ᠭᠣᠣᠯ ᠰᠡᠳᠦᠪᠲᠦ ᠮᠡᠳᠡᠭᠡᠯᠡᠯ > ᠲᠣᠯᠢᠨ ᠴᠡᠩᠬᠡᠷ ᠤᠰᠤᠨ ᠨᠠᠭᠤᠷ ᠪᠥᠷᠢᠲᠦ᠍᠍·12ᠠᠢᠮᠠᠭ ᠬᠣᠲᠠ᠎ᠶ᠋ᠢᠨ ᠠᠶᠠᠨ᠎ᠤ᠋ ᠴᠣᠮᠣᠭ

2026-11-16 16:24:11

ᠵᠣᠬᠢᠶᠠᠭ᠍ᠴᠢ᠄ ᠪᠤᠶᠠᠨᠲᠤ ᠦᠨᠢᠷ ᠬᠦᠪᠴᠢᠨ ᠭᠢᠯᠪᠡᠭᠡᠨ ᠦᠢᠯᠡᠰ ᠣᠩᠱᠢᠭ᠍ᠰᠠᠨ ᠣᠳᠠᠭ᠎ᠠ᠄ 3

ᠬᠠᠮᠢᠶ᠎ᠠ ᠪᠦᠬᠦᠢ ᠬᠤᠯᠪᠤᠭᠠᠰᠦ᠄

ᠳᠠᠯᠠᠢᠨᠠᠭᠤᠷ ᠳᠠᠯᠠᠢ ᠵᠢᠨ ᠳᠦᠪᠰᠢᠨ ᠡᠴᠡ ᠪᠠᠷᠤᠭ 1226 ᠮᠸᠲᠷ ᠡᠷᠬᠦᠭᠳᠡᠵᠦ᠂ ᠤᠰᠤᠨ ᠎ᠤ ᠴᠠᠷᠠᠭ᠎ᠠ ᠨᠢ ᠪᠠᠷᠤᠭ 197 ᠲᠡᠭᠰᠢ ᠳᠦᠷᠪᠡᠯᠵᠢᠨ ᠺᠢᠯᠤᠮᠸᠲᠷ ᠪᠠᠢᠵᠦ᠂ ᠨᠠᠭᠤᠷ᠎ᠤᠨ ᠤᠰᠤᠨ᠎ᠤ ᠬᠠᠮᠤᠭ᠎ᠤᠨ ᠬᠦᠨ ᠭᠡᠰᠡᠭ  ᠨᠢ 12 ᠮᠸᠲᠷ ᠬᠦᠷᠴᠦ᠂ ᠶᠠᠷᠦᠩᠭᠡᠢ ᠤᠰᠤᠨ᠎ᠤ ᠭᠡᠮᠵᠢᠶ᠎ᠡ ᠨᠢ ᠪᠠᠷᠤᠭ 12 ᠳ᠋ᠦᠩᠰᠢᠭᠤᠷ ᠪᠤᠰᠤᠭ᠎ᠠ ᠳᠦᠷᠪᠡᠯᠵᠢᠨ ᠮᠸᠲᠷ ᠪᠠᠢᠳᠠᠭ᠃ ᠳᠠᠯᠠᠢᠨᠠᠭᠤᠷ ᠪᠤᠯ ᠦᠪᠦᠷ ᠮᠤᠩᠭᠤᠯ᠎ᠤᠨ ᠳᠦᠷᠪᠠᠨ ᠲᠤᠮᠤ ᠨᠠᠭᠤᠷ᠎ᠤᠨ ᠨᠢᠭᠡ ᠪᠠᠢᠵᠤ᠂ ᠵᠢᠭᠦᠷᠲᠡᠨ ᠰᠢᠪᠠᠭᠤᠳ ᠤ᠋ᠨ ᠴᠡᠡᠭᠭᠡᠯ ᠤ᠋ᠨ ᠤᠷᠤᠨ ᠭᠡᠰᠡᠨ ᠰᠠᠢᠬᠠᠨ ᠠᠯᠳᠠᠷ ᠲᠠᠢ ᠤᠯᠤᠰ ᠤ᠋ᠨ ᠳᠡᠰ ᠤ᠋ᠨ ᠪᠠᠢᠭᠠᠯᠢ ᠢ᠋ᠢᠨ ᠬᠠᠮᠠᠭᠠᠯᠠᠯᠲᠠ ᠢ᠋ᠢᠨ ᠤᠷᠤᠨ ᠤ᠋ ᠭᠤᠤᠯ ᠴᠢᠮᠦᠭᠡ ᠪᠤᠯᠬᠤ ᠶᠤᠮ᠃


ᠰᠦᠮᠪᠤᠷ ᠠᠭᠤᠯᠠ ᠵᠢ ᠳᠤᠪᠤ ᠳᠠᠳᠤᠢ ᠪᠠᠢᠬᠤ᠎ᠳᠦ᠂ ᠰᠦᠨ ᠳᠠᠯᠠᠢ ᠵᠢ ᠱᠠᠯᠪᠠᠭ ᠳᠡᠳᠦᠢ ᠪᠠᠢᠬᠤ᠎ᠳᠦ ᠁ ᠭᠡᠵᠦ ᠦᠯᠢᠭᠡᠷ ᠡᠬᠢᠯᠡᠳᠡᠭ ᠰᠢᠭ ᠲᠡᠷᠳᠡᠭᠡ ᠠᠯᠤᠰ᠎ᠳ᠋ᠦᠩᠰᠢᠭᠤᠷ ᠵᠢᠯ᠎ᠤᠨ ᠡᠮᠦᠨ᠎ᠡ ᠭᠠᠯᠳᠦ ᠠᠭᠤᠯᠠ ᠵᠢᠨ ᠳᠠᠯᠪᠠᠷᠠᠯᠳᠠ ᠡᠴᠡ ᠪᠤᠯᠵᠦ ᠨᠢᠭᠡᠨ ᠨᠠᠭᠤᠷ ᠳᠤᠭᠳᠠᠭᠰᠠᠨ᠎ᠢ ᠳᠠᠯᠠᠢᠨᠠᠭᠤᠷ (ᠲᠡᠤᠬᠡ ᠢ᠋ᠢᠨ ᠰᠤᠷᠪᠤᠯᠵᠢ ᠪᠢᠴᠢᠭ ᠲᠤ᠌ ᠪᠠᠰᠠ 《ᠳ᠋ᠠᠯ ᠨᠠᠭᠤᠷ》᠂ 《ᠳᠠᠯᠤ ᠨᠠᠭᠤᠷ》 ᠭᠡᠵᠦ ᠲᠡᠮᠳᠡᠭᠯᠡᠵᠤ ᠪᠤᠢ) ᠭᠡᠳᠡᠭ᠃

ᠦᠨᠳᠦᠷ ᠰᠦᠷᠯᠢᠭ ᠶᠡᠭᠡ ᠬᠢᠩᠭᠠᠨ ᠳᠠᠪᠠᠭᠠᠨ᠎ᠤ ᠤᠷᠬᠢᠯ ᠪᠤᠯᠤᠭᠰᠠᠨ ᠬᠤᠩᠭᠤ ᠵᠢᠨ ᠳᠠᠪᠠᠭ᠎ᠠ ᠵᠢᠨ ᠬᠦᠨ ᠡᠩᠭᠡᠷ ᠡᠴᠡ ᠡᠬᠢ ᠠᠪᠴᠤ ᠦᠷᠭᠡᠨ ᠠᠭᠤᠳᠠᠮ ᠬᠦᠩᠭᠡᠷ᠎ᠤᠨ ᠳᠠᠯ᠎ᠠ ᠵᠢ ᠵᠦᠰᠦᠨ ᠪᠠᠷᠠᠭᠤᠨ ᠬᠤᠢᠰᠢ ᠤᠭᠠᠯᠵᠠᠯᠠᠨ ᠤᠷᠤᠰᠤᠭᠰᠠᠨ ᠳᠤᠩᠭᠠᠯᠠᠭ ᠷᠡᠰᠢᠶᠠᠨ᠎ᠢ ᠨᠤᠳᠤᠭ᠎ᠤᠨ ᠬᠦᠮᠦᠰ ᠨᠢ ᠬᠦᠩᠭᠡᠷ᠎ᠤᠨ ᠭᠤᠤᠯ ᠭᠡᠳᠡᠭ᠃ ᠭᠡᠰᠢᠭᠳᠡᠨ ᠨᠤᠳᠤᠭ᠎ᠤᠨ ᠬᠦᠮᠦᠨ ᠮᠠᠯ᠎ᠤᠨ ᠤᠮᠳᠠ ᠳᠡᠵᠢᠭᠡᠯ ᠪᠤᠯᠤᠭᠰᠠᠨ ᠡᠨᠡ ᠭᠤᠤᠯ 120  ᠭᠠᠷᠤᠢ ᠺᠢᠯᠦᠮᠸᠲᠷ᠎ᠤᠨ ᠲᠠᠯ᠎ᠠ ᠨᠤᠳᠤᠭ᠎ᠢ ᠤᠮᠳᠠᠯᠠᠨ ᠤᠷᠤᠰᠴᠤ᠂ 《ᠦᠨᠳᠦᠷᠯᠢᠭ᠎ᠤᠨ ᠮᠠᠯᠮᠠᠢ》 ᠬᠡᠮᠡᠭᠳᠡᠭᠰᠡᠨ ᠳᠠᠯᠠᠢᠨᠠᠭᠤᠷ ᠲᠸ᠋ ᠤᠷᠤᠰᠤᠨ ᠤᠷᠤᠳᠠᠭ᠃ ᠡᠢᠨ ᠬᠦ᠌ ᠳᠠᠯᠠᠢᠨᠠᠭᠤᠷ ᠲᠸ᠋ ᠬᠦᠩᠭᠡᠷ᠎ᠤᠨ ᠭᠤᠤᠯ᠂ ᠰᠢᠷ᠎ᠠ ᠵᠢᠨ ᠭᠤᠤᠯ᠂ ᠰᠢᠷᠭᠤᠭ᠎ᠠ ᠵᠢᠨ ᠭᠤᠤᠯ᠂ ᠬᠤᠭᠤᠯᠠᠢ ᠵᠢᠨ ᠭᠤᠤᠯ᠂ ᠨᠠᠷᠢᠨ ᠭᠤᠤᠯ ᠵᠡᠷᠭᠡ ᠤᠯᠠᠨ  ᠰᠠᠢᠬᠠᠨ ᠭᠤᠤᠯ ᠭᠤᠷᠤᠬ᠎ᠠ ᠤᠷᠤᠰᠬᠠᠯ ᠨᠡᠮᠡᠵᠦ ᠪᠠᠢᠳᠠᠭ ᠡᠴᠡ ᠬᠡᠴᠢᠨᠠᠨ ᠵᠠᠭᠤᠨ ᠮᠢᠩᠭᠠᠨ᠎ᠤ ᠳᠤᠷᠰᠢ  ᠬᠦᠪᠡᠭᠡ ᠳᠠᠭᠠᠨ ᠰᠠᠭᠤᠷᠢᠰᠢᠭᠰᠠᠨ ᠬᠦᠮᠦᠨ ᠠᠷᠠᠳ ᠲᠠᠭᠠᠨ ᠠᠷᠢᠭᠤᠨ ᠰᠢᠮ᠎ᠡ ᠪᠠᠨ ᠬᠦᠷᠳᠡᠭᠡᠭᠰᠡᠭᠡᠷ ᠢᠷᠡᠵᠠᠢ᠃

ᠠᠭᠤᠯᠠ ᠬᠠᠳᠠ᠂ ᠡᠯᠡᠰᠦ ᠴᠦᠯ᠂ ᠲᠠᠯ᠎ᠠ ᠬᠦᠨᠳᠠᠢ᠂ ᠬᠤᠵᠢᠷᠳᠦ ᠴᠠᠢᠳᠠᠮ ᠁ ᠳᠠᠯᠠᠢᠨᠠᠭᠤᠷ᠎ᠢ ᠳᠤᠭᠤᠷᠢᠨ ᠡᠬᠡ ᠭᠠᠵᠠᠷ ᠡᠯᠳᠡᠪ᠎ᠤᠨ ᠵᠢᠰᠦ ᠪᠡᠷ ᠰᠤᠯᠢᠬᠳᠠᠵᠦ ᠪᠠᠢᠳᠠᠭ ᠴᠸ᠋ ᠡᠨᠡ ᠨᠠᠭᠤᠷ ᠡᠵᠢ ᠵᠢᠨ ᠰᠡᠳᠬᠢᠯ ᠰᠢᠭ ᠬᠠᠢᠷ᠎ᠠ ᠪᠠᠨ ᠢᠪᠢᠯᠤᠨ ᠨᠤᠳᠤᠭ ᠵᠢᠡᠨ ᠤᠮᠳᠠᠯᠠᠭᠰᠠᠭᠠᠷ  ᠁




ᠳᠠᠯᠠᠢᠨᠠᠭᠤᠷ —  ᠦᠯᠦᠭᠡᠢ ᠨᠤᠲᠤᠭ ᠤ᠋ᠨ ᠬᠡᠰᠢᠭ ᠰᠤᠶᠤᠷᠬᠠᠯ

ᠵᠠᠰᠠᠮᠠᠯ ᠵᠠᠮ ᠲᠠᠯ᠎ᠠ ᠵᠢ ᠵᠦᠰᠦᠨ ᠵᠤᠷᠠᠢᠨ᠎ᠠ᠃ ᠨᠠᠮᠤᠷ ᠤ᠋ᠨ ᠰᠠᠭᠦᠯ ᠰᠠᠷ᠎ᠠ ᠵᠢᠨ ᠭᠡᠰᠢᠭᠳᠡᠨ ᠨᠤᠳᠤᠭ᠎ᠤᠨ ᠶᠠᠭᠤ ᠪᠦᠬᠦᠨ ᠨᠢ ᠠᠯᠳᠠᠨ ᠰᠢᠷᠭᠠᠯ ᠦᠡᠭᠭᠡ ᠪᠡᠷ ᠪᠤᠳᠤᠭᠳᠠᠵᠦ᠂ ᠳᠡᠭᠷᠢ ᠵᠢᠨ ᠳᠠᠩᠨᠠᠢ ᠪᠠᠷ ᠭᠠᠯᠠᠭᠤᠨ ᠴᠤᠪᠤᠭ᠎ᠠ ᠭᠠᠩᠭᠠᠷ ᠭᠤᠩᠭᠠᠷ ᠭᠠᠩᠭᠠᠨᠠᠯᠳᠤᠨ ᠡᠮᠦᠨ᠎ᠡ ᠵᠢ ᠵᠤᠷᠢᠨ ᠨᠢᠰᠴᠤ᠂ ᠵᠠᠮ᠎ᠤᠨ ᠬᠠᠵᠠᠭᠤ ᠪᠡᠷ ᠳᠠᠷᠭᠤᠨ ᠰᠦᠷᠦᠭ ᠳᠠᠢᠪᠤᠩ ᠪᠠᠯᠴᠢᠬᠦ ᠨᠢ ᠡᠨᠡ ᠨᠤᠳᠤᠭ᠎ᠤᠨ ᠨᠠᠮᠤᠷ ᠴᠠᠭ᠎ᠤᠨ ᠡᠭᠡᠰᠢᠭ ᠪᠤᠯᠵᠦ᠂ ᠬᠠᠷᠠᠭᠰᠠᠨ ᠬᠦᠮᠦᠨ᠎ᠤ ᠰᠡᠳᠬᠢᠯ᠎ᠢ ᠬᠦᠭᠯᠡᠨ᠎ᠡ᠃ ᠮᠠᠰᠢᠨ ᠤ᠋ ᠮᠢᠯᠢ ᠢ᠋ᠢᠨ ᠵᠠᠭᠦᠤ 120 ᠢ᠋ᠢ ᠵᠢᠭᠠᠭᠰᠠᠨ ᠴᠸ᠋ ᠲᠠᠯ᠎ᠠ ᠵᠢᠨ ᠵᠠᠮ ᠳᠦᠬᠦᠵᠦ ᠦᠭᠬᠦ ᠦᠭᠡᠢ ᠤᠳᠠᠭᠠᠨ ᠰᠠᠨᠠᠭᠳᠠᠵᠤ᠂ ᠲᠡᠷᠡᠭᠡᠨ ᠳᠤᠤᠷ᠎ᠠ ᠬᠠᠷᠠᠭᠳᠠᠬᠤ ᠳᠠᠷᠬᠠᠠᠠᠠᠭᠤᠯᠠ ᠵᠢᠨ ᠳᠡᠷᠭᠡᠳᠡ ᠭᠡᠳᠦᠭᠡᠨ ᠠᠯᠬᠤᠭᠠᠳ ᠬᠦᠷᠴᠢᠭᠡᠬᠦ ᠰᠢᠭ ᠠᠳᠠᠯ᠎ᠠ ᠪᠠᠨ ᠬᠦᠩᠭᠡᠨ ᠮᠠᠰᠢᠨ ᠳᠠᠪᠬᠢᠭᠠᠳ ᠳᠠᠪᠬᠢᠭᠠᠳ ᠬᠦᠷᠳᠡᠭ ᠦᠭᠡᠢ 《ᠠᠯᠤᠰ》 ᠪᠠᠢᠳᠠᠭ᠎ᠢ ᠶᠠᠭᠠᠬᠢᠨ᠎ᠠ ᠁

ᠵᠠᠭᠡᠰᠤ ᠳᠡᠷᠡᠰᠤ ᠰᠢᠷᠭᠠᠯᠳᠤᠨ ᠨᠠᠢᠭᠤᠵᠤ᠂ ᠵᠢᠡᠭᠳᠡᠭᠦᠨ ᠰᠠᠯᠬᠢ ᠦᠶ᠎ᠠ ᠦᠶ᠎ᠠ ᠴᠢᠩᠭᠠᠷᠠᠨ᠎ᠠ᠃

ᠪᠢᠳᠡ ᠵᠢᠫ ᠮᠠᠰᠢᠨ ᠤ᠋ ᠬᠦᠡᠭᠭᠡᠨ ᠳᠠᠪᠬᠢᠭ᠎ᠠ ᠪᠡᠷ ᠳᠠᠯᠠᠢᠨᠠᠭᠤᠷ᠎ᠤᠨ ᠪᠠᠷᠠᠭᠤᠨ ᠬᠦᠪᠡᠭᠡ ᠵᠢ ᠳᠠᠭᠠᠵᠦ᠂ ᠬᠤᠯᠠᠨ ᠰᠢᠷᠭ᠎ᠠ ᠳᠠᠭ᠎ᠠ ᠵᠢᠨ ᠡᠯᠡᠰᠦᠨ ᠳᠤᠮᠳᠠᠭᠤᠷ ᠵᠠᠰᠠᠭᠰᠠᠨ ᠱᠦᠢᠨᠢ ᠵᠠᠮ ᠵᠢᠡᠷ ᠬᠠᠭᠠᠰ ᠴᠠᠭ ᠳᠠᠪᠬᠢᠭᠤᠯᠤᠨ᠂ ᠬᠡᠰᠢᠭᠲᠡᠨ ᠬᠤᠰᠢᠭᠤᠨ ᠤ᠋  ᠳᠠᠷᠬᠠᠠᠠᠠᠭᠤᠯᠠ ᠰᠤᠮᠤ ᠢ᠋ᠢᠨ ᠲᠦᠷᠦᠭᠡᠨᠠᠭᠤᠷ ᠭᠠᠴᠠᠭᠠᠨ᠎ᠳᠦ ᠬᠦᠷᠴᠦ ᠢᠷᠡᠯ᠎ᠠ᠃

ᠦᠨᠳᠦᠷ ᠰᠦᠷᠯᠢᠭ ᠰᠦᠮ᠎ᠠ ᠵᠢᠨ ᠤᠪᠤᠭ᠎ᠠ ᠵᠢ ᠲᠦᠰᠢᠵᠤ᠂ ᠦᠵᠡᠮᠵᠢᠲᠤ ᠰᠠᠢᠬᠠᠨ ᠳᠠᠯᠠᠢᠨᠠᠭᠤᠷ ᠢ᠋ ᠪᠠᠷᠠᠯᠠᠨ ᠪᠠᠢᠭᠤᠯᠤᠭᠰᠠᠨ ᠪᠠᠷᠰ ᠬᠤᠲᠠ ᠢ᠋ᠢᠨ ᠪᠠᠭᠤᠷᠢ ᠲᠦᠷᠦᠭᠡᠨᠠᠭᠤᠷ ᠭᠠᠴᠠᠭᠠᠨ᠎ᠤ ᠪᠠᠷᠠᠭᠤᠨ ᠪᠡᠶ᠎ᠠ ᠳ᠋ᠤ ᠶᠡᠬᠡᠮᠰᠦᠭ ᠠᠭᠠᠳ ᠭᠠᠭᠴᠠᠭᠠᠷᠳᠠᠡᠭᠭᠤᠢ ᠬᠦᠭᠡᠷᠡᠨ ᠬᠠᠷᠠᠭᠳᠠᠨ᠎ᠠ᠃ ᠡᠷᠳᠡᠨ ᠤ᠋ ᠴᠠᠳᠢᠭ ᠢ᠋ ᠦᠭᠦᠯᠡᠵᠤ ᠪᠠᠢᠬᠤ ᠮᠡᠲᠤ᠂ ᠡᠯᠳᠡᠪ ᠳᠤᠮᠤᠭ ᠢ᠋ ᠬᠦᠤᠷᠨᠢᠵᠤ ᠪᠠᠢᠬᠤ ᠮᠡᠲᠤ ᠬᠤᠭᠤᠯᠠᠢ ᠢ᠋ᠢᠨ ᠭᠤᠤᠯ ᠲᠡᠭᠦᠨ ᠤ᠋ ᠪᠠᠷᠠᠭᠤᠨ ᠲᠠᠯ᠎ᠠ ᠪᠡᠷ ᠠᠶᠠᠷᠬᠠᠨ ᠤᠷᠤᠰᠤᠨ᠎ᠠ ᠁ ᠬᠤᠭᠤᠯᠠᠢ ᠢ᠋ᠢᠨ ᠭᠤᠤᠯ ᠤ᠋ᠨ ᠬᠦᠪᠡᠭᠡᠨ ᠳ᠋ᠤ ᠬᠦᠷᠢᠶᠠᠨ ᠳ᠋ᠡᠭᠡᠨ ᠬᠡᠳᠤᠨ ᠮᠤᠡᠭᠭᠤᠯ ᠭᠡᠷ ᠪᠠᠷᠢᠭᠰᠠᠨ ᠠᠢᠯ ᠢ᠋ ᠵᠢᠷᠤᠮᠲᠤ ᠢ᠋ᠢᠨ ᠬᠢ ᠭᠡᠳᠡᠭ᠃  ᠡᠳᠡᠨ ᠤ᠋ ᠬᠢ ᠪᠤᠯ ᠪᠠᠷᠰ ᠬᠤᠲᠠ ᠢ᠋ᠢᠨ ᠪᠠᠭᠤᠷᠢ ᠂ ᠳᠠᠯᠠᠢᠨᠠᠭᠤᠷ᠂ ᠬᠤᠯᠠᠨ ᠰᠢᠷᠭ᠎ᠠ ᠳᠠᠭ᠎ᠠ ᠢ᠋ᠢᠨ ᠡᠯᠡᠰᠤ᠂ ᠲᠦᠷᠦᠭᠡᠨᠠᠭᠤᠷ ᠵᠡᠷᠭᠡ ᠦᠯᠦᠭᠡᠢ ᠨᠤᠲᠤᠭ ᠤ᠋ᠨ ᠢ᠋ᠢᠡᠨ ᠦᠯᠡᠮᠵᠢ ᠶᠡᠬᠡ ᠡᠬᠢ ᠪᠠᠶᠠᠯᠢᠭ ᠢ᠋ ᠲᠦᠰᠢᠨ ᠵᠢᠭᠤᠯᠴᠢᠯᠡᠯ ᠤ᠋ᠨ ᠦᠢᠯᠡᠰ ᠡᠷᠬᠢᠯᠡᠵᠤ ᠶᠠᠪᠤᠭ᠎ᠠ ᠡᠭᠡᠯ ᠵᠢᠷ ᠤ᠋ᠨ ᠮᠠᠯᠴᠢᠨ ᠠᠢᠯ ᠶᠤᠮ᠃ ᠲᠡᠳᠡ 《ᠬᠤᠭᠤᠯᠠᠢ ᠢ᠋ᠢᠨ ᠭᠤᠤᠯ ᠠᠷᠠᠳ ᠤ᠋ᠨ ᠪᠠᠭᠤᠳᠠᠯ》 ᠢ᠋ᠢᠡᠨ ᠡᠷᠬᠢᠯᠡᠭᠡᠳ ᠨᠡᠯᠢᠶᠡᠳ ᠬᠡᠳᠦᠨ ᠵᠢᠯ ᠤ᠋ᠨ ᠨᠢᠭᠤᠷ ᠦᠵᠡᠵᠡᠢ᠃



《ᠮᠠᠨ ᠤ᠋ ᠨᠤᠲᠤᠭ ᠭᠡᠳᠡᠭ ᠴᠢᠨᠢ ᠤᠶᠤᠨ ᠤ᠋ ᠶᠠᠳᠠᠷᠠᠭ᠎ᠠ ᠢ᠋ᠢ ᠠᠷᠢᠯᠭᠠᠵᠤ᠂ ᠰᠡᠳᠬᠢᠯ ᠤ᠋ᠨ ᠠᠯᠵᠢᠶᠠᠯ ᠢ᠋ ᠲᠠᠢᠯᠬᠤ ᠰᠠᠢᠬᠠᠨ ᠨᠤᠲᠤᠭ ᠰᠢᠤ᠂ ᠲᠡᠭᠡᠭᠡᠳ ᠯᠡ ᠲᠡᠷᠡ ᠬᠤᠯᠠ ᠢ᠋ᠢᠨ ᠬᠦᠮᠦᠰ ᠮᠠᠨ ᠤ᠋ ᠨᠤᠲᠤᠭ ᠢ᠋ ᠵᠤᠷᠢᠳᠠᠭ ᠪᠠᠢᠬ᠎ᠠ》ᠭᠡᠳ ᠵᠢᠷᠤᠮᠲᠤ ᠢᠨᠢᠶᠡᠮᠰᠦᠭᠯᠡᠭᠰᠡᠨ ᠢ᠋ᠢᠡᠨ 《ᠤᠷᠴᠢᠮ ᠤ᠋ᠨ ᠵᠢᠯ ᠵᠠᠮ ᠬᠠᠷᠢᠯᠴᠠᠭ᠎ᠠ ᠰᠠᠢᠵᠢᠷᠠᠭᠰᠠᠨ ᠡᠴᠡ ᠡᠨᠳᠡ ᠢᠷᠡᠵᠤ ᠠᠶᠠᠯᠠᠨ ᠵᠢᠭᠤᠯᠴᠢᠯᠡᠵᠤ ᠠᠮᠠᠷᠠᠨ ᠰᠡᠯᠡᠭᠦᠴᠡᠬᠦ ᠬᠦᠮᠦᠨ ᠤᠯᠠᠨ ᠪᠤᠯᠵᠠᠢ᠃ ᠮᠠᠨ ᠤ᠋ ᠬᠢ 2020 ᠤᠨ ᠡᠴᠡ ᠭᠡᠷ ᠪᠦᠯᠢ ᠢ᠋ᠢᠨ ᠵᠢᠭᠤᠯᠴᠢᠯᠡᠯ ᠢ᠋ᠢᠡᠨ ᠡᠬᠢᠯᠡᠭᠦᠯᠵᠤ᠂ 2024 ᠤᠨ ᠳ᠋ᠤ ᠳᠦᠴᠢᠭᠡᠳ ᠲᠦᠮᠡᠨ ᠲᠦᠬᠦᠷᠢᠭ ᠤ᠋ᠨ ᠲᠦᠷᠦᠯ ᠵᠦᠢᠯ᠎ᠤᠨ ᠪᠡᠯᠡ ᠮᠦᠡᠭᠭᠦ ᠭᠤᠶᠤᠴᠢᠯᠠᠨ ᠤᠯᠵᠦ ᠦᠷᠭᠡᠳᠬᠡᠨ ᠪᠠᠢᠭᠤᠯᠤᠭᠰᠠᠨ ᠶᠤᠮ᠃ 7 — 9 ᠰᠠᠷ᠎ᠠ ᠳ᠋ᠤ ᠵᠢᠭᠤᠯᠴᠢᠯᠠᠬᠰᠠᠳ ᠤ᠋ᠨ ᠬᠦᠯ ᠶᠡᠬᠡ ᠪᠠᠢᠳᠠᠭ᠃ ᠪᠢᠳᠡ ᠡᠨᠡ ᠬᠦ᠌ ᠵᠢᠭᠤᠯᠴᠢᠯᠡᠯ ᠤ᠋ᠨ ᠢᠳᠡ ᠴᠠᠭ ᠢ᠋ ᠠᠮᠵᠢᠨ ᠬᠤᠭᠤᠯᠠ ᠤᠮᠳᠠ᠂ ᠬᠤᠨᠤᠭ ᠪᠠᠭᠤᠳᠠᠯ ᠤ᠋ᠨ ᠦᠢᠯᠡᠴᠢᠯᠡᠭᠡ ᠭᠠᠷᠭᠠᠵᠤ᠂ ᠡᠳᠦᠷ ᠲᠤ᠌ ᠪᠠᠷᠤᠭ ᠳᠦᠴᠢ ᠲᠠᠪᠢᠨ ᠬᠦᠮᠦᠨ ᠲᠤᠰᠳᠠᠭ᠂ ᠮᠠᠯ ᠢ᠋ᠢᠡᠨ ᠮᠠᠯᠵᠢᠬᠤ ᠢ᠋ᠢᠨ ᠵᠡᠷᠭᠡ ᠪᠡᠷ ᠵᠢᠭᠤᠯᠴᠢᠯᠡᠯ ᠤ᠋ᠨ ᠦᠢᠯᠡᠰ ᠡᠷᠬᠢᠯᠡᠭᠡᠳ ᠠᠷᠪᠠᠭᠠᠳ ᠲᠦᠮᠡᠨ ᠲᠦᠬᠦᠷᠢᠭ ᠤ᠋ᠨ ᠤᠷᠤᠯᠭ᠎ᠠ ᠤᠯᠴᠢᠬᠠᠳᠠᠭ᠃ ᠦᠰᠴᠤ ᠲᠦᠷᠦᠭᠰᠡᠨ ᠨᠤᠲᠤᠭ ᠤ᠋ᠨ ᠮᠢᠨᠢ ᠪᠤᠶᠠᠨ᠂ ᠳᠠᠯᠠᠢᠨᠠᠭᠤᠷ᠎ᠤᠨ ᠮᠢᠨᠢ ᠬᠡᠰᠢᠭ ᠶᠤᠮ ᠳᠠ》 ᠭᠡᠵᠤ ᠵᠢᠷᠤᠮᠲᠤ ᠶᠠᠷᠢᠶ᠎ᠠ ᠪᠡᠨ ᠦᠷᠭᠦᠯᠵᠢᠯᠡᠭᠦᠯᠦᠨ᠎ᠠ᠃

ᠨᠤᠲᠤᠭ ᠤᠰᠤᠨ ᠤ᠋ ᠪᠡᠨ ᠬᠡᠰᠢᠭ ᠪᠤᠶᠠᠨ ᠢ᠋ ᠲᠦᠰᠢᠨ᠂ ᠵᠠᠬ᠎ᠠ ᠳᠡᠯᠭᠡᠭᠦᠷ ᠤ᠋ᠨ ᠬᠡᠷᠡᠭᠴᠡᠭᠡ ᠢ᠋ᠢ ᠬᠢᠷᠠᠬᠠᠢ ᠠᠵᠢᠵᠤ᠂ ᠠᠮᠢᠳᠤᠷᠠᠯ ᠠᠬᠤᠢ ᠳ᠋ᠠᠭᠠᠨ ᠰᠢᠭᠤᠷᠬᠠᠢ ᠲᠤᠬᠢᠷᠠᠭᠤᠯᠤᠯᠲᠠ ᠬᠢᠵᠤ ᠪᠠᠢᠭ᠎ᠠ ᠮᠠᠯᠴᠢᠨ ᠡᠨᠡ ᠨᠤᠲᠤᠭ ᠲᠤ᠌ ᠤᠯᠠᠨ ᠪᠤᠢ᠃ 《ᠮᠠᠨ ᠤ᠋ ᠭᠠᠴᠠᠭᠠᠨ ᠳ᠋ᠤ ᠮᠠᠯᠴᠢᠨ ᠠᠶ᠋ᠢᠯ ᠤ᠋ᠨ ᠵᠢᠭᠤᠯᠴᠢᠯᠡᠯ᠂ ᠭᠡᠷ ᠪᠠᠭᠤᠳᠠᠯ ᠡᠵᠡᠡᠭᠨᠡᠵᠤ ᠪᠠᠢᠭ᠎ᠠ ᠠᠢᠯ ᠨᠡᠯᠢᠶᠡᠳ ᠪᠠᠢᠨ᠎ᠠ᠂ ᠲᠡᠳᠡ ᠬᠤᠭᠤᠯᠠ ᠤᠮᠳᠠ ᠬᠤᠨᠤᠭ ᠪᠠᠭᠤᠳᠠᠯ᠂ ᠮᠣᠷᠢ ᠤᠨᠤᠭᠤᠯᠬᠤ᠂ ᠵᠠᠩ ᠦᠢᠯᠡ ᠰᠤᠨᠢᠷᠬᠠᠭᠤᠯᠬᠤ᠂ ᠤᠯᠠᠭᠠᠨ ᠴᠠᠭᠠᠨ ᠢᠳᠡᠭᠡ ᠠᠮᠰᠠᠭᠤᠯᠬᠤ᠂ ᠵᠢᠷᠤᠭ ᠰᠡᠭᠦᠳᠡᠷ ᠲᠠᠲᠠᠬᠤ ᠵᠡᠷᠭᠡ ᠦᠢᠯᠡᠴᠢᠯᠡᠭᠡ ᠬᠠᠩᠭᠠᠳᠠᠭ᠃ ᠪᠠᠰᠠ ᠤᠢᠷ᠎ᠠ ᠬᠠᠪᠢ ᠢ᠋ᠢᠨ ᠮᠠᠯᠴᠢᠳ ᠤ᠋ᠨ ᠢ᠋ᠢᠡᠨ ᠮᠢᠬ᠎ᠠ᠂ ᠰᠦ ᠰᠠᠭᠠᠯᠢ ᠢ᠋ᠢ ᠤᠷᠤᠯᠠᠨ ᠪᠤᠷᠤᠯᠠᠭᠤᠯᠵᠤ ᠤᠷᠤᠯᠭ᠎ᠠ ᠢ᠋ᠢ ᠨᠢ ᠨᠡᠮᠡᠭᠳᠡᠭᠦᠯᠵᠤ ᠪᠠᠢᠨ᠎ᠠ》ᠭᠡᠵᠤ ᠲᠦᠷᠦᠭᠡᠨᠠᠭᠤᠷ ᠭᠠᠴᠠᠭ᠎ᠠ ᠢ᠋ᠢᠨ ᠨᠠᠮ ᠤ᠋ᠨ ᠡᠭᠦᠷ ᠤ᠋ᠨ ᠱᠦᠵᠢ ᠰᠠᠴᠤᠷᠠᠯᠲᠤ ᠲᠠᠨᠢᠯᠴᠠᠭᠤᠯᠵᠤ ᠪᠠᠢᠯ᠎ᠠ᠃ ᠲᠦᠷᠦᠭᠡᠨᠠᠭᠤᠷ ᠭᠠᠴᠠᠭ᠎ᠠ ᠪᠠᠰᠠ 82.4 ᠲᠦᠮᠡᠨ ᠲᠥᠭᠥᠷᠢᠭ ᠤ᠋ᠨ ᠪᠡᠯᠡ ᠣᠷᠣᠭᠤᠯᠵᠤ᠂ ᠭᠡᠷ ᠪᠠᠢᠰᠢᠡᠭ᠂ ᠵᠢᠭᠤᠯᠴᠢᠯᠠᠯ ᠤ᠋ᠨ ᠥᠷᠲᠡᠭᠡ ᠪᠠᠢᠭᠤᠯᠤᠨ ᠭᠠᠳᠠᠭᠰᠢ ᠲᠦᠷᠢᠶᠡᠰᠦᠯᠡᠭᠦᠯᠦᠨ ᠡᠵᠡᠩᠨᠡᠵᠦ᠍᠂ ᠵᠢᠯ ᠳ᠋ᠤ 4 ᠲᠦᠮᠡᠨ ᠲᠥᠭᠥᠷᠢᠭ ᠤ᠋ᠨ ᠤᠷᠤᠯᠭ᠎ᠠ ᠡᠭᠦᠳᠴᠤ᠂ ᠣᠷᠣᠯᠭ᠎ᠠ ᠢ᠋ᠢᠨ ᠢ᠋ᠢᠡᠨ 70% ᠢ᠋ᠢ ᠭᠠᠴᠠᠭᠠᠨ ᠤ᠋ ᠬᠠᠮᠲᠤ ᠢ᠋ᠢᠨ ᠠᠵᠤ ᠠᠬᠤᠶ ᠳ᠋ᠤ ᠬᠡᠷᠡᠭᠯᠡᠵᠦ᠍᠂ 30% ᠢ᠋ᠢ ᠶᠠᠳᠠᠭᠤ ᠡᠴᠡ ᠠᠩᠭᠢᠵᠢᠷᠠᠬᠰᠠᠨ ᠡᠷᠦᠬᠡ ᠢ᠋ᠢ ᠲᠡᠳᠬᠦᠨ ᠳᠡᠮᠵᠢᠬᠦ ᠳ᠋ᠤ ᠬᠡᠷᠡᠭᠯᠡᠵᠤ ᠪᠠᠢᠭ᠎ᠠ ᠠᠵᠢ᠃

ᠦᠪᠡᠷᠮᠢᠴᠠ ᠰᠤᠳᠤᠨ ᠪᠠᠢᠭᠠᠯᠢ ᠢ᠋ᠢᠨ ᠦᠡᠭᠭᠡ ᠦᠵᠡᠮᠵᠢ᠂ ᠦᠨᠳᠦᠰᠦᠲᠡᠨ ᠤ᠋ ᠤᠨᠴᠠᠯᠢᠭᠲᠤ ᠵᠠᠡᠭ ᠦᠢᠯᠡ ᠨᠢ  ᠳᠠᠷᠬᠠᠠᠠᠠᠭᠤᠯᠠ ᠰᠤᠮᠤᠨ ᠤ᠋ ᠳᠠᠯᠠᠢ ᠭᠠᠴᠠᠭ᠎ᠠ ᠢ᠋ᠢᠨ ᠮᠠᠯᠴᠢᠳ ᠲᠸ᠋ ᠴᠤ᠌ ᠵᠢᠭᠤᠯᠴᠢᠯᠡᠯ ᠤ᠋ᠨ ᠦᠢᠯᠡᠰ ᠡᠷᠬᠢᠯᠡᠬᠦ ᠠᠵᠠ ᠲᠤᠬᠢᠶᠠᠯ ᠬᠠᠢᠷᠠᠯᠠᠵᠠᠢ᠃ ᠳᠠᠯᠠᠢ ᠭᠠᠴᠠᠭ᠎ᠠ ᠵᠢᠭᠤᠯᠴᠢᠯᠠᠯ ᠤ᠋ᠨ ᠢᠳᠡ ᠤᠯᠠᠷᠢᠯ ᠢ᠋ ᠠᠮᠵᠢᠨ ᠮᠠᠯᠴᠢᠳ ᠤ᠋ᠨ ᠢ᠋ᠢᠡᠨ ᠭᠡᠷ ᠪᠠᠭᠤᠳᠠᠯ᠂ ᠮᠠᠯᠴᠢᠨ ᠠᠢᠯ ᠤ᠋ᠨ ᠵᠢᠭᠤᠯᠴᠢᠯᠡᠯ ᠡᠵᠡᠩᠨᠡᠬᠦ᠌ ᠢ᠋ᠢ ᠵᠣᠷᠢᠭᠵᠢᠭᠤᠯᠵᠤ᠂ 2024 ᠤᠨ ᠡᠴᠡ ᠲᠦᠰᠢ ᠠᠭᠤᠯᠠ ᠢ᠋ᠢᠨ ᠡᠡᠭᠬᠡᠷ ᠲᠤ᠌ 1200 ᠮᠤ᠌ ᠢ᠋ᠢᠨ ᠮᠤᠷᠢᠨ ᠲᠠᠯᠠᠪᠠᠢ ᠭᠠᠷᠭᠠᠵᠤ᠂ ᠭᠠᠴᠠᠭᠠᠨ ᠤ᠋ ᠪᠡᠨ 60 ᠡᠷᠦᠭᠡ ᠢ᠋ᠢᠨ 120 ᠮᠤᠷᠢ ᠢ᠋ᠢ ᠤᠷᠤᠭᠤᠯᠤᠨ᠂ ᠮᠤᠷᠢ ᠤᠨᠤᠭᠤᠯᠬᠤ ᠦᠢᠯᠡᠴᠢᠯᠡᠭᠡ ᠬᠠᠡᠭᠭᠠᠵᠤ ᠡᠬᠢᠯᠡᠪᠠ᠃

《ᠮᠠᠨ᠎ᠤ ᠳᠦᠰᠢ ᠬᠠᠢᠷᠬᠠᠨ᠎ᠤ ᠡᠩᠭᠡᠷ ᠡᠴᠡ ᠳᠠᠯᠠᠢᠨᠠᠭᠤᠷ ᠬᠦᠷᠬᠦ᠎ᠳᠦ ᠨᠢᠭᠡ ᠺᠢᠯᠦᠮᠸᠲᠷ᠎ᠤᠨ ᠯᠡ ᠵᠠᠢᠳᠠᠢ᠃ ᠵᠢᠭᠤᠯᠴᠢᠯᠠᠬᠤ ᠬᠦᠮᠦᠰ ᠡᠨᠡ ᠠᠷᠤ ᠵᠢᠨ ᠵᠠᠮ ᠵᠢᠡᠷ ᠦᠩᠭᠡᠷᠡᠬᠦ ᠳ᠋ᠡᠭᠡᠨ ᠳᠦᠰᠢ ᠬᠠᠢᠷᠬᠠᠨ᠎ᠤ ᠡᠩᠭᠡᠷ ᠲᠸ᠋ ᠰᠡᠬᠦᠳᠡᠷ ᠳᠠᠳᠠᠬᠤ ᠵᠢᠨ ᠬᠠᠮᠳᠦ ᠪᠠᠰᠠ ᠮᠤᠷᠢ ᠤᠨᠤᠵᠤ᠂ ᠮᠤᠩᠭᠤᠯ ᠭᠡᠷ ᠲᠸ᠋ ᠬᠤᠨᠤᠭᠯᠠᠵᠦ ᠪᠤᠯᠳᠠᠭ᠃ ᠪᠢᠳᠡ ᠨᠢᠭᠡ ᠡᠷᠦᠬᠡ ᠡᠴᠡ 2 ᠮᠤᠷᠢ ᠲᠠᠲᠠᠬᠰᠠᠨ ᠶᠤᠮ᠃ ᠵᠢᠵᠢᠭ ᠴᠠᠭᠠᠷᠢᠭ ᠢ᠋ 80 ᠲᠦᠬᠦᠷᠢᠭ᠂ ᠲᠤᠮᠤ ᠴᠠᠭᠠᠷᠢᠭ ᠢ᠋120 ᠲᠦᠬᠦᠷᠢᠭ ᠢ᠋ᠢᠡᠷ ᠪᠤᠳᠤᠨ ᠰᠦᠢᠳᠬᠡᠯ ᠬᠤᠷᠢᠶᠠᠪᠡᠯ᠂ ᠨᠢᠭᠡ ᠮᠤᠷᠢᠨ ᠡᠴᠡ 45 ᠡᠳᠦᠷ ᠲᠤ᠌ 8000 ᠲᠦᠬᠦᠷᠢᠭ ᠤ᠋ᠨ ᠤᠷᠤᠯᠭ᠎ᠠ ᠤᠯᠤᠨ᠎ᠠ᠃ ᠭᠠᠴᠠᠭᠠᠨ ᠡᠴᠡ ᠮᠤᠷᠢ ᠬᠦᠳᠤᠯᠬᠦ ᠨᠡᠢᠭᠡᠮᠯᠢᠭ ᠭᠠᠷᠭᠠᠨ ᠲᠤᠰᠬᠠᠢ ᠬᠠᠮᠢᠶᠠᠷᠴᠤ ᠡᠭᠡᠯᠵᠢ ᠳ᠋ᠤᠭᠠᠷ ᠢ᠋ᠢᠡᠷ ᠳᠡᠰ ᠳᠠᠷᠠᠭ᠎ᠠ ᠲᠠᠢ ᠤᠨᠤᠭᠤᠯᠳᠠᠭ᠂ ᠪᠠᠰᠠ ᠳᠠᠭᠠᠳᠬᠠᠯ ᠠᠪᠴᠤ ᠦᠭᠳᠡᠭ ᠤᠴᠢᠷ ᠡᠴᠡ ᠠᠮᠤᠷ ᠲᠦᠪᠰᠢᠨ ᠤ᠋ ᠪᠠᠲᠤᠯᠠᠭ᠎ᠠ ᠲᠠᠢ》ᠭᠡᠵᠤ ᠳᠠᠯᠠᠢ ᠭᠠᠴᠠᠭᠠᠨ ᠤ᠋ ᠨᠠᠮ ᠤ᠋ᠨ ᠡᠭᠦᠷ ᠤ᠋ᠨ ᠱᠦᠵᠢ ᠪᠠᠳᠠᠷ᠎ᠠ ᠲᠠᠨᠢᠯᠴᠠᠭᠤᠯᠵᠤ ᠪᠠᠢᠯ᠎ᠠ᠃

ᠳᠠᠯᠠᠢ ᠭᠠᠴᠠᠭ᠎ᠠ 58 ᠲᠦᠮᠡᠨ ᠮᠤ᠌ ᠨᠤᠲᠤᠭ ᠲᠠᠢ᠂ 253 ᠡᠷᠦᠬᠡ ᠲᠠᠢ᠂ ᠡᠭᠦᠨ ᠳ᠋ᠤ ᠵᠢᠭᠤᠯᠴᠢᠯᠠᠯ ᠤ᠋ᠨ ᠦᠢᠯᠡᠰ ᠡᠷᠬᠢᠯᠡᠵᠤ ᠪᠠᠢᠬᠤ ᠡᠷᠦᠭᠡ 19 ᠪᠤᠢ᠃ 《ᠢᠷᠡᠬᠦ ᠵᠢᠯ ᠪᠢᠳᠡ ᠭᠠᠴᠠᠭᠠᠨ ᠤ᠋ 240 ᠲᠦᠮᠡᠨ ᠲᠦᠬᠦᠷᠢᠭ ᠤ᠋ᠨ ᠴᠦᠭᠡᠨ ᠲᠤᠭᠠᠲᠤ ᠦᠨᠳᠦᠰᠦᠲᠡᠨ ᠤ᠋ ᠬᠦᠭᠵᠢᠯᠲᠡ ᠢ᠋ᠢᠨ ᠪᠡᠯᠡ ᠮᠦᠡᠭᠭᠦ ᠢ᠋ᠢ 2 ᠲᠤᠮᠤ ᠡᠷᠦᠭᠡ ᠳ᠋ᠤ ᠬᠤᠪᠢᠶᠠᠷᠢᠯᠠᠨ ᠦᠭᠴᠤ᠂ ᠨᠢᠭᠡ ᠡᠷᠦᠭᠡ ᠳ᠋ᠤ 10 ᠮᠤᠡᠭᠭᠤᠯ ᠭᠡᠷ᠂ ᠨᠢᠭᠡ ᠡᠷᠦᠭᠡ ᠳ᠋ᠤ 10 ᠰᠠᠨᠰᠠᠷ ᠠᠶᠠᠯᠠᠯ ᠤ᠋ᠨ ᠦᠷᠦᠬᠡ  ᠠᠪᠴᠤ ᠦᠭᠴᠤ᠂ ᠵᠢᠭᠤᠯᠴᠢᠯᠡᠯ ᠢ᠋ᠢᠡᠷ ᠳᠡᠮᠵᠢᠭᠤᠯᠤᠨ ᠭᠠᠴᠠᠭᠠᠨ ᠤ᠋ ᠬᠠᠮᠲᠤ ᠢ᠋ᠢᠨ ᠠᠵᠤ ᠠᠬᠤᠢ ᠢ᠋ᠢᠨ ᠤᠷᠤᠯᠭ᠎ᠠ ᠢ᠋ᠢ ᠨᠡᠮᠡᠭᠳᠡᠭᠦᠯᠬᠦ ᠪᠡᠷ ᠲᠦᠯᠦᠪᠯᠡᠵᠤ ᠪᠠᠢᠨ᠎ᠠ》 ᠭᠡᠵᠤ ᠪᠠᠳᠠᠷ᠎ᠠ ᠱᠦᠵᠢ ᠪᠤᠳᠤᠯ ᠢ᠋ᠢᠡᠨ ᠬᠤᠪᠢᠶᠠᠯᠴᠠᠪᠠ᠃

ᠳᠠᠯᠠᠢᠨᠠᠭᠤᠷ — ᠠᠰᠬᠠᠲᠤ ᠢ᠋ᠢᠨ ᠴᠢᠯᠠᠭᠤᠨ ᠰᠢᠭᠤᠢ ᠬᠦᠷᠬᠦ ᠵᠠᠰᠠᠮᠠᠯ ᠵᠠᠮ᠂ 220 ᠮᠤᠵᠢ ᠢ᠋ᠢᠨ ᠵᠠᠮ ᠤ᠋ᠨ ᠵᠠᠮ ᠬᠠᠷᠢᠯᠴᠠᠭᠠᠨ ᠤ᠋ ᠳᠠᠪᠠᠭᠤᠯᠢᠭ ᠲᠠᠢ᠂ ᠪᠠᠷᠰ ᠬᠤᠲᠠ ᠢ᠋ᠢᠨ ᠪᠠᠭᠤᠷᠢ᠂ ᠤᠯᠤᠰ ᠤ᠋ᠨ ᠲᠠᠰ ᠤ᠋ᠨ ᠬᠠᠮᠠᠭᠠᠯᠠᠯᠲᠠ ᠢ᠋ᠢᠨ ᠣᠷᠣᠨ᠂ ᠲᠡᠯᠡᠢᠨᠠᠭᠤᠷ᠂ ᠬᠤᠯᠠᠨ ᠰᠢᠷᠭ᠎ᠠ ᠲᠠᠭ᠎ᠠ ᠢ᠋ᠢᠨ ᠡᠯᠡᠰᠦ ᠵᠡᠷᠭᠡ ᠰᠤᠶᠤᠯ ᠵᠢᠭᠤᠯᠴᠢᠯᠡᠯ ᠤ᠋ᠨ ᠡᠬᠢ ᠪᠠᠶᠠᠯᠢᠭ ᠲᠠᠢ ᠳᠠᠷᠬᠠᠠᠠᠠᠭᠤᠯᠠ ᠰᠤᠮᠤ ᠨᠢ ᠤᠢᠷ᠎ᠠ ᠢ᠋ᠢᠨ ᠵᠢᠯ ᠠᠮᠢ ᠠᠬᠤᠶ ᠢ᠋ᠢᠨ ᠵᠢᠭᠤᠯᠴᠢᠯᠠᠯ ᠤ᠋ᠨ ᠦᠢᠯᠡᠰ ᠪᠣᠯᠤᠨ ᠠᠷᠠᠳ ᠤ᠋ᠨ ᠵᠠᠩ ᠦᠢᠯᠡ ᠲᠡᠦᠬᠡ ᠰᠣᠶᠣᠯ ᠢ᠋ ᠠᠭᠤᠰᠤᠯᠴᠠᠭᠤᠯᠤᠨ ᠬᠥᠭᠵᠢᠭᠦᠯᠵᠤ᠂ ᠭᠠᠴᠠᠭᠠᠨ ᠤ᠋ ᠰᠤᠯᠠ ᠪᠠᠢᠭ᠎ᠠ ᠡᠬᠢ ᠪᠠᠶᠠᠯᠢᠭ ᠢ᠋ ᠠᠮᠢᠯᠠᠭᠤᠯᠵᠤ᠂ 《ᠠᠮᠢ ᠠᠬᠤᠢ + ᠰᠣᠶᠣᠯ ᠵᠢᠭᠤᠯᠴᠢᠯᠠᠯ》᠂ 《ᠲᠠᠯ᠎ᠠ ᠨᠤᠲᠤᠭ ᠤ᠋ᠨ ᠡᠷᠡᠭᠦᠯᠵᠢᠯ ᠰᠤᠪᠢᠯᠠᠯᠲᠠ + ᠣᠨᠴᠠᠯᠢᠭᠲᠤ᠌ ᠰᠣᠶᠣᠯ ᠵᠢᠭᠤᠯᠴᠢᠯᠠᠯ》 ᠤ᠋ᠨ ᠬᠥᠭᠵᠢᠯᠲᠡ ᠢ᠋ᠢᠨ ᠪᠠᠶ᠋ᠢᠷᠢᠰᠢᠯ ᠢ᠋ ᠰᠢᠨ᠎ᠠ ᠪᠡᠷ ᠪᠠᠶ᠋ᠢᠭᠤᠯᠵᠤ᠂ ᠮᠠᠯ ᠠᠵᠤ ᠠᠬᠤᠢ ᠬᠢᠭᠡᠳ ᠰᠣᠶᠣᠯ ᠵᠢᠭᠤᠯᠴᠢᠯᠠᠯ ᠤ᠋ᠨ ᠠᠵᠤ ᠦᠢᠯᠡᠰ ᠤ᠋ᠨ ᠠᠭᠤᠰᠤᠯᠴᠠᠯ ᠢ᠋ ᠠᠬᠢᠭᠤᠯᠵᠤ ᠪᠠᠢᠭ᠎ᠠ ᠠᠵᠢ᠃ ᠣᠳᠣᠬᠠᠨ ᠳ᠋ᠤ  ᠳᠠᠷᠬᠠᠠᠠᠠᠭᠤᠯᠠ ᠰᠤᠮᠤᠨ ᠳ᠋ᠤ ᠵᠢᠭᠤᠯᠴᠢᠯᠡᠯ ᠤ᠋ᠨ ᠦᠢᠯᠡᠰ ᠡᠷᠬᠢᠯᠡᠵᠤ ᠪᠠᠢᠭ᠎ᠠ ᠮᠠᠯᠴᠢᠨ ᠡᠷᠦᠭᠡ 50 ᠭᠠᠷᠤᠢ ᠪᠠᠶ᠋ᠢᠵᠤ᠂ 348 ᠬᠥᠮᠦᠨ ᠳ᠋ᠤ ᠠᠵᠢᠯ ᠣᠯᠭᠣᠵᠤ᠂ ᠵᠢᠯ ᠳ᠋ᠤ 7.5 ᠲᠦᠮᠡᠨ ᠵᠢᠭᠤᠯᠴᠢᠯᠠᠭᠰᠠᠳ ᠢ᠋ ᠬᠦᠯᠢᠶᠡᠨ ᠠᠪᠴᠤ᠌᠂ ᠵᠢᠭᠤᠯᠴᠢᠯᠡᠯ ᠤ᠋ᠨ ᠶᠡᠷᠦᠩᠬᠡᠢ ᠣᠷᠣᠯᠭ᠎ᠠ ᠨᠢ 2250 ᠲᠦᠮᠡᠨ ᠲᠥᠭᠥᠷᠢᠭ ᠲᠤ᠌ ᠬᠦᠷᠴᠤ ᠪᠠᠢᠨ᠎ᠠ᠃

ᠳᠠᠯᠠᠢᠨᠠᠭᠤᠷ — ᠦᠨᠢᠷ ᠰᠦᠷᠦᠭ᠎ᠤᠨ ᠳᠡᠵᠢᠭᠡᠯ ᠰᠢᠮ᠎ᠡ

ᠨᠠᠮᠤᠷ ᠤ᠋ᠨ ᠰᠡᠬᠦᠯᠴᠢ ᠢ᠋ᠢᠨ ᠲᠤᠡᠭᠭᠠᠯᠠᠭ ᠰᠢᠷ᠎ᠠ ᠨᠠᠷᠠᠨ ᠳ᠋ᠤ ᠲᠦᠰᠢ ᠬᠠᠢᠷᠬᠠᠨ ᠤᠯᠠᠮ ᠴᠤ᠌ ᠰᠦᠷᠯᠢᠭ ᠶᠡᠬᠡᠮᠰᠦᠭ ᠰᠡᠬᠦᠢᠨ᠎ᠡ᠃  ᠲᠡᠷᠲᠡᠭᠡ ᠳ᠋ᠤ ᠳᠠᠯᠠᠢᠨᠠᠭᠤᠷ ᠤ᠋ᠨ ᠤᠰᠤᠨ ᠰᠢᠵᠢᠷᠲᠤᠨ ᠬᠢᠯᠪᠠᠭᠠᠯᠠᠵᠤ ᠴᠠᠢᠯᠵᠠᠨ ᠳᠤᠯᠬᠢᠶᠠᠯᠠᠨ᠎ᠠ ᠁

ᠬᠡᠰᠢᠭᠲᠡᠨ ᠬᠤᠰᠢᠭᠤᠨ ᠳ᠋ᠤ ᠬᠦᠷᠦᠭᠰᠡᠨ ᠤ᠋ ᠬᠤᠶᠠᠳᠡᠬᠢ ᠡᠳᠦᠷ ᠪᠢᠳᠡ ᠳᠦᠰᠢ ᠬᠠᠢᠷᠬᠠᠨ᠎ᠤ ᠡᠡᠭᠭᠡᠷ᠂ ᠳᠠᠯᠠᠢᠨᠠᠭᠤᠷ ᠤ᠋ᠨ ᠬᠦᠪᠡᠭᠡᠨ ᠳ᠋ᠤ ᠦᠨᠢᠷ ᠰᠦᠷᠦᠭ ᠢ᠋ᠢᠡᠨ ᠮᠠᠯᠵᠢᠨ ᠦᠭᠡᠳᠡᠷᠭᠡᠭ ᠠᠮᠢᠳᠤᠷᠠᠯ ᠵᠢᠡᠨ ᠡᠷᠬᠦᠵᠦ ᠶᠠᠪᠤᠭ᠎ᠠ  ᠳᠠᠷᠬᠠᠠᠠᠠᠭᠤᠯᠠ ᠰᠤᠮᠤᠨ ᠤ᠋ ᠳᠠᠯᠠᠢ ᠭᠠᠴᠠᠭᠠᠨ ᠤ᠋ ᠠᠬᠠᠮᠠᠳ ᠮᠠᠯᠴᠢᠨ ᠪᠤᠯᠠᠭ ᠭᠤᠸᠠᠢ ᠲᠠᠢ ᠵᠤᠯᠭᠠᠵᠤ ᠪᠢᠯᠡ᠃

ᠢᠨᠢᠶᠡᠮᠰᠦᠭᠯᠡᠭᠰᠡᠨ ᠨᠢᠳᠤ᠂ ᠡᠨᠡᠷᠢᠡᠭᠭᠦᠢ ᠴᠢᠷᠠᠢ ᠲᠠᠢ ᠡᠨᠡ ᠬᠦᠮᠦᠨ ᠤᠨᠠᠭᠰᠠᠨ ᠰᠢᠷᠦᠢ ᠤᠤᠭᠤᠭᠰᠠᠨ ᠤᠰᠤ ᠲᠠᠢ ᠪᠡᠨ ᠰᠠᠳᠬᠢᠯ ᠵᠢᠷᠦᠭᠡ ᠪᠡᠨ ᠬᠤᠯᠪᠤᠨ ᠤᠳᠤ ᠲᠤᠯᠵᠠᠢ᠃ ᠲᠡᠷᠡ ᠪᠡᠷ 1997 ᠤᠨ ᠡᠴᠡ 2018 ᠤᠨ ᠪᠤᠯᠲᠠᠯ᠎ᠠ ᠭᠠᠴᠠᠭᠠᠨ ᠤ᠋ ᠨᠢᠭᠲᠠᠯᠠᠨ ᠪᠤᠳᠤᠭᠴᠢ᠂ ᠭᠠᠴᠠᠭᠠᠨ ᠳᠠᠷᠤᠭ᠎ᠠ ᠢ᠋ᠢᠨ ᠠᠵᠢᠯ ᠳ᠋ᠤ ᠵᠢᠳᠬᠦᠵᠤ ᠶᠠᠪᠤᠭᠰᠠᠨ ᠪᠤᠯ ᠤᠳᠤ ᠦᠭᠡᠷ ᠮᠠᠯᠵᠢᠬᠤ ᠢ᠋ᠢᠨ ᠵᠡᠷᠭᠡ ᠪᠡᠷ 《ᠨᠢᠭᠡ ᠢᠮᠠᠬᠤ ᠨᠤᠲᠤᠭ ᠨᠢᠭᠡ ᠢᠮᠠᠬᠤ ᠠᠯᠲᠠ》 ᠬᠡᠮᠡᠨ ᠡᠪᠡᠰᠤ ᠲᠠᠷᠢᠬᠤ ᠠᠵᠢᠯ ᠳ᠋ᠤ ᠤᠷᠤᠯᠴᠠᠵᠤ ᠰᠠᠭᠤᠨ᠎ᠠ᠃




ᠪᠤᠯᠠᠭ ᠭᠤᠸᠠᠢ ᠤᠯᠠᠨ ᠵᠢᠯ ᠤ᠋ᠨ ᠲᠤᠷᠰᠢ ᠦᠬᠡᠷ ᠭᠤᠤᠯᠲᠠᠢ ᠮᠠᠯᠵᠢᠵᠤ᠂ ᠤᠳᠤ ᠨᠤᠲᠤᠭ ᠪᠡᠯᠴᠢᠭᠡᠷ ᠤ᠋ᠨ ᠢ᠋ᠢᠡᠨ ᠤᠨᠴᠠᠯᠢᠭ ᠲᠤ᠌ ᠲᠤᠬᠢᠷᠠᠭᠤᠯᠤᠨ ᠨᠠᠶᠠᠭᠠᠳ ᠰᠢᠮᠧᠨ᠋ᠳᠡᠷ ᠦᠬᠡᠷ᠂ ᠴᠦᠭᠡᠪᠦᠷᠢ ᠬᠤᠨᠢ᠂ ᠴᠦᠭᠡᠪᠦᠷᠢ ᠠᠳᠤᠭᠤ ᠮᠠᠯᠵᠢᠵᠤ᠂ ᠬᠠᠰᠢᠶ᠎ᠠ ᠰᠠᠷᠠᠪᠴᠢ᠂ ᠫᠸᠡᠭ ᠬᠤᠷᠤᠭ᠎ᠠ᠂ ᠬᠤᠳᠳᠤᠭ ᠢ᠋ ᠢᠵᠢ ᠪᠦᠷᠢᠳᠦᠭᠦᠯᠤᠨ ᠪᠠᠢᠭᠤᠯᠵᠤ᠂ ᠠᠮᠠ ᠪᠦᠯᠢ ᠳᠦᠷᠪᠡᠭᠦᠯᠡ ᠪᠡᠨ ᠲᠦᠪᠬᠢᠨᠡᠭᠦᠨ ᠰᠠᠢᠬᠠᠨ ᠠᠮᠢᠳᠤᠷᠠᠵᠤ ᠪᠠᠢᠨ᠎ᠠ᠃ 《ᠦᠬᠡᠷ ᠭᠤᠤᠯᠲᠠᠢ ᠮᠠᠯᠵᠢᠬᠤ ᠨᠢ ᠪᠡᠯᠴᠢᠭᠡᠷ ᠤᠰᠤᠨ ᠳ᠋ᠤ ᠭᠠᠮᠲᠠᠢ᠂ ᠠᠷᠠᠴᠢᠯᠠᠭ᠎ᠠ ᠲᠤᠳᠤᠮᠳᠠᠯᠭ᠎ᠠ ᠪᠠᠭᠠᠲᠠᠢ᠂ ᠵᠢᠭᠤᠯᠴᠢᠯᠡᠯ ᠤ᠋ᠨ ᠤᠯᠠᠷᠢᠯ ᠳ᠋ᠤ ᠪᠠᠰᠠ ᠰᠦ ᠰᠠᠭᠠᠯᠢ ᠪᠡᠨ ᠪᠤᠷᠤᠯᠠᠭᠤᠯᠵᠤ ᠠᠰᠢᠭ ᠤᠷᠤᠯᠭ᠎ᠠ ᠪᠡᠨ ᠨᠡᠮᠡᠭᠳᠡᠭᠦᠯᠴᠢᠬᠡᠳᠡᠭ》 ᠭᠡᠵᠤ ᠪᠤᠯᠠᠭ ᠭᠤᠸᠠᠢ ᠢᠨᠢᠶᠡᠮᠰᠦᠭᠯᠡᠨ᠎ᠠ᠃ ᠡᠳᠡᠨ ᠤ᠋ ᠬᠢ ᠡᠨᠡ ᠵᠢᠯ ᠭᠤᠴᠢᠭᠠᠳ ᠲᠤᠭᠤᠯ ᠪᠣᠷᠣᠯᠠᠭᠤᠯᠵᠤ᠂ 26 ᠲᠦᠮᠡᠨ ᠲᠥᠭᠥᠷᠢᠭ ᠤ᠋ᠨ ᠤᠷᠤᠯᠭ᠎ᠠ ᠡᠭᠦᠳᠴᠠᠢ᠃

ᠮᠠᠯᠵᠢᠯ ᠤ᠋ᠨ ᠠᠷᠭ᠎ᠠ ᠬᠡᠯᠪᠡᠷᠢ ᠪᠡᠨ ᠪᠦᠲᠦᠭᠡᠯᠴᠢ ᠪᠡᠷ ᠬᠤᠪᠢᠷᠠᠭᠤᠯᠵᠤ ᠡᠷᠴᠢᠮᠵᠢᠭᠦᠯᠦᠨ ᠬᠦᠭᠵᠢᠭᠦᠯᠬᠦ ᠪᠤᠯ ᠤᠳᠤᠬᠠᠨ ᠤ᠋ ᠴᠠᠭ ᠦᠶ᠎ᠠ ᠢ᠋ᠢᠨ ᠴᠢᠬᠤᠯᠠ ᠱᠠᠭᠠᠷᠳᠠᠯᠭ᠎ᠠ ᠪᠤᠯᠬᠤ ᠶᠤᠮ᠃《ᠮᠠᠨ ᠤ᠋ ᠭᠠᠴᠠᠭ᠎ᠠ ᠵᠢᠯ ᠪᠤᠯᠭᠠᠨ ᠤ᠋ 4 — 6 ᠰᠠᠷ᠎ᠠ ᠳ᠋ᠤ ᠱᠠᠲᠤᠴᠢ ᠴᠢᠨᠠᠷᠲᠠᠶ ᠰᠡᠯᠭᠦᠨ ᠮᠠᠯᠵᠢᠵᠤ᠂ ᠪᠡᠯᠴᠢᠭᠡᠷ ᠤ᠋ᠨ ᠪᠠᠭᠲᠠᠭᠠᠮᠵᠢ ᠢ᠋ᠢᠨ ᠬᠡᠮᠵᠢᠶ᠎ᠡ ᠢ᠋ᠢ ᠰᠢᠨᠵᠢᠯᠡᠬᠦ᠌ ᠤᠬᠠᠭᠠᠨᠴᠢ ᠪᠡᠷ ᠬᠢᠨᠠᠨ ᠲᠣᠭᠲᠠᠭᠠᠵᠤ᠂ ᠮᠠᠯᠴᠢᠳ ᠢ᠋ ᠮᠢᠬᠠᠨ ᠤ᠋ ᠦᠬᠡᠷ ᠲᠡᠵᠢᠭᠡᠨ ᠦᠷᠡᠵᠢᠭᠦᠯᠬᠦ᠌ ᠢ᠋ᠢ ᠵᠤᠷᠢᠭᠵᠢᠭᠤᠯᠵᠤ᠂ ᠬᠤᠸᠠᠰᠢ᠂ ᠰᠢᠮᠧᠨ᠋ᠳᠡᠷ ᠵᠡᠷᠭᠡ ᠰᠠᠢᠨ ᠡᠭᠦᠯᠳᠡᠷ ᠢ᠋ ᠶᠡᠬᠡ ᠪᠡᠷ ᠳᠡᠯᠭᠡᠷᠡᠭᠦᠯᠵᠤ ᠪᠠᠢᠨ᠎ᠠ᠃ ᠨᠢᠳᠤᠨᠤᠨ ᠭᠠᠴᠠᠭ᠎ᠠ ᠡᠴᠡ 200 ᠭᠠᠷᠤᠢ ᠦᠨᠢᠶ᠎ᠠ ᠳ᠋ᠤ ᠦᠨ᠎ᠠ ᠲᠦᠯᠦᠪᠦᠷᠢ ᠦᠭᠡᠢ ᠬᠡᠭᠡᠯᠳᠦᠭᠦᠯᠭᠡ ᠬᠢᠵᠤ ᠦᠭᠭᠦᠭᠰᠡᠨ᠂ ᠮᠠᠨ ᠤ᠋ ᠭᠠᠴᠠᠭᠠᠨ ᠤ᠋ ᠦᠬᠡᠷ ᠤ᠋ᠨ ᠲᠤᠭ᠎ᠠ ᠤᠳᠤ 8000 ᠢ᠋ᠢ ᠳᠠᠪᠠᠪᠠ》 ᠭᠡᠵᠤ ᠳᠠᠯᠠᠢ ᠭᠠᠴᠠᠭᠠᠨ ᠤ᠋ ᠨᠠᠮ ᠤ᠋ᠨ ᠡᠭᠦᠷ ᠤ᠋ᠨ ᠱᠦᠵᠢ ᠪᠠᠳᠠᠷ᠎ᠠ ᠲᠠᠨᠢᠯᠴᠠᠭᠤᠯᠤᠨ᠎ᠠ᠃ ᠳᠠᠯᠠᠶ ᠭᠠᠴᠠᠭ᠎ᠠ ᠪᠠᠰᠠ ᠵᠢᠯ ᠪᠤᠯᠭᠠᠨ ᠡᠭᠦᠯᠳᠡᠷ ᠰᠠᠢᠵᠢᠷᠠᠭᠤᠯᠤᠭᠰᠠᠨ ᠦᠷ᠎ᠡ ᠪᠦᠲᠦᠭᠡᠯ ᠢ᠋ ᠰᠢᠯᠭᠠᠷᠠᠭᠤᠯᠬᠤ ᠤᠷᠤᠯᠳᠤᠭᠠᠨ ᠵᠢᠴᠢ ᠳᠠᠯᠠᠢᠨᠠᠭᠤᠷ ᠤ᠋ᠨ ᠵᠢᠭᠤᠯᠴᠢᠯᠠᠯ ᠤ᠋ᠨ ᠨᠠᠭᠠᠳᠤᠮ ᠢ᠋ᠢᠡᠷ ᠳᠠᠮᠵᠢᠭᠤᠯᠤᠨ ᠭᠠᠴᠠᠭᠠᠨ ᠤ᠋ ᠪᠡᠨ ᠰᠠᠢᠨ ᠡᠭᠦᠯᠳᠡᠷ ᠤ᠋ᠨ ᠦᠬᠡᠷ ᠲᠡᠵᠢᠭᠡᠨ ᠦᠷᠡᠵᠢᠭᠦᠯᠵᠤ ᠪᠠᠢᠭ᠎ᠠ ᠦᠷ᠎ᠡ ᠪᠦᠲᠦᠭᠡᠯ ᠢ᠋ ᠳᠡᠯᠭᠡᠨ ᠦᠵᠡᠭᠦᠯᠵᠤ ᠪᠠᠢᠭ᠎ᠠ ᠪᠦᠭᠡᠳ ᠲᠤᠰᠬᠠᠢ ᠬᠣᠷᠰᠢᠶ᠎ᠠ ᠪᠣᠯᠤᠨ ᠠᠵᠤ ᠠᠬᠤᠢᠯᠠᠯ ᠢ᠋ᠢᠡᠷ ᠳᠡᠮᠵᠢᠨ ᠦᠬᠡᠷ ᠤ᠋ᠨ ᠮᠢᠬ᠎ᠠ᠂ ᠴᠠᠭᠠᠨ ᠢᠳᠡᠭᠡ ᠢ᠋ᠢ ᠭᠠᠳᠠᠭᠰᠢ ᠪᠣᠷᠣᠯᠠᠭᠤᠯᠬᠤ ᠠᠷᠭ᠎ᠠ ᠵᠠᠮ ᠢ᠋ ᠨᠡᠪᠲᠡᠷᠡᠭᠦᠯᠤᠨ᠂ ᠮᠠᠯᠴᠢᠨ ᠲᠦᠮᠡᠨ ᠤ᠋ ᠪᠡᠨ ᠤᠷᠤᠯᠭ᠎ᠠ ᠢ᠋ᠢᠨ ᠨᠡᠮᠡᠭᠳᠡᠯ ᠢ᠋ ᠪᠠᠲᠤᠯᠠᠵᠤ ᠪᠠᠢᠭ᠎ᠠ ᠶᠤᠮ᠃

ᠦᠡᠭᠰᠢᠭ ᠨᠤᠲᠤᠭ᠂ ᠦᠨᠢᠷ ᠰᠦᠷᠦᠭ ᠪᠤᠯ ᠮᠠᠯᠵᠢᠬᠤ ᠦᠢᠯᠡᠳᠪᠦᠷᠢᠯᠡᠯ ᠤ᠋ᠨ ᠴᠢᠬᠤᠯᠠ ᠡᠯᠸᠮᠸᠨ᠋ᠲ ᠪᠠᠢᠵᠤ ᠲᠠᠭᠠᠷᠠᠨ᠎ᠠ᠃ ᠳᠠᠯᠠᠢ ᠭᠠᠴᠠᠭ᠎ᠠ 2024 ᠤᠨ ᠡᠴᠡ ᠭᠠᠴᠠᠭᠠᠨ ᠤ᠋ ᠪᠡᠨ 6 ᠲᠦᠮᠡᠨ ᠮᠤ᠌ ᠭᠠᠵᠠᠷ ᠲᠤ᠌ ᠡᠪᠡᠰᠤ ᠲᠠᠷᠢᠬᠤ ᠠᠵᠢᠯ ᠢ᠋ ᠡᠬᠢᠯᠡᠭᠦᠯᠵᠤ᠂ ᠤᠷᠭᠤᠮᠠᠯ ᠤ᠋ᠨ ᠬᠤᠴᠢᠯᠭ᠎ᠠ ᠢ᠋ᠢ ᠵᠠᠰᠠᠨ ᠰᠡᠷᠭᠦᠭᠡᠵᠤ᠂ ᠬᠠᠳᠤᠯᠠᠡᠭ ᠪᠡᠯᠴᠢᠭᠡᠷ ᠢ᠋ᠢᠡᠨ ᠰᠠᠢᠵᠢᠷᠠᠭᠤᠯᠪᠠ᠃

《ᠶᠠᠷᠦ ᠨᠢ ᠤᠰᠤ ᠲᠠᠢ ᠪᠤᠯ ᠡᠪᠡᠰᠤ ᠲᠠᠢ᠂ ᠡᠪᠡᠰᠤ ᠲᠠᠢ ᠪᠤᠯ ᠮᠠᠯ ᠲᠠᠢ᠂ ᠮᠠᠯ ᠲᠠᠢ ᠪᠤᠯ ᠦᠪ ᠲᠠᠢ ᠭᠡᠳᠡᠭ ᠪᠢᠰᠢᠤ᠃ ᠲᠠᠯᠠᠢᠨᠠᠭᠤᠷ ᠤ᠋ᠨ ᠤᠢᠷ᠎ᠠ ᠬᠠᠪᠢ ᠳ᠋ᠡᠬᠢ ᠲᠠᠴᠢᠷᠳᠠᠭᠰᠠᠨ ᠬᠤᠵᠢᠷᠯᠢᠭ ᠭᠠᠵᠠᠷ ᠢ᠋ ᠵᠠᠰᠠᠨ ᠰᠡᠷᠭᠦᠭᠡᠬᠦ᠌ ᠢ᠋ᠢᠨ ᠲᠦᠯᠦᠭᠡ ᠪᠢᠳᠡ ᠬᠢᠯᠠᠭᠠᠨ᠎ᠠ᠂ ᠬᠡᠷᠡᠰᠤ ᠵᠡᠷᠭᠡ ᠬᠤᠵᠢᠷᠯᠢᠭ ᠭᠠᠵᠠᠷ ᠲᠤᠬᠢᠷᠠᠬᠤ ᠡᠪᠡᠰᠤ ᠲᠠᠷᠢᠬᠰᠠᠨ ᠶᠤᠮ᠃ ᠤᠷᠭᠤᠮᠠᠯ ᠤ᠋ᠨ ᠬᠤᠴᠢᠯᠭ᠎ᠠ ᠢ᠋ᠢ ᠰᠡᠷᠭᠦᠭᠡᠵᠤ ᠳᠠᠯᠠᠢᠨᠠᠭᠤᠷ ᠢ᠋ ᠬᠠᠮᠠᠭᠠᠯᠠᠬᠤ ᠪᠡᠷ ᠪᠠᠷᠠᠬᠤ ᠦᠭᠡᠢ ᠲᠠᠷᠢᠭᠰᠠᠨ ᠡᠪᠡᠰᠤ ᠪᠡᠨ ᠮᠠᠯᠴᠢᠳ ᠬᠠᠳᠤᠭᠠᠳ ᠠᠪᠴᠢᠬᠠᠨ᠎ᠠ᠃ ᠬᠤᠤᠰ ᠠᠰᠢᠭ ᠬᠦᠷᠲᠡᠴᠢᠬᠡᠨ᠎ᠠ ᠰᠢᠤ》 ᠭᠡᠵᠤ ᠪᠠᠳᠠᠷ᠎ᠠ ᠱᠦᠵᠢ ᠤᠷᠮᠠᠲᠠᠢ ᠶᠠᠷᠢᠬᠤ ᠳ᠋ᠤ 《ᠡᠪᠡᠰᠤ ᠲᠠᠷᠢᠭᠰᠠᠨ ᠢ᠋ᠢᠡᠷ ᠠᠮᠢ ᠠᠬᠤᠢ ᠰᠡᠷᠭᠦᠨ᠎ᠠ᠂ ᠦᠭᠡᠷ ᠮᠠᠯ ᠮᠠᠨᠢ ᠢᠳᠡᠬᠦ ᠡᠪᠡᠰᠤ ᠲᠠᠢ ᠪᠤᠯᠤᠨ᠎ᠠ᠃ ᠤᠨᠠᠭᠰᠠᠨ ᠡᠨᠡ ᠨᠤᠲᠤᠭ ᠤ᠋ᠨ ᠮᠢᠨᠢ ᠤᠰᠤ ᠨᠢ ᠲᠤᠡᠭᠭᠠᠯᠠᠭ᠂ ᠤᠷᠭᠤᠮᠠᠯ ᠨᠢ ᠦᠡᠭᠰᠢᠭ ᠪᠠᠢᠪᠠᠯ ᠮᠠᠯ ᠤ᠋ᠨ ᠵᠤ ᠲᠠᠨᠢᠭᠡᠷ ᠮᠠᠯᠴᠢᠨ ᠪᠢᠳᠡᠨ ᠤ᠋ ᠮᠠᠡᠭᠨᠠᠢ ᠲᠡᠨᠢᠭᠦᠨ》 ᠭᠡᠵᠤ ᠡᠪᠡᠰᠤ ᠲᠠᠷᠢᠬᠤ ᠠᠵᠢᠯ ᠳ᠋ᠤ ᠭᠠᠪᠰᠢᠭᠠᠢᠯᠠᠨ ᠤᠷᠤᠯᠴᠠᠭᠰᠠᠨ ᠪᠤᠯᠠᠭ ᠭᠤᠸᠠᠢ ᠬᠠᠵᠠᠭᠤ ᠡᠴᠡ ᠨᠢ ᠶᠠᠷᠢᠨ᠎ᠠ᠃

ᠴᠥᠭᠡᠨ ᠪᠦᠭᠡᠳ ᠴᠢᠨᠠᠷᠯᠢᠭ ᠮᠠᠯᠵᠢᠬᠤ  ᠨᠢ ᠮᠠᠯ ᠠᠵᠤ ᠠᠬᠤᠶ ᠢ᠋ᠢᠨ ᠵᠠᠪᠠᠯ ᠵᠠᠮᠨᠠᠬᠤ ᠵᠠᠮ ᠪᠤᠯᠵᠠᠢ᠃《ᠠᠮᠢ ᠠᠬᠤᠢ ᠪᠡᠷ ᠰᠤᠮᠤ ᠪᠡᠨ ᠪᠠᠢᠭᠤᠯᠬᠤ᠂ ᠮᠠᠯ ᠠᠵᠤ ᠠᠬᠤᠢ ᠪᠡᠷ ᠰᠤᠮᠤ᠎ᠪᠠᠨ ᠪᠠᠶᠠᠵᠢᠭᠤᠯᠬᠤ᠂ ᠰᠣᠶᠣᠯ ᠵᠢᠭᠤᠯᠴᠢᠯᠠᠯ ᠢ᠋ᠢᠡᠷ ᠰᠤᠮᠤ᠎ᠪᠠᠨ ᠬᠥᠭᠵᠢᠭᠦᠯᠬᠦ᠌》ᠪᠤᠯ ᠳᠠᠷᠬᠠᠠᠠᠠᠭᠤᠯᠠ ᠰᠤᠮᠤ ᠢ᠋ᠢᠨ ᠤᠢᠷ᠎ᠠ ᠢ᠋ᠢᠨ ᠵᠢᠯ ᠤ᠋ᠨ ᠠᠵᠢᠯ ᠤ᠋ᠨ ᠭᠤᠤᠯᠳᠠᠯᠭ᠎ᠠ ᠶᠤᠮ᠃ ᠲᠤᠰ ᠰᠤᠮᠤ ᠮᠠᠯᠴᠢᠳ ᠤ᠋ᠨ ᠴᠥᠭᠡᠨ ᠪᠦᠭᠡᠳ ᠴᠢᠨᠠᠷᠯᠢᠭ ᠮᠠᠯᠵᠢᠬᠤ ᠢ᠋ᠢ ᠳᠡᠮᠵᠢᠵᠤ᠂ ᠦᠬᠡᠷ ᠤ᠋ᠨ ᠡᠭᠦᠯᠳᠡᠷ ᠢ᠋ ᠰᠠᠢᠵᠢᠷᠠᠭᠤᠯᠬᠤ᠂ ᠮᠠᠯ ᠤ᠋ᠨ ᠠᠰᠢᠭ ᠰᠢᠮ᠎ᠠ ᠢ᠋ᠢᠨ ᠥᠷᠲᠡᠭ ᠢ᠋ ᠨᠡᠮᠡᠭᠳᠡᠭᠦᠯᠬᠦ᠂ ᠮᠠᠯ ᠤᠨᠤᠭ᠎ᠠ ᠢ᠋ᠢ ᠤᠯᠠᠷᠢᠯ ᠤ᠋ᠨ ᠴᠢᠨᠠᠷᠲᠠᠢ ᠭᠠᠳᠠᠭᠰᠢ ᠰᠢᠯᠵᠢᠭᠦᠯᠬᠦ᠌᠂ ᠲᠥᠪᠯᠡᠷᠡᠭᠦᠯᠦᠨ ᠪᠣᠷᠳᠣᠵᠤ ᠲᠠᠷᠭᠤᠯᠠᠭᠤᠯᠬᠤ᠂ ᠡᠪᠡᠰᠦ ᠪᠣᠷᠳᠣᠭᠠᠨ ᠤ᠋ ᠨᠠᠶ᠋ᠢᠷᠠᠯᠭ᠎ᠠ ᠢ᠋ᠢ ᠰᠢᠯᠢᠳᠡᠭᠵᠢᠭᠦᠯᠬᠦ᠌ ᠵᠡᠷᠭᠡ ᠠᠷᠭ᠎ᠠ ᠬᠡᠮᠵᠢᠶ᠎ᠠ ᠠᠪᠴᠤ ᠨᠤᠲᠤᠭ ᠪᠡᠯᠴᠢᠭᠡᠷ ᠤ᠋ᠨ ᠳᠠᠷᠤᠯᠲᠠ ᠢ᠋ᠢ ᠬᠥᠩᠭᠡᠷᠡᠭᠦᠯᠤᠨ ᠮᠠᠯᠴᠢᠨ ᠲᠦᠮᠡᠨ ᠤ᠋ ᠠᠰᠢᠭ ᠣᠷᠣᠯᠭ᠎ᠠ ᠢ᠋ᠢ ᠲᠣᠭᠲᠠᠪᠤᠷᠢᠵᠢᠭᠤᠯᠵᠤ ᠪᠠᠢᠨ᠎ᠠ᠃ ᠤᠳᠤ  ᠳᠠᠷᠬᠠᠠᠠᠠᠭᠤᠯᠠ ᠰᠤᠮᠤ ᠢ᠋ᠢᠨ ᠦᠬᠡᠷ ᠤ᠋ᠨ ᠲᠤᠭ᠎ᠠ  4.5 ᠲᠦᠮᠡ ᠳ᠋ᠤ ᠬᠦᠷᠴᠤ᠂ ᠵᠢᠯ ᠳ᠋ᠤ 1.6 ᠲᠦᠮᠡ ᠢ᠋ᠢ ᠪᠣᠷᠣᠯᠠᠭᠤᠯᠵᠤ ᠪᠠᠶ᠋ᠢᠨ᠎ᠠ᠃ 2025 ᠣᠨ ᠳ᠋ᠤ ᠰᠤᠮᠤ ᠢ᠋ᠢᠨ ᠮᠠᠯᠴᠢᠳ ᠤ᠋ᠨ ᠬᠥᠮᠦᠨ ᠳᠤᠮᠳᠠᠴᠢ ᠢ᠋ᠢᠨ  ᠣᠷᠣᠯᠭ᠎ᠠ17865 ᠲᠥᠭᠥᠷᠢᠭ ᠲᠤ᠌ ᠬᠦᠷᠴᠦ᠍᠂ ᠦᠬᠡᠷ ᠤ᠋ᠨ ᠠᠵᠤ ᠦᠢᠯᠡᠰ ᠨᠢ ᠤᠯᠠᠡᠭᠭᠢ ᠬᠡᠷ ᠪᠦᠯᠢ ᠢ᠋ᠢᠨ ᠡᠵᠡᠩᠨᠡᠯᠲᠡ ᠢ᠋ᠢᠨ ᠴᠢᠨᠠᠷᠲᠠᠶ ᠭᠤᠤᠯ ᠣᠷᠣᠯᠭ᠎ᠠ ᠪᠤᠯᠪᠠ᠃

ᠳᠠᠯᠠᠢᠨᠠᠭᠤᠷ — ᠦᠷᠭᠡᠨ ᠲᠦᠮᠡᠨ ᠤ᠋ ᠬᠠᠢᠷ᠎ᠠ ᠵᠢᠨ ᠰᠠᠬᠢᠶ᠎ᠠ

ᠳᠠᠯᠠᠢᠨᠠᠭᠤᠷ ᠬᠠᠷᠠᠭ᠎ᠠ ᠠᠯᠳᠠᠮ᠎ᠠ ᠬᠦᠡᠭᠭᠡᠷ ᠤ᠋ᠨ ᠲᠠᠯ᠎ᠠ ᠢ᠋ᠢᠨ ᠢ᠋ᠢᠡᠨ ᠪᠠᠷᠠᠭᠤᠨ ᠬᠤᠢᠨ᠎ᠠ ᠪᠡᠶ᠎ᠠ ᠳ᠋ᠤ ᠲᠤᠡᠭᠭᠠᠯᠠᠭ ᠲᠤᠯᠢ ᠮᠡᠲᠤ ᠦᠵᠡᠰᠬᠦᠯᠡᠡᠭ ᠲᠠᠢ ᠨᠡᠯᠦᠢᠨ᠎ᠠ᠃

ᠪᠢᠳᠡ ᠳᠠᠯᠠᠢᠨᠠᠭᠤᠷ ᠤ᠋ᠨ ᠬᠦᠪᠡᠭᠡᠨ᠎ᠠ ᠳᠠᠷᠬᠠᠠᠠᠠᠭᠤᠯᠠ ᠰᠤᠮᠤᠨ ᠤ᠋ ᠲᠦᠷᠦᠭᠡᠨᠡᠭᠤᠷ ᠭᠠᠴᠠᠭᠠᠨ ᠤ᠋ ᠨᠠᠮ ᠤ᠋ᠨ ᠡᠭᠦᠷ ᠤ᠋ᠨ ᠱᠦᠵᠢ ᠰᠠᠴᠤᠷᠠᠯᠲᠤ ᠲᠠᠢ ᠪᠤᠯᠵᠤᠨ ᠠᠭᠤᠯᠵᠠᠪᠠ᠃ 《ᠪᠢ ᠡᠨᠡ ᠯᠡ ᠨᠠᠭᠤᠷ ᠲᠠᠭᠠᠨ ᠲᠤᠭᠯᠠᠵᠤ ᠦᠰᠦᠭᠰᠡᠨ ᠶᠤᠮ᠂ ᠰᠤᠷᠭᠠᠭᠤᠯᠢ ᠰᠤᠶᠤᠯ ᠤ᠋ᠨ ᠮᠦᠷ ᠬᠦᠭᠡᠭᠡᠵᠤ ᠬᠤᠯᠠ ᠶᠠᠪᠤᠵᠤ ᠪᠠᠢᠬᠰᠠᠨ ᠴᠤ᠌ ᠡᠨᠡ ᠯᠡ ᠨᠠᠭᠤᠷ ᠡᠴᠡ ᠪᠡᠨ ᠤᠶᠠᠭᠠᠳᠠᠢ ᠶᠤᠮᠰᠢᠭ ᠪᠤᠴᠠᠭᠠᠳ ᠢᠷᠡᠯ᠎ᠠ》 ᠭᠡᠵᠤ ᠢᠨᠢᠶᠡᠮᠰᠦᠭᠯᠡᠨ ᠬᠡᠯᠡᠭᠡᠳ ᠨᠠᠭᠤᠷ ᠢ᠋ ᠰᠢᠷᠲᠡᠨ ᠬᠡᠰᠡᠭ ᠵᠤᠭᠰᠤᠭᠰᠠᠨ ᠢ᠋ᠢᠡᠨ 《ᠳᠠᠯᠠᠢᠨᠠᠭᠤᠷ ᠢ᠋ ᠮᠠᠨᠢ ᠬᠦᠮᠦᠰ 〈ᠲᠠᠯ᠎ᠠ ᠨᠤᠲᠤᠭ ᠤ᠋ᠨ ᠬᠡᠷᠡᠯᠲᠤ ᠰᠤᠪᠤᠳ〉᠂ 〈ᠵᠦᠢᠯ ᠤ᠋ᠨ ᠰᠢᠪᠠᠭᠤᠳ ᠤ᠋ᠨ ᠴᠡᠡᠭᠭᠡᠯ ᠤ᠋ᠨ ᠤᠷᠤᠨ〉᠂ 〈ᠳᠤᠮᠳᠠᠳᠤ ᠤᠯᠤᠰ ᠤ᠋ᠨ ᠬᠤᠨ ᠭᠠᠯᠠᠭᠤᠨ ᠤ᠋ ᠨᠠᠭᠤᠷ〉᠂ 〈ᠦᠨᠳᠦᠷᠯᠢᠭ ᠤ᠋ᠨ ᠮᠠᠯᠮᠠᠢ〉 ᠬᠡᠮᠡᠳᠡᠭ᠃ ᠤᠢᠷ᠎ᠠ ᠢ᠋ᠢᠨ ᠵᠢᠯ ᠳᠠᠯᠠᠢᠨᠠᠭᠤᠷ ᠢ᠋ ᠵᠤᠷᠢᠵᠤ ᠢᠷᠡᠬᠦ ᠵᠢᠭᠤᠯᠴᠢᠯᠠᠭᠰᠠᠳ ᠤᠯᠠᠮ ᠡᠴᠡ ᠤᠯᠠᠮ ᠤᠯᠠᠨ ᠪᠤᠯᠵᠤ ᠪᠠᠢᠨ᠎ᠠ᠂ ᠡᠭᠦᠨ ᠤ᠋ ᠬᠠᠵᠠᠭᠤ ᠪᠡᠷ ᠬᠠᠷᠠᠵᠤ ᠬᠢᠮᠠᠭᠠᠳᠠᠬᠤ ᠠᠵᠢᠯ ᠴᠤ᠌ ᠲᠤᠯᠭᠠᠮ ᠶᠠᠪᠤᠭᠳᠠᠵᠤ ᠪᠠᠢᠨ᠎ᠠ ᠰᠢᠤ》 ᠭᠡᠵᠤ  ᠰᠠᠨᠠᠭᠠᠰᠢᠷᠠᠡᠭᠭᠤᠢ ᠬᠡᠯᠡᠪᠠ᠃

ᠡᠭᠡ ᠨᠤᠲᠤᠭ ᠤ᠋ᠨ ᠢ᠋ᠢᠡᠨ ᠡᠯᠢᠭᠡᠨ ᠳ᠋ᠤ ᠠᠵᠤ ᠲᠦᠷᠦᠨ ᠠᠮᠢᠳᠤᠷᠠᠯ ᠦᠷᠡᠯᠡᠬᠦᠯᠬᠦ ᠳ᠋ᠡᠭᠡᠨ ᠰᠠᠴᠤᠷᠠᠯᠲᠤ ᠭᠠᠵᠠᠷ ᠤᠰᠤᠨ ᠤ᠋ ᠪᠡᠨ ᠦᠨᠳᠦᠰᠤ ᠪᠦᠲᠦᠨ ᠨᠤᠭᠤᠭᠠᠨ ᠵᠠᠶᠠᠭᠠᠨ ᠤ᠋ ᠲᠦᠯᠦᠭᠡ ᠪᠤᠳᠤᠯ ᠴᠢᠳᠠᠯ ᠬᠤᠶᠠᠷ ᠢ᠋ᠢᠡᠨ ᠨᠢᠭᠡᠳᠬᠡᠵᠤ᠂  ᠶᠠᠭᠤ ᠨᠢᠭᠡ ᠢ᠋ᠢ ᠬᠢᠬᠦ ᠬᠦᠰᠡᠯ ᠲᠡᠮᠡᠤᠯᠡᠯ ᠢ᠋ᠢᠡᠷ ᠭᠦᠳᠡᠯᠮᠦᠷᠢᠯᠡᠵᠤ ᠶᠠᠪᠤᠭ᠎ᠠ ᠪᠢᠯᠡ᠃ ᠲᠡᠷᠡ ᠪᠡᠷ ᠳᠠᠯᠠᠢᠨᠠᠭᠤᠷ ᠤ᠋ᠨ ᠳᠡᠳ᠋ ᠨᠠᠭᠤᠷ ᠤ᠋ᠨ ᠳᠠᠷᠤᠭ᠎ᠠ ᠢ᠋ᠢᠨ ᠡᠭᠦᠷᠭᠡ ᠢ᠋ᠢ ᠡᠭᠦᠷᠭᠡᠯᠡᠵᠤ᠂ 《ᠨᠢᠭᠡ ᠨᠠᠭᠤᠷ ᠲᠤ᠌ ᠨᠢᠭᠡ ᠠᠷᠭ᠎ᠠ ᠪᠤᠳᠤᠯᠭ᠎ᠠ ᠬᠡᠷᠡᠭᠵᠢᠭᠦᠯᠬᠦ》ᠵᠠᠰᠠᠯᠲᠠ ᠢ᠋ᠢᠨ ᠲᠥᠰᠦᠯ ᠢ᠋ ᠦᠨᠳᠦᠰᠦᠯᠡᠨ᠂ ᠨᠠᠭᠤᠷ ᠲᠣᠭᠣᠷᠢᠭᠰᠠᠨ ᠣᠷᠣᠨ ᠪᠦᠰᠡ ᠪᠡᠷ ᠪᠠᠢᠡᠭᠭᠤ ᠲᠣᠭᠣᠷᠢᠨ ᠪᠠᠶ᠋ᠢᠴᠠᠭᠠᠵᠤ᠂ ᠨᠠᠭᠤᠷ ᠤ᠋ᠨ ᠡᠷᠭᠢ ᠳᠠᠭᠠᠤ ᠢ᠋ᠢᠨ  ᠪᠣᠬᠢᠷᠲᠤᠯ ᠢ᠋ ᠵᠢᠭᠰᠠᠭᠠᠨ ᠪᠠᠶ᠋ᠢᠴᠠᠭᠠᠵᠤ ᠴᠡᠭᠴᠡᠯᠡᠨ ᠵᠠᠰᠠᠬᠤ ᠂ ᠲᠣᠭᠲᠠᠭᠠᠯ ᠡᠴᠡ ᠵᠥᠷᠢᠴᠡᠨ ᠵᠢᠭᠠᠰᠤ ᠠᠩᠨᠠᠵᠤ ᠱᠦᠭᠦᠬᠦ᠌᠂ ᠨᠤᠭᠤ ᠭᠠᠵᠠᠷ ᠢ᠋ ᠡᠪᠳᠡᠬᠦ᠌ ᠵᠡᠷᠭᠡ ᠠᠰᠠᠭᠤᠳᠠᠯ ᠢ᠋ ᠭᠣᠣᠯᠳᠠᠯᠭ᠎ᠠ ᠲᠠᠢ ᠪᠠᠶ᠋ᠢᠴᠠᠭᠠᠨ ᠴᠠᠭᠳᠠᠨ᠎ᠠ᠃ ᠪᠠᠰᠠ ᠤᠰᠤᠨ ᠠᠰᠢᠭᠯᠠᠯᠲᠠ᠂ ᠣᠶ ᠰᠢᠭᠤᠶ ᠡᠪᠡᠰᠦ ᠪᠡᠯᠴᠢᠭᠡᠷ᠂ ᠠᠮᠢ ᠠᠬᠤᠶ ᠣᠷᠴᠢᠨ ᠲᠣᠭᠣᠷᠢᠨ᠂ ᠪᠠᠶ᠋ᠢᠭᠠᠯᠢ ᠢ᠋ᠢᠨ ᠬᠠᠮᠠᠭᠠᠯᠠᠯᠲᠠ ᠢ᠋ᠢᠨ ᠣᠷᠣᠨ ᠵᠢᠴᠢ ᠰᠤᠮᠤ᠂ ᠭᠠᠴᠠᠭ᠎ᠠ ᠢ᠋ᠢᠨ ᠡᠯ᠎ᠡ ᠲᠠᠯ᠎ᠠ ᠢ᠋ᠢᠨ ᠬᠦᠴᠦᠨ ᠲᠠᠢ ᠬᠣᠯᠪᠣᠭᠠᠯᠠᠨ᠂ ᠮᠠᠯ ᠪᠡᠯᠴᠢᠭᠡᠷ ᠤ᠋ᠨ ᠲᠡᠩᠴᠡᠭᠦᠷᠢ ᠢ᠋ᠢ ᠬᠠᠮᠢᠶᠠᠷᠤᠨ ᠡᠵᠡᠮᠳᠡᠬᠦ᠌᠂ ᠨᠠᠭᠤᠷ ᠲᠣᠭᠣᠷᠢᠭᠰᠠᠨ ᠠᠵᠤ ᠦᠢᠯᠡᠰ ᠢ᠋ ᠵᠢᠷᠤᠮᠵᠢᠭᠤᠯᠤᠨ ᠬᠥᠭᠵᠢᠭᠦᠯᠬᠦ᠌ ᠵᠡᠷᠭᠡ ᠠᠵᠢᠯ ᠢ᠋ ᠵᠣᠬᠢᠴᠠᠭᠤᠯᠵᠤ᠂ ᠠᠮᠢ ᠠᠬᠤᠶ ᠢ᠋ᠢᠨ ᠬᠠᠮᠠᠭᠠᠯᠠᠯᠲᠠ᠂ ᠮᠠᠯᠴᠢᠨ ᠲᠦᠮᠡᠨ ᠤ᠋ ᠦᠢᠯᠡᠳᠪᠦᠷᠢᠯᠡᠯ ᠠᠮᠢᠳᠤᠷᠠᠯ ᠪᠤᠯᠤᠨ ᠠᠵᠤ ᠦᠢᠯᠡᠰ ᠤ᠋ᠨ ᠬᠦᠭᠵᠢᠯᠲᠡ ᠢ᠋ᠢᠨ ᠬᠠᠷᠢᠴᠠᠭ᠎ᠠ ᠢ᠋ᠢ ᠲᠡᠩᠴᠡᠪᠤᠷᠢᠰᠢᠭᠦᠯᠤᠨ᠎ᠠ᠃

《ᠪᠢ ᠭᠠᠷᠠᠭ ᠪᠤᠯᠭᠠᠨ ᠨᠠᠭᠤᠷ ᠤ᠋ᠨ ᠬᠥᠪᠡᠭᠡ ᠪᠡᠷ ᠲᠣᠭᠣᠷᠢᠨ ᠴᠠᠭᠳᠠᠳᠠᠭ᠃ ᠲᠣᠭᠲᠠᠮᠠᠯ ᠬᠤᠭᠤᠴᠠᠭ᠎ᠠ ᠲᠠᠢ ᠪᠡᠷ ᠨᠠᠭᠤᠷ ᠤ᠋ᠨ ᠬᠥᠪᠡᠭᠡᠨ ᠤ᠋ ᠬᠣᠭ ᠨᠣᠪᠰᠢ ᠢ᠋ᠢ ᠴᠡᠪᠡᠷᠯᠡᠵᠤ᠂ ᠤᠰᠤᠨ ᠤ᠋ ᠲᠦᠪᠰᠢᠨ᠂ ᠤᠰᠤᠨ ᠤ᠋ ᠴᠢᠨᠠᠷ ᠢ᠋ ᠠᠡᠭᠬᠠᠷᠳᠠᠭ᠃ ᠤᠷᠴᠢᠮ ᠤ᠋ᠨ ᠬᠤᠶᠠᠷ ᠵᠢᠯ ᠠᠮᠢ ᠠᠬᠤᠢ ᠰᠠᠢᠵᠢᠷᠠᠵᠤ ᠤᠰᠤᠨ ᠤ᠋ ᠲᠦᠪᠰᠢᠨ ᠳᠡᠭᠡᠭᠰᠢᠯᠡᠵᠤ᠂ ᠰᠢᠪᠠᠭᠤᠳ ᠤ᠋ᠨ ᠲᠦᠷᠦᠯ ᠴᠤ᠌ ᠨᠡᠮᠡᠭᠳᠡᠯ᠎ᠠ᠃ ᠭᠠᠴᠠᠭᠠᠨ ᠤ᠋ ᠮᠠᠯᠴᠢᠳ ᠮᠠᠨᠢ ᠳᠠᠯᠠᠢᠨᠠᠭᠤᠷ ᠢ᠋ᠢᠡᠨ ᠨᠢᠳᠤᠨ ᠤ᠋ ᠪᠡᠨ ᠴᠡᠴᠡᠬᠡᠢ ᠮᠡᠲᠤ ᠬᠠᠢᠷᠠᠯᠠᠨ ᠬᠢᠮᠠᠭᠠᠳᠠᠳᠠᠭ᠃ ᠲᠡᠷᠡ ᠵᠢᠯ ᠮᠠᠨ ᠤ᠋ ᠭᠠᠴᠠᠭᠠᠨ ᠤ᠋ ᠨᠢᠭᠡ ᠠᠬ᠎ᠠ ᠡᠪᠡᠳᠴᠢᠯᠡᠭᠰᠡᠨ ᠴᠠᠭᠠᠨ ᠭᠠᠯᠠᠭᠤ ᠢ᠋ᠢ ᠡᠳᠡᠭᠡᠭᠡᠳ ᠨᠠᠭᠤᠷ ᠲᠤ᠌ ᠪᠤᠴᠠᠭᠠᠵᠤ ᠳᠠᠯᠪᠢᠭᠰᠠᠨ᠃ ᠡᠢᠮᠤ ᠤᠴᠢᠷ ᠵᠦᠡᠭᠳᠡᠭᠡᠨ ᠪᠤᠢ᠃ ᠪᠢᠳᠡ ᠪᠦᠭᠦᠳᠡᠭᠡᠷ ᠡᠨᠡ ᠨᠤᠲᠤᠭ ᠢ᠋ᠢᠡᠨ ᠬᠠᠮᠠᠭᠠᠯᠠᠵᠤ ᠪᠠᠢᠨ᠎ᠠ᠂ ᠭᠠᠭᠴᠠ ᠪᠢ ᠪᠢᠰᠢ ᠡ》 ᠭᠡᠳ ᠰᠠᠴᠤᠷᠠᠯᠲᠤ ᠢᠨᠢᠶᠡᠪᠠ᠃

ᠳᠠᠷᠬᠠᠠᠠᠠᠭᠤᠯᠠ ᠰᠤᠮᠤ ᠳᠠᠯᠠᠢᠨᠠᠭᠤᠷ ᠤ᠋ᠨ ᠨᠤᠭᠤ ᠭᠠᠵᠠᠷ ᠢ᠋ ᠰᠢᠰᠲ᠋ᠧᠮ ᠲᠠᠢ ᠵᠠᠰᠠᠬᠤ ᠠᠵᠢᠯ ᠢ᠋ ᠢᠳᠡᠪᠬᠢᠲᠡᠢ ᠠᠬᠢᠭᠤᠯᠵᠤ᠂ ᠤᠰᠤᠨ ᠤ᠋ ᠡᠬᠢ ᠪᠠᠶᠠᠯᠢᠭ ᠢ᠋ ᠲᠤᠬᠢᠷᠠᠭᠤᠯᠤᠨ ᠡᠵᠡᠮᠳᠡᠬᠦ᠌᠂ ᠨᠠᠭᠤᠷ ᠤ᠋ᠨ ᠬᠥᠪᠡᠭᠡᠨ ᠤ᠋ ᠨᠤᠭᠤ ᠭᠠᠵᠠᠷ ᠢ᠋ ᠵᠠᠰᠠᠨ ᠰᠡᠷᠭᠦᠭᠡᠬᠦ᠌ ᠢᠨᠵᠧᠨᠧᠷᠢᠩ ᠢ᠋ ᠬᠡᠷᠡᠭᠵᠢᠭᠦᠯᠵᠦ᠍᠂ ᠨᠠᠭᠤᠷ ᠤ᠋ᠨ ᠳᠠᠷᠤᠭ᠎ᠠ ᠢ᠋ᠢᠨ ᠲᠦᠷᠢᠮ ᠤ᠋ᠨ ᠰᠢᠰᠲ᠋ᠧᠮ ᠢ᠋ ᠪᠥᠬᠥ᠌ ᠲᠠᠯ᠎ᠠ ᠪᠡᠷ ᠨᠠᠢᠳᠠᠪᠤᠷᠢᠵᠢᠭᠤᠯᠵᠤ᠂《ᠠᠯᠪᠠᠨ ᠲᠠᠯ᠎ᠠ ᠢ᠋ᠢᠨ ᠨᠠᠭᠤᠷ ᠴᠥᠭᠥᠷᠥᠮ ᠤ᠋ᠨ ᠳᠠᠷᠤᠭ᠎ᠠ + ᠠᠷᠠᠳ ᠤ᠋ᠨ ᠨᠠᠭᠤᠷ ᠴᠥᠭᠥᠷᠥᠮ ᠤ᠋ᠨ ᠳᠠᠷᠤᠭ᠎ᠠ + ᠮᠠᠯᠴᠢᠨ ᠠᠮᠢ ᠠᠬᠤᠶ ᠢ᠋ᠢᠨ ᠬᠠᠮᠢᠶᠠᠷᠤᠨ ᠬᠠᠮᠠᠭᠠᠯᠠᠭᠴᠢ》 ᠢ᠋ᠢᠨ ᠲᠤᠤᠷ ᠢ᠋ ᠪᠠᠢᠭᠤᠯᠵᠤ᠂ ᠲᠣᠭᠲᠠᠮᠠᠯ ᠬᠢᠨᠠᠨ ᠬᠡᠮᠵᠢᠬᠦ᠌ ᠱᠤᠭᠤᠮ᠂  ᠬᠢᠨᠠᠨ ᠬᠡᠮᠵᠢᠬᠦ᠌ ᠴᠡᠭ ᠲᠣᠬᠢᠷᠠᠭᠤᠯᠵᠤ᠂ ᠭᠤᠤᠯᠳᠠᠯᠭ᠎ᠠ ᠲᠠᠢ ᠠᠮᠢ ᠠᠬᠤᠶ ᠢ᠋ᠢᠨ ᠣᠷᠣᠨ ᠳ᠋ᠤ ᠪᠦᠬᠦᠯᠢ ᠡᠳᠦᠷ ᠢ᠋ᠢᠡᠷ᠂ ᠣᠯᠠᠨ ᠲᠠᠯ᠎ᠠ ᠡᠴᠡ ᠬᠢᠨᠠᠨ ᠬᠡᠮᠵᠢᠯᠲᠡ ᠬᠢᠵᠤ ᠪᠤᠢ᠃ ᠮᠠᠯᠴᠢᠳ ᠤ᠋ᠨ 《ᠦᠨᠳᠦᠰᠦᠨ ᠱᠠᠲᠤᠨ ᠳ᠋ᠤ ᠪᠠᠶ᠋ᠢᠵᠤ᠂ ᠦᠨᠳᠦᠰᠦᠨ ᠱᠠᠲᠤᠨ ᠤ᠋ ᠪᠠᠶ᠋ᠢᠳᠠᠯ ᠢ᠋ ᠰᠠᠶ᠋ᠢᠨ ᠣᠶ᠋ᠢᠯᠠᠭᠠᠬᠤ》 ᠳᠠᠪᠠᠭᠤᠯᠢᠭ ᠲᠤ᠌ ᠲᠦᠰᠢᠭᠯᠡᠨ᠂ ᠠᠮᠢ ᠠᠬᠤᠢ ᠢ᠋ᠢᠨ ᠬᠠᠮᠢᠶᠠᠷᠤᠨ ᠬᠠᠮᠠᠭᠠᠯᠠᠬᠤ ᠠᠵᠢᠯ ᠤ᠋ᠨ ᠪᠠᠢᠷᠢ᠂ ᠠᠵᠢᠯ ᠣᠯᠭᠣᠬᠤ ᠪᠡᠷ ᠲᠡᠳᠬᠦᠮᠵᠢ ᠢ᠋ᠢ ᠣᠷᠣᠯᠠᠭᠤᠯᠬᠤ ᠠᠵᠢᠯ ᠤ᠋ᠨ ᠪᠠᠢᠷᠢ ᠬᠠᠡᠭᠭᠠᠨ ᠳᠠᠯᠠᠢᠨᠠᠭᠤᠷ ᠤ᠋ᠨ ᠠᠮᠢ ᠠᠬᠤᠶ ᠢ᠋ᠢ ᠬᠠᠮᠲᠤ ᠪᠡᠷ ᠰᠠᠬᠢᠨ ᠬᠠᠮᠠᠭᠠᠯᠠᠵᠤ ᠪᠠᠢᠨ᠎ᠠ ᠃

ᠵᠤᠷᠢᠭᠯᠠᠪᠠᠰᠤ ᠦᠯᠤ ᠪᠦᠲᠦᠬᠦ ᠦᠢᠯᠡ ᠬᠡᠮᠡᠨ ᠦᠭᠡᠢ ᠭᠡᠰᠡᠨᠴᠢᠯᠡᠨ ᠣᠯᠠᠨ ᠵᠢᠯ ᠤᠯᠠᠨ ᠬᠦᠮᠦᠨ ᠤ᠋ ᠬᠠᠮᠲᠤ ᠢ᠋ᠢᠨ ᠴᠢᠷᠮᠠᠢᠯᠭ᠎ᠠ ᠪᠡᠷ ᠳᠡᠮᠵᠢᠨ ᠲᠡᠯᠡᠢᠨᠠᠭᠤᠷ ᠤ᠋ᠨ ᠤᠰᠤᠨ ᠤ᠋ ᠴᠠᠷᠠᠭ᠎ᠠ 197 ᠲᠡᠭᠰᠢ ᠳᠥᠷᠪᠡᠯᠵᠢᠨ ᠺᠢᠯᠣᠮᠧᠲ᠋ᠷ ᠲᠤ᠌ ᠲᠣᠭᠲᠠᠪᠤᠷᠢᠵᠢᠵᠤ᠂ ᠤᠰᠤᠨ ᠤ᠋ ᠬᠡᠮᠵᠢᠶ᠎ᠠ 12 ᠳ᠋ᠦᠩᠰᠢᠭᠤᠷ ᠪᠣᠰᠣᠭ᠎ᠠ ᠳᠥᠷᠪᠡᠯᠵᠢᠨ ᠮᠧᠲ᠋ᠷ ᠲᠤ᠌ ᠲᠣᠭᠲᠠᠪᠤᠷᠢᠵᠢᠵᠤ᠂ ᠨᠠᠭᠤᠷ ᠢ᠋ ᠲᠣᠭᠣᠷᠢᠭᠰᠠᠨ ᠨᠤᠲᠤᠭ ᠪᠡᠯᠴᠢᠭᠡᠷ ᠤ᠋ᠨ ᠤᠷᠭᠤᠮᠠᠯ ᠤ᠋ᠨ ᠬᠤᠴᠢᠯᠭ᠎ᠠ ᠢ᠋ᠢᠨ ᠨᠤᠷᠮ᠎ᠠ 65% ᠪᠤᠯᠤᠨ ᠳᠡᠭᠡᠭᠰᠢᠯᠡᠵᠡᠢ᠃ ᠨᠡᠭᠦᠳᠡᠯ ᠤ᠋ᠨ ᠰᠢᠪᠠᠭᠤᠳ ᠤ᠋ᠨ ᠪᠠᠭᠤᠵᠤ ᠰᠠᠭᠤᠬᠤ᠂ ᠦᠷᠡᠵᠢᠨ ᠲᠦᠯᠵᠢᠬᠦ ᠴᠢᠬᠤᠯᠠ ᠦᠷᠲᠡᠭᠡ ᠪᠤᠯᠤᠭᠰᠠᠨ ᠳᠠᠯᠠᠢᠨᠠᠭᠤᠷ ᠲᠤ᠌ ᠤᠳᠤ ᠪᠠᠷᠤᠭ 18 ᠪᠠᠭ ᠤ᠋ᠨ 48 ᠲᠦᠷᠦᠯ ᠤ᠋ᠨ 297 ᠵᠦᠢᠯ ᠤ᠋ᠨ ᠰᠢᠪᠠᠭᠤ ᠦᠷᠲᠡᠭᠡᠯᠡᠨ ᠠᠮᠠᠷᠠᠵᠤ᠂ ᠤᠯᠤᠰ ᠤ᠋ᠨ ᠨᠢᠭᠡᠳᠦᠭᠡᠷ ᠳᠡᠰ ᠤ᠋ᠨ ᠭᠤᠤᠯᠳᠠᠯᠭ᠎ᠠ ᠲᠠᠢ ᠬᠠᠮᠠᠭᠠᠯᠠᠬᠤ ᠰᠢᠪᠠᠭᠤᠨ ᠤ᠋ ᠲᠥᠷᠥᠯ ᠪᠤᠯᠬᠤ ᠠᠯ ᠰᠡᠭᠦᠯ᠂ ᠴᠠᠭᠠᠨ ᠳᠤᠬᠤᠲᠤ ᠲᠣᠭᠣᠷᠤᠤ᠂ ᠲᠣᠭᠣᠳᠠᠭ᠂ ᠴᠠᠬᠤᠯᠠᠶ᠂ ᠴᠠᠭᠠᠨ ᠥᠷᠪᠢ ᠵᠡᠷᠭᠡ 20 ᠵᠦᠢᠯ᠂ ᠤᠯᠤᠰ ᠤ᠋ᠨ ᠬᠣᠶᠠᠳᠤᠭᠠᠷ ᠳᠡᠰ ᠤ᠋ᠨ ᠭᠤᠤᠯᠳᠠᠯᠭ᠎ᠠ ᠲᠠᠢ ᠬᠠᠮᠠᠭᠠᠯᠠᠬᠤ ᠰᠢᠪᠠᠭᠤᠨ ᠤ᠋ ᠲᠥᠷᠥᠯ ᠪᠤᠯᠬᠤ ᠬᠤᠨ ᠭᠠᠯᠠᠭᠤ᠂ ᠬᠠᠷᠬᠢᠷ᠎ᠠ᠂ ᠪᠦᠷᠭᠦᠳ᠂ ᠤᠯᠠᠭᠠᠨ ᠱᠣᠩᠬᠣᠷ ᠵᠡᠷᠭᠡ 49 ᠵᠦᠢᠯ ᠪᠤᠢ᠃ 

ᠳᠠᠯᠠᠢᠨᠠᠭᠤᠷ ᠬᠦᠮᠦᠨ ᠠᠷᠠᠳ ᠤ᠋ᠨ ᠢ᠋ᠢᠡᠨ ᠢᠪᠡᠭᠡᠯ ᠪᠤᠯᠤᠨ ᠲᠤᠨᠤᠷᠠᠵᠤ᠂ ᠬᠦᠪᠴᠢᠨ ᠪᠠᠢᠭᠠᠯᠢ ᠢ᠋ᠢᠨ ᠢ᠋ᠢᠡᠨ ᠰᠢᠭᠢᠳᠬᠡᠷᠢ ᠪᠤᠯᠤᠨ ᠮᠡᠯᠮᠡᠷᠡᠨ ᠮᠡᠯᠮᠡᠯᠵᠡᠭᠰᠡᠭᠡᠷ  ᠁

ᠰᠤᠷᠪᠤᠯᠵᠢᠯᠠᠭᠴᠢ ᠵᠢᠨ ᠡᠪᠤᠷ ᠳᠡᠮᠳᠡᠭᠯᠡᠯ᠄

ᠳᠠᠯᠠᠢᠨᠠᠭᠤᠷ ᠳᠦᠰᠢ ᠬᠠᠢᠷᠬᠠᠨ ᠵᠢᠡᠨ ᠳᠦᠰᠢᠨ᠂ ᠳᠠᠷᠬᠠᠨ ᠠᠭᠤᠯᠠ ᠪᠠᠨ ᠳᠠᠷᠠᠯᠠᠨ ᠳᠦᠯᠭᠡᠨ ᠳᠤᠯᠬᠢᠶᠠᠯᠠᠨ᠎ᠠ᠃ ᠲᠦᠮᠡ ᠮᠢᠡᠭᠭᠠᠨ ᠬᠠᠪᠤᠷ ᠨᠠᠮᠤᠷ ᠤ᠋ᠨ ᠤᠷᠴᠢᠯ ᠡᠷᠭᠢᠯᠲᠡ ᠳ᠋ᠤ ᠳᠠᠯᠠᠢᠨᠠᠭᠤᠷ ᠡᠷᠬᠢᠨ ᠲᠤᠭᠤᠷᠢᠨ ᠤ᠋ ᠭᠤᠤᠯ ᠭᠤᠷᠤᠬ᠎ᠠ ᠡᠴᠡ ᠲᠡᠵᠢᠭᠡᠯ ᠰᠢᠮ᠎ᠠ ᠬᠦᠷᠲᠡᠵᠤ᠂ ᠠᠬᠢᠨ ᠪᠠᠰᠠ ᠠᠷᠠᠳ ᠤᠯᠠᠨ᠂ ᠠᠮᠢᠲᠠᠨ ᠭᠤᠤᠯᠳᠠᠨ᠂ ᠤᠢ ᠬᠦᠪᠴᠢ ᠳ᠋ᠤ ᠲᠡᠵᠢᠭᠡᠯ ᠰᠢᠮ᠎ᠠ ᠪᠡᠨ ᠬᠠᠷᠠᠮ ᠦᠭᠡᠢ ᠬᠠᠢᠷᠠᠯᠠᠭᠰᠠᠭᠠᠷ ᠪᠠᠢᠭ᠎ᠠ ᠪᠢᠯᠡ᠃

ᠳᠠᠯᠠᠢᠨᠠᠭᠤᠷ ᠡᠨᠡ ᠨᠤᠳᠤᠭ᠎ᠤᠨ ᠠᠷᠠᠳ ᠳᠦᠮᠡᠨ᠎ᠤ ᠰᠡᠳᠬᠢᠯ᠎ᠳᠦ ᠵᠦᠭᠡᠷ ᠯᠡ ᠨᠢᠭᠡ ᠨᠠᠭᠤᠷ ᠤᠰᠤᠨ ᠪᠢᠰᠢ᠂ ᠬᠠᠷᠢᠨ ᠠᠮᠢᠳᠤᠷᠠᠯ᠎ᠤᠨ ᠳᠦᠰᠢᠭ᠂ ᠰᠡᠳᠬᠢᠯ᠎ᠤᠨ ᠰᠢᠳᠦᠭᠡᠨ᠂ ᠨᠤᠳᠤᠭ᠎ᠤᠨ ᠤᠮᠤᠭᠰᠢᠯ ᠨᠢ ᠪᠤᠯᠵᠦ ᠪᠠᠢᠳᠠᠭ᠃ ᠲᠡᠳᠡ ᠠᠮᠢᠳᠤᠷᠠᠯ ᠳᠤᠮᠳᠡᠬᠢ ᠵᠢᠵᠢᠭ ᠰᠠᠵᠢᠭ ᠤᠴᠢᠷ ᠳᠡᠭᠡᠷ᠎ᠡ ᠴᠸ᠋ ᠡᠬᠡ ᠪᠠᠢᠭᠠᠯᠢ ᠪᠠᠨ ᠬᠠᠮᠠᠭᠠᠯᠠᠬᠤ᠂ ᠨᠠᠭᠤᠷ ᠤᠰᠤ ᠪᠠᠨ ᠰᠠᠬᠢᠬᠤ ᠤᠭ ᠰᠠᠨᠠᠭ᠎ᠠ ᠪᠠᠨ ᠮᠠᠷᠳᠠᠯ ᠦᠭᠡᠢ ᠦᠢᠯᠡᠳᠦᠯᠭᠡᠵᠢᠬᠦᠯᠵᠦ ᠪᠠᠢᠭ᠎ᠠ ᠵᠢ ᠨᠢ ᠬᠠᠷᠠᠨ ᠪᠢᠰᠢᠷᠠᠵᠦ ᠶᠠᠪᠤᠯ᠎ᠠ᠃ ᠲᠡᠳᠡ ᠬᠠᠯᠠᠭᠤᠨ᠎ᠳᠦ ᠬᠠᠯᠠᠵᠦ᠂ ᠬᠦᠢᠳᠡᠨ᠎ᠳᠦ ᠬᠦᠷᠦᠵᠦ᠂ ᠰᠠᠯᠬᠢᠨ᠎ᠳᠦ ᠭᠤᠶᠠᠳᠠᠭᠤᠯᠤᠨ ᠪᠤᠷᠤᠭᠠᠨ ᠴᠠᠰᠤᠨ᠎ᠳᠦ ᠪᠠᠲᠡᠷᠢᠵᠤ᠂ ᠲᠠᠪᠤᠨ ᠬᠤᠰᠢᠭᠤ ᠮᠠᠯ ᠵᠢᠡᠨ  ᠳᠤᠳᠤᠮᠳᠠᠵᠦ ᠶᠠᠪᠤᠬᠤ᠎ᠳᠠᠭᠠᠨ ᠡᠨᠡ ᠨᠠᠭᠤᠷ ᠎ᠤᠨ ᠵᠢᠡᠨ ᠠᠰᠢᠭ ᠰᠢᠮ᠎ᠠ ᠵᠢ ᠨᠢ ᠬᠦᠷᠳᠡᠵᠦ᠂ ᠡᠨᠡ ᠨᠠᠭᠤᠷ᠎ᠤᠨ ᠵᠢᠡᠨ ᠭᠡᠰᠢᠭ ᠰᠤᠶᠤᠷᠬᠠᠯ ᠵᠢᠡᠷ ᠦᠭᠡᠳᠡ ᠲᠠᠢ ᠦᠩᠭᠡ ᠲᠠᠢ ᠶᠠᠪᠤᠭ᠎ᠠ ᠪᠠᠨ ᠭᠡᠵᠢᠢ᠎ᠡ ᠴᠸ᠋ ᠮᠠᠷᠳᠠᠭ᠎ᠠ ᠦᠭᠡᠢ᠃ ᠡᠷᠬᠢᠨ ᠳᠤᠭᠤᠷᠢᠨ᠎ᠤ ᠮᠠᠯᠴᠢᠳ᠎ᠤᠨ ᠰᠡᠳᠬᠢᠯ᠎ᠳᠦ ᠡᠨᠡ ᠨᠠᠭᠤᠷ ᠨᠢ 《ᠡᠵᠢ ᠨᠠᠭᠤᠷ》 ᠪᠠᠢᠭ᠎ᠠ ᠶᠤᠮ᠃ ᠡᠵᠢ ᠢ᠋ᠢᠨ ᠡᠪᠦᠷ ᠲᠸ᠋ ᠪᠦᠪᠠᠢᠯᠡᠭᠳᠡᠨ ᠶᠠᠪᠤᠭ᠎ᠠ ᠡᠩᠬᠦᠷᠠᠢ ᠦᠷ᠎ᠡ ᠨᠢ ᠭᠡᠵᠢᠶᠡᠳᠡ ᠵᠢᠷᠭᠠᠯ ᠲᠠᠢ ᠪᠠᠢᠳᠠᠭ᠃

ᠨᠠᠭᠤᠷ ᠠᠮᠤᠭᠤᠯᠠᠩ ᠪᠤᠯ ᠨᠤᠭᠤᠰᠤ ᠠᠮᠤᠭᠤᠯᠠᠩ ᠭᠡᠵᠦ ᠡᠨᠡ ᠳᠠ!


ᠭᠡᠷᠡᠯ ᠵᠢᠷᠤᠭ᠎ᠢ ᠴᠢ ᠸᠸᠨ ᠴᠢᠶᠠᠩ ᠬᠠᠨᠭᠭᠠᠪᠠ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面