2022-04-20 09:23:00
ᠬᠣᠲᠠ᠎ᠵᠢᠨ ᠠᠷᠠᠳ ᠲᠥᠪᠯᠡᠷᠡᠭᠦᠯᠦᠨ ᠲᠤᠰᠠᠭᠠᠷᠯᠠᠬᠤ ᠮᠡᠳᠡᠭᠳᠡᠯ ᠲᠤᠰᠤᠬᠰᠠᠨᠤ ᠲᠠᠷᠠᠭ᠎ᠠ ᠶᠠᠭᠤ ᠶᠠᠭᠤ ᠪᠡᠯᠡᠳᠬᠡᠬᠦ ᠴᠢᠬᠤᠯᠠᠲᠠᠶ ᠪᠣᠶ? ᠬᠥᠬᠡᠬᠣᠲᠠ᠎ᠵᠢᠨ ᠡᠪᠡᠳᠴᠢᠨ ᠡᠮᠭᠡᠭ ᠢ ᠰᠡᠷᠭᠡᠢᠯᠡᠨ ᠡᠵᠡᠮᠳᠡᠬᠦ ᠲᠥᠪ᠎ᠤᠨ ᠳᠡᠳ᠋ ᠡᠷᠬᠢᠯᠡᠭᠴᠢ ᠸᠠᠩ ᠳ᠋ᠠ ᠸᠧᠶ ᠬᠥᠬᠡᠬᠣᠲᠠ᠎ᠵᠢᠨ ᠬᠢᠵᠢᠭ᠎ᠤᠨ ᠪᠠᠢᠳᠠᠯ ᠢ ᠰᠡᠷᠭᠡᠢᠯᠡᠨ ᠡᠵᠡᠮᠳᠡᠬᠦ ᠠᠵᠢᠯ ᠤᠨ 37 ᠳ᠋ᠤᠭᠠᠷ ᠤᠳᠠᠭᠠᠨ᠎ᠤ ᠰᠣᠨᠢᠨ ᠮᠡᠳᠡᠭᠡ ᠨᠡᠢᠲᠡᠯᠡᠬᠦ ᠬᠤᠷᠠᠯ ᠳᠡᠭᠡᠷ᠎ᠡ ᠰᠠᠨᠠᠭᠤᠯᠭ᠎ᠠ ᠭᠠᠷᠭᠠᠪᠠ᠃
ᠸᠠᠩ ᠳ᠋ᠠ ᠸᠧᠶ ᠬᠡᠯᠡᠭᠰᠡᠨ ᠨᠢ᠂ ᠡᠩ ᠲᠡᠷᠢᠭᠦᠨ᠎ᠳᠦ ᠬᠡᠷ᠎ᠲᠡᠬᠡᠨ ᠪᠠ ᠠᠵᠢᠯᠯᠠᠬᠤ ᠨᠢᠭᠡᠴᠢ ᠳ᠋ᠡᠬᠡᠨ ᠲᠣᠰ ᠲᠣᠰ ᠨᠢᠭᠡ ᠴᠢᠷᠦᠬᠦᠯ ᠪᠤᠬᠴᠤ ᠪᠡᠯᠡᠳᠭᠡᠪᠡᠯ ᠬᠠᠮᠤᠭ᠎ᠤᠨ ᠰᠠᠢᠨ᠃ ᠳᠣᠲᠣᠷ᠎ᠠ ᠨᠢ ᠪᠡᠯᠡᠳᠭᠡᠯ ᠡᠳ᠋ ᠪᠣᠳᠠᠰ᠎ᠢ ᠤᠷᠢᠳᠴᠢᠯᠠᠨ ᠰᠠᠢᠲᠤᠷ ᠲᠠᠯᠪᠢᠬᠤ ᠬᠡᠷᠡᠭ᠌ᠲᠡᠶ᠂ ᠢᠩᠭᠢᠪᠡᠯ ᠮᠡᠳᠡᠭ᠌ᠳᠡᠯ ᠲᠤᠰᠪᠠᠯ ᠴᠢᠷᠦᠬᠦᠯ ᠪᠤᠬᠴᠤ ᠪᠡᠨ ᠠᠪᠴᠤ᠌ ᠶᠠᠪᠤᠪᠠᠯ ᠲᠥᠬᠥᠮ ᠪᠥᠭᠡᠳ ᠲᠦᠷᠭᠡᠨ ᠪᠣᠯᠤᠨ᠎ᠠ᠃ ᠲᠤᠰᠠᠭᠠᠷᠯᠠᠬᠤ ᠪᠠᠭᠤᠳᠠᠯ᠎ᠳᠤ ᠭᠦᠷᠦᠭ᠌ᠰᠡᠨ᠎ᠦ ᠳᠠᠷᠠᠭ᠎ᠠ᠂ ᠪᠣᠶ ᠪᠥᠬᠥᠶ ᠲᠤᠰᠠᠭᠠᠷᠯᠠᠬᠤ ᠬᠥᠮᠦᠰ ᠭᠡᠷ᠎ᠡᠴᠡ ᠭᠠᠷᠴᠦ ᠪᠤᠯᠬᠤ ᠥᠬᠡᠶ᠃ ᠪᠥᠭᠡᠮ ᠬᠦᠴᠢᠯ᠎ᠦᠨ ᠥᠯᠢᠭᠡᠷ ᠠᠪᠬᠤ᠂ ᠬᠣᠭᠣᠯᠠ ᠠᠪᠬᠤ᠂ ᠬᠣᠭ ᠨᠣᠪᠰᠢ ᠬᠠᠶᠠᠬᠤ ᠵᠡᠷᠭᠡ᠎ᠠᠴᠠ ᠭᠠᠳᠠᠨ᠎ᠠ᠂ ᠬᠡᠷ᠎ᠦᠨ ᠡᠭᠦᠳᠡ᠎ᠪᠡᠨ ᠨᠡᠭᠡᠭᠡᠵᠦ᠍ ᠪᠣᠯᠬᠤ ᠥᠬᠡᠶ᠃ ᠡᠨᠡ ᠬᠤᠭᠤᠴᠠᠭᠠᠨ᠎ᠳᠤ ᠵᠣᠴᠢᠳ᠎ᠤᠨ ᠪᠠᠭᠤᠳᠠᠯ ᠨᠢ ᠲᠤᠰᠠᠭᠠᠷᠯᠠᠬᠳᠠᠬᠰᠠᠨ ᠬᠥᠮᠦᠨ ᠨᠢᠭᠡᠪᠦᠷᠢ ᠳᠦ ᠠᠷᠢᠭᠤᠳᠭᠠᠬᠤ ᠡᠳ᠋᠂ ᠪᠡᠶ᠎ᠡ᠎ᠶ᠋ᠢᠨ ᠳᠤᠯᠠᠭᠠᠨ᠎ᠤ ᠬᠡᠮᠵᠢᠭᠦᠷ ᠵᠡᠷᠭᠡ ᠬᠢᠵᠢᠭ᠎ᠢ ᠰᠡᠷᠭᠡᠢᠯᠡᠬᠦ᠌ ᠡᠳ᠋ ᠪᠣᠳᠠᠰ ᠲᠣᠬᠢᠷᠠᠭᠤᠯᠤᠨ ᠥᠭ᠌ᠴᠦ᠂ ᠢᠳᠡᠭᠡᠨ ᠤᠮᠳᠠᠭᠠᠨ᠎ᠢ ᠬᠤᠪᠢ ᠬᠥᠮᠦᠨ ᠪᠡᠯᠡᠳᠭᠡᠬᠦ᠌ ᠴᠢᠬᠤᠯᠠ ᠥᠬᠡᠶ᠂ ᠲᠤᠰᠠᠭᠠᠷᠯᠠᠬᠤ ᠴᠡᠭ ᠡᠴᠡ ᠭᠤᠷᠪᠠᠨ ᠡᠷᠢᠨ᠎ᠤ ᠬᠣᠭᠣᠯᠠ ᠵᠢ ᠥᠷᠥᠭᠡ ᠪᠣᠯᠭᠠᠨ᠎ᠳᠤ ᠲᠣᠬᠢᠷᠠᠭᠤᠯᠤᠨ ᠬᠦᠷᠭᠡᠨ᠎ᠡ᠃
ᠭᠡᠨᠡᠳᠲᠡ᠎ᠶ᠋ᠢᠨ ᠪᠠᠢᠳᠠᠯ᠎ᠢ ᠰᠡᠷᠭᠡᠢ᠍ᠢᠯᠡᠬᠦ᠌ᠶ᠋ᠢᠨ ᠲᠥᠯᠥᠭᠡ᠂ ᠦᠷᠭᠦᠯᠵᠢ ᠬᠡᠷᠡᠭ᠌ᠯᠡᠳᠡᠭ ᠳᠣᠣᠷᠠᠬᠢ ᠵᠦᠢᠯ᠎ᠦᠳ᠎ᠢ ᠥᠪᠡᠷ᠎ᠢᠶᠡᠨ ᠪᠡᠯᠡᠳᠭᠡᠬᠡᠷᠡᠢ᠄
ᠨᠢᠭᠡ᠎ᠳᠦ᠂ ᠵᠠᠪᠠᠯ ᠬᠡᠷᠡᠭ᠌ᠰᠡᠬᠦ᠌ ᠵᠦᠶ᠋ᠯ᠃ ᠬᠠᠮᠤᠭ᠎ᠤᠨ ᠵᠠᠩᠭᠢᠯᠠᠭ᠎ᠠ᠎ᠶ᠋ᠢᠨ ᠬᠡᠳᠦᠨ ᠵᠦᠶ᠋ᠯ᠎ᠢ ᠮᠠᠷᠲᠠᠵᠤ ᠪᠣᠯᠬᠤ ᠥᠬᠡᠶ᠄ ᠪᠡᠶ᠎ᠡ᠎ᠶ᠋ᠢᠨ ᠦᠨᠡᠮᠯᠡᠯ᠂ ᠠᠮᠠᠪᠴᠢ᠂ ᠭᠠᠷ ᠤᠲᠠᠰᠤ ᠪᠠ ᠴᠠᠬᠢᠯᠭᠠᠨ ᠴᠡᠨᠡᠭ᠌ᠯᠡᠬᠦ᠌ ᠤᠲᠠᠰᠤ᠃
ᠬᠣᠶᠠᠷ᠎ᠲᠤ᠂ ᠰᠤᠯᠢᠵᠦ ᠡᠮᠤᠰᠬᠦ ᠬᠤᠪᠴᠠᠰᠤ ᠬᠤᠨᠠᠷ᠂ ᠣᠷᠣ᠎ᠶ᠋ᠢᠨ ᠪᠦᠲᠡᠭᠡᠯᠭᠡ ᠬᠥᠨᠵᠢᠯᠡ᠎ᠶ᠋ᠢᠨ ᠳᠤᠭ᠍ᠲᠤᠶ᠂ ᠴᠢᠷᠦᠭᠦᠯ ᠱᠠᠬᠠᠶ᠂ ᠰᠠᠬᠠᠯ᠎ᠤᠨ ᠬᠢᠲᠤᠭ᠎ᠠ (ᠡᠷᠡᠭ᠌ᠲᠡᠶ) ᠂ ᠠᠷᠢᠭᠤᠨ ᠴᠡᠪᠡᠷ᠎ᠤᠨ ᠴᠠᠭᠠᠰᠤ᠂ ᠱᠢᠳᠦᠨ ᠱᠤᠸᠠᠰᠠ ᠰᠢᠳᠤ ᠤᠬᠢᠶᠠᠬᠤ ᠴᠤᠮᠤ ᠵᠡᠷᠭᠡ ᠬᠤᠪᠢ ᠬᠥᠮᠦᠨ ᠦ ᠤᠬᠢᠶᠠᠯ᠎ᠤᠨ ᠬᠡᠷᠡᠭ᠌ᠰᠡᠯ᠎ᠢ ᠪᠡᠯᠡᠳᠭᠡᠭᠦ ᠴᠢᠬᠤᠯᠠᠳᠠᠢ᠃ ᠲᠤᠰᠠᠭᠠᠷᠯᠠᠬᠤ ᠬᠤᠭᠤᠴᠠᠭᠠᠨ᠎ᠳᠤ ᠠᠭᠠᠷ ᠲᠣᠬᠢᠷᠠᠭᠤᠯᠤᠭ᠍ᠴᠢ ᠪᠠ ᠤᠬᠢᠶᠠᠯᠭ᠎ᠠ ᠶ᠋ᠢᠨ ᠬᠡᠷ᠎ᠦᠨ ᠰᠠᠯᠬᠢ ᠭᠠᠳᠠᠭ᠍ᠰᠢᠯᠠᠭᠤᠯᠬᠤ ᠰᠠᠩᠰᠠ ᠵᠢ ᠨᠡᠭᠡᠭᠡᠬᠦ᠌᠎ᠶ᠋ᠢ ᠰᠠᠨᠠᠭᠤᠯᠬᠤ ᠥᠬᠡᠶ᠂ ᠵᠣᠨ᠎ᠤ ᠤᠯᠠᠷᠢᠯ᠎ᠳᠤ ᠥᠪᠡᠷ᠎ᠢᠶᠡᠨ ᠵᠢᠵᠢᠭ ᠰᠠᠩᠰᠠ ᠪᠡᠯᠡᠳᠭᠡᠨ᠎ᠡ᠃
ᠭᠤᠷᠪᠠ᠎ᠳᠤ᠂ ᠲᠦᠬᠦᠮ ᠮᠢᠨᠳᠤᠤᠷ᠂ ᠰᠤᠯᠠ ᠢᠳᠡᠭᠡᠨ᠂ ᠵᠢᠮᠢᠰ᠂ ᠬᠠᠯᠠᠭᠤᠨ ᠤᠰᠤᠨ ᠤ ᠴᠣᠮᠣ ᠠᠪᠴᠤ᠌ ᠶᠠᠪᠤᠨ᠎ᠠ᠃
ᠳᠥᠷᠪᠡ᠎ᠳᠦ᠂ ᠬᠡᠦᠬᠡᠳ ᠪᠠᠶ᠋ᠢᠪᠠᠯ ᠲᠣᠭ᠍ᠯᠠᠭᠠᠮ ᠤᠨ ᠵᠦᠢᠯ ᠢ ᠨᠢ ᠠᠪᠴᠤ᠌ ᠶᠠᠪᠤᠭᠠᠷᠠᠶ ( ᠬᠡᠦᠬᠡᠳ ᠨᠠᠩ ᠠᠮᠠᠷᠬᠠᠨ ᠰᠠᠨᠠᠭ᠎ᠠ ᠵᠤᠪᠠᠨ ᠲᠤᠬᠲᠠᠪᠤᠷᠢ ᠠᠯᠲᠠᠨᠠ )
ᠲᠠᠪᠤ᠎ᠳᠤ᠂ ᠤᠳᠠᠭᠠᠨ ᠴᠢᠨᠠᠷᠲᠠᠶ ᠡᠪᠡᠳᠴᠢᠨ ᠪᠤᠶᠤ ᠪᠤᠰᠤᠳ ᠪᠠᠢᠳᠠᠯ᠎ᠠᠴᠠ ᠪᠣᠯᠵᠣ ᠣᠷᠳᠣ ᠬᠤᠭᠤᠴᠠᠭ᠎ᠠ᠎ᠪᠠᠷ ᠡᠮ ᠤᠤᠭᠤᠬᠤ ᠴᠢᠬᠤᠯᠠᠲᠠᠶ ᠬᠦᠮᠦᠰ ᠡᠷᠬᠡᠪᠰᠢ ᠤᠷᠢᠳᠴᠢᠯᠠᠨ ᠭᠦᠶ᠋ᠴᠡᠳ ᠬᠡᠮᠵᠢᠶᠡᠨ᠎ᠦ ᠡᠮ ᠪᠡᠯᠡᠳᠭᠡᠬᠦ᠌ ᠬᠡᠷᠡᠭ᠌ᠲᠡᠶ᠂ ᠣᠨᠴᠠᠭᠠᠢᠯᠠᠨ ᠵᠠᠷᠢᠮ ᠦᠷᠭᠦᠯᠵᠢ ᠬᠡᠷᠡᠭ᠌ᠯᠡᠳᠡᠭ ᠪᠠᠴᠢᠮ ᠪᠠᠢᠳᠠᠯ ᠢ ᠠᠷᠭᠠᠴᠠᠭᠠᠬᠤ ᠡᠮ᠂ ᠱᠢᠷᠬᠠᠨ ᠤ ᠨᠠᠭᠠᠯᠲᠠ᠂ ᠢᠣᠳ᠋ ᠸᠣᠯᠲ᠎ᠤᠨ ᠬᠥᠪᠥᠩᠲᠦ ᠰᠠᠪᠠᠭ᠎ᠠ᠂ ᠡᠪᠡᠳᠬᠦ᠌᠎ᠶ᠋ᠢ ᠵᠣᠭ᠍ᠰᠣᠭᠠᠬᠤ ᠡᠮ᠂ ᠬᠣᠷᠭᠣᠰᠣᠯᠠᠬᠤ ᠡᠮ᠂ ᠰᠠᠭᠤᠯᠭᠠᠬᠤ ᠡᠮ ᠵᠡᠷᠭᠡ᠎ᠵᠢ ᠪᠦᠷ ᠪᠡᠯᠡᠳᠭᠡᠬᠦ ᠬᠡᠷᠡᠭᠲᠡᠢ᠃ ᠬᠡᠷᠪᠡ ᠡᠮᠦᠨ᠎ᠡ ᠨᠢ ᠶᠠᠮᠠᠷ ᠣᠨᠴᠠᠭᠠᠢ ᠡᠪᠡᠳᠴᠢᠨ ᠲᠡᠶ ᠪᠣᠯ ᠣᠨᠣᠱᠢᠯᠠᠭ᠍ᠰᠠᠨ ᠭᠡᠷᠡᠴᠢ ᠪᠠ ᠡᠮᠴᠢᠯᠡᠭᠦᠯᠦᠭ᠌ᠰᠡᠨ ᠲᠡᠮᠳᠡᠭ᠌ᠯᠡᠯ᠂ ᠪᠠᠢᠴᠠᠭᠠᠯᠲᠠ ᠬᠢᠭᠰᠡᠨ ᠬᠠᠭᠤᠳᠠᠰᠤ᠎ᠪᠠᠨ ᠪᠡᠯᠡᠳᠭᠡᠭᠡᠷᠡᠶ᠂ ᠢᠩᠭᠢᠪᠡᠯ ᠶᠠᠷᠱᠢᠭᠢ ᠪᠠᠭᠠᠰᠭᠠᠵᠤ᠂ ᠡᠮᠨᠡᠭᠦᠯᠬᠦ᠌᠎ᠳᠦ ᠳᠥᠭᠥᠮ ᠪᠣᠯᠤᠨ᠎ᠠ᠃
ᠡᠭᠦᠨ᠎ᠡᠴᠡ ᠭᠠᠳᠠᠨ᠎ᠠ᠂ ᠲᠥᠪᠯᠡᠷᠡᠭᠦᠯᠦᠨ ᠲᠤᠰᠠᠭᠠᠷᠯᠠᠬᠤ ᠴᠡᠭ ᠨᠢ ᠬᠡᠳᠦᠢᠪᠡᠷ ᠭᠠᠭ᠍ᠴᠠ ᠬᠥᠮᠦᠨ᠎ᠦ ᠭᠠᠭ᠍ᠴᠠ ᠥᠷᠥᠭᠡ ᠪᠣᠯᠪᠠᠴᠤ᠌ ᠡᠭᠦᠳᠡ ᠪᠡᠨ ᠨᠡᠭᠡᠭᠡᠬᠦ᠌᠂ ᠡᠭᠦᠳᠡᠨ ᠭᠠᠳᠠᠨᠠᠬᠢ ᠡᠳ᠋ ᠪᠣᠳᠠᠰ ᠢ ᠠᠪᠬᠤ ᠦᠶ᠎ᠡ ᠳ᠋ᠤ ᠠᠷᠢᠭᠤᠳᠬᠠᠬᠤ ᠠᠵᠢᠯ᠎ᠢ ᠰᠠᠢᠲᠦᠷ ᠬᠢᠬᠦ ᠬᠡᠷᠡᠭ᠌ᠲᠡᠶ᠃ ᠬᠡᠷᠪᠡ ᠵᠠᠪᠠᠯ ᠠᠪᠬᠤ ᠴᠢᠬᠤᠯᠠᠲᠠᠶ ᠵᠦᠶ᠋ᠯ ᠪᠠᠢᠪᠠᠯ᠂ ᠪᠠᠭᠤᠳᠠᠯ᠎ᠠᠴᠠ ᠵᠠᠷᠢᠮ ᠦᠷᠭᠦᠯᠵᠢ ᠬᠡᠷᠡᠭ᠌ᠯᠡᠬᠦ᠌ ᠪᠣᠳᠠᠰ ᠪᠠ ᠦᠷᠭᠦᠯᠵᠢ ᠬᠡᠷᠡᠭ᠌ᠯᠡᠬᠦ᠌ ᠡᠮ᠎ᠢ ᠬᠠᠩᠭᠠᠵᠤ ᠪᠣᠯᠤᠨ᠎ᠠ᠂ ᠬᠠᠷᠢᠯᠴᠠᠬᠤ ᠬᠤᠯᠪᠤᠭᠠᠨ ᠳ᠋ᠤ ᠲᠤᠰᠭᠠᠪᠠᠯ ᠠᠵᠢᠯᠲᠠᠨ ᠡᠴᠡ ᠯᠠᠪᠲᠠᠶ ᠲᠠᠨ ᠤ ᠴᠢᠬᠤᠯᠠ ᠪᠥᠬᠥᠶ ᠬᠡᠷᠡᠭ᠌ᠴᠡᠭᠡ ᠶ᠋ᠢ ᠠᠯᠢ ᠴᠢᠳᠠᠬᠤ᠎ᠪᠠᠷ ᠬᠠᠩᠭᠠᠨ᠎ᠠ᠃
ᠢᠷᠡᠯᠲᠡ᠄ ᠤᠮᠠᠷᠠᠲᠤ᠎ᠶ᠋ᠢᠨ ᠰᠦᠯᠵᠢᠶ᠎ᠡ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠤᠶᠤᠯᠲᠦ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃