ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠲᠠᠢᠯᠤᠮᠵᠢ

2022-02-21 17:23:17

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3



ᠭᠡᠷ᠎ᠦᠨ ᠣᠷᠴᠢᠨ ᠲᠣᠭᠣᠷᠢᠨ᠎ᠤ ᠱᠠᠭᠠᠷᠳᠠᠯᠭ᠎ᠠ

1.ᠲᠤᠰᠠᠭᠠᠷᠯᠠᠭ᠍ᠳᠠᠭ᠍ᠰᠠᠨ ᠬᠥᠮᠦᠨ᠎ᠢ ᠰᠠᠯᠬᠢ ᠰᠠᠢᠨ ᠨᠡᠪᠲᠡᠷᠡᠬᠦ᠌ ᠭᠠᠭ᠍ᠴᠠ ᠬᠥᠮᠦᠨ᠎ᠦ ᠥᠷᠥᠭᠡᠨ᠎ᠳᠦ ᠲᠥᠪᠬᠢᠨᠡᠭᠦᠯᠵᠦ᠍᠂ ᠡᠷᠭᠢᠵᠦ᠍ ᠦᠵᠡᠬᠦ᠌ ᠎ᠶ᠋ᠢ ᠲᠡᠪᠴᠢᠨ᠎ᠡ᠃

2.ᠥᠷᠥᠭᠡ ᠪᠡᠨ ᠲᠣᠭ᠍ᠲᠠᠭ᠍ᠰᠠᠨ ᠴᠠᠭ᠎ᠲᠤ ᠰᠠᠯᠬᠢ ᠨᠡᠪᠲᠡᠷᠡᠭᠦᠯᠵᠦ᠍᠂ ᠡᠳᠦᠷ ᠪᠦᠷᠢ ᠴᠣᠩᠬᠣ᠎ᠪᠠᠨ ᠬᠣᠶᠠᠷ ᠤᠳᠠᠭ᠎ᠠ ᠨᠡᠭᠡᠭᠡᠵᠦ᠍ ᠰᠠᠯᠬᠢ ᠨᠡᠪᠲᠡᠷᠡᠭᠦᠯᠦᠨ᠂ ᠤᠳᠠᠭ᠎ᠠ ᠪᠦᠷᠢ ᠠᠳᠠᠭ᠎ᠲᠠᠭᠠᠨ 30 ᠮᠢᠨᠦ᠋ᠲ ᠪᠠᠢᠬᠤ ᠬᠡᠷᠡᠭᠲᠡᠢ᠃

3.ᠲᠤᠰᠠᠭᠠᠷᠯᠠᠭ᠍ᠳᠠᠭ᠍ᠰᠠᠨ ᠬᠥᠮᠦᠨ ᠲᠤᠰᠠᠭᠠᠷ ᠬᠣᠭᠣᠯᠠ ᠢᠳᠡᠬᠦ᠌ ᠪᠥᠭᠡᠳ ᠬᠡᠷᠡᠭ᠌ᠯᠡᠵᠦ᠍ ᠥᠩᠭᠡᠷᠡᠭ᠌ᠰᠡᠨ ᠠᠶᠠᠭ᠎ᠠ ᠰᠠᠪᠬ᠎ᠠ᠂ ᠤᠰᠤᠨ ᠴᠣᠮᠣ ᠵᠡᠷᠭᠡ᠎ᠶ᠋ᠢ ᠨᠢ ᠲᠤᠰᠠᠭᠠᠷ ᠤᠬᠢᠶᠠᠵᠤ᠂ ᠴᠠᠭ ᠲᠤᠬᠠᠶ᠎ᠳᠤᠨᠢ ᠠᠷᠢᠭᠤᠳᠭᠠᠵᠤ᠂ ᠪᠤᠴᠠᠯᠤᠭ᠍ᠰᠠᠨ ᠤᠰᠤ᠎ᠪᠠᠷ ᠵᠢᠩᠨᠡᠵᠦ᠍ ᠴᠢᠨᠠᠬᠤ ᠪᠤᠶᠤ ᠳᠡᠪᠲᠦᠭᠡᠵᠦ᠍ ᠠᠷᠢᠭᠤᠳᠭᠠᠨ᠎ᠠ᠃

4.ᠲᠤᠰᠠᠭᠠᠷᠯᠠᠭ᠍ᠳᠠᠭ᠍ᠰᠠᠨ ᠬᠥᠮᠦᠨ᠎ᠦ ᠰᠣᠯᠢᠵᠤ ᠤᠬᠢᠶᠠᠬᠤ ᠬᠤᠪᠴᠠᠰᠤ ᠬᠤᠨᠠᠷ᠂ ᠣᠷᠣ᠎ᠶ᠋ᠢᠨ ᠪᠦᠲᠡᠭᠡᠯᠭᠡ᠂ ᠤᠬᠢᠶᠠᠯᠭ᠎ᠠ ᠎ᠶ᠋ᠢᠨ ᠠᠯᠴᠢᠭᠤᠷ ᠵᠡᠷᠭᠡ ᠎ᠶ᠋ᠢ 60 — 90°C᠎ᠤᠨ ᠤᠰᠤ᠎ᠪᠡᠷ ᠤᠬᠢᠶᠠᠨ᠎ᠡ᠃

ᠭᠡᠷ᠎ᠲᠡᠬᠡᠨ ᠲᠤᠰᠠᠭᠠᠷᠯᠠᠬᠤ᠎ᠳᠤ ᠵᠠᠪᠠᠯ ᠪᠡᠯᠡᠳᠭᠡᠬᠦ᠌ ᠵᠦᠢᠯ

1. ᠪᠡᠶ᠎ᠡ᠎ᠶ᠋ᠢᠨ ᠳᠤᠯᠠᠭᠠᠨ᠎ᠤ ᠬᠡᠮᠵᠢᠭᠦᠷ᠂ ᠡᠮᠨᠡᠯᠭᠡ᠎ᠶ᠋ᠢᠨ ᠭᠠᠳᠠᠷ ᠰᠠᠯᠠᠭᠠᠨ᠎ᠤ ᠠᠮᠠᠪᠴᠢ᠂ ᠡᠮᠨᠡᠯᠭᠡ ᠎ᠶ᠋ᠢᠨ ᠪᠡᠭᠡᠯᠡᠶ᠂ 75% ᠎ᠵᠢᠨ ᠰᠫᠢᠷᠲ ᠠᠷᠢᠭᠤᠳᠭᠠᠬᠤ ᠱᠢᠩᠭᠡᠨ᠂ 84 ᠠᠷᠢᠭᠤᠳᠭᠠᠬᠤ ᠱᠢᠩᠭᠡᠨ ᠵᠡᠷᠭᠡ᠃

2. ᠬᠤᠪᠢ ᠬᠥᠮᠦᠨ᠎ᠦ ᠤᠬᠢᠶᠠᠯᠭ᠎ᠠ᠎ᠶ᠋ᠢᠨ ᠬᠡᠷᠡᠭ᠌ᠰᠡᠯ᠂ ᠲᠤᠰᠭᠠᠢ ᠬᠡᠷᠡᠭ᠌ᠯᠡᠬᠦ᠌ ᠠᠶᠠᠭ᠎ᠠ ᠰᠠᠪᠬ᠎ᠠ ᠪᠠ ᠤᠰᠤᠨ ᠴᠣᠮᠣ᠂ ᠲᠤᠰᠭᠠᠢ ᠬᠡᠷᠡᠭ᠌ᠯᠡᠬᠦ᠌ ᠠᠯᠴᠢᠭᠤᠷ᠂ ᠬᠣᠭ᠎ᠤᠨ ᠰᠠᠪᠠ ᠪᠠ ᠬᠣᠭ᠎ᠤᠨ ᠤᠭᠤᠲᠠ᠂ ᠴᠠᠭᠠᠰᠤᠨ ᠠᠯᠴᠢᠭᠤᠷ᠃

ᠠᠰᠠᠷᠠᠨ ᠬᠠᠷᠠᠭᠠᠯᠵᠠᠬᠴᠢ

1.ᠬᠠᠷᠠᠵᠦ ᠰᠤᠪᠢᠯᠠᠭᠤᠯᠬᠤ ᠴᠢᠬᠤᠯᠠ᠎ᠲᠠᠶ ᠪᠣᠯ ᠪᠡᠶ᠎ᠡ ᠮᠠᠬᠠᠪᠣᠳ ᠨᠢ ᠡᠷᠡᠭᠦᠯ ᠴᠢᠭᠢᠷᠠᠭ ᠪᠥᠭᠡᠳ ᠤᠳᠠᠭᠠᠨ ᠴᠢᠨᠠᠷᠲᠠᠢ ᠡᠪᠡᠳᠴᠢᠨ ᠦᠭᠡᠢ ᠭᠡᠷ᠎ᠪᠦᠯᠢ᠎ᠵᠢᠨ ᠪᠦᠷᠢᠯᠳᠦᠬᠦᠨ ᠎ᠢᠶᠡᠷ ᠨᠢ ᠠᠰᠠᠷᠠᠨ ᠬᠠᠷᠠᠭᠠᠯᠵᠠᠭᠤᠯᠤᠨ᠎ᠠ᠃

2.ᠠᠰᠠᠷᠠᠨ ᠬᠠᠷᠠᠭᠠᠯᠵᠠᠬᠴᠢ ᠬᠡᠷ᠎ᠲᠡᠬᠡᠨ ᠲᠤᠰᠠᠭᠠᠷᠯᠠᠬᠤ ᠪᠥᠬᠥ᠌ ᠶᠠᠪᠤᠴᠠ᠎ᠳᠤ ᠠᠮᠠᠪᠴᠢ ᠵᠡᠭᠦᠬᠦ᠌᠎ᠶ᠋ᠢᠨ ᠬᠠᠮᠲᠤ ᠠᠮᠠᠪᠴᠢ ᠪᠠᠨ ᠴᠠᠭ ᠲᠤᠬᠠᠶ᠎ᠳᠤᠨᠢ ᠰᠣᠯᠢᠬᠤ ᠬᠡᠷᠡᠭ᠌ᠲᠡᠶ᠃

3.ᠠᠰᠠᠷᠠᠨ ᠬᠠᠷᠠᠭᠠᠯᠵᠠᠬᠴᠢ ᠲᠤᠰᠠᠭᠠᠷᠯᠠᠭ᠍ᠳᠠᠭ᠍ᠰᠠᠨ ᠬᠥᠮᠦᠨ᠎ᠦ ᠱᠢᠭᠦᠷᠡᠳᠡᠰᠦ᠂ ᠠᠶᠠᠭ᠎ᠠ ᠰᠠᠪᠬ᠎ᠠ᠂ ᠤᠰᠤᠨ ᠴᠣᠮᠣ᠂ ᠬᠣᠭ ᠨᠣᠪᠰᠢ᠂ ᠬᠤᠪᠴᠠᠰᠤ ᠬᠤᠨᠠᠷ ᠪᠠ ᠣᠷᠣ᠎ᠵᠢᠨ ᠬᠡᠷᠡᠭᠰᠡᠯ ᠵᠡᠷᠭᠡ᠎ᠶ᠋ᠢ ᠴᠡᠪᠡᠷᠯᠡᠬᠦ᠌ ᠪᠠ ᠡᠳᠡᠬᠡᠷ ᠵᠦᠢᠯ ᠲᠠᠢ ᠬᠦᠷᠦᠯᠴᠡᠬᠦ᠌᠎ᠳᠡᠭᠡᠨ ᠪᠡᠭᠡᠯᠡᠶ ᠵᠡᠭᠦᠬᠦ᠌ ᠬᠡᠷᠡᠭ᠌ᠲᠡᠶ᠃

ᠰᠠᠨᠠᠭᠤᠯᠤᠮᠵᠢ᠄ ᠲᠤᠰᠠᠭᠠᠷᠯᠠᠭ᠍ᠳᠠᠭ᠍ᠰᠠᠨ ᠬᠥᠮᠦᠨ᠎ᠳᠦ ᠬᠠᠯᠠᠭᠤᠷᠠᠬᠤ᠂ ᠬᠠᠨᠢᠶᠠᠬᠤ᠂ ᠬᠣᠭᠣᠯᠠᠶ ᠡᠪᠡᠳᠬᠦ᠌᠂ ᠴᠡᠭᠡᠵᠢ ᠪᠢᠲᠡᠭᠦᠷᠡᠬᠦ᠌᠂ ᠠᠮᠢᠰᠭᠤᠯ ᠬᠦᠴᠢᠷᠳᠡᠬᠦ᠌᠂ ᠲᠠᠮᠢᠷᠳᠠᠬᠤ᠂ ᠳᠤᠷ᠎ᠠ ᠪᠤᠯᠭᠢᠵᠤ ᠪᠥᠭᠡᠯᠵᠢᠬᠦ᠌᠂ ᠰᠠᠭᠤᠯᠭᠠᠬᠤ᠂ ᠲᠣᠯᠣᠭᠠᠶ ᠡᠪᠡᠳᠬᠦ᠌᠂ ᠵᠢᠷᠦᠬᠡ ᠲᠦᠭ᠌ᠰᠢᠬᠦ᠌᠂ ᠨᠡᠢᠯᠡᠮᠡᠯ ᠪᠦᠷᠬᠦᠪᠴᠢ᠎ᠶ᠋ᠢᠨ ᠦᠷᠪᠢᠰᠦᠯ᠂ ᠪᠤᠯᠴᠢᠩ ᠱᠠᠷᠬᠢᠷᠠᠵᠤ ᠡᠪᠡᠳᠬᠦ᠌ ᠵᠡᠷᠭᠡ ᠰᠡᠵᠢᠭ᠌ᠯᠡᠯᠲᠡᠶ ᠡᠪᠡᠳᠴᠢᠨ᠎ᠦ ᠰᠢᠨᠵᠢ ᠢᠯᠡᠷᠡᠪᠡᠯ ᠳᠠᠷᠤᠶ ᠲᠦᠷᠭᠡᠨ ᠡᠮᠨᠡᠭᠦᠯᠬᠦ᠌ ᠬᠡᠷᠡᠭ᠌ᠲᠡᠶ᠃

ᠢᠷᠡᠯᠲᠡ᠄ ᠤᠮᠠᠷᠠᠲᠤ᠎ᠶ᠋ᠢᠨ ᠰᠦᠯᠵᠢᠶ᠎ᠡ


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面