ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠲᠠᠢᠯᠤᠮᠵᠢ

2023-02-02 20:34:13

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

1 ᠰᠠᠷ᠎ᠠ᠎ᠶᠢᠨ 31 ᠎ᠦ ᠡᠳᠦᠷ᠂ ᠳᠤᠮᠳᠠᠳᠤ ᠤᠯᠤᠰ᠎ᠤᠨ ᠡᠪᠡᠳᠴᠢᠨ ᠡᠮᠭᠡᠭ᠎ᠢ ᠰᠡᠷᠭᠡᠢᠯᠡᠨ ᠡᠵᠡᠮᠳᠡᠬᠦ ᠲᠥᠪ᠎ᠦᠨ ᠵᠢᠷᠬᠢᠶ᠎ᠠ ᠵᠢᠨ ᠲᠠᠪᠴᠠᠩ ᠤᠮᠢᠺᠷᠦᠨ ᠣᠨᠳᠣᠣᠰᠢᠭ᠍ᠰᠠᠨ ᠸᠢᠷᠦ᠋ᠰ CH.1.1 ᠎ᠶᠢᠨ ᠲᠤᠬᠠᠢ ᠲᠠᠢᠯᠤᠮᠵᠢ ᠬᠢᠪᠡ᠃

ᠤᠮᠢᠺᠷᠦᠨ ᠣᠨᠳᠣᠣᠰᠢᠭ᠍ᠰᠠᠨ ᠸᠢᠷᠦ᠋ᠰ CH.1.1 ᠨᠢ ᠶᠠᠭᠤ ᠪᠤᠢ?

CH.1.1 ᠪᠣᠯ ᠤᠮᠢᠺᠷᠦᠨ ᠣᠨᠳᠣᠣᠰᠢᠭ᠍ᠰᠠᠨ ᠸᠢᠷᠦ᠋ᠰ BA .2.75 ᠵᠢᠨ ᠵᠢᠷᠭᠤᠳᠤᠭᠠᠷ ᠦᠶ᠎ᠡ᠎ᠶᠢᠨ ᠬᠤᠪᠢᠯᠪᠤᠷᠢ ᠪᠣᠯᠣᠨ᠎ᠠ᠃ ᠬᠠᠮᠤᠭ᠎ᠤᠨ ᠰᠢᠨ᠎ᠡ ᠰᠤᠳᠤᠯᠭᠠᠨ᠎ᠳᠤ ᠢᠯᠡᠷᠡᠭᠦᠯᠦᠭᠰᠡᠨ᠎ᠢᠶᠡᠷ᠂ ᠭᠡᠨᠡᠳᠲᠡ᠎ᠶᠢᠨ ᠬᠤᠪᠢᠰᠤᠯᠲᠠ᠎ᠵᠢᠨ ᠴᠡᠭ ᠨᠢ ᠰᠢᠨ᠎ᠠ ᠪᠡᠷ ᠤᠯᠠᠨ ᠨᠡᠮᠡᠭᠳᠡᠭᠰᠡᠨ ᠪᠤᠯᠬᠤᠷ CH.1.1 ᠵᠢᠨ ᠳᠠᠷᠬᠠᠯᠭ᠎ᠠ ᠡᠴᠡ ᠪᠤᠯᠳᠠᠬᠤ ᠴᠢᠳᠠᠪᠤᠷᠢ᠎ᠨᠢ ᠨᠡᠮᠡᠭᠳᠡᠪᠡ᠃ᠡᠭᠦᠨ᠎ᠦ ᠬᠠᠮᠲᠤ᠂ ᠰᠢᠨ᠎ᠡ᠎ᠪᠡᠷ ᠨᠡᠮᠡᠭᠳᠡᠭᠰᠡᠨ ᠭᠡᠨᠡᠳᠲᠡ᠎ᠶᠢᠨ ᠬᠤᠪᠢᠰᠤᠯᠳᠡ ᠎ᠶᠢᠨ ᠴᠡᠭ ( L 452 R ) ᠨᠢ ᠥᠩᠭᠡᠷᠡᠭᠰᠡᠨ ᠎ᠤ ᠳ᠋ᠸᠯᠲ᠋ᠠ᠎ᠶᠢᠨ ᠤᠨᠳᠤᠤᠰᠢᠬᠰᠡᠨ ᠸᠢᠷᠦ᠋ᠰ ᠎ᠤᠨ ᠣᠨᠴᠠᠯᠢᠭ᠋ ᠪᠦᠬᠦᠢ ᠭᠡᠨᠡᠳᠲᠡ᠎ᠶᠢᠨ ᠬᠤᠪᠢᠰᠤᠯᠳᠡ᠎ᠶᠢᠨ ᠴᠡᠭ ᠪᠤᠯᠤᠨ᠎ᠠ᠃ ᠭᠡᠪᠡᠴᠦ ᠠᠩᠬᠠᠷᠤᠭᠤᠰᠢᠲᠠᠢ ᠨᠢ᠂ ᠲᠣᠰ ᠭᠡᠨᠡᠳᠲᠡ᠎ᠶᠢᠨ ᠬᠤᠪᠢᠰᠤᠯᠳᠡ ᠵᠢᠨ ᠴᠡᠭ ᠨᠢ ᠪᠠᠰᠠ BA.5.3 ᠪᠠ BA .5.1.3 ᠵᠡᠷᠭᠡ ᠮᠠᠰᠢ ᠣᠯᠠᠨ ᠤᠮᠢᠺᠷᠦᠨ ᠎ᠤ ᠬᠤᠪᠢᠯᠪᠤᠷᠢ ᠳᠣᠲᠣᠷ᠎ᠠ ᠣᠷᠣᠰᠢᠵᠤ ᠪᠠᠢᠨ᠎ᠠ᠃

2022 ᠣᠨ ᠎ᠤ 11 ᠰᠠᠷ᠎ᠠ ᠡᠴᠡ ᠣᠲᠣ᠌ ᠪᠣᠯᠲᠠᠯ᠎ᠠ᠂ ᠠᠮᠧᠷᠢᠺᠠ᠎ᠶᠢᠨ ᠰᠢᠨ᠎ᠡ ᠲᠢᠲᠢᠮᠯᠢᠭ᠌ ᠸᠢᠷᠦ᠋ᠰ᠎ᠤᠨ ᠳᠣᠲᠣᠷ᠎ᠠ CH.1.1 ᠵᠢᠨ ᠡᠵᠡᠯᠡᠬᠦ ᠬᠠᠷᠢᠴᠠᠯ ᠨᠢ ᠳᠡᠭᠡᠭᠰᠢᠯᠡᠬᠦ ᠬᠠᠨᠳᠤᠰᠢ᠎ᠲᠠᠢ᠃ 2023 ᠣᠨ᠎ᠤ ᠳᠥᠷᠪᠡᠳᠦᠭᠡᠷ ᠭᠠᠷᠠᠭ᠎ᠲᠤ᠂ ᠠᠮᠧᠷᠢᠺᠠ᠎ᠳᠤ ᠳᠡᠯᠭᠡᠷᠡᠭᠰᠡᠨ ᠸᠢᠷᠦ᠋ᠰ ᠎ᠤᠨ ᠳᠤᠳᠤᠷ᠎ᠠ CH.1.1 ᠎ᠵᠢᠨ ᠡᠵᠡᠯᠡᠬᠦ ᠬᠠᠷᠢᠴᠠᠯ ᠨᠢ ᠲᠠᠪᠤᠳᠤᠭᠠᠷ᠎ᠲᠤ ᠣᠷᠣᠵᠤ᠂ XBB.1.5 ᠂ BQ.1.1 ᠂ BQ . 1.1᠂ BQ.1 ᠪᠠ XBB ᠣᠨᠳᠣᠣᠰᠢᠬᠰᠡᠨ ᠸᠢᠷᠦ᠋ᠰ ᠎ᠤᠨ ᠳᠠᠷᠠᠭ᠎ᠠ ᠤᠷᠤᠵᠠᠢ᠃

CH .1.1 ᠡᠪᠡᠳᠴᠢᠯᠡᠭᠦᠯᠬᠦ ᠴᠢᠨᠠᠷ ᠨᠢ ᠨᠠᠩ ᠴᠢᠩᠭ᠎ᠠ ᠦᠦ?

ᠣᠳᠣᠬᠠᠨ᠎ᠳᠤ᠂ CH.1.1 ᠵᠢᠨ ᠡᠪᠡᠳᠴᠢᠯᠡᠭᠦᠯᠬᠦ ᠴᠢᠨᠠᠷ ᠴᠢᠩᠭᠠᠷᠠᠬᠰᠠᠨ ᠎ᠢ ᠤᠯᠵᠦ ᠬᠠᠷᠠᠭ᠎ᠠ ᠦᠬᠡᠢ ᠪᠣᠯᠬᠣᠷ ᠤᠯᠠᠮ ᠨᠢᠭᠡ ᠠᠯᠬᠤᠮ ᠠᠩᠬᠠᠷᠬᠤ ᠴᠢᠬᠤᠯᠠᠲᠠᠢ ᠪᠠᠢᠨ᠎ᠠ᠃ ᠡᠩ᠎ᠦᠨ ᠰᠢᠨ᠎ᠡ ᠸᠢᠷᠦ᠋ᠰ ᠢᠯᠡᠷᠡᠭᠰᠡᠨ᠎ᠤ ᠳᠠᠷᠠᠭ᠎ᠠ᠂ ᠬᠠᠯᠳᠠᠪᠤᠷᠢ ᠠᠪᠤᠬᠰᠠᠨ ᠡᠪᠡᠳᠴᠢᠲᠡᠨ ᠎ᠢ ᠨᠢᠭᠡ ᠬᠡᠰᠡᠭ ᠬᠤᠭᠤᠴᠠᠭ᠎ᠠ ᠠᠵᠢᠬᠯᠠᠪᠡᠯ ᠰᠠᠶᠢ ᠰᠢᠨ᠎ᠡ ᠸᠢᠷᠦ᠋ᠰ ᠎ᠤᠨ ᠡᠪᠡᠳᠴᠢᠯᠡᠭᠦᠯᠬᠦ ᠴᠢᠨᠠᠷ᠎ᠢ ᠠᠩᠬ᠎ᠠ ᠠᠯᠬᠤᠮ ᠮᠠᠭᠠᠳᠯᠠᠵᠤ ᠴᠢᠳᠠᠨ᠎ᠠ᠃

CH .1.1 ᠪᠦᠬᠦ ᠪᠥᠮᠪᠥᠷᠴᠡᠭ᠎ᠲᠦ ᠳᠡᠯᠭᠡᠷᠡᠭᠰᠡᠨ ᠣᠨᠴᠠᠯᠢᠭ᠋

GISAID ᠳ᠋ᠠᠢᠲ᠋ᠠ ᠬᠥᠮᠥᠷᠭᠡ ᠎ᠶᠢᠨ ᠴᠤᠭᠯᠠᠭᠤᠯᠤᠬᠰᠡᠨ᠎ᠢ ᠦᠨᠳᠦᠰᠦᠯᠡᠪᠡᠯ᠂ CH .1.1 ᠎ᠶᠢ 2022 ᠣᠨ᠎ᠤ 7 ᠰᠠᠷ᠎ᠠ᠎ᠶᠢᠨ 8 ᠎ᠤ ᠡᠳᠦᠷ ᠡᠨᠡᠳᠬᠡᠭ᠎ᠲᠦ ᠠᠩᠬ᠎ᠠ ᠤᠳᠠᠭ᠎ᠠ ᠢᠯᠡᠷᠡᠭᠦᠯᠪᠡ᠃ ᠣᠢᠷ᠎ᠠ᠎ᠶᠢᠨ 1 ᠰᠠᠷ᠎ᠠ᠎ᠳᠤ᠂ CH.1.1 ᠵᠢᠴᠢ ᠲᠡᠭᠦᠨ᠎ᠦ ᠬᠤᠪᠢᠯᠪᠤᠷᠢ᠎ᠶᠢᠨ ᠪᠥᠬᠥ ᠪᠥᠮᠪᠥᠷᠴᠡᠭ᠎ᠲᠦ ᠡᠵᠡᠯᠡᠬᠦ ᠬᠠᠷᠢᠴᠠᠯ ᠨᠢ 6% ᠎ᠶᠢ ᠳᠠᠪᠠᠪᠠ᠃ 2023 ᠣᠨ᠎ᠤ 1 ᠰᠠᠷ᠎ᠠ᠎ᠶᠢᠨ 30 ᠎ᠤ ᠡᠳᠦᠷ ᠪᠣᠯᠲᠠᠯ᠎ᠠ ᠂ 67 ᠤᠯᠤᠰ ᠪᠤᠶᠤ ᠭᠠᠵᠠᠷ ᠣᠷᠣᠨ ᠎ᠳᠦ ᠪᠠᠢᠴᠠᠭᠠᠯᠳᠠ ᠬᠢᠬᠡᠳ ᠭᠣᠣᠯᠳᠠᠭᠤ ᠠᠨᠭ᠌ᠭ᠌ᠯᠢ᠂ ᠳ᠋ᠠᠨᠮᠠᠷᠺ᠂ ᠰᠢᠩᠭᠠᠫᠤᠷ ᠵᠡᠷᠭᠡ ᠤᠯᠤᠰ᠎ᠲᠤ ᠳᠡᠯᠭᠡᠷᠡᠭᠰᠡᠨ ᠎ᠢ ᠢᠯᠡᠷᠡᠬᠦᠯᠵᠠᠢ᠂ ᠣᠢᠷ᠎ᠠ᠎ᠶᠢᠨ ᠨᠢᠭᠡ ᠰᠠᠷ᠎ᠠ᠎ᠶᠢᠨ ᠳᠣᠲᠣᠷ᠎ᠠ ᠠᠨᠭ᠌ᠭ᠌ᠯᠢ᠎ᠳᠤ ᠳᠡᠯᠬᠡᠷᠡᠭᠰᠡᠨ ᠰᠢᠨ᠎ᠡ ᠲᠢᠲᠢᠮᠯᠢᠭ᠌ ᠸᠢᠷᠦ᠋ᠰ᠎ᠦᠨ ᠵᠢᠭ᠍ᠰᠠᠭᠠᠯᠲᠠ᠎ᠳᠤ 25 % ᠎ᠶᠢ ᠡᠵᠡᠯᠡᠭᠰᠡᠨ ᠪᠠᠢᠨ᠎ᠠ᠃

CH .1.1 ᠎ᠵᠢᠨ ᠲᠤᠬᠠᠢ ᠮᠠᠨ᠎ᠤ ᠤᠯᠤᠰ ᠎ᠤᠨ ᠪᠠᠢᠴᠠᠭᠠᠯᠳᠡ ᠵᠢᠨ ᠪᠠᠢᠳᠠᠯ

2022 ᠣᠨ᠎ᠤ 11 ᠰᠠᠷ᠎ᠠ᠎ᠶᠢᠨ13 ᠎ᠤ ᠡᠳᠦᠷ᠂ ᠮᠠᠨ᠎ᠤ ᠤᠯᠤᠰ ᠭᠧᠨ᠎ᠦ ᠪᠦᠯᠦᠭ᠎ᠦᠨ ᠬᠡᠮᠵᠢᠯᠲᠡ᠎ᠪᠡᠷ ᠳᠡᠮᠵᠢᠨ ᠲᠢᠶᠠᠨᠵᠢᠨ ᠬᠣᠲᠠ᠎ᠡᠴᠡ ᠠᠩᠬ᠎ᠠ ᠤᠳᠠᠭ᠎ᠠ ᠮᠡᠳᠡᠭᠦᠯᠦᠨ ᠬᠦᠷᠭᠡᠭᠰᠡᠨ᠎ᠲᠠᠢ ᠤᠯᠤᠰ᠎ᠡᠴᠡ ᠣᠷᠣᠵᠤ ᠢᠷᠡᠭᠰᠡᠨ 1 ᠡᠪᠡᠳᠴᠢᠨ᠎ᠦ ᠵᠢᠱ᠌ᠢᠶ᠎ᠡ᠎ᠶᠢᠨ ᠥᠯᠢᠭᠡᠷ ( 2022 ᠣᠨ᠎ᠤ 11 ᠰᠠᠷ᠎ᠠ᠎ᠶᠢᠨ 10 ᠎ᠤ ᠡᠳᠦᠷ ᠠᠪᠤᠬᠰᠠᠨ ᠥᠯᠢᠭᠡᠷ) ᠳᠣᠲᠣᠷ᠎ᠠ ᠡᠴᠡ CH.1.1 ᠎ᠶᠢ ᠪᠠᠢᠴᠠᠭᠠᠨ ᠭᠠᠷᠭᠠᠪᠠ᠃ 2023 ᠣᠨ᠎ᠤ 1 ᠰᠠᠷ᠎ᠠ᠎ᠶᠢᠨ 30 ᠎ᠤ ᠡᠳᠦᠷ ᠪᠣᠯᠲᠠᠯ᠎ᠠ᠂ CH.1.1 ᠵᠢᠴᠢ ᠳᠡᠬᠦᠨ᠎ᠤ ᠬᠤᠪᠢᠯᠪᠤᠷᠢ ᠪᠦᠬᠦᠢ ᠡᠪᠡᠳᠴᠢᠲᠡᠨ᠎ᠢ ᠨᠡᠶ᠋ᠢᠲᠡ 24 ᠢᠯᠡᠷᠡᠭᠦᠯᠪᠡ᠃ ᠭᠠᠳᠠᠨ᠎ᠠ ᠡᠴᠡ ᠣᠷᠣᠵᠤ ᠢᠷᠡᠭᠰᠡᠨ ᠡᠪᠡᠳᠴᠢᠲᠡᠨ᠎ᠦ ᠢᠷᠡᠯᠲᠡ᠎ᠶᠢᠨ ᠭᠠᠵᠠᠷ ᠨᠢ 15 ᠤᠯᠤᠰ ᠪᠤᠶᠤ ᠭᠠᠵᠠᠷ ᠣᠷᠣᠨ᠎ᠳᠤ ᠬᠣᠯᠪᠣᠭᠳᠠᠨ᠎ᠠ᠃ CH.1.1 ᠵᠢᠴᠢ ᠬᠤᠪᠢᠯᠪᠤᠷᠢ ᠎ᠶᠢᠨ ᠲᠤᠬᠠᠢ᠎ᠶᠢᠨ ᠭᠠᠵᠠᠷ᠎ᠲᠦ ᠬᠠᠯᠳᠠᠪᠤᠷᠢᠯᠠᠭᠰᠠᠨ ᠡᠪᠡᠳᠴᠢᠨ᠎ᠦ ᠵᠢᠱ᠌ᠢᠶ᠎ᠡ᠎ᠶᠢ ᠪᠠᠢᠴᠠᠭᠠᠵᠦ ᠣᠯᠣᠭᠰᠠᠨ ᠦᠭᠡᠢ᠃

CH .1.1 ᠨᠢ ᠬᠣᠶᠠᠳᠤᠭᠠᠷ ᠡᠭᠡᠯᠵᠢ᠎ᠶᠢᠨ ᠬᠠᠯᠳᠠᠪᠤᠷᠢᠯᠠᠯ᠎ᠢ ᠡᠭᠦᠰᠬᠡᠨ᠎ᠠ ᠦᠦ?

ᠬᠡᠳᠦᠢᠪᠡᠷ CH.1.1᠎ᠵᠢᠨ ᠪᠤᠯᠳᠠᠬᠤ ᠴᠢᠳᠠᠪᠤᠷᠢ ᠪᠠ ᠬᠠᠯᠳᠠᠪᠤᠷᠢᠯᠠᠬᠤ ᠴᠢᠳᠠᠪᠤᠷᠢ ᠨᠢ ᠤᠯᠠᠮ ᠨᠢᠭᠡ ᠠᠯᠬᠤᠮ ᠴᠢᠩᠭᠠᠷᠠᠵᠤ᠂ ᠬᠠᠯᠳᠠᠪᠤᠷᠢᠯᠠᠯ ᠪᠠ ᠳᠠᠬᠢᠨ ᠬᠠᠯᠳᠠᠪᠤᠷᠢᠯᠠᠯ ᠎ᠤᠨ ᠲᠦᠭᠰᠢᠭᠦᠷᠢ᠎ᠶᠢ ᠨᠡᠮᠡᠭᠳᠡᠭᠦᠯᠦᠭᠰᠡᠨ ᠪᠣᠯᠪᠠᠴᠤ ᠮᠠᠨ᠎ᠤ ᠤᠯᠤᠰ᠎ᠤᠨ ᠣᠯᠠᠩᠬᠢ ᠬᠥᠮᠥᠰ᠎ᠦᠨ ᠪᠡᠶ᠎ᠡ ᠳᠣᠲᠣᠷ᠎ᠠ ᠨᠢᠭᠡᠨᠲᠡ ᠥᠨᠳᠥᠷ ᠬᠢᠷᠢ ᠲᠦᠪᠰᠢᠨ ᠪᠦᠬᠦᠢ ᠰᠠᠭᠠᠷᠮᠠᠭᠵᠢᠭ᠍ᠰᠠᠨ ᠠᠨᠲ᠋ᠢᠪᠤᠳᠢ ᠣᠷᠣᠰᠢᠵᠤ ᠂ ᠵᠣᠬᠢᠬᠤ ᠰᠣᠯᠪᠢᠴᠠᠨ ᠬᠠᠮᠠᠭᠠᠯᠠᠬᠤ ᠦᠢᠯᠡᠳᠦᠯ᠎ᠲᠠᠢ ᠪᠤᠯᠬᠤᠷ CH.1. 1 ᠨᠢ ᠣᠬᠣᠷ ᠬᠤᠭᠤᠴᠠᠭᠠᠨ᠎ᠳᠤ ᠲᠣᠰ ᠭᠠᠵᠠᠷ ᠣᠷᠣᠨ᠎ᠳᠤ ᠶᠡᠬᠡ ᠬᠡᠪᠴᠢᠶ᠎ᠡ᠎ᠪᠡᠷ ᠳᠡᠯᠭᠡᠷᠡᠬᠦ ᠦᠭᠡᠢ ᠶᠤᠮ᠃ ᠭᠡᠪᠡᠴᠤ 65 ᠨᠠᠰᠤᠨ᠎ᠠᠴᠠ ᠳᠡᠭᠡᠭᠰᠢᠬᠢ ᠨᠠᠰᠤᠲᠠᠢᠴᠤᠳ᠂ ᠬᠠᠭᠤᠴᠢᠨ ᠠᠷᠬᠠᠭ ᠲᠠᠢ ᠬᠦᠮᠦᠰ ᠪᠠ ᠸᠠᠺᠼᠢᠨ ᠳᠠᠷᠢᠭᠤᠯᠤᠭᠰᠠᠨ ᠦᠭᠡᠢ ᠬᠥᠮᠥᠰ᠂ ᠬᠠᠯᠳᠠᠪᠤᠷᠢᠯᠠᠭᠳᠠᠭᠠᠳᠤᠢ ᠬᠥᠮᠥᠰ ᠬᠤᠪᠢ ᠬᠥᠮᠥᠨ ᠎ᠦ ᠰᠡᠷᠭᠡᠢᠯᠡᠯᠲᠡ ᠬᠠᠮᠠᠭᠠᠯᠠᠯᠲᠠ᠎ᠪᠠᠨ ᠴᠢᠩᠭᠠᠳᠬᠠᠬᠤ ᠴᠢᠬᠤᠯᠠᠲᠠᠢ᠃ ᠤᠯᠠᠨ ᠵᠢᠡᠷ ᠵᠢᠡᠨ ᠮᠦᠨ ᠎ᠬᠦ ᠰᠠᠢᠨ ᠰᠠᠢᠬᠠᠨ ᠡᠷᠡᠭᠦᠯ ᠬᠠᠮᠠᠭᠠᠯᠠᠯ᠎ᠤᠨ ᠳᠠᠳᠬᠠᠯ ᠵᠢᠡᠨ ᠪᠠᠲᠤᠯᠠᠵᠤ᠂ ᠰᠦᠯᠵᠢᠶᠡᠨ᠎ᠦ ᠴᠤᠤᠷᠬᠠᠯ᠎ᠢ ᠢᠲᠡᠭᠡᠵᠦ ᠪᠣᠯᠬᠤ ᠦᠭᠡᠢ᠃

ᠢᠷᠡᠯᠲᠡ᠄ ᠳᠤᠮᠳᠠᠳᠤ ᠤᠯᠤᠰ᠎ᠤᠨ ᠡᠪᠡᠳᠴᠢᠨ ᠡᠮᠭᠡᠭ᠎ᠢ ᠰᠡᠷᠭᠡᠢᠯᠡᠨ ᠡᠵᠡᠮᠳᠡᠬᠦ ᠲᠥᠪ᠎ᠦᠨ ᠵᠢᠷᠬᠢᠶ᠎ᠠ ᠵᠢᠨ ᠲᠠᠪᠴᠠᠩ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面