2021-12-17 10:26:28
《ᠪᠤᠭᠤᠲᠤ ᠬᠣᠲᠠ ᠵᠢᠨ ᠬᠥᠨᠳᠡᠯᠡᠨ ᠲᠣᠭᠣᠷᠢᠭ᠂ ᠴᠢᠩᠱᠠᠨ ᠲᠣᠭᠣᠷᠢᠭ᠂ ᠬᠣᠪᠣᠷ ᠱᠢᠷᠣᠶ ᠵᠢᠨ ᠳᠡᠭᠡᠳᠦ ᠱᠢᠨᠡ ᠮᠡᠷᠭᠡᠵᠢᠯ ᠤ᠋ᠨ ᠲᠣᠭᠣᠷᠢᠭ ᠱᠢᠯᠢᠳᠡᠭᠢᠶᠡᠷ ᠦᠨᠡᠯᠡᠭ᠌ᠳᠡᠵᠦ᠍᠂ ᠪᠠᠰᠠ 4 ᠬᠣᠱᠢᠭᠤ ᠱᠢᠶᠠᠨ ᠲᠣᠭᠣᠷᠢᠭ ᠰᠠᠢᠨᠢᠶᠠᠷ ᠦᠨᠡᠯᠡᠭ᠌ᠳᠡᠵᠦ᠍᠂ 3 ᠬᠣᠱᠢᠭᠤ ᠱᠢᠶᠠᠨ ᠲᠣᠭᠣᠷᠢᠭ ᠶᠡᠷᠦᠮᠳᠡᠭᠢᠶᠡᠷ ᠦᠨᠡᠯᠡᠭ᠌ᠳᠡᠪᠡ ᠁》 ᠣᠢᠷᠠ ᠳ᠋ᠦ ᠬᠤᠷᠠᠯᠳᠤᠭ᠍ᠰᠠᠨ ᠪᠤᠭᠤᠲᠤ ᠬᠣᠲᠠ ᠵᠢᠨ ᠴᠢᠬᠤᠯᠠ ᠶᠡᠬᠡ ᠲᠥᠷᠥᠯ ᠵᠦᠶ᠋ᠯ ᠢ᠋ ᠲᠣᠭᠣᠷᠢᠨ ᠦᠵᠡᠵᠦ᠍ ᠠᠬᠢᠭᠤᠯᠬᠤ ᠬᠤᠷᠠᠯᠤᠨ ᠳ᠋ᠦᠩᠨᠡᠯᠲᠡ ᠵᠢᠨ ᠶᠡᠬᠡ ᠬᠤᠷᠠᠯ ᠳᠡᠭᠡᠷᠡ ᠬᠤᠷᠠᠯ ᠳ᠋ᠦ ᠣᠷᠣᠯᠴᠠᠭ᠍ᠰᠠᠳ ᠪᠤᠭᠤᠲᠤ ᠬᠣᠲᠠ ᠵᠢᠨ 9 ᠬᠣᠱᠢᠭᠤ ᠱᠢᠶᠠᠨ ᠲᠣᠭᠣᠷᠢᠭ ᠪᠠ ᠬᠣᠪᠣᠷ ᠱᠢᠷᠣᠶ ᠵᠢᠨ ᠳᠡᠭᠡᠳᠦ ᠱᠢᠨᠡ ᠮᠡᠷᠭᠡᠵᠢᠯ ᠤ᠋ᠨ ᠲᠣᠭᠣᠷᠢᠭᠤᠨ ᠬᠤᠪᠢ ᠣᠯᠤᠭ᠍ᠰᠠᠨ ᠪᠠᠢᠳᠠᠯ ᠢ᠋ ᠶᠠᠷᠢᠯᠴᠠᠨᠠ᠃
ᠨᠠᠮᠤᠨ ᠠᠷᠪᠠ ᠶᠢᠰᠦᠳᠦᠭᠡᠷ ᠬᠤᠭᠤᠴᠠᠭᠠᠨᠤ ᠲᠥᠪ ᠬᠤᠷᠢᠶᠠ ᠵᠢᠨ ᠵᠢᠷᠭᠤᠳᠤᠭᠠᠷ ᠪᠥᠬᠥᠳᠡ ᠬᠤᠷᠠᠯᠤᠨ ᠵᠣᠷᠢᠭ ᠰᠠᠨᠠᠭᠠ ᠪᠠ ᠥᠪᠡᠷᠲᠡᠭᠡᠨ ᠵᠠᠰᠠᠬᠤ ᠣᠷᠣᠨᠤ ᠠᠷᠪᠠᠨ ᠨᠢᠭᠡᠳᠦᠭᠡᠷ ᠤᠳᠠᠭᠠ ᠵᠢᠨ ᠨᠠᠮᠤᠨ ᠲᠥᠯᠥᠭᠡᠯᠡᠭ᠌ᠴᠢᠳ ᠤ᠋ᠨ ᠶᠡᠬᠡ ᠬᠤᠷᠠᠯᠤᠨ ᠵᠣᠷᠢᠭ ᠰᠠᠨᠠᠭᠠ ᠵᠢ ᠭᠦᠨᠵᠡᠭᠡᠶ ᠲᠤᠭᠤᠱᠢᠯᠠᠭᠤᠯᠬᠤ ᠵᠢᠨ ᠲᠥᠯᠥᠭᠡ᠂ ᠪᠤᠭᠤᠲᠤ ᠬᠣᠲᠠ ᠴᠢᠬᠤᠯᠠ ᠶᠡᠬᠡ ᠲᠥᠷᠥᠯ ᠵᠦᠶ᠋ᠯᠢ ᠲᠣᠭᠣᠷᠢᠨ ᠦᠵᠡᠵᠦ᠍ ᠠᠬᠢᠭᠤᠯᠬᠤ ᠬᠤᠷᠠᠯ ᠬᠤᠷᠠᠯᠳᠤᠭᠤᠯᠵᠤ᠂ ᠪᠥᠬᠥ᠌ ᠬᠣᠲᠠ ᠵᠢᠨ 9 ᠬᠣᠱᠢᠭᠤ ᠱᠢᠶᠠᠨ ᠲᠣᠭᠣᠷᠢᠭ ᠪᠠ ᠬᠣᠪᠣᠷ ᠱᠢᠷᠣᠶ ᠵᠢᠨ ᠳᠡᠭᠡᠳᠦ ᠱᠢᠨᠡ ᠮᠡᠷᠭᠡᠵᠢᠯ ᠤ᠋ᠨ ᠲᠣᠭᠣᠷᠢᠭᠤᠨ ᠲᠥᠪᠯᠡᠷᠡᠩᠭᠦᠢ ᠭᠠᠷᠭᠠᠭ᠍ᠰᠠᠨ 50 ᠭᠤᠤᠯᠳᠠᠯᠭᠠᠲᠠᠶ ᠲᠥᠷᠥᠯ ᠵᠦᠶ᠋ᠯ ᠢ᠋ ᠲᠤᠬᠠᠶ ᠵᠢᠨ ᠲᠠᠯᠠᠪᠤᠷᠲᠤ ᠲᠣᠭᠣᠷᠢᠨ ᠦᠵᠡᠵᠦ᠍ ᠠᠳᠠᠯᠢᠳᠭᠠᠨ ᠱᠢᠯᠭᠠᠷᠠᠭᠤᠯᠵᠤ᠂ ᠬᠤᠪᠢ ᠲᠣᠭ᠍ᠲᠠᠭᠠᠨ ᠵᠢᠭ᠍ᠰᠠᠭᠠᠵᠤ᠂ ᠪᠥᠬᠥ᠌ ᠬᠣᠲᠠ ᠵᠢᠨ ᠳᠡᠭᠡᠳᠦ ᠳᠤᠤᠷᠠᠳᠤ ᠱᠠᠲᠤ ᠵᠢ ᠳᠠᠢᠴᠢᠯᠠᠨ《ᠪᠦᠬᠦ ᠬᠦᠴᠦᠨ ᠵᠢᠡᠷ ᠵᠢᠠᠨ ᠴᠠᠭ ᠲᠠᠢ ᠤᠷᠤᠯᠳᠤᠨ᠂ ᠲᠡᠷᠢᠭᠦᠨᠦᠬᠢ ᠪᠣᠯᠬᠤᠪᠠᠷ ᠴᠢᠷᠮᠠᠢᠵᠠᠭᠠᠨᠠ》᠃
ᠡᠪᠦᠯ ᠴᠠᠭᠤᠨ ᠪᠤᠭᠤᠲᠤ ᠵᠢ ᠪᠠᠷᠠᠯᠠᠬᠤᠶᠠ᠂ ᠮᠠᠱᠢᠨᠤ ᠳᠠᠭᠤᠨ ᠬᠦᠷᠴᠢᠬᠢᠨᠡᠭᠰᠡᠨ ᠦᠶ᠋ᠯᠡᠳᠪᠦᠷᠢ ᠵᠢᠨ ᠲᠠᠰᠤᠭ᠂ ᠡᠷᠭᠦᠭᠦᠷ ᠰᠦᠨᠳᠡᠷᠯᠡᠭᠰᠡᠨ ᠪᠠᠷᠢᠯᠭᠠ ᠵᠢᠨ ᠭᠠᠵᠠᠷ᠂ ᠡᠳᠦᠷᠡᠴᠡ ᠡᠳᠦᠷ ᠱᠢᠨᠡᠳᠦᠨ ᠬᠤᠪᠢᠷᠠᠵᠤ ᠪᠠᠢᠭᠠ ᠠᠵᠤ ᠦᠶ᠋ᠯᠡᠳᠪᠦᠷᠢ ᠵᠢᠨ ᠬᠦᠷᠢᠶᠡᠯᠡᠩ ᠲᠣᠭᠣᠷᠢᠭ ᠲᠣ᠌ ᠪᠦᠷ ᠲᠥᠷᠥᠯ ᠵᠦᠶ᠋ᠯ ᠤ᠋ᠨ ᠪᠥᠲᠥᠭᠡᠨ ᠪᠠᠢᠭᠤᠯᠤᠯᠲᠠ ᠡᠷᠴᠢᠮᠲᠡᠶ ᠶᠠᠪᠤᠭ᠍ᠳᠠᠵᠤ᠂ ᠪᠥᠬᠥ᠌ ᠬᠦᠴᠦᠨ ᠵᠢᠡᠷ ᠤᠷᠤᠬᠰᠢᠯᠠᠬᠤ ᠤᠷᠬᠢᠯᠤᠮᠠ ᠬᠠᠯᠠᠭᠤᠨ ᠡᠷᠴᠢ ᠵᠤᠷᠢᠭ ᠭᠠᠵᠠᠷ ᠪᠣᠯᠭᠠᠨ ᠳ᠋ᠦ ᠪᠢᠯᠬᠠᠵᠤ ᠪᠠᠢᠨᠠ᠃
ᠪᠤᠭᠤᠲᠤ ᠬᠣᠲᠠ ᠵᠢᠨ ᠬᠥᠭ᠌ᠵᠢᠭᠦᠯᠦᠯᠲᠡ ᠪᠠ ᠥᠭᠡᠷᠡᠴᠢᠯᠡᠯᠲᠡ ᠵᠢᠨ ᠵᠥᠪᠯᠡᠯ ᠤ᠋ᠨ ᠳᠡᠳ᠋ ᠡᠷᠬᠢᠯᠡᠭ᠌ᠴᠢ ᠴᠢᠶᠠᠩ ᠶᠤᠸᠠᠢ ᠵᠢᠨ ᠲᠠᠨᠢᠯᠴᠠᠭᠤᠯᠬᠤ ᠪᠡᠷ᠂ ᠡᠨᠡ ᠤᠳᠠᠭᠠᠨᠤ ᠲᠣᠭᠣᠷᠢᠨ ᠦᠵᠡᠵᠦ᠍ ᠠᠳᠠᠯᠢᠳᠭᠠᠨ ᠱᠢᠯᠭᠠᠷᠠᠭᠤᠯᠬᠤ 50 ᠲᠥᠷᠥᠯ ᠵᠦᠶ᠋ᠯ ᠤ᠋ᠨ ᠳᠣᠲᠣᠷᠠ ᠳᠡᠯᠡᠬᠡᠶ ᠵᠢᠨ 500 ᠬᠦᠴᠦᠷᠬᠡᠭ᠂ ᠳᠤᠮᠳᠠᠳᠤ ᠤᠯᠤᠰᠤᠨ 500 ᠬᠦᠴᠦᠷᠬᠡᠭ᠂ ᠳᠤᠮᠳᠠᠳᠤ ᠤᠯᠤᠰᠤᠨ ᠠᠷᠠᠳᠤᠨ ᠡᠵᠡᠩᠨᠡᠯᠲᠡ ᠵᠢᠨ 500 ᠬᠦᠴᠦᠷᠬᠡᠭ ᠪᠠ ᠰᠲ᠋ᠤᠺ ᠵᠢᠡᠨ ᠵᠠᠬᠠ ᠳᠡᠯᠭᠡᠭᠦᠷᠲᠦ ᠭᠠᠷᠭᠠᠭ᠍ᠰᠠᠨ ᠺᠣᠮᠫᠠᠨᠢ ᠵᠢᠨ ᠪᠠᠯᠠ ᠣᠷᠣᠭᠤᠯᠤᠭ᠍ᠰᠠᠨ ᠲᠥᠷᠥᠯ ᠵᠦᠶ᠋ᠯ 16 ᠪᠠᠢᠨᠠ᠃ ᠲᠤᠰ 50 ᠲᠥᠷᠥᠯ ᠵᠦᠢᠯ ᠤ᠋ᠨ ᠶᠡᠷᠦᠩᠬᠡᠶ ᠪᠡᠯᠡ ᠣᠷᠣᠭᠤᠯᠤᠯᠲᠠ 740 ᠳ᠋ᠦᠩᠱᠢᠭᠤᠷ ᠲᠥᠭᠥᠷᠢᠭ ᠲᠦ᠍ ᠬᠦᠷᠴᠦ᠂ ᠪᠦᠬᠦᠨ ᠢ᠋ ᠪᠠᠢᠭᠤᠯᠵᠤ ᠳᠠᠭᠤᠰᠭᠠᠭᠠᠳ ᠠᠱᠢᠭ᠍ᠯᠠᠯᠲᠠ ᠳ᠋ᠦ ᠣᠷᠣᠭᠤᠯᠤᠭ᠍ᠰᠠᠨᠤ ᠳᠠᠷᠠᠭᠠ᠂ ᠵᠢᠱ᠌ᠢᠯᠲᠡᠪᠡᠷ 2300 ᠳ᠋ᠦᠩᠱᠢᠭᠤᠷ ᠲᠥᠭᠥᠷᠢᠭ ᠤ᠋ᠨ ᠦᠢᠯᠡᠳᠬᠦᠨᠦ ᠥᠷᠲᠡᠭ ᠢ᠋ ᠪᠡᠶᠡᠯᠡᠭᠦᠯᠵᠦ᠍᠂ 4 ᠲᠦᠮᠡᠨ ᠬᠥᠮᠦᠨᠳᠦ ᠠᠵᠢᠯ ᠣᠯᠭᠣᠵᠦ᠍᠂ ᠭᠠᠢᠯᠢ ᠵᠢᠨ ᠣᠷᠣᠯᠭᠠ ᠵᠢ 150 ᠳ᠋ᠦᠩᠱᠢᠭᠤᠷ ᠲᠥᠭᠥᠷᠢᠭ ᠨᠡᠮᠡᠭ᠌ᠳᠡᠭᠦᠯᠬᠦ ᠪᠤᠯᠤᠨᠡ᠃ ᠡᠳᠡᠭᠡᠷ ᠲᠦᠷᠦᠯ ᠵᠦᠢᠯᠳᠦ ᠳᠡᠯᠡᠬᠡᠢ ᠵᠢᠨ ᠲᠡᠷᠢᠭᠦᠨᠦ ᠲᠦᠪᠱᠢᠨᠳᠦ ᠪᠠᠢᠭᠠ ᠨᠡᠭᠦᠷᠡᠰᠦᠲᠥ᠋ᠷᠥᠭ᠌ᠴᠢ ᠵᠢᠨ ᠱᠢᠷᠬᠡᠭ᠌ᠯᠢᠭ ᠤ᠋ᠨ ᠱᠢᠨᠡ ᠮᠠᠲᠧᠷᠢᠶᠠᠯᠤᠨ ᠲᠦᠷᠦᠯ ᠵᠦᠢᠯ ᠪᠠᠢᠬᠤᠪᠠᠷ ᠪᠠᠷᠠᠬᠤ ᠦᠭᠡᠢ ᠪᠠᠰᠠ ᠳᠡᠯᠡᠬᠡᠢ ᠵᠢᠨ ᠬᠠᠮᠤᠭᠤᠨ ᠶᠡᠬᠡ ᠳᠠᠩ ᠴᠤᠬᠴᠠ ᠵᠢᠨ ᠦᠢᠯᠡᠳᠪᠦᠷᠢᠯᠡᠯᠤᠨ ᠬᠦᠴᠦᠨ ᠪᠦᠬᠦᠢ ᠬᠣᠪᠣᠷ ᠱᠢᠷᠣᠢ ᠵᠢᠨᠲᠣᠭ᠍ᠲᠠᠮᠠᠯᠰᠣᠷᠢᠨᠵᠢᠨᠤᠮᠠᠲᠧᠷᠢᠶᠠᠯᠤᠨ ᠲᠦᠷᠦᠯ ᠵᠦᠢᠯ᠂ ᠳᠤᠲᠠᠭᠤᠳᠠᠯ ᠢ᠋ ᠨᠥᠬᠥᠪᠥᠷᠢᠯᠡᠵᠦ᠍ ᠲᠦᠪᠱᠢᠨ ᠢ᠋ ᠳᠡᠭᠡᠭᠰᠢᠯᠡᠭᠦᠯᠬᠦ᠌ ᠦᠢᠯᠡᠳᠪᠦᠷᠢᠯᠡᠯ ᠤ᠋ᠨ ᠦᠢᠯᠡᠴᠢᠯᠡᠭᠡᠨᠦ ᠲᠦᠷᠦᠯ ᠵᠦᠢᠯ ᠵᠡᠷᠭᠡ ᠪᠠᠢᠵᠤ᠂ ᠴᠢᠨᠠᠷ ᠰᠠᠢᠲᠠᠢ ᠪᠡᠯᠡ ᠣᠷᠣᠭᠤᠯᠤᠯᠲᠠᠪᠠᠷ ᠴᠢᠨᠠᠷ ᠰᠠᠢᠲᠠᠢ ᠬᠥᠭ᠌ᠵᠢᠯᠲᠡ ᠵᠢ ᠠᠬᠢᠭᠤᠯᠬᠤ ᠵᠢ ᠦᠨᠡᠨ ᠬᠦ᠌ ᠢᠯᠡᠷᠡᠭᠦᠯᠵᠡᠢ᠃
《ᠤᠯᠤᠯᠳᠠ ᠶᠡᠬᠡ ᠴᠦ᠍ ᠳᠠᠷᠤᠯᠳᠠ ᠪᠠᠰᠠ ᠨᠡᠩ ᠶᠡᠬᠡ ᠪᠠᠢᠨᠠ》 ᠭᠡᠬᠦ ᠨᠢ ᠰᠢᠷᠦᠬᠦᠨ ᠰᠠᠯᠬᠢᠨ ᠬᠦᠢᠳᠡᠨ ᠴᠠᠰᠤᠨ ᠳ᠋ᠦ ᠪᠠᠢᠴᠠᠭᠠᠨ ᠰᠤᠷᠤᠯᠴᠠᠵᠤ᠂ ᠠᠳᠠᠯᠢᠳᠭᠠᠨ ᠱᠢᠯᠭᠠᠷᠠᠭᠤᠯᠵᠤ ᠬᠤᠪᠢ ᠣᠯᠭᠣᠬᠤ ᠳᠤ ᠤᠷᠤᠯᠴᠠᠭᠰᠠᠨ ᠡᠯᠡ ᠬᠣᠱᠢᠭᠤ ᠱᠢᠶᠠᠨ ᠲᠣᠭᠣᠷᠢᠭᠤᠨ ᠬᠠᠷᠢᠭᠤᠴᠠᠯᠭᠠᠲᠠᠨᠤ ᠬᠠᠮᠲᠤ ᠵᠢᠨ ᠲᠥᠷᠥᠭ᠌ᠳᠡᠯ ᠪᠠᠢᠯᠠ᠃
ᠴᠢᠩᠱᠠᠨ ᠲᠣᠭᠣᠷᠢᠭᠤᠨ ᠨᠠᠮᠤᠨ ᠬᠣᠷᠢᠶᠠᠨᠤ ᠱᠦᠵᠢ ᠳ᠋ᠢᠩ ᠺᠠᠶ᠄《ᠢᠷᠡᠬᠦ᠌ ᠵᠢᠯ ᠪᠢᠳᠡ ᠨᠠᠩ ᠣᠯᠠᠨ ᠲᠣᠮᠣ ᠲᠥᠷᠥᠯ ᠵᠦᠶ᠋ᠯ ᠰᠠᠢᠨ ᠲᠥᠷᠥᠯ ᠵᠦᠶ᠋ᠯ ᠢ᠋ ᠣᠷᠣᠭᠤᠯᠤᠨ ᠠᠪᠴᠢᠷᠠᠵᠤ᠂ ᠴᠢᠨᠠᠷ ᠰᠠᠢᠲᠠᠶ ᠬᠥᠭ᠌ᠵᠢᠯᠲᠡ ᠵᠢᠨ ᠵᠠᠮ ᠵᠢᠡᠷ ᠨᠠᠩ ᠯᠠᠪᠳᠠᠭᠤᠨ ᠨᠠᠩ ᠬᠤᠯᠠ ᠵᠠᠮᠨᠠᠨᠠ᠃ 3 ᠵᠢᠯ ᠤ᠋ᠨ ᠬᠤᠭᠤᠴᠠᠭᠠᠨ ᠳ᠋ᠦ ᠴᠢᠩᠱᠠᠨ ᠲᠣᠭᠣᠷᠢᠭᠤᠨ ᠠᠵᠤ ᠠᠬᠤᠢ ᠵᠢᠨ ᠶᠡᠷᠦᠩᠬᠡᠢ ᠬᠡᠮᠵᠢᠶᠡ ᠵᠢ ᠬᠣᠶᠠᠷ ᠲᠠᠬᠢᠨᠢᠶᠠᠷ ᠨᠡᠮᠡᠭ᠌ᠳᠡᠭᠦᠯᠬᠦ᠌ ᠳ᠋ᠤ ᠪᠢᠳᠠ ᠢᠲᠡᠭᠡᠯ ᠲᠠᠢ ᠪᠠᠢᠨᠠ》 ᠭᠡᠵᠤ ᠰᠢᠭᠤᠷᠬᠠᠢ ᠬᠡᠯᠡᠪᠡ᠃
ᠵᠢᠦᠶᠤᠸᠠᠨ ᠲᠣᠭᠣᠷᠢᠭᠤᠨ ᠳᠡᠳ᠋ ᠳᠠᠷᠤᠭᠠ ᠴᠢ ᠵᠶ᠋ᠢ᠄《ᠪᠢᠳᠡ ᠬᠦᠷᠦᠯᠴᠡᠬᠦ᠌ ᠦᠭᠡᠢ ᠲᠠᠯᠠᠪᠠᠨ ᠮᠡᠳᠡᠷᠡᠵᠦ᠍᠂ ᠵᠥᠷᠢᠶᠡᠪᠡᠨ ᠡᠷᠢᠵᠦ᠍ ᠣᠯᠵᠠᠢ᠂ ᠰᠤᠷᠤᠯᠴᠠᠬᠤ ᠭᠦᠢᠴᠡᠬᠦ᠌ ᠳᠠᠪᠠᠬᠤ ᠲᠦᠷᠭᠡᠨ ᠬᠥᠭ᠌ᠵᠢᠬᠦ᠌ ᠤᠬᠠᠮᠰᠠᠷ ᠵᠢᠠᠷ ᠨᠡᠩ ᠴᠢᠩᠭᠠ ᠪᠤᠯᠵᠠᠢ》 ᠭᠡᠵᠤ ᠲᠤᠯᠭᠠᠮ ᠰᠡᠳᠬᠢᠯᠭᠡ ᠪᠠ ᠲᠦᠭᠰᠢᠭᠦᠷᠢᠳᠦ ᠰᠡᠳᠬᠢᠯᠭᠡ ᠨᠡᠮᠡᠭᠳᠡᠭᠰᠡᠨ ᠵᠢᠠᠨ ᠢᠯᠡᠷᠬᠡᠢᠯᠡᠪᠡ᠃
2021 ᠣᠨ ᠳ᠋ᠦ ᠪᠤᠭᠤᠲᠤ ᠬᠣᠲᠠ ᠪᠥᠬᠥ᠌ ᠲᠠᠯᠠᠪᠠᠷ ᠳᠠᠢᠴᠢᠯᠠᠵᠤ᠂ ᠣᠯᠠᠨ ᠲᠠᠯᠠ ᠪᠠᠷ ᠬᠦᠴᠦᠯᠡᠵᠦ᠍᠂ ᠰᠠᠯᠠᠭᠠ ᠮᠥᠴᠢᠷ ᠬᠣᠯᠪᠣᠭᠠᠯᠠᠨ ᠬᠥᠳᠡᠯᠦᠯᠴᠡᠵᠦ᠍᠂ ᠳᠡᠭᠡᠳᠦ ᠳᠤᠤᠷᠠᠳᠤ ᠱᠠᠲᠤᠪᠠᠷᠢᠶᠠᠨ ᠪᠣᠭᠣᠮᠲᠠ ᠱᠢᠪᠲᠤᠯᠵᠤ᠂ ᠲᠡᠷᠢᠭᠦᠨᠦ ᠬᠤᠳᠠᠯᠳᠤᠭᠠ ᠡᠷᠬᠢᠯᠡᠬᠦ ᠣᠷᠴᠢᠨ ᠨᠥᠬᠥᠴᠡᠯ ᠢ᠋ ᠪᠣᠶ ᠪᠣᠯᠭᠠᠵᠤ᠂ ᠬᠤᠳᠠᠯᠳᠤᠭᠠᠴᠢᠨ ᠤᠷᠢᠵᠤ ᠪᠠᠯᠠ ᠣᠷᠣᠭᠤᠯᠬᠤ ᠪᠠ ᠴᠢᠬᠤᠯᠠ ᠶᠡᠬᠡ ᠲᠥᠷᠥᠯ ᠵᠦᠶ᠋ᠯ ᠤ᠋ᠨ ᠪᠥᠲᠥᠭᠡᠨ ᠪᠠᠢᠭᠤᠯᠤᠯᠲᠠ ᠵᠢ ᠳᠡᠭᠡᠳᠦ ᠬᠡᠮᠵᠢᠶᠡᠪᠡᠷ ᠠᠬᠢᠭᠤᠯᠵᠤ᠂ ᠠᠵᠤ ᠠᠬᠤᠶ ᠵᠢᠨ ᠬᠥᠭ᠌ᠵᠢᠯᠲᠡ ᠳᠠᠪᠠᠯᠲᠠ ᠵᠢ ᠪᠡᠶᠡᠯᠡᠭᠦᠯᠦᠭᠰᠡᠨ ᠵᠢᠡᠷ ᠣᠯᠠᠨ ᠵᠦᠶ᠋ᠯ ᠤ᠋ᠨ ᠭᠤᠤᠯ ᠪᠣᠯᠬᠤ ᠭᠦᠶ᠋ᠴᠡᠳᠭᠡᠯ ᠲᠣᠭᠠ ᠵᠢᠨ ᠨᠡᠮᠡᠭ᠌ᠳᠡᠯ ᠪᠥᠬᠥ᠌ ᠣᠷᠣᠨ ᠳ᠋ᠦ ᠲᠡᠷᠢᠭᠦᠯᠡᠵᠦ᠍᠂ ᠪᠥᠬᠥ᠌ ᠣᠷᠣᠨᠤ ᠠᠵᠤ ᠠᠬᠤᠶ ᠵᠢᠨ ᠬᠥᠭ᠌ᠵᠢᠯᠲᠡ ᠵᠢᠨ ᠬᠥᠳᠡᠯᠭᠡᠭᠦᠷ᠂ ᠳᠠᠭᠠᠭᠤᠯᠤᠭ᠍ᠴᠢ ᠵᠢᠨ ᠦᠶ᠋ᠯᠡᠳᠦᠯ ᠢ᠋ ᠦᠨᠡᠨ ᠬᠦ᠌ ᠪᠠᠳᠠᠷᠠᠭᠤᠯᠪᠠ᠃ ᠪᠦᠬᠦ᠌ ᠬᠣᠲᠠ ᠳ᠋ᠦ ᠵᠠᠰᠠᠭᠤᠨ ᠣᠷᠳᠣᠨᠤ ᠪᠡᠯᠡ ᠣᠷᠣᠭᠤᠯᠤᠯᠲᠠ 5000 ᠲᠦᠮᠡᠨ ᠲᠥᠭᠥᠷᠢᠭᠡᠴᠡ ᠳᠡᠭᠡᠭ᠌ᠰᠢ᠂ ᠠᠵᠤ ᠠᠬᠤᠢᠯᠠᠯᠤᠨ ᠪᠡᠯᠡ ᠣᠷᠣᠭᠤᠯᠤᠯᠲᠠ ᠳ᠋ᠦᠩᠱᠢᠭᠤᠷ ᠲᠥᠭᠥᠷᠢᠭᠡᠴᠡ ᠳᠡᠭᠡᠭ᠌ᠰᠢᠬᠢ ᠴᠢᠬᠤᠯᠠ ᠶᠡᠬᠡ ᠲᠥᠷᠦᠯ ᠵᠦᠢᠯ 715 ᠵᠢ ᠬᠡᠷᠡᠭ᠌ᠵᠢᠭᠦᠯᠵᠦ᠍᠂ ᠳᠡᠭᠡᠷᠡ ᠵᠢᠯᠦᠨᠬᠢᠡᠴᠡ 86 ᠨᠡᠮᠡᠭ᠌ᠳᠡᠵᠦ᠍᠂ ᠶᠡᠷᠦᠩᠬᠡᠢ ᠪᠡᠯᠡ ᠣᠷᠣᠭᠤᠯᠤᠯᠲᠠ 4055 ᠳ᠋ᠦᠩᠱᠢᠭᠤᠷ ᠲᠥᠭᠥᠷᠢᠭ ᠪᠠᠢᠵᠤ᠂ 552 ᠳ᠋ᠦᠩᠱᠢᠭᠤᠷ ᠲᠥᠭᠥᠷᠢᠭ ᠨᠡᠮᠡᠭ᠌ᠳᠡᠵᠡᠢ᠃ ᠪᠣᠶ ᠪᠥᠬᠥᠶ ᠴᠢᠬᠤᠯᠠ ᠶᠡᠬᠡ ᠲᠥᠷᠥᠯ ᠵᠦᠶ᠋ᠯᠨᠢ 7 ᠰᠠᠷᠠ ᠵᠢᠨ ᠰᠡᠭᠦᠯᠴᠢᠪᠡᠷ 4 ᠵᠦᠶ᠋ᠯ ᠤ᠋ᠨ ᠭᠠᠷᠳᠠᠮ ᠢ᠋ ᠪᠦᠬᠦᠨ ᠢ᠋ ᠭᠦᠶ᠋ᠴᠡᠳᠭᠡᠵᠦ᠍ ᠳᠠᠭᠤᠰᠭᠠᠬᠤ ᠵᠢᠨ ᠬᠠᠮᠲᠤ ᠠᠵᠢᠯᠢᠶᠠᠨ ᠰᠡᠷᠭᠦᠭᠡᠨ ᠡᠭᠢᠯᠡᠭᠦᠯᠵᠤ᠂ ᠠᠵᠢᠯᠢᠶᠠᠨ ᠰᠡᠷᠭᠦᠭᠡᠨ ᠡᠬᠢᠯᠡᠭᠦᠯᠦᠭᠰᠡᠨ ᠨᠣᠷᠮᠠᠨᠢ100%ᠳ᠋ᠤ ᠬᠦᠷᠪᠠ᠂ ᠡᠭᠦᠨᠳᠦ 220 ᠨᠢ ᠠᠵᠢᠯ ᠵᠢᠠᠨ ᠳᠠᠭᠤᠰᠭᠠᠪᠠ᠃
ᠠᠷᠠᠯᠵᠢᠶᠠᠴᠢᠨ ᠤᠷᠢᠵᠤ ᠪᠠᠯᠠ ᠣᠷᠣᠭᠤᠯᠬᠤ ᠠᠵᠢᠯ ᠴᠤ᠌ ᠶᠡᠬᠡ ᠠᠮᠵᠢᠯᠲᠠ ᠣᠯᠵᠠᠶ᠃ ᠪᠦᠬᠦ᠌ ᠬᠣᠲᠠ ᠳ᠋ᠦ ᠨᠡᠢᠲᠡ 5567 ᠠᠵᠤ ᠠᠬᠤᠢᠯᠠᠯ ᠢ᠋ ᠵᠤᠯᠭᠠᠭᠤᠯᠵᠤ᠂ 1082 ᠲᠥᠷᠦᠯ ᠵᠦᠢᠯᠤᠨ ᠭᠡᠷᠡ ᠲᠣᠭ᠍ᠲᠠᠵᠤ᠂ ᠬᠡᠯᠡᠯᠴᠡᠭᠡᠷᠤᠨ ᠶᠡᠷᠦᠩᠬᠡᠢ ᠪᠡᠯᠡ ᠣᠷᠣᠭᠤᠯᠤᠯᠲᠠ 1.2 ᠲᠦᠮᠡᠨ ᠳ᠋ᠦᠩᠱᠢᠭᠤᠷ ᠲᠥᠭᠥᠷᠢᠭᠲᠦ ᠬᠦᠷᠴᠦ᠍᠂ ᠨᠢᠭᠡᠨᠲᠡ 729 ᠲᠥᠷᠦᠯ ᠵᠦᠢᠯ ᠢ᠋ ᠳᠠᠩᠰᠠᠯᠠᠨ ᠨᠠᠢᠳᠠᠪᠤᠷᠢᠵᠢᠭᠤᠯᠵᠤ᠂ 272 ᠲᠥᠷᠦᠯ ᠵᠦᠢᠯ ᠢ᠋ ᠠᠵᠢᠯ ᠡᠬᠢᠯᠡᠭᠦᠯᠵᠦ᠍᠂ 134.1 ᠳ᠋ᠦᠩᠱᠢᠭᠤᠷ ᠲᠥᠭᠥᠷᠢᠭ ᠤ᠋ᠨ ᠪᠡᠯᠡ ᠣᠷᠣᠭᠤᠯᠤᠯᠲᠠ ᠵᠢ ᠪᠡᠶᠡᠯᠡᠭᠦᠯᠵᠡᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨᠠ
ᠣᠷᠴᠢᠭᠤᠯᠤᠭ᠍ᠴᠢ᠄




ᠰᠢᠭᠦᠮᠵᠢ ᠠᠯᠠᠭᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃