2021-08-14 11:53:21
︽ ᠬᠣᠪ ᠦᠭᠡ ᠤᠯᠠᠳᠠᠪᠠᠯ ᠤᠯᠤᠰ ᠬᠦᠷᠤᠨᠢ ᠰᠠᠮᠠᠭᠤᠷᠠᠭᠤᠯᠤᠨ᠎ᠠ ︾ ᠬᠡᠬᠥ ᠡᠨᠡ ᠬᠦ ᠡᠷᠲᠡᠨ᠎ᠤ ᠦᠭᠡ᠎ᠨᠢ ᠴᠤᠤᠷᠬᠠᠯ ᠪᠣᠯ ᠲᠥᠪ ᠭᠣᠣᠯᠴᠢ ᠵᠠᠷᠴᠢᠮ᠎ᠡᠴᠠ ᠵᠥᠷᠢᠴᠡᠵᠦ ᠂ ᠤᠯᠤᠰ ᠬᠦᠷᠤᠨᠢ ᠰᠠᠮᠠᠭᠤᠷᠠᠭᠤᠯᠳᠠᠭ ᠬᠡᠵᠤ ᠬᠦᠮᠤᠰ᠎ᠲᠤ ᠰᠡᠷᠡᠮᠵᠢᠯᠠᠬᠦᠯᠵᠠᠢ ᠃ ᠣᠳᠣᠬᠠᠨ᠎ᠳ᠋ᠤ ᠪᠦᠬᠦ ᠤᠯᠤᠰ᠎ᠲᠤ ᠬᠢᠵᠢᠭ᠎ᠤᠨ ᠪᠠᠶᠢᠳᠠᠯ ᠤᠯᠠᠨ ᠴᠡᠭ᠎ᠲᠤ ᠡᠭᠦᠰᠴᠦ ᠂ ᠬᠡᠰᠡᠭ ᠭᠠᠵᠠᠷ᠎ᠲᠤ ᠦᠷᠪᠢᠰᠦᠨ ᠳᠡᠯᠭᠡᠷᠡᠬᠦ ᠪᠠᠶᠢᠳᠠᠯ ᠢᠯᠡᠷᠡᠵᠦ ᠂ ᠡᠯ᠎ᠡ ᠭᠠᠵᠠᠷ᠎ᠤᠨ᠎ᠬᠢᠨ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠬᠦ ᠠᠵᠢᠯ᠎ᠢ ᠪᠦᠬᠦ ᠬᠦᠴᠦ᠎ᠪᠠᠷ᠎ᠢᠶᠡᠨ ᠰᠠᠶᠢᠲᠤᠷ ᠬᠢᠵᠦ ᠪᠠᠶᠢᠨ᠎ᠠ ᠃ ᠭᠡᠲᠡᠯ᠎ᠡ ᠰᠦᠯᠵᠢᠶᠡᠨ ᠳᠡᠭᠡᠷ᠎ᠡ ᠬᠠᠷᠢᠨ ᠬᠢᠵᠢᠭ᠎ᠲᠤ ᠬᠣᠯᠪᠣᠭᠳᠠᠭᠰᠠᠨ ᠴᠤᠤᠷᠬᠠᠯ᠎ᠢ ᠵᠣᠷᠢᠭᠤᠳᠠ ᠵᠣᠬᠢᠶᠠᠨ ᠲᠠᠷᠬᠠᠭᠠᠵᠤ ᠂ ᠤᠯᠠᠨ ᠨᠡᠶᠢᠲᠡ᠎ᠶᠢᠨ ᠡᠮᠬᠢ ᠳᠢᠭᠯᠢᠮ᠎ᠢ ᠰᠠᠮᠠᠭᠤᠷᠠᠭᠤᠯᠵᠤ ᠮᠠᠭᠤ ᠨᠥᠯᠥᠭᠡ ᠭᠠᠷᠭᠠᠵᠤ ᠪᠠᠶᠢᠨ᠎ᠠ ᠃
ᠴᠤᠤᠷᠬᠠᠯ᠎ᠨᠢ ᠠᠰᠢᠭ ᠣᠯᠵᠨ᠎ᠡᠴᠠ ᠡᠬᠢᠯᠡᠨ ᠡᠭᠦᠰᠴᠤ ᠂ ᠰᠠᠨᠠᠭᠠᠰᠢᠷᠡᠯ ᠵᠤᠪᠠᠨᠢᠯ ᠲᠤᠮᠳᠠ ᠴᠢᠩᠭᠠᠷᠠᠵᠦ ᠂ ᠰᠡᠴᠡᠨ ᠮᠡᠷᠭᠡᠳ᠎ᠲᠤ ᠲᠠᠷᠤᠭᠳᠠᠳᠠᠬ ᠶᠤᠮ ᠃ ᠬᠢᠵᠢᠭ᠎ᠤᠨ ᠪᠠᠶᠢᠳᠠᠯ᠎ᠤᠨ ᠬᠤᠪᠢᠷᠠᠯᠲᠠ᠎ᠨᠢ ᠬᠥᠮᠦᠰ᠎ᠤᠨ ᠰᠠᠨᠠᠭ᠎ᠠ ᠰᠡᠳᠬᠢᠯ᠎ᠢ ᠬᠦᠳᠦᠯᠤᠨ ᠲᠠᠭᠠᠭᠤᠯᠵᠤ ᠪᠠᠢᠭ᠎ᠠ ᠡᠨᠡ ᠦᠶ᠎ᠡ᠎ᠳ᠋ᠤ ᠵᠦᠢᠯ ᠵᠦᠢᠯ᠎ᠤᠨ ᠬᠢᠵᠢᠭ᠎ᠤᠨ ᠪᠠᠶᠢᠳᠠᠯ᠎ᠤᠨ ᠲᠤᠬᠠᠢ ᠡᠯᠳᠡᠪ ᠴᠤᠤᠷᠬᠠᠯ᠎ᠢ ᠲᠠᠷᠬᠠᠭᠠᠬᠤ᠎ᠶᠢᠨ ᠬᠤᠤᠷ ᠬᠥᠨᠥᠭᠡᠯ᠎ᠨᠢ ᠸᠢᠷᠦ᠋ᠰ᠎ᠡᠴᠠ ᠳᠤᠤᠷᠠᠳᠠᠬᠤ ᠦᠭᠡᠢ ᠂ ᠬᠢᠵᠢᠭ᠎ᠲᠠᠢ ᠲᠡᠮᠡᠴᠡᠬᠦ ᠠᠵᠢᠯ᠎ᠤᠨ ᠬᠡᠪ᠎ᠤᠨ ᠥᠷᠨᠢᠯᠲᠡ᠎ᠶᠢ ᠬᠠᠷᠰᠢᠯᠠᠬᠤ᠎ᠪᠠᠷ ᠪᠠᠷᠠᠬᠤ ᠥᠬᠡᠶ ᠂ ᠪᠠᠰᠠ ᠣᠯᠠᠨ ᠨᠡᠶᠢᠲᠡ᠎ᠶᠢ ᠠᠮᠠᠷᠬᠠᠨ ᠡᠨᠳᠡᠭᠦᠷᠡᠭᠦᠯᠵᠦ ᠂ ᠲᠥᠰᠦᠭᠡᠯᠡᠬᠦᠶ᠎ᠡ ᠪᠡᠷᠬᠡ ᠦᠷ᠎ᠡ ᠳ᠋ᠦᠩ ᠠᠪᠴᠢᠷᠠᠬᠤ ᠪᠤᠯᠤᠨ᠎ᠠ ᠃ ᠡᠶᠢᠮᠦ᠎ᠡᠴᠠ ᠴᠤᠤᠷᠬᠠᠯ᠎ᠤᠨ ︽ ᠸᠢᠷᠦ᠋ᠰ᠎ᠤᠨ ᠴᠢᠨᠠᠷᠲᠠᠶ ᠲᠠᠷᠬᠠᠯᠲᠠ ︾᠎ᠳ᠋ᠤ ᠬᠠᠤᠯᠢ ᠶᠣᠰᠣᠭᠠᠷ ᠴᠣᠬᠢᠯᠲᠠ ᠥᠭᠴᠦ ᠂ ᠨᠡᠶᠢᠭᠡᠮ ᠳᠠᠶᠠᠭᠠᠷ᠎ᠲᠤ ︽ ᠴᠤᠤᠷᠬᠠᠯ᠎ᠤᠨ ᠡᠭᠡᠯᠢᠯᠡᠭᠡ᠎ᠶᠢᠨ ᠴᠢᠳᠠᠪᠤᠷᠢ ︾᠎ᠶᠢ ᠨᠡᠶᠢᠳᠡᠮ ᠪᠦᠷᠢᠯᠳᠦᠭᠦᠯᠬᠦ᠎ᠶᠢ ᠠᠬᠢᠭᠤᠯᠬᠤ ᠪᠣᠯ ᠪᠠᠰᠠ ᠴᠤ ᠬᠢᠵᠢᠭ᠎ᠲᠠᠢ ᠲᠡᠮᠡᠴᠡᠬᠦ ᠰᠢᠰᠲ᠋ᠧᠮ᠎ᠳᠤ ᠢᠨᠵᠧᠨᠧᠷᠢᠩ᠎ᠤᠨ ᠴᠢᠬᠤᠯᠠ ᠪᠦᠷᠢᠯᠳᠦᠬᠦᠨ ᠬᠡᠰᠡᠭ ᠪᠣᠯᠤᠨ᠎ᠠ ᠃
ᠬᠢᠵᠢᠭ᠎ᠤᠨ ᠦᠶ᠎ᠠ᠎ᠳ᠋ᠤ ᠠᠵᠢᠯ ᠶᠠᠪᠤᠳᠠᠯ ᠦᠰᠤᠨ᠎ᠡᠴᠠ ᠤᠯᠠᠨ ᠪᠤᠢ ᠂ ᠡᠨᠡ ᠦᠶ᠎ᠡ᠎ᠳ᠋ᠤ ︽ ᠴᠤᠤᠷᠬᠠᠯ ︾᠎ᠢ ᠴᠢᠨᠠᠬᠰᠢᠳᠠ ᠲᠠᠷᠬᠠᠭᠠᠵᠤ ᠂ ᠬᠢᠵᠢᠭ᠎ᠲᠠᠢ ᠲᠡᠮᠡᠴᠡᠬᠦ ᠠᠵᠢᠯ᠎ᠳ᠋ᠤ ᠬᠡᠷᠡᠭ ᠥᠬᠡᠶ ᠶᠠᠷᠰᠢᠭ ᠲᠦᠪᠡᠭ ᠤᠴᠠᠷᠠᠭᠤᠯᠵᠤ ᠶᠠᠭᠠᠬᠢᠭᠰᠠᠨ ᠴᠤ ᠪᠣᠯᠬᠤ ᠥᠬᠡᠶ ᠃ ᠡᠭᠦᠨ᠎ᠤ ᠲᠤᠬᠠᠶ ᠬᠣᠯᠪᠣᠭᠳᠠᠯ ᠪᠥᠬᠥᠶ ᠰᠠᠯᠠᠭ᠎ᠠ ᠮᠥᠴᠢᠷ᠎ᠤᠨ᠎ᠬᠢᠨ ᠬᠠᠤᠯᠢ ᠲᠣᠭᠲᠠᠭᠠᠯ ᠶᠣᠰᠣᠭᠠᠷ ᠴᠠᠭ ᠲᠤᠬᠠᠶ᠎ᠳ᠋ᠤᠨᠢ ᠬᠤᠷᠴᠠ ᠰᠡᠯᠡᠮ᠎ᠡ᠎ᠪᠠᠨ ᠰᠤᠭᠤᠯᠵᠤ ᠂ ᠮᠡᠳᠡᠭᠡ ᠵᠠᠩᠭᠢ ᠨᠡᠶᠢᠲᠡᠯᠡᠬᠦ ᠠᠵᠢᠯ᠎ᠢ ᠴᠠᠭ ᠲᠤᠬᠠᠶ᠎ᠳ᠋ᠤᠨᠢ ᠰᠠᠶᠢᠲᠤᠷ ᠬᠢᠵᠦ ᠂ ᠴᠤᠤᠷᠬᠠᠯ᠎ᠢ ᠨᠢᠴᠤᠭᠠᠬᠤ ᠬᠥᠳᠡᠯᠦᠩᠭᠦᠶ ᠠᠵᠢᠯ᠎ᠢ ᠰᠠᠶᠢᠲᠤᠷ ᠬᠢᠵᠦ ᠂ ᠦᠨᠡᠨ ᠪᠠᠶᠢᠳᠠᠯ᠎ᠢ ᠴᠤᠤᠷᠬᠠᠯ᠎ᠡᠴᠠ ᠡᠮᠦᠨ᠎ᠡ ᠨᠡᠢᠳᠠᠯᠠᠵᠤ ᠂ ᠬᠥᠮᠦᠨ ᠪᠦᠬᠦᠨ ᠢᠯᠭᠠᠨ ᠲᠠᠨᠢᠬᠤ ᠴᠢᠳᠠᠪᠤᠷᠢ᠎ᠪᠠᠨ ᠴᠢᠩᠭᠠᠳᠬᠠᠵᠤ ᠂ ᠰᠢᠨᠵᠢᠯᠡᠬᠦ ᠤᠬᠠᠭᠠᠨᠴᠢ ᠣᠶᠤᠨᠴᠢ ᠣᠪᠣᠷ᠎ᠲᠠᠢ ᠪᠠᠶᠢᠵᠤ ᠂ ᠬᠢᠵᠢᠭ᠎ᠤᠨ ᠪᠠᠶᠢᠳᠠᠯ᠎ᠢ ᠪᠤᠰᠤᠳᠴᠢ᠎ᠪᠠᠷ ᠲᠠᠨᠢᠵᠤ ᠂ ᠬᠢᠵᠢᠭ᠎ᠤᠨ ᠪᠠᠶᠢᠳᠠᠯ᠎ᠢ ᠰᠢᠨᠵᠢᠯᠡᠬᠦ ᠤᠬᠠᠭᠠᠨᠴᠢ᠎ᠪᠠᠷ ᠰᠡᠷᠭᠡᠶᠢᠯᠡᠵᠦ ᠂ ᠬᠢᠵᠢᠭ᠎ᠤᠨ ᠪᠠᠶᠢᠳᠠᠯ᠎ᠢ ᠪᠦᠲᠦᠮᠵᠢᠲᠡᠶ ᠰᠡᠷᠭᠡᠶᠢᠯᠡᠨ ᠡᠵᠡᠮᠳᠡᠵᠦ ᠂ ᠴᠤᠤᠷᠬᠠᠯ᠎ᠢ ᠢᠲᠡᠭᠡᠬᠦ ᠥᠬᠡᠶ ᠴᠤᠤᠷᠬᠠᠯ᠎ᠢ ᠲᠠᠷᠬᠠᠭᠠᠬᠤ ᠥᠬᠡᠶ ᠂ ᠶᠠᠷᠰᠢᠭ ᠲᠠᠲᠠᠬᠤ ᠥᠬᠡᠶ ᠢᠯᠡᠭᠦᠬᠡᠨ ᠬᠠᠪᠰᠤᠷᠴᠤ ᠂ ᠪᠥᠬᠥ ᠠᠷᠠᠳ᠎ᠢᠶᠠᠷ᠎ᠢᠶᠡᠨ ᠰᠡᠳᠬᠢᠯ ᠨᠢᠭᠡᠳᠦᠨ ᠬᠢᠵᠢᠭ᠎ᠲᠠᠢ ᠲᠡᠮᠡᠴᠡᠬᠦ ᠶᠡᠬᠡ ᠲᠠᠯ᠎ᠠ᠎ᠶᠢ ᠬᠠᠮᠲᠤ᠎ᠪᠠᠷ ᠬᠠᠮᠠᠭᠠᠯᠠᠵᠤ ᠂ ᠲᠦᠮᠡᠨ ᠤᠯᠠᠨ᠎ᠢᠶᠠᠷ᠎ᠢᠶᠡᠨ ᠬᠥᠴᠥ᠎ᠪᠠᠨ ᠬᠠᠮᠲᠤᠳᠬᠠᠵᠤ ᠬᠠᠮᠲᠤ᠎ᠪᠠᠷ ᠬᠢᠵᠢᠭ᠎ᠲᠠᠢ ᠲᠡᠮᠡᠴᠡᠬᠦ ᠬᠡᠷᠡᠭᠲᠡᠶ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃