2021-02-08 11:32:36
ᠡᠪᠦᠯ ᠪᠤᠯᠵᠦ ᠡᠲᠦᠷ ᠬᠦᠢᠳᠡᠷᠡᠬᠦ᠎ᠶᠢ ᠲᠠᠭᠠᠯᠲᠤᠨ ᠂ ᠬᠢᠵᠢᠭ᠎ᠤᠨ ᠪᠠᠢᠲᠠᠯ ᠴᠦ ᠦᠷᠪᠢᠰᠴᠦ ᠡᠬᠢᠯᠡᠪᠠ ᠃ ᠡᠢᠮᠦ ᠪᠠᠢᠲᠠᠯ᠎ᠳ᠋ᠤ ᠴᠤᠬᠤᠮ ︽ ᠠᠵᠢᠯᠯᠠᠵᠦ ᠪᠠᠢᠭ᠎ᠠ ᠭᠠᠵᠠᠷ᠎ᠲᠠᠭᠠᠨ ᠰᠢᠨᠡᠯᠡᠬᠦ ᠤᠤ ︖ ᠠᠷᠤ ᠭᠡᠷ᠎ᠲᠡᠭᠡᠨ ᠬᠠᠷᠢᠬᠤ ᠤᠤ ︖ ︾ ᠭᠡᠮᠡᠨ ᠭᠠᠲᠠᠨ᠎ᠠ ᠤᠷᠤᠨ᠎ᠳ᠋ᠤ ᠠᠵᠢᠯᠯᠠᠵᠦ ᠰᠤᠷᠤᠯᠴᠠᠵᠦ ᠪᠠᠢᠭ᠎ᠠ ᠬᠦᠮᠦᠰ ᠲᠦᠳᠡᠭᠡᠯᠵᠡᠬᠦ ᠪᠤᠯᠵᠠᠢ ᠃ ᠬᠡᠪᠡᠴᠦ ᠂ ᠰᠢᠨ᠎ᠡ ᠵᠢᠯ᠎ᠤᠨ ᠠᠭᠤᠷ ᠠᠮᠢᠰᠬᠤᠯ ᠦᠳᠭᠡᠷᠡᠵᠦ ᠢᠷᠡᠬᠦ᠎ᠪᠠᠷ ᠨᠤᠲᠤᠭ᠎ᠢᠶᠡᠨ ᠦᠬᠡᠢᠯᠡᠵᠦ ᠠᠷᠤ ᠭᠡᠷ ᠠᠪᠤ᠋ ᠡᠵᠢ᠎ᠪᠠᠨ ᠰᠠᠨᠠᠬᠤ᠎ᠳᠠᠭᠠᠨ ᠤᠯᠠᠩᠬᠢ᠎ᠨᠢ ᠭᠡᠷ᠎ᠲᠡᠭᠡᠨ ᠬᠠᠷᠢᠬᠤ ᠠᠶᠠᠨᠳᠠᠭᠠᠨ ᠮᠤᠷᠲᠠᠵᠠᠭᠠᠲᠠᠭ ᠃
ᠲᠡᠭᠡᠪᠡᠯ ᠬᠢᠵᠢᠭ᠎ᠤᠨ ᠬᠤᠭᠤᠴᠠᠭᠠᠨ᠎ᠳ᠋ᠤ ᠂ ᠨᠤᠲᠤᠭ᠎ᠲᠠᠭᠠᠨ ᠬᠠᠷᠢᠵᠦ ᠰᠢᠨᠡᠯᠡᠬᠦ ᠵᠠᠮ᠎ᠳᠠᠭᠠᠨ ᠪᠢᠳᠡ ᠶᠠᠭᠤ᠎ᠶᠢ ᠠᠩᠬᠠᠷᠪᠠᠯ ᠵᠤᠬᠢᠬᠤ ᠪᠤᠢ ︖
1. ᠨᠠᠭᠠᠰᠢ ᠴᠠᠭᠠᠰᠢ ᠶᠠᠪᠤᠬᠤ ᠪᠤᠶᠤ ᠤᠯᠠᠨ ᠬᠦᠮᠦᠨ᠎ᠤ ᠴᠤᠭᠯᠠᠭᠠᠨ᠎ᠳ᠋ᠤ ᠤᠷᠤᠯᠴᠠᠵᠦ ᠪᠤᠯᠬᠤ ᠦᠬᠡᠢ ᠃ ᠬᠠᠪᠤᠷ᠎ᠤᠨ ᠵᠦᠬᠡᠬᠡᠪᠦᠷᠢ᠎ᠶᠢᠨ ᠬᠤᠭᠤᠴᠠᠭᠠᠨ᠎ᠳ᠋ᠤ ᠤᠯᠠᠨ ᠬᠦᠮᠦᠨ᠎ᠤ ᠤᠷᠤᠰᠬᠠᠯ᠎ᠡᠴᠠ ᠵᠦᠷᠢᠬᠦᠯᠵᠦ ᠨᠤᠲᠤᠭ᠎ᠲᠠᠭᠠᠨ ᠬᠠᠷᠢᠬᠤ ᠪᠤᠶᠤ ᠠᠵᠢᠯ᠎ᠤᠨ ᠪᠠᠢᠷᠢᠨ᠎ᠳᠠᠭᠠᠨ ᠪᠤᠴᠠᠪᠠᠯ ᠵᠤᠬᠢᠨ᠎ᠠ ᠃
2. ᠬᠢᠵᠢᠭ᠎ᠤᠨ ᠪᠠᠢᠲᠠᠯ᠎ᠢ ᠢᠮᠬᠠᠲᠠ ᠠᠩᠬᠠᠷᠴᠦ ᠂ ᠮᠤᠷᠲᠠᠬᠤᠡᠴᠠᠪᠠᠨ ᠡᠮᠦᠨ᠎ᠡ ᠬᠦᠷᠬᠦ ᠭᠠᠵᠠᠷ᠎ᠤᠨ᠎ᠢᠶᠡᠨ ᠬᠢᠵᠢᠭ᠎ᠤᠨ ᠪᠠᠢᠲᠠᠯ ᠪᠠ ᠬᠢᠵᠢᠭ᠎ᠡᠴᠠ ᠰᠡᠷᠭᠡᠢᠯᠡᠨ ᠡᠵᠡᠮᠳᠡᠬᠦ ᠲᠦᠷᠦ᠎ᠶᠢᠨ ᠪᠤᠲᠤᠯᠭ᠎ᠠ᠎ᠶᠢ ᠤᠢᠯᠠᠭᠠᠪᠠᠯ ᠵᠤᠬᠢᠨ᠎ᠠ ᠃
3. ᠡᠷᠡᠬᠦᠯ ᠮᠡᠨᠲᠦ᠎ᠶᠢᠨ ᠺᠤᠳ᠋ ᠪᠠ ᠬᠤᠪᠢ ᠬᠦᠮᠦᠨ᠎ᠤ ᠰᠡᠷᠭᠡᠢᠯᠡᠨ ᠬᠠᠮᠠᠭᠠᠯᠠᠬᠤ ᠵᠦᠢᠯ ︵ ᠠᠮᠠᠪᠴᠢ ᠂ ᠠᠷᠢᠭᠤᠳᠬᠠᠬᠤ ᠰᠢᠩᠭᠡᠨ ᠂ ᠨᠤᠢᠲᠠᠨ ᠴᠠᠭᠠᠰᠦ ᠪᠠ ᠪᠡᠶ᠎ᠡ᠎ᠶᠢᠨ ᠬᠠᠯᠠᠭᠤᠨ᠎ᠤ ᠬᠡᠮᠵᠢᠬᠦᠷ ︶᠎ᠢᠶᠡᠨ ᠤᠷᠢᠳᠴᠢᠯᠠᠨ ᠪᠡᠯᠡᠳᠭᠡᠬᠦ ᠭᠡᠷᠡᠭᠳᠡᠢ ᠃
4. ᠠᠯᠢ ᠴᠢᠲᠠᠬᠤ᠎ᠪᠠᠷ ᠰᠦᠯᠵᠢᠶᠡᠨ᠎ᠡᠴᠠ ᠪᠢᠯᠧᠲ ᠬᠤᠲᠠᠯᠲᠤᠨ ᠠᠪᠤᠪᠠᠯ ᠵᠤᠬᠢᠨ᠎ᠠ ᠃ ᠬᠡᠷᠪᠡ ᠲᠡᠷᠭᠡᠨ ᠦᠷᠳᠡᠭᠡᠨ᠎ᠡᠴᠠ ᠪᠢᠯᠧᠲ ᠬᠤᠲᠠᠯᠲᠤᠨ ᠠᠪᠬᠤ᠎ᠳ᠋ᠤ ᠬᠦᠷᠪᠡᠯ ᠠᠮᠠᠪᠴᠢ ᠵᠡᠬᠦᠵᠦ ᠂ ᠡᠮᠬᠢ ᠲᠠᠷᠠᠭ᠎ᠠ᠎ᠲᠠᠢ ᠮᠦᠷᠦᠯᠡᠨ ᠂ ᠠᠶᠤᠯᠬᠦᠢ ᠵᠠᠢ᠎ᠶᠢ ᠪᠠᠲᠤᠯᠠᠬᠤ ᠭᠡᠷᠡᠭᠳᠡᠢ ᠃
5. ᠪᠡᠶ᠎ᠡ᠎ᠶᠢᠨ ᠦᠨᠡᠮᠯᠡᠯ᠎ᠢᠶᠡᠨ ᠰᠢᠷᠪᠢᠬᠦ ᠪᠠ ᠺᠤᠳ᠋ ᠰᠢᠷᠪᠢᠬᠦ ᠵᠡᠷᠭᠡ ᠦᠯᠦ ᠬᠦᠷᠦᠯᠴᠡᠬᠦ ᠠᠷᠭ᠎ᠠ᠎ᠪᠠᠷ ᠮᠠᠰᠢᠨ ᠲᠡᠷᠭᠡᠨ ᠦᠷᠳᠡᠭᠡ ᠭᠠᠯᠲᠦ ᠲᠡᠷᠭᠡᠨ ᠦᠷᠳᠡᠭᠡ ᠪᠤᠶᠤ ᠨᠢᠰᠭᠡᠯ᠎ᠤᠨ ᠪᠠᠭᠤᠲᠠᠯ᠎ᠳ᠋ᠤ ᠤᠷᠤᠨ᠎ᠠ ᠃
6. ᠮᠠᠰᠢᠨ ᠲᠡᠷᠭᠡ ᠂ ᠭᠠᠯᠲᠦ ᠲᠡᠷᠭᠡ ᠪᠤᠶᠤ ᠨᠢᠰᠭᠡᠯ᠎ᠤᠨ ᠪᠠᠭᠤᠲᠠᠯ᠎ᠤᠨ ᠠᠵᠢᠯᠲᠠᠳ᠎ᠤᠨ ᠠᠵᠢᠯ᠎ᠳ᠋ᠤ ᠢᠳᠡᠪᠬᠢᠳᠡᠢ ᠬᠠᠮᠵᠢᠯᠴᠠᠨ ᠂ ᠪᠡᠶ᠎ᠡ᠎ᠶᠢᠨ ᠬᠠᠯᠠᠭᠤᠨ᠎ᠢᠶᠡᠨ ᠬᠡᠮᠵᠢᠬᠦᠯᠵᠦ ᠂ ᠠᠮᠠᠪᠴᠢ ᠵᠡᠬᠦᠵᠦ ᠂ ᠬᠠᠨᠢᠶᠠᠬᠤ ᠨᠠᠢᠲᠠᠭᠠᠬᠤᠳᠠᠭᠠᠨ ᠲᠤᠬᠤᠢᠪᠠᠷᠢᠶᠡᠨ ᠬᠠᠯᠬᠠᠯᠠᠬᠤ ᠪᠤᠶᠤ ᠴᠠᠭᠠᠰᠦ᠎ᠪᠠᠷ ᠬᠠᠯᠬᠠᠯᠠᠬᠤ ᠭᠡᠷᠡᠭᠳᠡᠢ ᠃
7. ᠭᠠᠷ᠎ᠢᠶᠡᠨ ᠦᠷᠬᠦᠯᠵᠢ ᠠᠷᠢᠭᠤᠳᠬᠠᠨ ᠴᠡᠪᠡᠷᠯᠡᠵᠦ ᠂ ᠡᠷᠡᠬᠦᠯ ᠬᠠᠮᠠᠭᠠᠯᠠᠯ᠎ᠢ ᠡᠷᠬᠢᠮᠯᠡᠨ ᠂ ᠠᠮᠠ ᠂ ᠨᠢᠲᠦ ᠂ ᠬᠠᠮᠠᠷ᠎ᠢᠶᠡᠨ ᠰᠢᠭᠤᠳ ᠭᠠᠷᠲᠠᠢᠪᠠᠨ ᠬᠦᠷᠦᠯᠴᠡᠬᠦᠯᠬᠦ ᠦᠬᠡᠢ ᠪᠠᠢᠪᠠᠯ ᠵᠤᠬᠢᠨ᠎ᠠ ᠃
8. ᠤᠯᠠᠨ ᠨᠡᠢᠳᠡ᠎ᠶᠢᠨ ᠲᠦᠬᠦᠬᠡᠷᠦᠮᠵᠢ᠎ᠲᠠᠢ ᠪᠠᠭ᠎ᠠ ᠬᠦᠷᠦᠯᠴᠡᠵᠦ ᠂ ᠵᠤᠷᠯᠤᠩ᠎ᠳ᠋ᠤ ᠪᠠᠭ᠎ᠠ ᠤᠷᠤᠵᠦ ᠂ ᠲᠡᠷᠭᠡᠨ ᠲᠡᠭᠡᠷ᠎ᠡ ᠬᠤᠭᠤᠯᠠᠯᠠᠬᠤ ᠤᠲᠠᠭ᠎ᠠ᠎ᠪᠠᠨ ᠴᠦᠭᠡᠳᠭᠡᠨ᠎ᠡ ᠃
9. ᠬᠡᠷᠪᠡ ᠬᠠᠯᠠᠭᠤᠷᠠᠬᠤ ᠂ ᠬᠠᠭᠤᠷᠠᠢ᠎ᠪᠠᠷ ᠬᠠᠨᠢᠶᠠᠬᠤ ᠂ ᠲᠠᠮᠢᠷᠲᠠᠬᠤ ᠵᠡᠷᠭᠡ ᠢᠯᠡᠷᠡᠯ ᠭᠠᠷᠪᠠᠯ ᠲᠤᠤᠷ᠎ᠠ᠎ᠨᠢ ᠬᠠᠮᠢᠶ᠎ᠠ ᠪᠦᠬᠦᠢ ᠰᠠᠯᠠᠭ᠎ᠠ ᠮᠦᠴᠢᠷ᠎ᠲᠤ ᠮᠡᠳᠡᠬᠦᠯᠪᠡᠯ ᠵᠤᠬᠢᠨ᠎ᠠ ᠃
10. ᠤᠯᠠᠨ ᠬᠦᠮᠦᠨ᠎ᠤ ᠴᠤᠭᠯᠠᠭᠠᠨ᠎ᠳ᠋ᠤ ᠪᠠᠭ᠎ᠠ ᠤᠷᠤᠯᠴᠠᠵᠦ ᠂ ᠠᠯᠢ ᠴᠢᠲᠠᠬᠤ᠎ᠪᠠᠷ ᠬᠦᠮᠦᠨ ᠤᠯᠠᠨ ᠭᠠᠵᠠᠷ ᠪᠤᠶᠤ ᠪᠢᠳᠡᠬᠦᠮᠵᠢᠯᠡᠭᠰᠡᠨ ᠭᠠᠵᠠᠷ᠎ᠲᠤ ᠤᠴᠢᠬᠤ ᠦᠬᠡᠢ ᠪᠠᠢᠵᠦ ᠂ ᠰᠦᠯᠵᠢᠶᠡᠨ ᠲᠡᠭᠡᠷ᠎ᠡ ᠴᠠᠭᠠᠯᠠᠨ ᠂ ᠬᠤᠪᠢ ᠬᠦᠮᠦᠨ᠎ᠤ ᠭᠡᠷ ᠪᠦᠯᠢ᠎ᠶᠢᠨ ᠴᠤᠭᠯᠠᠭᠠᠨ᠎ᠢ ᠠᠯᠢ ᠴᠢᠲᠠᠬᠤ᠎ᠪᠠᠷ 10 ᠬᠦᠮᠦᠨ᠎ᠤ ᠲᠤᠲᠤᠷ᠎ᠠ ᠬᠢᠵᠠᠭᠠᠷᠯᠠᠨ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃