ᠬᠣᠲᠠ᠎ᠪᠠᠷ ᠪᠠᠷᠤᠭ ᠪᠦᠷ ᠶᠠᠪᠤᠭᠰᠠᠨ ᠪᠠᠶᠢᠨ᠎ᠠ ︾ ᠂ ︽ ᠲᠡᠳᠡᠨ᠎ᠤ ᠬᠦᠷᠴᠦ ᠢᠷᠡᠭᠰᠡᠨ᠎ᠨᠢ ᠰᠸᠷᠪᠢᠶᠠᠴᠤᠳᠲᠤ ᠥᠪᠡᠷ᠎ᠢ᠎ᠪᠠᠨ ᠭᠠᠭᠴᠠᠭᠠᠷᠳᠠᠮᠠᠯ ᠪᠢᠰᠢ ᠭᠡᠵᠦ ᠪᠣᠳᠣᠭᠳᠠᠭᠤᠯᠪᠠ ︾ ᠭᠡᠪᠡ ᠃
ᠶᠤᠰᠤ ᠵᠢᠷᠤᠮ ᠪᠤᠯ ᠬᠠᠷᠢᠯᠴᠠᠨ ᠨᠡᠪᠳᠡᠷᠡᠯᠴᠡᠵᠦ ᠪᠠᠢᠳᠠᠬ ᠶᠤᠮ ᠂ ᠬᠠᠷᠢᠨ ᠤᠯᠤᠰ᠎ᠨᠢ ᠠᠳᠠᠯᠢ ᠦᠬᠡᠢ᠎ᠡᠴᠠ ᠪᠤᠯᠤᠭᠠᠳ ᠵᠠᠢ ᠵᠠᠪᠰᠠᠷ᠎ᠲᠠᠢ ᠪᠤᠯᠬᠤ ᠶᠤᠰᠤ ᠦᠬᠡᠢ ᠃ ᠰᠢᠨ᠎ᠠ ᠳᠢᠳᠢᠮᠯᠢᠭ ᠠᠭᠤᠰᠬᠢᠨ ᠦᠷᠪᠢᠰᠦᠯ᠎ᠤᠨ ᠬᠢᠵᠢᠭ ᠡᠬᠦᠰᠬᠦ᠎ᠶᠢᠨ ᠡᠬᠢᠨ᠎ᠤ ᠬᠤᠭᠤᠴᠠᠭᠠᠨ᠎ᠳ᠋ᠤ ᠂ ᠳᠤᠮᠳᠠᠳᠤ᠎ᠶᠢᠨ ᠳᠠᠯ᠎ᠠ ᠲᠡᠷᠡ ᠳᠠᠷᠤᠢᠳ᠋ᠤᠨᠢ ᠳᠡᠯᠡᠬᠡᠢ᠎ᠶᠢᠨ ᠡᠷᠡᠬᠦᠯ ᠬᠠᠮᠠᠭᠠᠯᠠᠯ᠎ᠤᠨ ᠵᠤᠬᠢᠶᠠᠨ ᠪᠠᠢᠭᠤᠯᠤᠯᠳᠠ᠎ᠳ᠋ᠤ ᠬᠢᠵᠢᠭ᠎ᠤᠨ ᠪᠠᠢᠳᠠᠯ᠎ᠢ ᠮᠡᠳᠡᠬᠦᠯᠵᠦ ᠂ ᠲᠡᠷᠡ ᠳᠠᠷᠤᠢᠳ᠋ᠤᠨᠢ ᠳᠡᠯᠡᠬᠡᠢ᠎ᠶᠢᠨ ᠡᠯ᠎ᠠ ᠤᠯᠤᠰ᠎ᠯᠤᠭ᠎ᠠ ᠰᠢᠨ᠎ᠠ ᠳᠢᠳᠢᠮᠯᠢᠭ ᠸᠢᠷᠦᠢᠰᠤᠨ ᠭᠸᠨ᠎ᠤ ᠴᠤᠪᠤᠷᠠᠯ᠎ᠢ ᠬᠤᠪᠢᠶᠠᠯᠴᠠᠨ ᠡᠳ᠋ᠯᠡᠵᠦ ᠂ ᠳᠠᠷᠡ ᠳᠠᠷᠤᠢᠳ᠋ᠤᠨᠢ ᠬᠢᠵᠢᠭ᠎ᠤᠨ ᠪᠠᠢᠳᠠᠯ᠎ᠤᠨ ᠮᠡᠳᠡᠬᠡ ᠵᠠᠩᠬᠢ᠎ᠶᠢ ᠳᠤᠬᠳᠠᠬᠰᠠᠨ ᠬᠤᠭᠤᠴᠠᠭ᠎ᠠ᠎ᠲᠠᠢ᠎ᠪᠠᠷ ᠤᠯᠤᠯᠴᠠᠬᠤ ᠳᠤᠬᠳᠠᠴᠠ᠎ᠶᠢ ᠪᠠᠢᠭᠤᠯᠵᠠᠢ ᠃ ᠳᠡᠯᠡᠬᠡᠢ ᠨᠡᠢᠬᠡᠮ᠎ᠡᠴᠠ ᠳᠤᠮᠳᠠᠳᠤ ᠤᠯᠤᠰ᠎ᠲᠤ ᠦᠨᠡᠨᠴᠢ ᠨᠦᠬᠦᠷᠰᠡᠭ ᠬᠠᠪᠰᠤᠷᠤᠯᠭ᠎ᠠ ᠳᠡᠮᠵᠢᠯᠬᠡ ᠦᠵᠡᠬᠦᠯᠪᠡ ᠃
ᠬᠠᠳᠠᠭᠤ ᠪᠡᠷᠬᠡᠰᠢᠶᠡᠯ᠎ᠢ ᠬᠠᠮᠳᠤ᠎ᠪᠠᠷ ᠳᠤᠭᠤᠯᠵᠦ ᠂ ᠲᠦᠪ ᠶᠤᠰᠤᠨ᠎ᠤ ᠲᠦᠯᠦᠭᠡ ᠭᠠᠬᠴᠠᠭᠠᠷᠳᠠᠬᠤ ᠦᠭᠡᠢ ᠃ ᠭᠠᠳᠠᠭᠠᠳᠤ᠎ᠳ᠋ᠤ ᠬᠢᠵᠢᠭ᠎ᠤᠨ ᠪᠠᠢᠳᠠᠯ ᠦᠷᠬᠦᠯᠵᠢᠯᠡᠨ ᠰᠢᠷᠦᠬᠦᠰᠴᠦ ᠪᠠᠢᠭ᠎ᠠ ᠦᠶ᠎ᠠ᠎ᠳ᠋ᠤ ᠂ ᠳᠤᠮᠳᠠᠳᠤ ᠤᠯᠤᠰ ᠬᠦᠮᠦᠨ ᠳᠦᠷᠦᠯᠬᠢᠳᠡᠨ᠎ᠤ ᠬᠤᠪᠢ ᠵᠠᠶᠠᠭᠠᠨ᠎ᠤ ᠬᠠᠮᠳᠤ᠎ᠶᠢᠨ ᠴᠤᠬᠴᠠ᠎ᠶᠢᠨ ᠤᠢᠯᠠᠭᠠᠬᠳᠠᠬᠤᠨ᠎ᠢ ᠪᠠᠷᠢᠮᠳᠠᠯᠠᠵᠦ ᠂ ᠡᠯ᠎ᠠ ᠤᠯᠤᠰ᠎ᠤᠨ᠎ᠬᠢᠨ᠎ᠲᠠᠢ ᠵᠤᠪᠠᠭᠤᠷᠢ ᠵᠦᠳᠡᠬᠦᠷᠢ᠎ᠪᠠᠨ ᠬᠠᠮᠳᠤᠳᠬᠠᠵᠦ ᠂ ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠵᠦ ᠂ ᠴᠢᠳᠠᠯ᠎ᠤᠨ᠎ᠢᠶᠡᠨ ᠬᠢᠷᠢ᠎ᠪᠠᠷ ᠳᠡᠯᠡᠬᠡᠢ ᠨᠡᠢᠭᠡᠮ᠎ᠳ᠋ᠤ ᠳᠤᠰᠠᠯᠠᠮᠵᠢ ᠦᠵᠡᠬᠦᠯᠵᠡᠢ ᠃ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠰᠦᠯᠵᠢᠶᠡᠨ ᠳᠡᠬᠡᠷᠡᠬᠢ ᠮᠡᠳᠡᠯᠬᠡ᠎ᠶᠢᠨ ᠳᠦᠪ᠎ᠢ ᠨᠡᠬᠡᠬᠡᠵᠦ ᠂ ᠡᠮᠴᠢᠯᠡᠬᠦ ᠳᠦᠰᠦᠯ ᠂ ᠰᠡᠷᠬᠡᠢᠯᠡᠨ ᠡᠵᠡᠮᠳᠡᠬᠦ ᠳᠦᠰᠤᠯ᠎ᠢᠶᠡᠨ ᠢᠯᠡ ᠨᠡᠢᠳᠡᠯᠡᠵᠦ ᠂ ᠬᠢᠵᠢᠭ᠎ᠲᠠᠢ ᠳᠡᠮᠡᠴᠡᠬᠦ ᠬᠠᠮᠳᠤᠷᠠᠯᠴᠠᠭᠠᠨ᠎ᠤ ᠳᠤᠰᠬᠠᠢ ᠪᠡᠯᠡ ᠮᠦᠩᠬᠦ ᠭᠠᠷᠭᠠᠵᠤ ᠂ ᠮᠠᠰᠢ ᠤᠯᠠᠨ ᠤᠯᠤᠰ ᠪᠤᠯᠤᠨ ᠤᠯᠠᠨ ᠤᠯᠤᠰ᠎ᠤᠨ ᠵᠤᠬᠢᠶᠠᠨ ᠪᠠᠢᠭᠤᠯᠤᠯᠳᠠ᠎ᠳ᠋ᠤ ᠡᠮ ᠡᠮᠨᠡᠯᠬᠡ ᠡᠳ᠋ ᠪᠤᠳᠠᠰ᠎ᠤᠨ ᠳᠤᠰᠠᠯᠠᠮᠵᠢ ᠬᠠᠩᠭᠠᠵᠦ ᠂ ᠬᠦᠭᠵᠢᠵᠦ ᠪᠠᠢᠭ᠎ᠠ ᠤᠯᠤᠰ᠎ᠤᠳ᠎ᠤᠨ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠪᠡ ᠡᠷᠡᠬᠦᠯ ᠬᠠᠮᠠᠭᠠᠯᠠᠯ᠎ᠤᠨ ᠰᠢᠰᠲ᠋ᠸᠮ᠎ᠤᠨ ᠪᠦᠳᠦᠬᠡᠨ ᠪᠠᠢᠭᠤᠯᠤᠯᠳᠠ᠎ᠳ᠋ᠤ ᠳᠡᠮᠵᠢᠯᠬᠡ ᠦᠵᠡᠬᠦᠯᠵᠡᠢ ᠁
︵ ᠰᠢᠨᠬᠤᠸᠠ ᠬᠤᠷᠢᠶᠠᠨ᠎ᠤ ᠪᠡᠬᠡᠵᠢᠩ᠎ᠤᠨ 5 ᠰᠠᠷ᠎ᠠ᠎ᠶᠢᠨ 16᠎ᠤ ᠴᠠᠬᠢᠯᠭᠠᠨ ᠮᠡᠳᠡᠬᠡ᠎ᠡᠴᠠ ︶
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠠᠷᠢᠭᠤᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃