ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠲᠠᠢᠯᠤᠮᠵᠢ

2022-02-28 09:35:01

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠤᠯᠠᠡᠭ᠌ᠬᠢ᠎ᠬᠦᠮᠦᠰ᠎ᠪᠥᠭᠡᠮ ᠬᠦᠴᠢᠯ᠎ᠦᠨ ᠪᠠᠢᠴᠠᠭᠠᠯᠲᠠ᠎ᠨᠢ ᠶᠠᠭ ᠴᠢᠰᠦ ᠪᠠᠢᠴᠠᠭᠠᠬᠤ ᠰᠢᠬ ᠦᠯᠢᠭᠡᠷ ᠠᠪᠬᠤ᠂ ᠬᠡᠮᠵᠢᠭᠦᠷᠯᠢᠭ ᠳᠡᠭᠡᠷ᠎ᠡ ᠲᠠᠯᠪᠢᠵᠤ ᠪᠠᠢᠴᠠᠭᠠᠮᠠᠭᠴᠠ ᠤᠳᠠᠯ ᠦᠭᠡᠢ ᠦᠷ᠎ᠡ ᠳ᠋ᠦᠩ ᠨᠢ ᠭᠠᠷᠴᠢᠬᠠᠳᠠᠭ ᠭᠡᠵᠤ ᠪᠤᠳᠤᠳᠠᠭ᠃ ᠬᠠᠷᠢᠨ ᠵᠢᠩᠬᠢᠨᠢ ᠪᠥᠭᠡᠮ ᠬᠦᠴᠢᠯ᠎ᠦᠨ ᠪᠠᠢᠴᠠᠭᠠᠯᠲᠠ ᠨᠢ ᠲᠠᠨ᠎ᠤ ᠪᠤᠳᠤᠭᠰᠠᠨ ᠮᠡᠳᠦ ᠲᠡᠢᠮᠦ ᠬᠢᠯᠪᠠᠷ ᠪᠢᠰᠢ ᠪᠠᠢᠵᠤ᠂ ᠤᠯᠠᠨ ᠠᠯᠬᠤᠮ ᠶᠠᠪᠤᠴᠠ ᠲᠠᠮᠵᠢᠳᠠᠭ ᠭᠡᠳᠡᠭ᠎ᠢ ᠲᠤᠰᠭᠠᠶ ᠮᠡᠷᠭᠡᠵᠢᠯᠲᠡᠳ ᠡᠴᠡ ᠡᠢᠨ ᠬᠦ᠌ ᠬᠠᠷᠢᠭᠤᠯᠵᠠᠢ᠃


QQ截图20220228090027.png


1.ᠲᠣᠭ᠍ᠲᠠᠭ᠍ᠰᠠᠨ ᠭᠠᠵᠠᠷ᠎ᠠᠴᠠ ᠦᠯᠢᠭᠡᠷ ᠠᠪᠬᠤ᠃ ᠶᠡᠷᠦ᠎ᠳᠡᠭᠡᠨ ᠲᠣᠭ᠍ᠲᠠᠭ᠍ᠰᠠᠨ ᠭᠠᠵᠠᠷ᠎ᠲᠤ ᠣᠴᠢᠵᠤ ᠪᠥᠭᠡᠮ ᠬᠦᠴᠢᠯ᠎ᠦᠨ ᠦᠯᠢᠭᠡᠷ ᠠᠪᠤᠨ᠎ᠠ᠃

2.ᠥᠯᠢᠭᠡᠷ ᠬᠡᠪ᠎ᠢ ᠨᠢᠭᠡᠳᠦᠯᠲᠡᠶ ᠬᠦᠷᠭᠡᠵᠤ᠂ ᠣᠨᠴᠠᠭᠠᠶ ᠲᠤᠷᠱᠢᠯᠲᠠ᠎ᠶ᠋ᠢᠨ ᠲᠠᠰᠤᠭ ᠲᠦ᠍ ᠪᠠᠢᠴᠠᠭᠠᠨ᠎ᠠ᠃ ᠶᠡᠷᠦ᠎ᠳᠡᠭᠡᠨ ᠦᠯᠢᠭᠡᠷ ᠠᠪᠬᠤ ᠴᠡᠭ ᠪᠣᠯᠤᠨ ᠪᠠᠢᠴᠠᠭᠠᠬᠤ ᠴᠡᠭ ᠨᠢ ᠨᠢᠭᠡ ᠭᠠᠵᠠᠷ ᠪᠢᠰᠢ ᠪᠣᠯᠬᠤᠷ ᠡᠨᠳᠡ ᠵᠢᠭᠠᠬᠠᠨ ᠴᠠᠭ ᠰᠠᠭᠠᠳᠠᠬᠤ ᠤᠴᠢᠷᠳᠠᠢ᠃ ᠪᠥᠭᠡᠮ ᠬᠦᠴᠢᠯ᠎ᠢ ᠪᠠᠢᠴᠠᠭᠠᠬᠤ ᠪᠣᠯ ᠲᠤᠢᠯ᠎ᠤᠨ ᠬᠤᠷᠴᠠ ᠰᠡᠷᠭᠡᠭ ᠪᠥᠭᠡᠳ ᠨᠠᠷᠢᠯᠢᠭ ᠲᠤᠷᠱᠢᠯᠲᠠ ᠪᠣᠯᠬᠤᠷ᠂ ᠪᠥᠭᠡᠮ ᠬᠦᠴᠢᠯ᠎ᠢ ᠪᠠᠢᠴᠠᠭᠠᠬᠤ ᠲᠤᠷᠱᠢᠯᠲᠠ᠎ᠶ᠋ᠢᠨ ᠲᠠᠰᠤᠭ ᠣᠨᠴᠠᠭᠠᠶ ᠣᠷᠴᠢᠨ ᠲᠣᠭᠣᠷᠢᠨ᠎ᠤ ᠱᠠᠭᠠᠷᠳᠠᠯᠭ᠎ᠠ᠎ᠲᠠᠶ᠂ ᠦᠯᠢᠭᠡᠷ ᠠᠪᠬᠤ ᠴᠡᠭ ᠪᠤᠶᠤ ᠳᠤᠷ᠎ᠠ᠎ᠪᠠᠷ᠎ᠢᠶᠠᠨ ᠭᠠᠵᠠᠷ ᠨᠡᠭᠡᠭᠡᠵᠦ᠍ ᠪᠠᠢᠴᠠᠭᠠᠵᠤ ᠪᠣᠯᠬᠤ ᠥᠬᠡᠶ᠃

3.ᠦᠯᠢᠭᠡᠷ ᠬᠡᠪ᠎ᠢ ᠬᠤᠷᠢᠶᠠᠭ᠍ᠰᠠᠨ᠎ᠤ ᠳᠠᠷᠠᠭ᠎ᠠ᠂ ᠨᠢᠭᠡ ᠨᠢᠭᠡ᠎ᠪᠡᠷ ᠵᠠᠳᠠᠯᠵᠤ ᠱᠢᠰᠲ᠋ᠧᠮ᠎ᠳᠦ ᠣᠷᠣᠭᠤᠯᠤᠨ᠎ᠠ᠃ ᠡᠨᠡ ᠠᠯᠬᠤᠮ᠎ᠳᠦ ᠨᠢᠭᠡ ᠨᠢᠭᠡ᠎ᠪᠡᠷ ᠵᠠᠳᠠᠯᠬᠤ ᠴᠢᠬᠤᠯᠠᠲᠠᠶ᠂ ᠬᠣᠶᠠᠷ ᠳᠠᠪᠬᠤᠷ ᠨᠢᠭ᠍ᠲᠠ ᠪᠢᠲᠡᠭᠦᠮᠵᠢᠯᠡᠭ᠌ᠰᠡᠨ ᠪᠠᠭ᠍ᠯᠠᠭ᠎ᠠ ᠲᠠᠢ ᠦᠯᠢᠭᠡᠷ ᠭᠡᠪ ᠮᠢᠨᠭᠭ᠎ᠠ ᠲᠦᠮᠡ ᠪᠡᠷ ᠪᠠᠢᠳᠠᠭ ᠡᠴᠡ ᠡᠳᠦᠷᠵᠢᠨ ᠵᠠᠳᠠᠯᠵᠤ ᠶᠡᠬᠡ ᠪᠠᠷ ᠴᠠᠭ ᠬᠡᠷᠡᠭᠰᠡᠨ᠎ᠡ᠃ ᠪᠠᠰᠠ ᠦᠯᠢᠭᠡᠷ ᠨᠢᠭᠡᠪᠦᠷᠢ᠎ᠳᠦ ᠰᠫᠢᠷᠲ ᠰᠦᠷᠴᠢᠵᠦ᠍᠂ ᠠᠮᠢᠳᠤ ᠪᠣᠳᠠᠰ᠎ᠤᠨ ᠠᠮᠤᠷ ᠲᠦᠪᠱᠢᠨ᠎ᠦ ᠬᠠᠮᠠᠭᠠᠯᠠᠯᠲᠠ ᠶ᠋ᠢ ᠰᠠᠢᠲᠤᠷ ᠬᠢᠬᠦ᠌ ᠬᠡᠷᠡᠭ᠌ᠲᠡᠶ᠃ ᠡᠨᠡ ᠮᠡᠳᠦ ᠪᠡᠷ ᠬᠦᠮᠦᠨ ᠨᠢᠭᠡᠪᠦᠷᠢ ᠵᠢᠨ ᠦᠯᠢᠭᠡᠷ ᠬᠡᠪ᠎ᠤᠨ ᠮᠡᠳᠡᠭᠡ ᠵᠠᠡᠭ᠌ᠬᠢ ᠵᠢ ᠨᠢᠭᠡᠳ ᠨᠢᠭᠡ ᠪᠡᠷ ᠰᠢᠰᠲᠸᠮ᠎ᠳᠦ ᠤᠷᠤᠭᠤᠯᠵᠤ᠂ ᠪᠦᠬᠦ ᠶᠠᠪᠤᠴᠠ ᠵᠢ ᠭᠠᠷ᠎ᠢᠶᠡᠷ᠎ᠢᠶᠡᠨ ᠬᠢᠳᠡᠭ ᠡᠴᠡ ᠴᠠᠭ ᠶᠡᠬᠡ ᠬᠡᠷᠡᠭᠰᠡᠬᠦ ᠪᠦᠬᠡᠳ ᠬᠠᠮᠤᠭ᠎ᠤᠨ ᠴᠢᠬᠤᠯᠠ ᠨᠢ ᠲᠤᠭ᠎ᠠ ᠬᠡᠮᠵᠢᠶ᠎ᠡ ᠨᠢ ᠵᠦᠷᠢᠬᠦ ᠦᠬᠡᠢ ᠪᠤᠷᠤᠭᠤᠳᠠᠬᠤ ᠦᠬᠡᠢ ᠪᠠᠢᠬᠤ ᠬᠡᠷᠡᠭᠳᠡᠢ᠂ ᠬᠡᠷᠪᠡ ᠪᠤᠷᠤᠭᠤᠳᠠᠪᠠᠯ ᠲᠠᠬᠢᠵᠤ ᠡᠷᠢᠵᠤ ᠬᠢᠬᠦ ᠴᠢᠬᠤᠯᠠᠳᠠᠢ᠃

4.ᠪᠥᠭᠡᠮ ᠬᠦᠴᠢᠯ᠎ᠢ ᠭᠠᠷᠭᠠᠨ ᠠᠪᠴᠦ᠂ ᠸᠢᠷᠦ᠋ᠰ᠎ᠢ ᠱᠢᠯᠭᠠᠨ ᠪᠠᠢᠴᠠᠭᠠᠨ᠎ᠠ᠃ ᠥᠯᠢᠭᠡᠷ ᠬᠡᠪ᠎ᠢ ᠲᠤᠷᠱᠢᠯᠲᠠ᠎ᠶ᠋ᠢᠨ ᠲᠠᠰᠤᠭ᠎ᠲᠤ ᠭᠦᠷᠬᠡᠪᠡᠯ ᠱᠢᠭᠤᠳ ᠪᠠᠢᠴᠠᠭᠠᠵᠤ ᠪᠣᠯᠬᠤ ᠪᠢᠰᠢ ᠦᠦ?ᠲᠡᠢᠮᠦ᠍ ᠪᠢᠰᠢ! ᠪᠠᠰᠠ ᠦᠯᠢᠭᠡᠷ᠎ᠲᠦ ᠡᠮᠦᠨᠡᠬᠢ ᠬᠤᠭᠤᠴᠠᠭᠠᠨ᠎ᠤ ᠱᠢᠶ᠋ᠳᠪᠦᠷᠢᠯᠡᠯᠲᠡ ᠬᠢᠵᠦ᠍᠂ ᠦᠯᠢᠭᠡᠷ ᠳᠣᠲᠣᠷᠠᠬᠢ ᠪᠥᠭᠡᠮ ᠬᠦᠴᠢᠯ᠎ᠢ ᠭᠠᠷᠭᠠᠨ ᠠᠪᠤᠪᠠᠯ ᠰᠠᠶᠢ ᠦᠷᠭᠡᠳᠬᠡᠯ ᠬᠢᠵᠤ ᠴᠢᠳᠠᠨ᠎ᠠ᠃ ᠲᠡᠭᠡᠪᠡᠯ ᠦᠷᠭᠡᠳᠬᠡᠯ ᠨᠢ ᠶᠠᠭᠤ ᠪᠤᠢ? ᠸᠢᠷᠦ᠋ᠰ ᠮᠠᠰᠢ ᠪᠢᠴᠢᠯ ᠪᠠᠭ᠎ᠠ ᠡᠴᠡ ᠪᠤᠯᠵᠤ ᠪᠦᠭᠡᠮ ᠬᠦᠴᠢᠯ᠎ᠳᠡᠬᠢ ᠪᠢᠴᠢᠯ ᠦᠯᠢᠭᠡᠷ ᠬᠡᠪ᠎ᠢ ᠲᠡᠢᠮᠦ᠍ ᠠᠮᠠᠷᠬᠠᠨ ᠪᠠᠢᠴᠠᠭᠠᠵᠤ ᠤᠯᠬᠤ ᠦᠭᠡᠢ ᠪᠤᠯᠬᠤᠷ ᠸᠢᠷᠦ᠋ᠰ᠎ᠢ ᠨᠢ ᠠᠷᠪᠢᠨ ᠪᠤᠯᠭᠠᠬᠤ ᠶᠠᠪᠤᠴᠠ ᠵᠢ ᠵᠢᠭᠠᠵᠤ ᠪᠠᠢᠨ᠎ᠠ᠃ ᠡᠨᠡ ᠬᠦ᠌ ᠶᠠᠪᠤᠴᠠ ᠨᠢ ᠡᠮᠴᠢ ᠰᠤᠪᠢᠯᠠᠭ᠍ᠴᠢᠳ ᠲᠦ᠍ ᠬᠠᠮᠤᠭ᠎ᠤᠨ ᠬᠦᠴᠢᠷ ᠲᠦᠪᠡᠭ ᠲᠡᠢ᠃

5. ᠪᠦᠷᠢᠮᠦᠰᠦᠨ ᠪᠤᠬᠢᠷᠳᠤᠯ ᠦᠭᠡᠢ ᠤᠷᠴᠢᠨ᠎ᠳᠦ ᠤᠷᠪᠠᠯᠵᠢ ᠵᠢ ᠨᠠᠢᠷᠠᠭᠤᠯᠬᠤ᠃ ᠡᠨᠡ ᠠᠯᠬᠤᠮ ᠡᠷᠬᠡᠪᠰᠢ ᠪᠦᠷᠢᠮᠦᠰᠦᠨ ᠪᠣᠬᠢᠷᠲᠤᠯ᠎ᠦᠭᠡᠢ ᠤᠷᠴᠢᠨ᠎ᠢ ᠪᠠᠳᠤᠯᠠᠵᠤ᠂ ᠴᠢᠩᠭ᠎ᠠ ᠣᠨᠣᠪᠴᠢᠲᠠᠶ ᠠᠵᠢᠯᠯᠠᠨ᠎ᠠ᠃ ᠶᠠᠮᠠᠷ ᠦᠷ᠎ᠡ ᠳ᠋ᠦᠩ᠎ᠢ ᠪᠠᠢᠴᠠᠭᠠᠵᠤ ᠤᠯᠤᠨ᠎ᠠ ᠭᠡᠳᠡᠭ ᠨᠢ ᠪᠦᠷᠢᠮᠦᠰᠦᠨ ᠡᠨᠡ ᠠᠯᠬᠤᠮ ᠡᠴᠡ ᠲᠤᠭᠳᠠᠭᠠᠭᠳᠠᠳᠠᠭ ᠡᠴᠡ ᠡᠷᠬᠡᠪᠰᠢ ᠲᠡᠭᠡᠳᠦ ᠬᠡᠮᠵᠢᠶ᠎ᠡ ᠪᠡᠷ ᠬᠢᠨᠠᠮᠠᠭᠠᠢ ᠯᠠᠪᠳᠠᠭᠤᠨ ᠠᠵᠢᠯᠯᠠᠬᠤ ᠴᠢᠬᠤᠯᠠᠳᠠᠢ᠃

6.ᠦᠯᠢᠭᠡᠷ ᠨᠡᠮᠡᠬᠦ ᠨᠢ ᠲᠦᠷᠭᠡᠨ᠂ ᠣᠨᠣᠪᠴᠢᠲᠠᠶ᠂ ᠯᠠᠪᠳᠠᠭᠤᠨ ᠪᠦᠭᠡᠳ ᠨᠢᠭᠡ ᠴᠦ᠍ ᠠᠯᠳᠠᠭ᠎ᠠ ᠦᠬᠡᠢ ᠪᠠᠢᠬᠤ ᠵᠢ ᠪᠠᠳᠤᠯᠠᠨ᠎ᠠ᠃ ᠡᠨᠡ ᠠᠯᠬᠤᠮ᠎ᠢ ᠮᠥᠨ ᠯᠡ ᠪᠦᠬᠦᠨ᠎ᠢ ᠭᠠᠷ᠎ᠢᠶᠠᠷ ᠬᠢᠵᠦ᠍᠂ ᠡᠮᠴᠢ ᠰᠤᠪᠢᠯᠠᠭ᠍ᠴᠢᠳ ᠪᠦᠬᠦ᠌ ᠶᠠᠪᠤᠴᠠ᠎ᠳᠤ ᠪᠦᠬᠦ᠌ ᠠᠩᠬᠠᠷᠤᠯ᠎ᠢᠶᠠᠨ ᠲᠥᠪᠯᠡᠷᠡᠭᠦᠯᠬᠦ ᠬᠡᠷᠡᠭ᠌ᠲᠡᠶ᠃ ᠭᠠᠷᠭᠠᠨ ᠠᠪᠤᠭ᠍ᠰᠠᠨ ᠪᠥᠭᠡᠮ ᠬᠦᠴᠢᠯ᠎ᠨᠢ ᠠᠮᠠᠷᠬᠠᠨ ᠪᠣᠬᠢᠷᠲᠤᠵᠤ᠂ ᠠᠮᠠᠷᠬᠠᠨ ᠵᠠᠳᠠᠷᠠᠳᠠᠭ ᠡᠴᠡ ᠵᠠᠪᠠᠯ ᠮᠢᠨᠭᠭᠠᠨ ᠬᠤᠪᠢ ᠵᠢᠨ ᠪᠣᠯᠭᠣᠮᠵᠢᠲᠠᠶ ᠪᠠᠢᠬᠤ ᠬᠡᠷᠡᠭ᠌ᠲᠡᠶ! ᠭᠠᠷᠭᠠᠨ ᠠᠪᠤᠭ᠍ᠰᠠᠨ ᠪᠥᠭᠡᠮ ᠬᠦᠴᠢᠯ᠎ᠢᠶᠡᠨ ᠵᠥᠪᠬᠡᠨ 5ul ᠵᠢ ᠨᠡᠮᠡᠵᠦ᠍ ᠤᠷᠪᠠᠯᠵᠢ᠎ᠶ᠋ᠢᠨ ᠱᠢᠰᠲ᠋ᠧᠮ᠎ᠳᠦ ᠣᠷᠣᠭᠤᠯᠤᠨ ᠥᠷᠭᠡᠳᠭᠡᠯ ᠬᠢᠨ᠎ᠠ᠃ 5ul ᠨᠢ ᠶᠠᠮᠠᠷ ᠤᠬᠠᠭ᠍ᠳᠠᠬᠤᠨ ᠪᠤᠢ ᠭᠡᠪᠡᠯ ᠨᠢᠭᠡ ᠳᠤᠰᠤᠯ ᠤᠰᠤᠨ᠎ᠤ ᠠᠷᠪᠠᠨ᠎ᠤ ᠨᠢᠭᠡ ᠭᠡᠰᠡᠨ ᠦᠭᠡ᠂ ᠲᠡᠷᠡ ᠮᠥᠷᠲᠡᠭᠡᠨ ᠠᠵᠢᠯᠯᠠᠬᠤ ᠶᠠᠪᠤᠴᠠ ᠨᠢ ᠲᠦᠷᠭᠡᠨ! ᠯᠠᠪᠳᠠᠭᠤᠨ! ᠣᠨᠣᠪᠴᠢᠲᠠᠶ!

7. ᠮᠠᠰᠢᠨ᠎ᠢᠶᠡᠷ ᠪᠠᠢᠴᠠᠭᠠᠬᠤ᠃ ᠡᠨᠡ ᠬᠦ᠌ ᠶᠠᠪᠤᠴᠠ ᠨᠢ 1—2 ᠴᠠᠭ ᠬᠡᠷᠡᠭ᠌ᠰᠡᠨ᠎ᠡ᠂ ᠡᠷᠬᠡᠪᠰᠢ ᠨᠢᠭᠡ ᠪᠦᠯᠦᠭ ᠦᠷ᠎ᠡ ᠳ᠋ᠦᠩ᠎ᠢ ᠥᠷᠭᠡᠳᠭᠡᠭ᠌ᠰᠡᠨ᠎ᠦ ᠳᠠᠷᠠᠭ᠎ᠠ ᠰᠠᠶᠢ ᠳᠠᠷᠠᠭ᠎ᠠ ᠨᠢᠭᠡ ᠪᠦᠯᠦᠭ ᠵᠠᠭ᠍ᠪᠤᠷ᠎ᠢ ᠥᠷᠭᠡᠳᠭᠡᠵᠦ᠍ ᠪᠣᠯᠤᠨ᠎ᠠ᠃ ᠶᠠᠭᠤ ᠴᠦ᠍ ᠬᠡᠰᠡᠨ ᠲᠤᠷᠱᠢᠯᠲᠠ᠎ᠶ᠋ᠢᠨ ᠶᠠᠪᠤᠴᠠ ᠨᠢ ᠬᠡᠲᠦᠷᠬᠡᠶ ᠣᠯᠠᠨ ᠠᠯᠬᠤᠮ ᠳᠠᠷᠠᠭ᠎ᠠ᠎ᠲᠠᠶ᠂ ᠬᠡᠲᠦᠷᠬᠡᠶ ᠣᠯᠠᠨ ᠳᠠᠯᠳᠠ ᠬᠠᠷᠱᠢᠯᠠᠬᠤ ᠡᠯᠧᠮᠧᠨ᠋ᠲ ᠣᠷᠣᠱᠢᠵᠤ ᠪᠠᠢᠨ᠎ᠠ᠂ ᠡᠢᠮᠦ᠍᠎ᠡᠴᠡ ᠤᠳᠠᠭ᠎ᠠ ᠪᠦᠷᠢ ᠡᠢᠮᠦ᠍ ᠠᠷᠭ᠎ᠠ ᠬᠡᠮᠵᠢᠶ᠎ᠡ ᠠᠪᠴ ᠪᠠᠢᠴᠠᠭᠠᠬᠤ ᠬᠡᠷᠡᠭ᠌ᠲᠡᠶ᠃ ᠦᠷ᠎ᠡ ᠳ᠋ᠦᠩ ᠭᠠᠷᠤᠭ᠍ᠰᠠᠨ᠎ᠤ ᠳᠠᠷᠠᠭ᠎ᠠ᠂ ᠪᠠᠰᠠ ᠦᠷ᠎ᠡ ᠳ᠋ᠦᠩ᠎ᠢ ᠪᠠᠢᠴᠠᠭᠠᠨ ᠦᠵᠡᠵᠦ᠍᠂ ᠦᠯᠢᠬᠡᠷ ᠬᠡᠪ᠎ᠤᠨ ᠮᠡᠳᠡᠭᠡ ᠵᠠᠩᠭᠢ᠂ ᠦᠷ᠎ᠡ ᠳ᠋ᠦᠩ᠎ᠢ ᠬᠠᠷᠭᠤᠭᠤᠯᠤᠨ ᠥᠭ᠌ᠴᠦ᠂ ᠲᠣᠭ᠎ᠠ ᠪᠠᠷᠢᠮᠲᠠ᠎ᠶ᠋ᠢ ᠳᠠᠮᠵᠢᠭᠤᠯᠬᠤ (ᠳᠠᠷᠤᠶ ᠨᠣᠭᠣᠭᠠᠨ ᠺᠣᠳ᠋ ᠲᠠᠷᠬᠠᠭᠠᠬᠤ) ᠬᠡᠷᠡᠭ᠌ᠲᠡᠶ᠃

ᠬᠢᠵᠢᠭ᠎ᠢ ᠡᠰᠡᠷᠬᠦᠴᠡᠬᠦ᠎ᠳᠦ᠂ ᠬᠥᠮᠦᠨ ᠪᠣᠯᠭᠠᠨ ᠬᠠᠷᠢᠭᠤᠴᠠᠯᠭ᠎ᠠ᠎ᠲᠠᠶ᠃ ᠰᠠᠢᠨ ᠲᠤᠷᠠᠴᠤᠳ᠂ ᠵᠡᠭᠡᠯᠢ ᠭᠤᠳᠤᠮᠵᠢ ᠨᠡᠢᠭᠡᠮ ᠲᠣᠭᠣᠷᠢᠭ᠎ᠤᠨ ᠠᠵᠢᠯᠲᠠᠳ ᠴᠦ᠍ ᠪᠠᠢᠭ᠂ ᠺᠠᠳ᠋ᠷ ᠴᠠᠭᠳᠠᠭ᠎ᠠ ᠨᠠᠷ᠂ ᠡᠯ᠎ᠠ ᠹᠷᠤᠨᠲ᠎ᠤᠨ ᠠᠵᠢᠯᠳᠠᠨ ᠡᠭᠡᠯ ᠠᠷᠠᠳ ᠴᠦ᠍ ᠲᠡᠷᠡ᠂ ᠨᠢᠭᠡᠨ ᠨᠢᠭᠡᠨ᠎ᠢᠶᠡᠨ᠎ᠢᠯᠡᠬᠦᠬᠡᠨ᠎ᠤᠢᠯᠠᠭᠠᠨ᠎ᠲᠡᠮᠵᠢᠵᠤ᠂᠎ᠬᠢᠵᠢᠭ᠎ᠲᠠᠬᠤᠯ᠎ᠤᠨ᠎ᠬᠦᠨᠳᠦ᠎ᠬᠡᠴᠡᠬᠦᠦ᠎ᠴᠠᠭ᠎ᠢ᠎ᠬᠠᠮᠳᠦ ᠪᠡᠷ ᠳᠤᠭᠤᠯᠤᠶ᠎ᠠ!

(《ᠦᠪᠦᠷ ᠮᠤᠨᠭᠭᠤᠯ᠎ᠤᠨ ᠡᠳᠦᠷ᠎ᠤᠨ ᠰᠤᠨᠢᠨ》 ᠵᠢᠷᠬᠢᠶ᠎ᠡ ᠵᠢᠨ ᠲᠠᠪᠴᠠᠩ ᠡᠴᠡ ᠤᠷᠴᠢᠭᠤᠯᠤᠨ ᠨᠠᠢᠷᠠᠭᠤᠯᠪᠠ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面