ᠨᠠᠮ᠎ᠤ᠋ᠨ ᠲᠥᠯᠥᠭᠡᠯᠡᠭᠴᠢᠳ᠎ᠦ᠋ᠨ ᠶᠡᠬᠡ ᠬᠤᠷᠠᠯ > ᠲᠠᠪᠤᠨ ᠵᠢᠯ᠎ᠦ᠋ᠨ ᠬᠤᠪᠢᠷᠠᠯᠲᠠ ᠬᠥᠭᠵᠢᠯᠲᠡ

2021-11-21 11:34:32

ᠵᠣᠬᠢᠶᠠᠭ᠍ᠴᠢ᠄ ᠬᠤᠷᠴᠠ ᠭᠤᠤ ᠮᠢᠨ ᠨᠠ ᠣᠩᠱᠢᠭ᠍ᠰᠠᠨ ᠣᠳᠠᠭ᠎ᠠ᠄ 3

《ᠥᠩᠭᠡᠷᠡᠭ᠌ᠰᠡᠨ᠎ᠳᠦ ᠰᠠᠷ᠎ᠠ ᠰᠢᠨ᠎ᠡ ᠪᠡᠷ ᠰᠠᠶᠢ ᠪᠠᠩᠰᠢ ᠤᠯᠵᠤ ᠢᠳᠡᠨ᠎ᠡ᠂ ᠤᠳᠤ ᠠᠮᠢᠳᠤᠷᠠᠯ ᠰᠠᠢᠵᠢᠷᠠᠭᠠᠳ ᠡᠳᠦᠷ ᠪᠦᠷᠢ ᠪᠠᠶᠠᠨ ᠲᠠᠡᠭᠰᠤᠭ᠂ ᠪᠢ ᠵᠠᠪ ᠴᠢᠯᠦᠭᠡ ᠲᠠᠢ ᠪᠤᠯᠤᠭᠰᠠᠭᠠᠷ ᠯᠡ ᠪᠠᠩᠰᠢ ᠪᠠᠷᠢᠨ᠎ᠠ᠂ ᠦᠬᠡᠷ᠎ᠦᠨ ᠮᠢᠬ᠎ᠠ ᠲᠠᠢ᠂ ᠢᠰᠭᠡᠭ᠌ᠰᠡᠨ ᠨᠣᠭᠣᠭ᠎ᠠ ᠲᠠᠢ᠂ ᠭᠣᠭᠣᠳ ᠲᠠᠢ ᠁ ᠠᠮᠢᠳᠤᠷᠠᠯ ᠦᠨᠡᠭᠡᠷ ᠰᠠᠢᠵᠢᠷᠠᠭᠰᠠᠨ ᠡ》᠃ 11 ᠰᠠᠷ᠎ᠠ᠎ᠶ᠋ᠢᠨ 11᠎ᠤ᠋ ᠡᠳᠦᠷ᠂ ᠬᠢᠩᠭᠠᠨ ᠠᠢᠮᠠᠭ᠎ᠤᠨ ᠷᠠᠱᠢᠶᠠᠨ ᠬᠣᠲᠠ᠎ᠶ᠋ᠢᠨ ᠯᠢᠨ ᠬᠠᠶ ᠵᠡᠭᠡᠯᠢ᠎ᠶ᠋ᠢᠨ ᠣᠶ ᠱᠢᠭᠤᠶ᠎ᠶ᠋ᠢᠨ ᠠᠵᠢᠯᠲᠠᠨ ᠭᠦᠸᠧ ᠶᠦᠩ ᠼᠠᠢ᠎ᠶ᠋ᠢᠨ ᠬᠡᠷ᠎ᠲᠦ ᠬᠥᠷ ᠬᠥᠭ᠌ᠵᠢᠶᠡᠨ᠎ᠵᠢᠡᠷ ᠪᠢᠯᠬᠠᠨ᠎ᠠ᠃

ᠭᠦᠸᠧ ᠶᠦᠩ ᠼᠠᠢ᠎ᠶ᠋ᠢᠨ ᠬᠥᠭ᠌ᠰᠢᠨ ᠹᠧᠩ ᠱᠢᠤ ᠬᠤᠸᠠ ᠲᠣᠭᠣᠭᠠᠨ ᠭᠡᠷ᠎ᠲᠡᠭᠡᠨ ᠪᠠᠶᠠᠷ ᠬᠦᠷ ᠲᠠᠢ ᠪᠠᠩᠰᠢ᠎ᠪᠠᠷᠢᠵᠦ᠂ ᠭᠦᠸᠧ ᠶᠦᠩ ᠼᠠᠢ ᠲᠧᠯᠸᠢᠰ᠎ᠤᠨ ᠬᠦᠭᠵᠢᠮ᠎ᠢ ᠳᠠᠭᠠᠵᠤ ᠠᠶ᠎ᠠ ᠳᠠᠭᠤᠤ ᠡᠭᠡᠰᠢᠭᠯᠡᠭᠦᠯᠤᠨ ᠱᠠᠭᠠᠵᠠᠩ ᠲᠤᠭᠤᠰᠬᠠᠨ ᠱᠠᠯᠠ᠎ᠪᠠᠨ ᠵᠦᠯᠭᠦᠨ᠎ᠡ᠃ ᠡᠨᠡ ᠬᠦ᠌ ᠮᠥᠴᠡ᠎ᠳᠦ᠂ ᠲᠤᠭᠤᠭᠠᠨ ᠭᠡᠷ ᠡᠴᠡ ᠲᠤᠭᠤᠯᠳᠠᠬᠤ ᠲᠤᠭᠤᠭ᠎ᠠ ᠰᠢᠨᠠᠭᠠᠨ᠎ᠤ ᠳᠠᠭᠤ ᠪᠠ ᠭᠦᠸᠧ ᠶᠦᠩ ᠼᠠᠢ᠎ᠵᠢᠨ ᠠᠶᠠᠯᠤᠭᠤᠯᠤᠭᠰᠠᠨ᠎ᠠᠶ᠎ᠠ᠎ᠬᠦᠭ᠎ᠠᠢᠵᠠᠮ᠎ᠨᠡᠢᠯᠡᠵᠦ᠂ ᠵᠢᠷᠭᠠᠯᠲᠤ ᠠᠮᠢᠳᠤᠷᠠᠯ᠎ᠤᠨ ᠨᠤᠲ ᠴᠢᠪᠠᠭᠳᠠᠨ᠎ᠠ᠃

ᠨᠠᠶᠠᠨ ᠨᠠᠰᠤᠨ᠎ᠤ ᠦᠨᠳᠦᠷ ᠬᠤᠳᠤᠭ᠎ᠢ ᠵᠤᠭᠤᠭᠯᠠᠭᠰᠠᠨ ᠭᠦᠸᠧ ᠶᠦᠩ ᠼᠠᠢ ᠷᠠᠱᠢᠶᠠᠨ ᠬᠣᠲᠠ᠎ᠶ᠋ᠢᠨ ᠣᠶ ᠱᠢᠭᠤᠶ᠎ᠶ᠋ᠢᠨ ᠲᠣᠪᠴᠢᠶ᠎ᠠ᠎ᠳᠤ 30 ᠭᠠᠷᠤᠶ ᠵᠢᠯ ᠠᠵᠢᠯᠯᠠᠵᠤ᠂ ᠤᠤᠯ᠎ᠤᠨ ᠭᠡᠷ ᠨᠢ ᠢᠷᠪᠢᠰᠲᠡᠢ ᠪᠠᠯᠭᠠᠰᠤ᠎ᠵᠢᠨ ᠨᠢᠭᠡᠨ ᠭᠤᠳᠤᠮᠵᠢᠨ᠎ᠳᠤ ᠪᠠᠢᠵᠠᠶ᠃ 《ᠵᠤᠨ᠎ᠤ ᠴᠠᠭ᠎ᠲᠤ ᠪᠣᠷᠣᠭᠠᠨ᠎ᠤ ᠤᠰᠤ ᠴᠢᠳᠬᠤᠵᠤ᠂ ᠡᠪᠦᠯ᠎ᠦᠨ ᠴᠠᠭ᠎ᠲᠤ ᠳᠥᠷᠪᠡᠨ ᠬᠠᠨ᠎ᠠ᠎ᠳᠤᠨᠢ ᠬᠢᠷᠠᠭᠤ ᠤᠨᠠᠳᠠᠭ》᠃ 38 ᠲᠡᠭ᠌ᠰᠢ ᠳᠥᠷᠪᠡᠯᠵᠢᠨ ᠮᠸᠲᠷ᠎ᠤᠨ ᠳᠠᠯᠠᠪᠠᠢ ᠪᠦᠬᠦᠢ ᠰᠠᠯᠬᠢ ᠨᠡᠪᠲᠡᠷᠠᠵᠦ ᠪᠤᠷᠤᠭᠠᠨ ᠭᠤᠭᠤᠵᠢᠬᠤ 《ᠱᠢᠪᠠᠷ ᠬᠠᠪᠲᠠᠰᠤ》 ᠵᠢᠨ ᠭᠡᠷ᠎ᠲᠦ᠂ ᠭᠦᠸᠧ ᠶᠦᠩ ᠼᠠᠢ ᠵᠢᠨ ᠨᠢᠭᠡ ᠭᠡᠷ᠎ᠦᠨ 6 ᠪᠦᠯᠢ᠎ᠪᠡᠷ᠎ᠵᠢᠡᠨ ᠬᠡᠳᠦᠨ ᠠᠷᠪᠠᠨ ᠬᠠᠪᠤᠷ ᠨᠠᠮᠤᠷ᠎ᠢ ᠦᠡᠭᠭᠡᠷᠡᠭᠡᠵᠡᠢ᠃

《ᠨᠢᠭᠡ ᠬᠠᠨᠵᠤᠨ᠎ᠲᠡᠭᠡᠷ᠎ᠡ ᠪᠦᠬᠦᠳᠡᠭᠡᠷ᠎ᠵᠢᠡᠨ ᠰᠢᠬᠠᠯᠴᠠᠨ ᠤᠨᠳᠠᠵᠤ᠂ ᠡᠪᠦᠯ᠎ᠳᠡᠭᠡᠨ ᠲᠦᠯᠡᠰᠢ᠎ᠪᠡᠨ ᠬᠠᠢᠷᠠᠯᠠᠭᠠᠳ ᠲᠦᠯᠡᠭᠡ ᠶᠡᠬᠡ ᠲᠦᠯᠡᠬᠦ ᠦᠭᠡᠢ᠂ ᠭᠡᠷ᠎ᠲᠡᠬᠡᠨ ᠰᠠᠭᠤᠵᠤ ᠪᠠᠢᠭᠠᠳ ᠭᠠᠷ ᠬᠦᠯ ᠤᠯᠠᠢᠲᠠᠯ᠎ᠠ ᠬᠦᠯᠳᠡᠴᠢᠬᠡᠨ᠎ᠡ》ᠭᠡᠵᠦ ᠥᠩᠭᠡᠷᠡᠭ᠌ᠰᠡᠨ᠎ᠤ ᠡᠳᠦᠷ ᠬᠣᠨᠣᠭ᠎ᠤᠳ᠎ᠵᠢᠡᠨ ᠡᠷᠭᠢᠴᠡᠭᠦᠯᠬᠦ᠌᠎ᠪᠡᠷ ᠬᠣᠶᠠᠷ ᠨᠠᠰᠤᠲᠠᠨ ᠰᠡᠳᠬᠢᠯ ᠬᠦᠳᠡᠯᠦᠨ ᠨᠢᠯᠪᠤᠰᠤ ᠪᠦᠮᠪᠦᠷᠢᠭᠦᠯᠦᠨ᠎ᠠ᠃ ᠬᠦᠨᠳᠦ ᠨᠦᠰᠡᠷ ᠠᠮᠢᠳᠤᠷᠠᠯ ᠤ᠋ᠨ ᠳᠠᠷᠤᠭᠠᠰᠤ᠎ᠠᠴᠠ ᠪᠣᠯᠵᠣ《ᠠᠮᠤᠭᠤᠯᠠᠡᠭ ᠤᠷᠤᠨ ᠰᠠᠭᠤᠴᠠ ᠲᠠᠢ ᠪᠤᠯᠬᠤ ᠬᠦᠰᠡᠯ ᠵᠡᠭᠦᠳᠦ》 ᠨᠢ ᠲᠡᠳᠡᠨᠦᠰ ᠲᠦ᠍ ᠪᠡᠶᠡᠯᠡᠭᠳᠡᠰᠢ ᠦᠭᠡᠢ ᠰᠠᠨᠠᠭᠳᠠᠵᠤ ᠪᠠᠢᠵᠠᠢ᠃ ᠤᠳᠤ᠎ᠵᠢᠨ ᠠᠮᠢᠳᠤᠷᠠᠯ ᠲᠠᠢ ᠪᠠᠨ ᠬᠠᠷᠢᠴᠠᠭᠤᠯᠤᠭᠠᠳ ᠬᠡᠯᠡᠬᠦ᠎ᠳᠦ᠂ 《ᠵᠣᠯ ᠵᠢᠷᠭᠠᠯ》 ᠨᠢ ᠡᠪᠦᠭᠡᠨ ᠬᠥᠭ᠌ᠰᠢᠨ ᠬᠣᠶᠠᠷ᠎ᠤᠨ ᠬᠠᠮᠤᠭ᠎ᠤᠨ ᠣᠯᠠᠨ ᠤᠳᠠᠭ᠎ᠠ ᠳᠤᠷᠠᠳᠤᠭ᠍ᠰᠠᠨ ᠦᠭᠡ ᠪᠠᠢᠭᠰᠠᠨ᠃

2014 ᠣᠨ᠎ᠤ 1 ᠰᠠᠷ᠎ᠠ᠎ᠶ᠋ᠢᠨ 26 ᠤ᠋ ᠡᠳᠦᠷ ᠪᠣᠯ ᠭᠦᠸᠧ ᠶᠦᠩ ᠼᠠᠢ᠎ᠵᠢᠨ ᠭᠡᠷ ᠪᠦᠯᠢ᠎ᠶ᠋ᠢᠨ ᠵᠣᠯ ᠵᠢᠷᠭᠠᠯ᠎ᠤᠨ ᠡᠬᠢᠯᠡᠯᠲᠡ ᠪᠣᠯᠤᠨ᠎ᠠ᠃ ᠲᠡᠷᠡ ᠡᠳᠦᠷ᠂ ᠶᠡᠷᠦᠩᠬᠡᠢ ᠱᠦᠵᠢ ᠰᠢ᠎ᠶ᠋ᠢᠨ ᠫᠢᠩ ᠲᠡᠭ᠎ᠡᠴᠡ ᠳᠣᠷᠣᠭ᠍ᠰᠢ 30 ᠭᠠᠷᠤᠢ ᠭᠷᠠᠳᠦ᠋ᠰ᠎ᠦᠨ ᠬᠠᠬᠢᠷ ᠬᠦᠢᠳᠡᠨ᠎ᠢ ᠬᠠᠢᠬᠤᠷᠤᠯ ᠦᠭᠡᠢ᠎ᠪᠡᠷ ᠬᠢᠯᠢ ᠬᠢᠵᠠᠭᠠᠷ᠎ᠲᠤ ᠪᠠᠢᠷᠢᠯᠠᠭ᠎ᠠ ᠬᠢᠩᠭᠠᠨ ᠠᠢᠮᠠᠭ᠎ᠤᠨ ᠷᠠᠱᠢᠶᠠᠨ ᠬᠤᠳᠠ᠎ᠳᠤ ᠬᠦᠷᠴᠦ᠍᠂ ᠭᠦᠸᠧ ᠶᠦᠩ ᠼᠠᠢ ᠵᠢᠨ ᠭᠡᠷ᠎ᠲᠦ ᠬᠠᠨᠵᠤᠨ ᠳᠡᠭᠡᠷ᠎ᠡ ᠨᠢ ᠲᠠᠪᠠᠲᠠᠢᠬᠠᠨ ᠰᠠᠭᠤᠵᠤ᠂ ᠭᠦᠸᠧ ᠶᠦᠩ ᠼᠠᠢ ᠪᠣᠯᠤᠨ ᠲᠡᠭᠦᠨ᠎ᠦ ᠬᠥᠭ᠌ᠰᠢᠨ ᠹᠸᠩ ᠱᠢᠤ ᠬᠤᠸᠠ᠎ᠲᠠᠶ ᠰᠡᠳᠭᠢᠯ᠎ᠦᠨ ᠦᠭᠡ᠎ᠪᠡᠨ ᠶᠠᠷᠢᠯᠴᠠᠪᠠ᠃

ᠶᠡᠷᠦᠩᠬᠡᠢ ᠱᠦᠵᠢ᠎ᠲᠡᠭᠦᠨ ᠎ᠤ ᠬᠡᠷ᠎ᠲᠦ 《ᠠᠢᠯᠴᠢᠯᠠᠭ᠍ᠰᠠᠨ》 ᠲᠡᠷᠡ ᠮᠦᠴᠡ ᠵᠢ ᠡᠷᠭᠢᠴᠡᠭᠦᠯᠬᠦ᠌᠎ᠳᠦ᠂ ᠭᠦᠸᠧ ᠶᠦᠩ ᠼᠠᠢ ᠳᠣᠭ᠍ᠳᠣᠯᠤᠭ᠍ᠰᠠᠨ ᠰᠡᠳᠭᠢᠯᠭᠡ᠎ᠪᠡᠨ ᠳᠠᠷᠤᠵᠤ ᠶᠠᠳᠠᠨ᠄ 《ᠶᠡᠷᠦᠩᠬᠡᠢ ᠱᠦᠵᠢ ᠪᠢᠳᠡᠨ᠎ᠦ ᠠᠮᠢᠳᠤᠷᠠᠯ ᠨᠡᠯᠢᠶᠡᠳ ᠬᠦᠴᠢᠷᠳᠡᠯᠲᠡᠢ ᠪᠠᠢᠬᠤ᠎ᠶ᠋ᠢ ᠦᠵᠡᠭᠡᠳ᠂ ᠪᠢᠳᠡᠨ᠎ᠢ ᠡᠷᠲᠡᠬᠡᠨ ᠱᠢᠨ᠎ᠡ ᠭᠡᠷ᠎ᠲᠦ ᠰᠠᠭᠤᠯᠭᠠᠬᠤ ᠬᠡᠷᠡᠭ᠌ᠲᠡᠢ ᠭᠡᠵᠦ᠍ ᠵᠠᠬᠢᠪᠡ ᠂ ᠶᠡᠷᠦᠩᠬᠡᠢ ᠱᠦᠵᠢ ᠪᠢᠳᠡᠨ᠎ᠢ ᠮᠠᠰᠢ ᠬᠠᠯᠠᠮᠵᠢᠯᠠᠵᠤ ᠪᠠᠢᠯ᠎ᠠ》 ᠭᠡᠵᠦ ᠶᠠᠷᠢᠨ᠎ᠠ᠃

ᠲᠡᠷᠡ ᠵᠢᠯ᠎ᠦᠨ 8 ᠰᠠᠷ᠎ᠠ᠎ᠳᠤ ᠂ ᠭᠦᠸᠧ ᠶᠦᠩ ᠼᠠᠢ ᠵᠢᠨ ᠬᠢᠨ ᠬᠠᠭᠤᠴᠢᠨ ᠪᠠᠢᠱᠢᠩ᠎ᠠᠴᠠ᠎ᠪᠠᠨ ᠨᠡᠭᠦᠵᠦ᠍ ᠂ ᠬᠦᠰᠡᠨ ᠬᠦᠯᠢᠶᠡᠵᠦ᠍ ᠤᠳᠠᠭ᠍ᠰᠠᠨ ᠠᠰᠠᠷ᠎ᠲᠤ ᠨᠡᠭᠦᠪᠡ᠃ 《ᠰᠠᠶᠢ ᠨᠡᠭᠦᠵᠦ ᠣᠷᠣᠵᠤ ᠢᠷᠡᠬᠦ᠌᠎ᠳᠤ ᠪᠠᠰᠠ ᠳᠠᠳᠭᠤ ᠦᠭᠡᠢ ᠂ ᠪᠢ ᠨᠢᠭᠡ ᠡᠳᠦᠷ ᠭᠡᠷ ᠳᠣᠲᠣᠷ᠎ᠠ᠎ᠪᠡᠨ ᠭᠡᠲᠦ ᠡᠷᠭᠢᠴᠡᠨ᠎ᠡ᠂ ᠬᠡᠷᠡᠮ᠎ᠢ ᠲᠡᠮᠲᠡᠷᠢᠵᠦ ᠦᠵᠡᠨ᠎ᠡ᠂ ᠭᠠᠵᠠᠷ᠎ᠢ ᠲᠡᠮᠲᠡᠷᠢᠵᠦ ᠦᠵᠡᠨ᠎ᠡ᠂ ᠵᠡᠭᠦᠳᠦᠨ ᠶᠢᠷᠲᠢᠨᠴᠦ᠎ᠳᠦ ᠪᠠᠢᠬᠤ ᠱᠢᠬ᠃ ᠡᠪᠦᠯ᠎ᠳᠡᠭᠡᠨ ᠬᠡᠷ ᠳᠣᠲᠣᠷ᠎ᠠ ᠡᠳᠦᠷ ᠲᠤᠵᠢ ᠬᠠᠪ ᠬᠠᠯᠠᠭᠤᠨ᠂ ᠭᠠᠯ ᠲᠦᠯᠡᠵᠦ᠍ ᠳᠤᠯᠠᠭᠠᠯᠠᠬᠤ ᠴᠢᠬᠤᠯᠠ ᠶᠡᠷᠦ ᠪᠠᠢᠬᠤ ᠦᠭᠡᠢ》ᠭᠡᠵᠦ ᠭᠦᠸᠧ ᠶᠦᠩ ᠼᠠᠢ ᠬᠡᠯᠡᠨ᠎ᠡ᠃

ᠱᠢᠨ᠎ᠡ ᠭᠡᠷ᠎ᠦᠨ ᠱᠠᠹᠠ᠎ᠶ᠋ᠢᠨ ᠠᠷᠤ ᠦᠵᠡᠭ᠌ᠳᠡᠯ᠎ᠦᠨ ᠬᠡᠷᠡᠮ ᠳᠡᠭᠡᠷ᠎ᠡ᠂ ᠶᠡᠷᠦᠩᠬᠡᠢ ᠱᠦᠵᠢ ᠰᠢ᠎ᠶ᠋ᠢᠨ ᠫᠢᠩ ᠪᠣᠯᠤᠨ ᠭᠦᠸᠧ ᠶᠦᠩ ᠼᠠᠢ ᠡᠪᠦᠭᠡᠨ ᠬᠥᠭ᠌ᠰᠢᠨ ᠬᠣᠶᠠᠭᠤᠯᠠ᠎ᠶ᠋ᠢᠨ ᠬᠠᠮᠲᠤ᠎ᠶ᠋ᠢᠨ ᠰᠡᠭᠦᠳᠡᠷ᠎ᠢ ᠬᠠᠮᠤᠭ᠎ᠤᠨ ᠢᠯᠡ ᠲᠣᠳᠣ ᠪᠠᠢᠷᠢᠨ᠎ᠳᠤ ᠲᠠᠯᠪᠢᠭᠠᠰᠤᠲᠠᠢ᠃ ᠭᠡᠷᠡᠯ ᠵᠢᠷᠤᠭ᠎ᠲᠤ᠂ ᠶᠡᠷᠦᠩᠬᠡᠢ᠎ᠱᠦᠵᠢ᠎ᠲᠡᠳᠡᠨ᠎ᠤ ᠬᠠᠭᠤᠴᠢᠨ ᠭᠡᠷ᠎ᠦᠨ᠎ᠬᠠᠨᠵᠤᠨ᠎ᠳᠡᠭᠡᠷ᠎ᠡ᠎ᠰᠠᠭᠤᠵᠤ᠂ ᠭᠤᠷᠪᠠᠭᠤᠯᠠ᠎ᠪᠠᠨ ᠭᠠᠷ᠎ᠵᠢᠡᠨ ᠴᠢᠡᠭᠭ᠎ᠠ ᠪᠠᠷᠢᠭᠰᠠᠨ ᠬᠡᠪ᠎ᠵᠢᠡᠷ᠎ᠵᠢᠡᠨ ᠁

ᠹᠧᠩ ᠱᠢᠤ ᠬᠤᠸᠠ᠄《ᠦᠨᠡᠬᠡᠷ ᠵᠢᠷᠭᠠᠵᠤ ᠪᠠᠢᠨ᠎ᠠ! ᠲᠣᠭᠣᠭᠠᠨ ᠭᠡᠷ᠎ᠲᠦ ᠪᠦᠷ ᠴᠠᠬᠢᠯᠭᠠᠨ ᠬᠡᠷᠡᠭ᠌ᠰᠡᠯ ᠬᠡᠷᠡᠭ᠌ᠯᠡᠵᠦ᠍ ᠪᠠᠢᠨ᠎ᠠ᠂ ᠤᠰᠤ ᠬᠠᠯᠠᠭᠤᠯᠬᠤ ᠮᠠᠱᠢᠨ ᠲᠠᠢ᠂ ᠪᠡᠶ᠎ᠡ᠎ᠪᠡᠨ ᠤᠬᠢᠶᠠᠵᠤ ᠪᠣᠯᠤᠨ᠎ᠠ᠂ ᠵᠣᠷᠯᠣᠩ᠎ᠳᠤ ᠣᠴᠢᠭ᠍ᠰᠠᠨ ᠴᠤ᠌ ᠭᠠᠳᠠᠨ᠎ᠠ ᠭᠠᠷᠬᠤ ᠬᠡᠷᠡᠭ ᠥᠬᠡᠶ᠂ ᠦᠡᠭᠭᠡᠷᠡᠭᠰᠡᠨ᠎ᠤ ᠬᠢ᠎ᠡᠴᠡ ᠬᠤᠪᠢ ᠳᠠᠬᠢᠨ ᠰᠠᠢᠨ ᠪᠣᠯᠵᠠᠶ᠂ ᠭᠡᠷ ᠳᠣᠲᠣᠷ᠎ᠠ ᠳᠤᠯᠠᠭᠠᠨ ᠪᠦᠭᠡᠳ ᠴᠡᠪᠡᠷ ᠂ ᠲᠡᠭᠷᠢ᠎ᠵᠢᠨ ᠵᠢᠷᠭᠠᠯ ᠡᠳ᠋ᠯᠡᠵᠦ ᠪᠠᠢᠨ᠎ᠠ! ᠡᠷᠢᠨ ᠡᠷᠢᠨ ᠰᠠᠢᠨ ᠢᠳᠡᠵᠦ᠍ ᠂ ᠰᠠᠢᠨ ᠰᠠᠭᠤᠵᠤ᠂ ᠰᠠᠨᠠᠭ᠎ᠠ ᠠᠮᠤᠷ ᠠᠮᠢᠳᠤᠷᠠᠬᠤ ᠪᠣᠯ ᠳᠠᠷᠤᠢ ᠵᠣᠯ ᠵᠢᠷᠭᠠᠯ ᠪᠣᠯᠤᠨ᠎ᠠ᠃ ᠶᠡᠷᠦᠩᠬᠡᠶ ᠱᠦᠵᠢ᠎ᠶ᠋ᠢᠨ ᠮᠠᠨᠤᠰ ᠲᠦ᠍ ᠠᠪᠴᠢᠷᠠᠭᠰᠠᠨ ᠵᠣᠯ ᠵᠢᠷᠭᠠᠯ᠎ᠳᠤ ᠲᠠᠯᠠᠷᠬᠠᠵᠤ ᠪᠠᠢᠨ᠎ᠠ》ᠭᠡᠵᠦ ᠠᠮᠠ ᠬᠠᠮᠬᠢᠯ ᠦᠭᠡᠢ ᠪᠠᠶᠠᠷᠯᠠᠨ ᠶᠠᠷᠢᠨ᠎ᠠ᠃

ᠭᠦᠸᠧ ᠶᠦᠩ ᠼᠠᠢ ᠵᠢᠨ ᠬᠢᠨ《ᠠᠮᠤᠭᠤᠯᠠᠩ ᠰᠠᠭᠤᠴᠠ᠎ᠵᠢᠨ ᠬᠦᠰᠡᠯ ᠵᠡᠭᠦᠳᠦ》᠎ᠪᠠᠨ ᠲᠡᠷᠭᠡᠯᠰᠢᠭᠦᠯᠦᠭᠰᠡᠨ ᠶᠠᠪᠤᠳᠠᠯ ᠪᠣᠯ ᠷᠠᠱᠢᠶᠠᠨ ᠬᠤᠳᠠ ᠲᠦᠬᠦᠮ ᠪᠦᠳᠦᠴᠡᠳᠦ ᠣᠷᠣᠨ ᠰᠠᠭᠤᠴᠠ᠎ᠶ᠋ᠢᠨ ᠲᠣᠭᠣᠷᠢᠭ᠎ᠢ ᠥᠭᠡᠷᠡᠴᠢᠯᠡᠨ ᠪᠠᠢᠭᠤᠯᠬᠤ᠎ᠪᠠᠷ ᠳᠠᠮᠵᠢᠨ ᠲᠦᠭ ᠲᠦᠮᠡᠨ ᠰᠠᠭᠤᠭᠠᠯᠢ ᠠᠷᠠᠳ᠎ᠢ ᠠᠮᠤᠭᠤᠯᠠᠡᠭ ᠰᠠᠭᠤᠴᠠ᠎ᠳᠤ ᠰᠠᠭᠤᠯᠭᠠᠵᠤ᠂ ᠰᠠᠢ᠌ᠨ ᠠᠮᠢᠳᠤᠷᠠᠯ᠎ᠲᠠᠶ ᠪᠣᠯᠭᠠᠭ᠍ᠰᠠᠨ᠎ᠤ ᠬᠤᠷᠢᠶᠠᠩᠭᠤᠢ ᠳᠦᠷᠰᠦ ᠪᠣᠯᠤᠨ᠎ᠠ᠃ ᠬᠡᠳᠦᠨ ᠵᠢᠯ᠎ᠦᠨ ᠲᠤᠷᠰᠢ᠂ ᠷᠠᠱᠢᠶᠠᠨ ᠬᠣᠲᠠ ᠨᠡᠢᠲᠡ 42 ᠳ᠋ᠦᠩᠱᠢᠭᠤᠷ ᠱᠢᠬᠠᠮ ᠪᠠᠯᠠ ᠮᠥᠩᠭᠥ᠌ ᠣᠷᠣᠭᠤᠯᠤᠨ᠂ ᠲᠦᠬᠦᠮ ᠪᠦᠳᠦᠴᠡᠳᠦ ᠣᠷᠣᠨ ᠰᠠᠭᠤᠴᠠ᠎ᠶ᠋ᠢᠨ ᠲᠣᠭᠣᠷᠢᠭ᠎ᠤᠨ 70 ᠲᠦᠮᠡᠨ ᠲᠡᠭ᠌ᠰᠢ ᠳᠥᠷᠪᠡᠯᠵᠢᠨ ᠮᠧᠲ᠋ᠷ ᠬᠡᠷ ᠪᠠᠢᠱᠢᠩ᠎ᠢ ᠥᠭᠡᠷᠡᠴᠢᠯᠡᠨ ᠱᠢᠨᠡᠳᠭᠡᠵᠦ᠍᠂ ᠪᠠᠰᠠ ᠰᠠᠭᠤᠭᠠᠯᠢ ᠠᠷᠠᠳ᠎ᠤᠨ ᠠᠭᠤᠳᠠᠮ ᠲᠠᠯᠠᠪᠠᠶ᠎ᠶ᠋ᠢ ᠱᠢᠨ᠎ᠡ᠎ᠪᠡᠷ ᠪᠠᠢᠭᠤᠯᠤᠨ᠂ ᠨᠣᠭᠣᠭᠠᠷᠠᠭᠤᠯᠤᠯᠲᠠ᠎ᠶ᠋ᠢ ᠨᠡᠮᠡᠭ᠌ᠳᠡᠭᠦᠯᠵᠦ᠍᠂ ᠬᠣᠲᠠ᠎ᠶ᠋ᠢᠨ ᠴᠢᠳᠠᠮᠵᠢ ᠪᠠ ᠣᠷᠣᠱᠢᠨ ᠰᠠᠭᠤᠬᠤ ᠣᠷᠴᠢᠨ ᠨᠥᠬᠥᠴᠡᠯ᠎ᠢ ᠢᠯᠡᠳᠲᠡ ᠳᠡᠭᠡᠭ᠌ᠰᠢᠯᠡᠭᠦᠯᠪᠡ᠃

ᠭᠡᠷ ᠪᠠᠢᠰᠢᠩ ᠨᠢ ᠶᠡᠬᠡ ᠪᠣᠯᠵᠤ᠂ ᠰᠡᠳᠭᠢᠯ ᠰᠠᠨᠠᠭ᠎ᠠ ᠨᠢ ᠪᠠᠰᠠ ᠨᠠᠩ ᠰᠠᠷᠠᠭᠤᠯ ᠪᠣᠯᠵᠠᠶ᠃ ᠬᠡᠳᠦᠢᠪᠡᠷ ᠬᠥᠯ ᠭᠠᠷ ᠨᠢ ᠳᠥᠭᠥᠮ ᠦᠭᠡᠢ ᠪᠣᠯᠪᠠᠴᠤ᠌᠂ ᠭᠦᠸᠧ ᠶᠦᠩ ᠼᠠᠢ ᠠᠪᠠᠭ᠎ᠠ ᠡᠳᠦᠷ ᠪᠦᠷᠢ ᠥᠷᠯᠥᠭᠡ᠎ᠶ᠋ᠢᠨ ᠬᠣᠭᠣᠯᠠᠨ᠎ᠤ ᠳᠠᠷᠠᠭ᠎ᠠ ᠠᠰᠠᠷ᠎ᠠᠴᠠ ᠪᠠᠭᠤᠵᠤ ᠪᠡᠶ᠎ᠡ ᠪᠠᠨ ᠪᠤᠯᠪᠠᠰᠤᠷᠠᠭᠤᠯᠤᠨ ᠲᠤᠭᠤᠷᠢᠳᠠᠭ᠃《ᠠᠮᠢᠳᠤᠷᠠᠯ ᠶᠠᠮᠠᠷ ᠴᠤ᠌ ᠬᠦᠴᠢᠷᠳᠡᠯ ᠦᠭᠡᠢ᠂ ᠦᠷ᠎ᠡ ᠬᠡᠦᠬᠡᠳ ᠴᠦ᠍ ᠠᠴᠢᠯᠠᠯ᠎ᠲᠠᠶ᠂ ᠪᠢᠳᠡ ᠰᠡᠳᠭᠢᠯ᠎ᠦᠨ ᠤᠭ᠎ᠠᠴᠠ᠎ᠪᠠᠨ ᠪᠠᠶᠠᠷᠯᠠᠵᠤ ᠪᠠᠢᠨ᠎ᠠ᠃ ᠣᠳᠣ ᠥᠪᠡᠷ᠎ᠦᠨ ᠪᠡᠶ᠎ᠡ᠎ᠪᠡᠨ ᠰᠠᠢᠨ ᠰᠤᠪᠢᠯᠠᠵᠤ᠂ ᠨᠠᠮ ᠲᠦᠷᠦ ᠡᠴᠡ ᠤᠯᠭᠤᠭᠰᠠᠨ ᠰᠠᠢᠬᠠᠨ ᠠᠮᠢᠳᠤᠷᠠᠯ᠎ᠢ ᠰᠠᠢᠳᠤᠷ ᠡᠳ᠋ᠯᠡᠨ᠎ᠡ》 ᠭᠡᠵᠦ ᠭᠦᠸᠧ ᠶᠦᠩ ᠼᠠᠢ ᠤᠷᠮᠠᠲᠠᠢᠬᠠᠨ ᠶᠠᠷᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠤᠶᠠᠨ᠍ᠦ᠌ᠨᠳᠦᠰᠦ

ᠣᠷᠴᠢᠭᠤᠯᠤᠭ᠍ᠴᠢ᠄

ᠢᠷᠡᠯᠲᠡ᠄ ᠲᠤᠮᠳᠠᠳᠤ ᠤᠯᠤᠰ᠎ᠤᠨ ᠮᠤᠩᠭᠤᠯ ᠬᠡᠯᠡᠨ ‍ᠤ ᠰᠤᠨᠢᠨ ᠮᠡᠳᠡᠬᠡ᠎ᠶᠢᠨ ᠰᠦᠯᠵᠢᠶ᠎ᠠ
兼容浏览器的HTML页面