ᠭᠣᠣᠯ ᠰᠡᠳᠦᠪᠲᠦ ᠮᠡᠳᠡᠭᠡᠯᠡᠯ > ᠠᠭᠤᠤ ᠶᠡᠭᠡ ᠠᠶᠠᠨ

2026-08-05 11:49:52

ᠵᠣᠬᠢᠶᠠᠭ᠍ᠴᠢ᠄ ᠰᠦᠩ ᠯᠢ ᡁᠢ ᠣᠩᠱᠢᠭ᠍ᠰᠠᠨ ᠣᠳᠠᠭ᠎ᠠ᠄ 3

1949 ᠣᠨ ᠤ᠋ 1 ᠰᠠᠷ᠎ᠠ ᠳ᠋ᠤ᠂ ᠫᠢᠩ ᠵᠢᠨ ᠤ᠋ ᠳᠠᠶ᠋ᠢᠯᠠᠯᠳᠤᠭᠠᠨ ᠢᠯᠠᠯᠲᠠ ᠣᠯᠤᠭᠰᠠᠨ ᠤ᠋ ᠳᠠᠷᠠᠭ᠎ᠠ᠂ ᠰᠦᠢᠶᠤᠸᠠᠨ ᠤ᠋ ᠭᠣᠮᠢᠨᠳᠠᠩ ᠤ᠋ᠨ ᠴᠡᠷᠢᠭ ᠬᠦᠢᠰᠦᠢ (ᠤᠳᠤ ᠶ᠋ᠢᠨ ᠬᠥᠬᠡᠬᠣᠲᠠ)᠂ ᠪᠤᠭᠤᠲᠤ᠌ ᠣᠷᠴᠢᠮ ᠢ᠋ᠶ᠋ᠡᠷ ᠳᠠᠷᠤᠭᠳᠠᠵᠤ᠂ ᠰᠦᠢᠶᠤᠸᠠᠨ ᠤ᠋ ᠴᠢᠯᠥᠭᠡᠯᠡᠯᠲᠡ ᠨᠢᠭᠡᠨᠲᠡ ᠬᠤᠷᠢᠭᠯᠠᠭᠳᠠᠰᠢ ᠦᠭᠡᠢ ᠲᠡᠦᠬᠡ ᠶ᠋ᠢᠨ ᠶᠡᠬᠡ ᠬᠠᠨᠳᠤᠰᠢ ᠪᠣᠯᠵᠠᠢ᠃ ᠪᠸᠢ᠌ᠫᠢᠩ ᠤ᠋ᠨ ᠨᠠᠶ᠋ᠢᠷᠠᠮᠳᠠᠯ ᠤ᠋ᠨ ᠬᠡᠯᠡᠯᠴᠡᠭᠡᠷ ᠤ᠋ᠨ ᠬᠤᠭᠤᠴᠠᠭᠠᠨ ᠳ᠋ᠤ᠂ ᠳᠤᠮᠳᠠᠳᠤ ᠤᠯᠤᠰ ᠤ᠋ᠨ ᠡᠪ ᠬᠠᠮᠲᠤ᠌ ᠨᠠᠮ ᠤ᠋ᠨ ᠲᠥᠪ ᠬᠣᠷᠢᠶ᠎ᠠ ᠡᠴᠡ ᠰᠦᠢᠶᠤᠸᠠᠨ ᠤ᠋ ᠠᠰᠠᠭᠤᠳᠠᠯ ᠢ᠋ ᠨᠠᠶ᠋ᠢᠷᠠᠮᠳᠠᠯ ᠢ᠋ᠶ᠋ᠡᠷ ᠰᠢ᠌ᠳᠪᠦᠷᠢᠯᠡᠬᠦ᠌ ᠵᠣᠷᠢᠯᠲᠠ ᠵᠢ ᠳᠤᠷᠠᠳᠪᠠ᠃

3 ᠰᠠᠷ᠎ᠠ ᠶ᠋ᠢᠨ 5 ᠤ᠋ ᠡᠳᠦᠷ᠂ ᠮᠠᠤ ᠽᠸ ᠳ᠋ᠦᠩ ᠳᠤᠮᠳᠠᠳᠤ ᠤᠯᠤᠰ ᠤ᠋ᠨ ᠡᠪ ᠬᠠᠮᠲᠤ᠌ ᠨᠠᠮ ᠤ᠋ᠨ ᠳᠣᠯᠣᠳᠤᠭᠠᠷ ᠬᠤᠭᠤᠴᠠᠭᠠᠨ ᠤ᠋ ᠲᠥᠪ ᠬᠣᠷᠢᠶ᠎ᠠ᠎ᠵᠢᠨ ᠬᠣᠶᠠᠳᠤᠭᠠᠷ ᠪᠥᠬᠥᠳᠡ ᠬᠤᠷᠠᠯ ᠳᠡᠭᠡᠷ᠎ᠡ 《 ᠰᠦᠢᠶᠤᠸᠠᠨ ᠤ᠋ ᠠᠷᠭ᠎ᠠ ᠮᠠᠶᠢᠭ》 ᠢ᠋ ᠵᠢᠩᠬᠢᠨᠢ ᠪᠡᠷ ᠳᠤᠷᠠᠳᠴᠤ᠌ ᠲᠠᠶ᠋ᠢᠯᠪᠤᠷᠢᠯᠠᠭᠰᠠᠨ ᠪᠠᠶ᠋ᠢᠨ᠎ᠠ᠂ ᠳᠠᠷᠤᠢ 《ᠰᠠᠨᠠᠭᠠᠴᠢᠯᠠᠭ᠎ᠠ ᠲᠠᠢ ᠪᠠᠷ ᠭᠣᠮᠢᠨᠳᠠᠩ ᠤ᠋ᠨ ᠨᠢᠭᠡ ᠪᠦᠯᠦᠭ ᠴᠡᠷᠢᠭ ᠠᠩᠭᠢ ᠵᠢ ᠦᠯᠡᠳᠡᠭᠡᠵᠦ᠂ ᠲᠡᠳᠡᠨ ᠢ᠋ ᠤᠭ ᠬᠡᠪ ᠢ᠋ᠶ᠋ᠡᠷ ᠨᠢ ᠪᠠᠶ᠋ᠢᠯᠭᠠᠵᠤ᠂ ᠡᠰᠡᠬᠦᠯ᠎ᠡ ᠶᠡᠬᠡ ᠲᠥᠯᠥᠪ ᠳᠡᠭᠡᠷ᠎ᠡ ᠪᠠᠨ ᠬᠥᠳᠡᠯᠭᠡᠬᠦ᠌ ᠦᠭᠡᠢ᠂ ᠥᠭᠡᠷ᠎ᠡ ᠪᠡᠷ ᠬᠡᠯᠡᠪᠡᠯ ᠡᠨᠡ ᠬᠡᠰᠡᠭ ᠴᠡᠷᠢᠭ ᠠᠩᠬᠢ ᠳ᠋ᠤ ᠲᠦᠷ ᠴᠠᠭ ᠨᠠᠶ᠋ᠢᠷ ᠲᠠᠯᠪᠢᠵᠤ᠂ ᠡᠨᠡ ᠬᠡᠰᠡᠭ ᠴᠡᠷᠢᠭ ᠠᠩᠭᠢ ᠵᠢ ᠤᠯᠤᠰ ᠲᠦᠷᠦ ᠶ᠋ᠢᠨ ᠲᠠᠯ᠎ᠠ ᠪᠡᠷ ᠮᠠᠨ ᠤ᠋ ᠲᠠᠯ᠎ᠠ ᠳ᠋ᠤ ᠵᠣᠭᠰᠣᠬᠤ ᠪᠤᠶᠤ ᠲᠦᠪ ᠢ᠋ ᠰᠠᠬᠢᠬᠤ ᠪᠤᠯᠭᠠᠨ᠂ ᠪᠢᠳᠡᠡ ᠤ᠋ ᠬᠦᠴᠦ ᠪᠠᠨ ᠲᠥᠪᠯᠡᠷᠡᠭᠦᠯᠦᠨ ᠤᠷᠢᠳᠠᠪᠠᠷ ᠭᠣᠮᠢᠨᠳᠠᠩ ᠤ᠋ᠨ ᠦᠯᠡᠳᠡᠭᠳᠡᠯ ᠬᠦᠴᠦᠨ ᠤ᠋ ᠭᠣᠣᠯ ᠬᠡᠰᠡᠭ ᠢ᠋ ᠴᠤᠬᠢᠬᠤ ᠳ᠋ᠤ ᠠᠰᠢᠬᠲᠠᠢ ᠪᠤᠯᠭᠠᠵᠤ᠂ ᠵᠣᠬᠢᠬᠤ ᠬᠤᠭᠤᠴᠠᠭᠠᠨ ᠤ᠋ ᠳᠠᠷᠠᠭ᠎ᠠ (ᠵᠢᠱ᠌ᠢᠶᠡᠯᠡᠪᠡᠯ ᠬᠡᠳᠦᠨ ᠰᠠᠷ᠎ᠠ᠂ ᠬᠠᠭᠠᠰ ᠵᠢᠯ᠂ ᠡᠰᠡᠬᠦᠯ᠎ᠡ ᠨᠢᠭᠡ ᠵᠢᠯ ᠤ᠋ᠨ ᠳᠠᠷᠠᠭ᠎ᠠ)᠂ ᠲᠠᠬᠢᠭᠠᠳ ᠠᠷᠠᠳ ᠤ᠋ᠨ ᠴᠢᠯᠥᠭᠡᠯᠡᠬᠦ᠌ ᠴᠡᠷᠢᠭ ᠤ᠋ᠨ ᠲᠦᠷᠢᠮ ᠶᠣᠰᠣᠭᠠᠷ ᠡᠨᠡ ᠬᠡᠰᠡᠭ ᠴᠡᠷᠢᠭ ᠠᠩᠭᠢ ᠵᠢ ᠠᠷᠠᠳ ᠤ᠋ᠨ ᠴᠢᠯᠥᠭᠡᠯᠡᠬᠦ᠌ ᠴᠡᠷᠢᠭ ᠪᠣᠯᠭᠠᠨ ᠥᠭᠡᠷᠡᠴᠢᠯᠡᠨ ᠪᠠᠶ᠋ᠢᠭᠤᠯᠤᠨ᠎ᠠ》 ᠭᠡᠵᠡᠶ᠃ ᠪᠠᠶ᠋ᠢᠳᠠᠯ ᠤ᠋ᠨ ᠬᠥᠭᠵᠢᠯᠲᠡ ᠬᠤᠪᠢᠷᠠᠯᠲᠠ ᠵᠢ ᠳᠠᠭᠠᠯᠳᠤᠨ᠂ ᠳᠤᠮᠳᠠᠳᠤ ᠤᠯᠤᠰ ᠤ᠋ᠨ ᠡᠪ ᠬᠠᠮᠲᠤ᠌ ᠨᠠᠮ ᠤ᠋ᠨ ᠲᠥᠪ ᠬᠣᠷᠢᠶ᠎ᠠ ᠪᠣᠯᠤᠨ ᠮᠠᠤ ᠽᠸ ᠳ᠋ᠦᠩ᠂ ᠵᠧᠦ ᠡᠸᠨ ᠯᠠᠶ ᠨᠠᠷ ᠰᠦᠢᠶᠤᠸᠠᠨ ᠤ᠋ ᠠᠰᠠᠭᠤᠳᠠᠯ ᠢ᠋ ᠰᠢᠢᠳᠪᠦᠷᠢᠯᠡᠬᠦ ᠲᠤᠬᠠᠶ ᠣᠯᠠᠨᠲᠠ ᠴᠢᠬᠤᠯᠠ ᠵᠢᠭᠠᠪᠤᠷᠢ ᠥᠭᠴᠦ᠍᠂ 《ᠰᠦᠢᠶᠤᠸᠠᠨ ᠤ᠋ ᠠᠷᠭ᠎ᠠ ᠮᠠᠶᠢᠭ》 ᠢ᠋ ᠤᠯᠠᠮ ᠴᠢᠨᠠᠬᠰᠢᠲᠠ ᠲᠡᠭᠦᠯᠳᠡᠷᠵᠢᠭᠦᠯᠪᠡ᠃

3 ᠰᠠᠷ᠎ᠠ ᠶ᠋ᠢᠨ ᠡᠬᠢ ᠪᠡᠷ᠂ ᠰᠦᠢᠶᠤᠸᠠᠨ ᠤ᠋ ᠠᠰᠠᠭᠤᠳᠠᠯ ᠤ᠋ᠨ ᠲᠤᠬᠠᠶ ᠬᠡᠯᠡᠯᠴᠡᠭᠡᠷ ᠪᠸᠢ᠌ᠫᠢᠩ ᠳ᠋ᠦ᠍ ᠡᠬᠢᠯᠡᠪᠡ᠃ 3 ᠰᠠᠷ᠎ᠠ ᠶ᠋ᠢᠨ 2 ᠡᠴᠡ 6 ᠤ᠋ ᠡᠳᠦᠷ ᠪᠣᠯᠲᠠᠯ᠎ᠠ᠂ ᠯᠦᠸᠸ ᠷᠦᠩ ᠬᠤᠸᠠᠨ᠂ ᠲᠤᠤ ᠵᠦ᠍᠂ ᠫᠠᠨ ᠵᠶ᠋ᠢ ᠸᠸᠨ ᠨᠠᠷ ᠹᠦ᠋ ᠽᠦᠸᠸ ᠢ ᠶ᠋ᠢᠨ ᠲᠥᠯᠥᠭᠡᠯᠡᠭᠴᠢ ᠳ᠋ᠧᠩ ᠪᠦᠦ ᠱᠠᠨ᠂ ᠸᠠᠩ ᠺᠸ ᠵᠢᠶᠦ᠋ᠨ᠂ ᠵᠧᠦ ᠪᠸᠢ ᠹᠸᠩ ᠲᠠᠢ ᠪᠸᠢ᠌ᠫᠢᠩ ᠳ᠋ᠤ ᠠᠩᠬ᠎ᠠ ᠤᠳᠠᠭ᠎ᠠ ᠬᠡᠯᠡᠯᠴᠡᠭᠡ ᠬᠢᠪᠡ᠃ ᠲᠤᠬᠠᠢ ᠶ᠋ᠢᠨ ᠦᠶ᠎ᠡ ᠳ᠋ᠤ ᠹᠦ᠋ ᠽᠦᠸᠸ ᠢ ᠭᠣᠮᠢᠨᠳᠠᠩ ᠡᠪ ᠬᠠᠮᠲᠤ᠌ ᠨᠠᠮ ᠤ᠋ᠨ ᠪᠦ᠋ᠬᠦ᠌ ᠲᠠᠯ᠎ᠠ ᠶ᠋ᠢᠨ ᠨᠠᠶ᠋ᠢᠷᠠᠮᠳᠠᠯ ᠤ᠋ᠨ ᠬᠡᠯᠡᠯᠴᠡᠭᠡ ᠳ᠋ᠤ ᠬᠡᠢ ᠬᠦᠰᠡᠯ ᠲᠠᠢ ᠪᠠᠶ᠋ᠢᠭᠰᠠᠨ ᠪᠣᠯᠬᠣᠷ ᠣᠪᠣᠷ ᠢᠳᠡᠪᠬᠢᠲᠡᠢ ᠪᠤᠰᠤ ᠪᠠᠢᠵᠤ᠂ ᠬᠡᠯᠡᠯᠴᠡᠭᠡ ᠨᠢ ᠪᠣᠳᠠᠲᠠᠢ ᠦᠷ᠎ᠡ ᠳ᠋ᠦᠩ ᠣᠯᠤᠭᠰᠠᠨ ᠦᠭᠡᠢ᠃ ᠴᠢᠯᠥᠭᠡᠯᠡᠬᠦ᠌ ᠳᠠᠢ᠌ᠨ ᠤ᠋ ᠢᠯᠠᠯᠲᠠ ᠲᠠᠢ ᠬᠥᠭᠵᠢᠬᠦ᠌ ᠵᠢ ᠳᠠᠭᠠᠯᠳᠤᠨ᠂ ᠪᠠᠰᠠ ᠤᠯᠠᠨ ᠤᠳᠠᠭᠠᠨ ᠤ᠋ ᠬᠡᠯᠡᠯᠴᠡᠭᠡ ᠬᠢᠵᠦ᠍᠂ ᠬᠣᠶᠠᠷ ᠲᠠᠯ᠎ᠠ ᠶ᠋ᠢᠨ ᠲᠥᠯᠥᠭᠡᠯᠡᠭᠴᠢ ᠰᠦᠢᠶᠤᠸᠠᠨ ᠢ᠋ ᠨᠠᠶ᠋ᠢᠷᠠᠮᠳᠠᠯ ᠢ᠋ᠶ᠋ᠡᠷ ᠴᠢᠯᠥᠭᠡᠯᠡᠬᠦ᠌ ᠵᠦᠪᠯᠡᠯᠴᠡᠭᠡᠷ ᠤ᠋ᠨ ᠠᠭᠤᠯᠭ᠎ᠠ ᠶ᠋ᠢᠨ ᠲᠤᠬᠠᠢ ᠰᠠᠨᠠᠯ ᠨᠢᠭᠡᠲᠡᠢ ᠪᠣᠯᠪᠠ᠃ 6 ᠰᠠᠷ᠎ᠠ ᠶ᠋ᠢᠨ 8 ᠤ᠋ ᠡᠳᠦᠷ᠂ 《ᠰᠦᠢᠶᠤᠸᠠᠨ ᠤ᠋ ᠠᠰᠠᠭᠤᠳᠠᠯ ᠢ᠋ ᠵᠥᠪᠯᠡᠬᠦ᠌ ᠵᠥᠪᠯᠡᠯ ᠤ᠋ᠨ ᠰᠦᠢᠶᠤᠸᠠᠨ ᠤ᠋ ᠵᠠᠭᠠᠭ ᠲᠣᠭᠲᠠᠭᠠᠬᠤ᠂ ᠵᠠᠮ ᠬᠠᠷᠢᠯᠴᠠᠭ᠎ᠠ᠂ ᠮᠥᠩᠭᠥᠨ ᠭᠦᠢᠯᠭᠡᠭᠡ᠂ ᠠᠷᠠᠯᠵᠢᠶ᠎ᠠ᠂ ᠬᠦᠢᠰᠤᠢ ᠳ᠋ᠤ ᠰᠠᠭᠤᠭ᠎ᠠ ᠬᠣᠯᠪᠣᠭ᠎ᠠ ᠠᠪᠬᠤ ᠪᠠᠶ᠋ᠢᠭᠤᠯᠤᠮᠵᠢ ᠲᠣᠮᠢᠯᠠᠬᠤ ᠵᠡᠷᠭᠡ ᠪᠣᠳᠠᠲᠠᠶ ᠠᠰᠠᠭᠤᠳᠠᠯ ᠤ᠋ᠨ ᠲᠤᠬᠠᠶ ᠵᠦᠪᠯᠡᠯᠴᠡᠭᠡᠷ》 (ᠳᠥᠭᠥᠮᠴᠢᠯᠡᠭᠡᠳ 《ᠰᠦᠢᠶᠤᠸᠠᠨ ᠤ᠋ ᠵᠦᠪᠯᠡᠯᠴᠡᠭᠡᠷ》 ᠭᠡᠳᠡᠭ) ᠲᠦ᠍ ᠪᠸᠢ᠌ᠫᠢᠩ ᠳ᠋ᠦ᠍ ᠭᠠᠷ ᠤ᠋ᠨ ᠦᠰᠦᠭ ᠵᠢᠷᠤᠪᠠ᠃ ᠳᠠᠷᠠᠭ᠎ᠠ ᠨᠢ᠂ ᠹᠦ᠋ ᠽᠦᠸᠧ ᠢ ᠸᠠᠩ ᠺᠸ ᠵᠢᠶᠦ᠋ᠨ ᠵᠡᠷᠭᠡ ᠬᠥᠮᠦᠰ ᠢ᠋ ᠲᠣᠮᠢᠯᠠᠨ 《ᠰᠦᠢᠶᠤᠸᠠᠨ ᠤ᠋ ᠵᠥᠪᠯᠡᠯᠴᠡᠭᠡᠷ》 ᠢ᠋ ᠠᠪᠴᠤ᠌ ᠬᠦᠢᠰᠦᠢ ᠳ᠋ᠤ ᠣᠴᠢᠭᠤᠯᠵᠤ᠂ ᠳ᠋ᠦᠩ ᠴᠢ ᠦ᠋ ᠵᠢ ᠬᠠᠪᠰᠤᠷᠤᠨ 《ᠰᠦᠢᠶᠤᠸᠠᠨ ᠤ᠋ ᠵᠥᠪᠯᠡᠯᠴᠡᠭᠡᠷ》 ᠤ᠋ᠨ ᠬᠠᠮᠢᠶ᠎ᠠ ᠪᠦᠬᠦᠢ ᠠᠵᠢᠯ ᠢ᠋ ᠨᠠᠶ᠋ᠢᠳᠠᠪᠤᠷᠢᠵᠢᠭᠤᠯᠵᠤ᠂ ᠰᠦᠢᠶᠤᠸᠠᠨ ᠤ᠋ ᠴᠡᠷᠢᠭ ᠵᠠᠰᠠᠭ ᠤ᠋ᠨ ᠡᠯ᠎ᠡ ᠡᠲᠡᠭᠡᠳ ᠤ᠋ᠨ ᠬᠢᠨ ᠤ᠋ ᠡᠩᠬᠡ ᠲᠠᠶ᠋ᠢᠪᠤᠩ ᠤ᠋ᠨ ᠵᠠᠮ ᠢ᠋ᠶ᠋ᠡᠷ ᠵᠠᠮᠨᠠᠬᠤ ᠳ᠋ᠤ ᠦᠵᠡᠯ ᠰᠠᠨᠠᠭ᠎ᠠ ᠲᠠᠨᠢᠯᠲᠠ ᠪᠠᠨ ᠨᠢᠭᠡᠳᠬᠡᠬᠦ᠌ ᠵᠢ ᠠᠬᠢᠭᠤᠯᠪᠠ᠃

ᠰᠦᠢᠶᠤᠸᠠᠨ ᠤ᠋ ᠠᠰᠠᠭᠤᠳᠠᠯ ᠤ᠋ᠨ ᠲᠤᠬᠠᠶ ᠨᠠᠶ᠋ᠢᠷᠠᠮᠳᠠᠯ ᠤ᠋ᠨ ᠬᠡᠯᠡᠯᠴᠡᠭᠡᠷ ᠪᠣᠯᠤᠨ 《ᠰᠦᠢᠶᠤᠸᠠᠨ ᠤ᠋ ᠵᠦᠪᠯᠡᠯᠴᠡᠭᠡᠷ》 ᠢ᠋ ᠲᠤᠭᠤᠰᠢᠯᠠᠭᠤᠯᠤᠨ ᠬᠡᠷᠡᠭᠵᠢᠭᠦᠯᠬᠦ᠌ ᠶᠠᠪᠤᠴᠠ ᠳ᠋ᠤ᠂ ᠳᠤᠮᠳᠠᠳᠤ ᠤᠯᠤᠰ ᠤ᠋ᠨ ᠡᠪ ᠬᠠᠮᠲᠤ᠌ ᠨᠠᠮ ᠪᠣᠯᠤᠨ ᠭᠣᠮᠢᠨᠳᠠᠩ ᠤ᠋ᠨ ᠲᠡᠷᠰᠯᠡᠭᠦᠴᠦᠳ᠂ ᠳᠠᠪᠰᠢᠩᠭᠤᠶ ᠬᠦᠴᠦᠨ ᠪᠣᠯᠤᠨ ᠲᠡᠷᠰᠯᠡᠭᠦᠦ ᠬᠦᠴᠦᠨ ᠤ᠋ ᠬᠣᠭᠣᠷᠣᠨᠳᠣ ᠢᠯᠡ ᠪᠤᠶᠤ ᠳᠠᠯᠳᠠ ᠰᠢᠷᠦᠭᠦᠨ ᠲᠡᠮᠡᠴᠡᠯ ᠶᠠᠪᠤᠭᠳᠠᠭᠰᠠᠭᠠᠷ ᠪᠠᠶ᠋ᠢᠪᠠ᠃ ᠭᠣᠮᠢᠨᠳᠠᠩ ᠤ᠋ᠨ ᠡᠷᠬᠡ ᠪᠠᠷᠢᠭᠴᠢᠳ ᠬᠡᠳᠦᠶ᠋ᠢᠪᠡᠷ ᠢᠯᠠᠭᠳᠠᠭᠠᠳ ᠭᠤᠸᠠᠩᠵᠧᠦ ᠳ᠋ᠤ ᠤᠬᠤᠷᠢᠵᠤ ᠬᠦᠷᠦᠭᠰᠡᠨ ᠪᠣᠯᠪᠠᠴᠤ᠌ ᠰᠦᠢᠶᠤᠸᠠᠨ ᠤ᠋ ᠡᠵᠡᠮᠰᠢᠯ ᠢ᠋ᠶ᠋ᠡᠨ ᠲᠠᠶᠠᠬᠳᠠᠬᠤ ᠳ᠋ᠤ ᠰᠠᠨᠠᠭ᠎ᠠ ᠲᠦᠪᠡᠭᠳᠡᠬᠦ ᠦᠭᠡᠢ ᠪᠠᠢᠵᠤ᠂ ᠰᠦᠢᠶᠤᠸᠠᠨ ᠢ᠋ ᠨᠠᠶ᠋ᠢᠷᠠᠮᠳᠠᠯ ᠢ᠋ᠶ᠋ᠡᠷ ᠴᠢᠯᠥᠭᠡᠯᠡᠬᠦ᠌ ᠵᠢ ᠴᠢᠨᠡᠭᠡ ᠮᠡᠳᠡᠨ ᠡᠪᠳᠡᠪᠡ᠃ ᠯᠢ ᠽᠦᠡᠭ ᠷᠧᠨ ᠳ᠋ᠦᠩ ᠴᠢ ᠡᠦ ᠳ᠋ᠤ ᠵᠠᠬᠢᠳᠠᠯ ᠢᠯᠡᠭᠡᠵᠦ᠍᠂ ᠲᠡᠭᠦᠨ ᠢ᠋ ᠢᠳᠬᠠᠵᠤ ᠪᠠᠶ᠋ᠢᠭᠠᠳ ᠴᠡᠷᠢᠭ ᠢ᠋ᠶ᠋ᠡᠨ ᠳᠠᠭᠠᠭᠤᠯᠤᠨ ᠪᠠᠷᠠᠭᠤᠨᠰᠢ ᠤᠬᠤᠷᠢᠵᠤ᠂ ᠨᠢᠩᠰᠢᠶᠠ᠂ ᠭᠠᠨᠰᠦ᠂ ᠬᠥᠬᠡᠨᠠᠭᠤᠷ ᠢ᠋ ᠵᠠᠯᠭᠠᠯᠳᠤᠭᠤᠯᠤᠨ ᠪᠠᠷᠠᠭᠤᠨ ᠬᠣᠶ᠋ᠢᠲᠤ᠌ ᠣᠷᠣᠨ ᠢ᠋ ᠪᠡᠬᠢᠵᠢᠭᠦᠯᠵᠦ᠍᠂ ᠪᠤᠷᠤᠩᠬᠤᠶ᠋ᠢᠯᠠᠨ ᠡᠰᠡᠷᠭᠦᠴᠡᠬᠦ᠌ ᠪᠡᠷ ᠤᠷᠤᠯᠳᠤᠪᠠ᠃ ᠶᠠᠨ ᠰᠢ ᠱᠠᠨ ᠰᠦᠢᠶᠤᠸᠠᠨ ᠤ᠋ ᠴᠡᠷᠢᠭ ᠠᠩᠭᠢ᠎ᠯᠤᠭ᠎ᠠ ᠶ᠋ᠢᠨ ᠲᠡᠦᠬᠡᠨ ᠬᠠᠷᠢᠴᠠᠭ᠎ᠠ ᠪᠠᠨ ᠠᠰᠢᠭᠯᠠᠨ᠂ ᠵᠠᠷᠢᠮ ᠳᠡᠭᠡᠳᠦ ᠳᠡᠰ᠎ᠤᠨ ᠵᠠᠩᠵᠤᠨ᠎ᠨᠠᠷ ᠢ᠋ ᠲᠠᠲᠠᠵᠤ᠂ ᠵᠠᠳᠠᠷᠠᠭᠤᠯᠬᠤ ᠠᠷᠭ᠎ᠠ ᠪᠡᠷ ᠤᠷᠪᠠᠯᠭᠠᠨ ᠭᠠᠷᠭᠠᠬᠤ ᠪᠡᠷ ᠭᠣᠷᠢᠳᠠᠪᠠ᠃ ᠡᠭᠦᠨ ᠡᠴᠡ ᠭᠠᠳᠠᠨ᠎ᠠ᠂ ᠢᠯᠡ ᠪᠡᠷ ᠳᠡᠪᠰᠢᠭᠦᠯᠵᠦ᠍ ᠳᠠᠯᠳᠠᠭᠤᠷ ᠪᠠᠭᠤᠯᠭᠠᠬᠤ ᠠᠷᠭ᠎ᠠ ᠵᠢ ᠠᠪᠴᠤ᠌᠂ ᠳ᠋ᠦᠩ ᠴᠢ ᠡᠦ ᠵᠢ ᠪᠠᠷᠠᠭᠤᠨ ᠬᠣᠶ᠋ᠢᠲᠤ ᠶ᠋ᠢᠨ ᠴᠡᠷᠢᠭ ᠵᠠᠰᠠᠭ ᠤ᠋ᠨ ᠬᠣᠷᠢᠶ᠎ᠠ᠎ᠵᠢᠨ ᠳᠡᠳ᠋ ᠨᠣᠶᠠᠨ ᠪᠥᠭᠡᠳ ᠰᠦᠢᠶᠤᠸᠠᠨ ᠤ᠋ ᠵᠢᠯᠣᠭᠣᠳᠬᠤ ᠭᠠᠵᠠᠷ ᠤ᠋ᠨ ᠡᠷᠬᠢᠯᠡᠭᠴᠢ ᠪᠡᠷ ᠲᠣᠮᠢᠯᠠᠪᠠ; ᠶᠢᠰᠦᠳᠦᠭᠡᠷ ᠪᠢᠩᠲ᠋ᠤᠸᠠᠨ ᠢ᠋ ᠪᠠᠶ᠋ᠢᠭᠤᠯᠵᠤ᠂ ᠰᠦᠨ ᠯᠠᠨ ᠹᠸᠩ ᠢ᠋ ᠰᠧᠯᠢᠩ ᠢ᠋ᠶ᠋ᠡᠷ ᠲᠣᠮᠢᠯᠠᠨ᠂ ᠳ᠋ᠦᠩ ᠴᠢ ᠡᠦ ᠶ᠋ᠢᠨ ᠴᠡᠷᠢᠭ ᠤ᠋ᠨ ᠡᠷᠬᠡ ᠵᠢ ᠪᠠᠭᠤᠷᠠᠭᠤᠯᠪᠠ᠃ ᠥᠩᠭᠡᠷᠡᠭᠰᠡᠨ ᠬᠡᠳᠦᠨ ᠰᠠᠷ᠎ᠠ ᠶ᠋ᠢᠨ ᠲᠤᠷᠰᠢ ᠴᠡᠷᠢᠭ ᠤ᠋ᠨ ᠵᠠᠷᠤᠳᠠᠯ ᠪᠣᠯᠤᠨ ᠨᠥᠬᠥᠪᠥᠷᠢ ᠥᠭᠬᠦ᠌ ᠵᠢ ᠵᠣᠭᠰᠣᠭᠠᠭᠰᠠᠨ ᠪᠠᠢᠳᠠᠯ ᠢ᠋ᠶ᠋ᠡᠨ ᠥᠭᠡᠷᠡᠴᠢᠯᠡᠵᠦ᠍᠂ ᠰᠦᠢᠶᠤᠸᠠᠨ ᠤ᠋ ᠴᠡᠷᠢᠭ ᠲᠦ᠍ 1900 ᠯᠠᠩ ᠠᠯᠲᠠ ᠥᠭᠴᠦ᠍᠂ ᠳ᠋ᠦᠩ ᠴᠢ ᠦ᠋ ᠵᠢ ᠲᠠᠲᠠᠵᠤ ᠠᠪᠴᠢᠷᠠᠬᠤ ᠪᠡᠷ ᠤᠷᠤᠯᠳᠤᠪᠠ᠃ ᠬᠦᠢᠰᠦᠢ ᠳ᠋ᠡᠬᠢ ᠲᠡᠷᠰᠯᠡᠭᠦᠦ ᠬᠦᠴᠦᠨ ᠴᠦ᠍ ᠡᠪᠳᠡᠯᠡᠭᠡ ᠪᠠᠨ ᠴᠢᠩᠭᠠᠳᠬᠠᠪᠠ᠃ ᠭᠣᠮᠢᠨᠳᠠᠩ ᠤ᠋ᠨ ᠲᠠᠨᠭᠨᠠᠭᠤᠯ ᠭᠠᠵᠠᠷ ᠪᠤᠯᠭᠠᠨ ᠳ᠋ᠤ ᠠᠵᠢᠯᠯᠠᠭ᠎ᠠ ᠬᠢᠵᠦ᠍᠂ ᠤᠬᠠᠭᠤᠯᠬᠤ ᠬᠠᠭᠤᠳᠠᠰᠤ ᠲᠠᠷᠬᠠᠭᠠᠵᠤ᠂ ᠸᠠᠩ ᠺᠸ ᠵᠢᠶᠦ᠋ᠨ ᠢ᠋ ᠭᠦᠳᠬᠡᠨ ᠰᠦᠷᠳᠡᠭᠦᠯᠵᠦ᠍᠂ ᠲᠡᠮᠡᠴᠡᠯ ᠤ᠋ᠨ ᠡᠳᠦᠷ ᠤ᠋ᠨ ᠰᠣᠨᠢᠨ ᠤ᠋ ᠬᠣᠷᠢᠶ᠎ᠠ ᠵᠢ ᠴᠤᠬᠢᠵᠤ ᠪᠠᠯᠪᠠᠴᠢᠵᠤ᠂ ᠳᠠᠪᠰᠢᠩᠭᠤᠢ ᠨᠠᠶ᠋ᠢᠷᠠᠭᠤᠯᠤᠭᠴᠢᠳ ᠢ᠋ ᠬᠥᠭᠡᠭᠡᠨ ᠶᠠᠪᠤᠭᠤᠯᠵᠤ᠂ ᠭᠦᠢᠰᠤᠢ ᠳ᠋ᠤ ᠰᠠᠭᠤᠭ᠎ᠠ ᠤᠮᠠᠷᠠᠲᠤ᠌ ᠣᠷᠣᠨ ᠤ᠋ ᠠᠷᠠᠳ ᠤ᠋ᠨ ᠵᠠᠰᠠᠭ ᠤ᠋ᠨ ᠣᠷᠳᠣᠨ ᠤ᠋ ᠬᠣᠯᠪᠣᠭ᠎ᠠ ᠠᠪᠬᠤ ᠭᠠᠵᠠᠷ ᠤ᠋ᠨ ᠠᠵᠢᠯᠳ᠋ᠠᠨ ᠸᠠᠩ ᠱ᠌ᠢ ᠰᠢᠨ ᠢ᠋ ᠫᠤᠤᠳᠠᠨ ᠠᠯᠠᠵᠤ᠂ ᠲᠤᠤ ᠵᠢᠶᠦ᠋ᠨ ᠪᠣᠯᠤᠨ ᠭᠤᠸᠠᠩ ᠳ᠋ᠢ ᠵᠢ ᠰᠢᠷᠬᠠᠲᠤᠭᠤᠯᠤᠭᠰᠠᠨ ᠬᠠᠷᠠᠰᠠᠯᠳ᠋ᠤ ᠬᠡᠷᠡᠭ ᠢ᠋ ᠵᠣᠷᠢᠭᠤᠳᠠ ᠭᠠᠷᠭᠠᠵᠤ᠂ 《ᠰᠦᠢᠶᠤᠸᠠᠨ ᠤ᠋ ᠵᠦᠪᠯᠡᠯᠴᠡᠭᠡᠷ》 ᠢ᠋ ᠬᠡᠷᠡᠭᠵᠢᠭᠦᠯᠬᠦ᠌ ᠳ᠋ᠤ ᠬᠠᠷᠰᠢ ᠰᠠᠭᠠᠳ ᠤᠴᠠᠷᠠᠭᠤᠯᠪᠠ᠃

8 ᠰᠠᠷ᠎ᠠ ᠳ᠋ᠤ᠂ 《ᠰᠦᠢᠶᠤᠸᠠᠨ ᠤ᠋ ᠵᠦᠪᠯᠡᠯᠴᠡᠭᠡᠷ》ᠤ᠋ᠨ ᠬᠡᠷᠡᠭᠵᠢᠭᠦᠯᠦᠯᠲᠡ ᠵᠢ ᠠᠬᠢᠭᠤᠯᠬᠤ ᠶ᠋ᠢᠨ ᠲᠥᠯᠥᠭᠡ᠂ ᠮᠠᠤ ᠽᠸ ᠳ᠋ᠦᠩ ᠤ᠋ᠨ ᠵᠥᠪᠰᠢᠶᠡᠷᠡᠯ ᠢ᠋ᠶ᠋ᠡᠷ᠂ ᠹᠦ᠋ ᠽᠦᠸᠧ ᠢ᠂ ᠳ᠋ᠧᠩ ᠪᠦᠦ ᠱᠠᠨ ᠳᠤᠮᠳᠠᠳᠤ ᠤᠯᠤᠰ ᠤ᠋ᠨ ᠡᠪ ᠬᠠᠮᠲᠤ᠌ ᠨᠠᠮ ᠤ᠋ᠨ ᠲᠥᠪ ᠬᠣᠷᠢᠶ᠎ᠠ᠎ᠵᠢᠨ ᠲᠤᠰᠬᠠᠶ ᠵᠥᠪᠰᠢᠶᠡᠷᠡᠭᠰᠡᠨ ᠵᠠᠷᠤᠳᠠᠯ ᠪᠣᠯᠤᠨ ᠲᠣᠬᠣᠨᠢᠭᠤᠯᠬᠤ ᠪᠣᠳᠠᠰ ᠢ᠋ ᠠᠪᠴᠤ᠌ ᠭᠦᠢᠰᠤᠢ ᠳ᠋ᠤ ᠬᠦᠷᠪᠡ᠃ ᠳ᠋ᠦᠩ ᠴᠢ ᠡᠦ᠎ᠨᠡᠷ ᠲᠦ᠍ ᠳᠤᠮᠳᠠᠳᠤ ᠤᠯᠤᠰ ᠤ᠋ᠨ ᠡᠪ ᠬᠠᠮᠲᠤ᠌ ᠨᠠᠮ ᠤ᠋ᠨ ᠲᠥᠪ ᠬᠣᠷᠢᠶ᠎ᠠ᠎ᠵᠢᠨ ᠪᠠᠶ᠋ᠢᠷᠢᠯᠠᠭᠤᠯᠤᠯᠲᠠ ᠪᠣᠯᠤᠨ ᠮᠠᠤ ᠽᠸ ᠳ᠋ᠦᠩ ᠤ᠋ᠨ ᠰᠦᠢᠶᠤᠸᠠᠨ ᠤ᠋ ᠪᠣᠰᠣᠯᠭ᠎ᠠ ᠶ᠋ᠢᠨ ᠲᠤᠬᠠᠶ ᠵᠢᠭᠠᠪᠤᠷᠢ ᠶ᠋ᠢᠨ ᠵᠣᠷᠢᠭ ᠰᠠᠨᠠᠭ᠎ᠠ ᠵᠢ ᠤᠯᠠᠮᠵᠢᠯᠠᠵᠤ᠂ ᠵᠠᠩ ᠴᠢᠨ᠂ ᠢᠦᠢ ᠼᠦᠨ ᠬᠤᠤ᠂ ᠶᠠᠨ ᠰᠦ᠍ ᠵᠡᠷᠭᠡ ᠭᠠᠵᠠᠷ ᠣᠷᠣᠨ ᠤ᠋ ᠨᠡᠷᠡᠲᠦ᠍ ᠬᠥᠮᠦᠰ ᠵᠢᠴᠢ ᠠᠵᠢᠯᠴᠢᠨ ᠲᠠᠷᠢᠶᠠᠴᠢᠨ ᠤ᠋ ᠲᠥᠯᠥᠭᠡᠯᠡᠭᠴᠢ᠂ ᠴᠡᠷᠢᠭ ᠵᠠᠰᠠᠭ ᠤ᠋ᠨ ᠡᠯ᠎ᠡ ᠱᠠᠲᠤᠨ ᠤ᠋ ᠬᠥᠮᠦᠰ ᠲᠠᠢ ᠠᠭᠤᠯᠵᠠᠵᠤ᠂ ᠰᠠᠨᠠᠯ ᠰᠣᠨᠣᠰᠴᠤ᠌᠂ ᠣᠨᠴᠠ ᠵᠠᠷᠢᠮ ᠬᠥᠮᠦᠨ ᠢ᠋ ᠲᠠᠳᠠᠨ ᠠᠪᠴᠤ᠌᠂ ᠨᠠᠶ᠋ᠢᠷᠠᠮᠳᠠᠯ ᠢ᠋ᠶ᠋ᠡᠷ ᠪᠣᠰᠣᠯᠭ᠎ᠠ ᠭᠠᠷᠭᠠᠬᠤ ᠶᠠᠪᠤᠳᠠᠯ ᠨᠢ ᠰᠦᠢᠶᠤᠸᠠᠨ ᠤ᠋ ᠴᠡᠷᠢᠭ ᠵᠠᠰᠠᠭ ᠤ᠋ᠨ ᠡᠷᠬᠡ ᠪᠠᠷᠢᠭᠴᠢᠳ ᠤ᠋ᠨ ᠵᠣᠩᠬᠢᠯᠠᠬᠤ ᠤᠯᠠᠨ ᠲᠣᠭᠠᠨ ᠤ᠋ ᠳᠡᠭᠡᠳᠦ ᠲᠡᠰ ᠤ᠋ᠨ ᠨᠣᠶᠠᠳ ᠤ᠋ᠨ ᠵᠥᠪᠰᠢᠶᠡᠷᠡᠯ ᠢ᠋ ᠣᠯᠵᠤ᠂ ᠵᠠᠷᠢᠮ ᠳᠠᠢᠳᠤᠬᠤ ᠰᠠᠨᠠᠯ ᠢ᠋ ᠪᠠᠷᠢᠮᠲᠠᠯᠠᠵᠤ ᠪᠠᠶ᠋ᠢᠭᠰᠠᠨ ᠵᠠᠩᠵᠤᠨ᠎ᠨᠠᠷ ᠴᠤ᠌ ᠮᠤᠵᠢᠭᠤᠳᠠ ᠵᠣᠭᠰᠣᠯᠲᠠ ᠪᠠᠨ ᠲᠠᠶᠠᠭᠳᠠᠪᠠ᠃ 8 ᠰᠠᠷ᠎ᠠ ᠶ᠋ᠢᠨ 26 ᠤ᠋ ᠡᠳᠦᠷ ᠡᠴᠡ 9 ᠰᠠᠷ᠎ᠠ ᠶ᠋ᠢᠨ 6 ᠤ᠋ ᠡᠳᠦᠷ ᠪᠣᠯᠲᠠᠯ᠎ᠠ᠂ ᠹᠦ᠋ ᠽᠦᠸᠧ ᠢ ᠴᠡᠷᠢᠭ ᠠᠩᠬᠢ ᠵᠢ ᠬᠣᠶᠠᠷ ᠤᠳᠠᠭ᠎ᠠ ᠰᠢᠯᠭᠠᠨ ᠦᠵᠡᠵᠦ᠍᠂ ᠲᠣᠬᠣᠨᠢᠭᠤᠯᠬᠤ ᠮᠥᠩᠭᠥ᠌ ᠲᠠᠷᠬᠠᠭᠠᠨ᠂ ᠬᠣᠷᠢᠶᠠᠨ ᠡᠴᠡ ᠳᠡᠭᠡᠭᠰᠢᠬᠢ ᠴᠡᠷᠢᠭ ᠤ᠋ᠨ ᠳᠠᠷᠤᠭ᠎ᠠ ᠲᠠᠢ ᠠᠭᠤᠯᠵᠠᠵᠤ᠂ ᠴᠡᠷᠢᠭ ᠠᠩᠬᠢ ᠵᠢ ᠡᠵᠡᠮᠰᠢᠪᠡ᠃

ᠭᠣᠮᠢᠨᠳᠠᠩ ᠤ᠋ᠨ ᠡᠷᠬᠡ ᠪᠠᠷᠢᠭᠴᠢᠳ ᠹᠦ᠋ ᠽᠦᠸᠧ ᠢ ᠰᠦᠢᠶᠤᠸᠠᠨ ᠳ᠋ᠤ ᠣᠴᠢᠭᠰᠠᠨ ᠢ᠋ ᠮᠡᠳᠡᠭᠰᠡᠨ ᠤ᠋ ᠳᠠᠷᠠᠭ᠎ᠠ᠂ ᠵᠢᠶᠠᠩ ᠵᠢᠶᠧ ᠱ᠌ᠢ᠂ ᠯᠢ ᠽᠦᠩ ᠷᠧᠨ᠂ ᠶᠠᠨ ᠰᠢ ᠱᠠᠨ ᠪᠣᠯᠤᠨ ᠢᠷᠭᠡᠨ ᠤᠯᠤᠰ᠎ᠤᠨ ᠵᠠᠰᠠᠭ ᠤ᠋ᠨ ᠭᠠᠵᠠᠷ ᠤ᠋ᠨ ᠴᠡᠷᠢᠭ ᠤ᠋ᠨ ᠵᠠᠷᠯᠢᠭ ᠤ᠋ᠨ ᠬᠡᠯᠲᠡᠰ ᠤ᠋ᠨ ᠳᠠᠷᠤᠭ᠎ᠠ ᠰᠢᠤᠢ ᠶᠦᠩ ᠴᠠᠩ ᠨᠠᠷ ᠪᠦᠷ ᠴᠠᠬᠢᠯᠭᠠᠨ ᠮᠡᠳᠡᠭᠡ ᠶᠠᠪᠤᠭᠤᠯᠤᠭᠰᠠᠨ ᠪᠤᠶᠤ ᠬᠥᠮᠦᠨ ᠲᠣᠮᠢᠯᠠᠨ ᠲᠠᠲᠠᠵᠤ ᠠᠪᠬᠤ ᠪᠠᠷ ᠤᠷᠤᠯᠳᠤᠬᠰᠠᠨ ᠳ᠋ᠤ ᠹᠦ᠋ ᠽᠦᠸᠧ ᠢ ᠣᠶ᠋ᠢᠰᠢᠶᠠᠭᠰᠠᠨ ᠦᠭᠡᠢ᠃ ᠮᠤᠤ ᠷᠧᠨ ᠹᠧᠩ ᠲᠠᠩᠨᠠᠭᠤᠯ ᠳ᠋ᠤ ᠴᠠᠬᠢᠯᠭᠠᠨ ᠶᠠᠪᠤᠭᠤᠯᠵᠤ ᠹᠦ᠋ ᠽᠦᠸᠧ ᠢ ᠵᠢ ᠳᠠᠯᠳᠠᠭᠤᠷ ᠠᠯᠠ ᠭᠡᠵᠦ ᠵᠠᠷᠯᠢᠬᠳᠠᠪᠠ᠃ ᠹᠦ᠋ ᠽᠦᠸᠧ ᠢ ᠪᠤᠭᠤᠲᠤ ᠶ᠋ᠢᠨ ᠴᠡᠷᠢᠭ ᠤ᠋ᠨ ᠶᠠᠪᠤᠳᠠᠯ ᠤ᠋ᠨ ᠪᠠᠶ᠋ᠢᠷᠢᠯᠠᠭᠤᠯᠤᠯᠲᠠ ᠵᠢ ᠴᠠᠭ ᠲᠤᠬᠠᠶ ᠳ᠋ᠤᠨᠢ ᠲᠣᠬᠢᠷᠠᠭᠤᠯᠵᠤ᠂ ᠪᠤᠭᠤᠲᠤ᠌᠂ ᠬᠦᠢᠰᠤᠢ ᠣᠷᠴᠢᠮ ᠤ᠋ᠨ ᠴᠡᠷᠢᠭ ᠠᠩᠭᠢ ᠵᠢ ᠡᠷᠬᠡᠰᠢᠶᠡᠯ ᠳ᠋ᠡᠭᠡᠨ ᠣᠷᠣᠭᠤᠯᠪᠠ᠃ 9 ᠰᠠᠷ᠎ᠠ ᠶ᠋ᠢᠨ 3 ᠤ᠋ ᠡᠳᠦᠷ᠂ ᠳ᠋ᠦᠩ ᠴᠢ ᠡᠦ᠂ ᠳ᠋ᠧᠩ ᠪᠦᠦ ᠱᠠᠨ ᠪᠠᠰᠠ ᠤᠷᠢᠳ ᠬᠣᠵᠢᠳ ᠪᠤᠭᠤᠲᠤ ᠳ᠋ᠤ ᠬᠦᠷᠴᠦ᠍᠂ ᠹᠦ᠋ ᠽᠦᠸᠧ ᠢ ᠵᠢ ᠬᠠᠪᠰᠤᠷᠤᠨ ᠨᠠᠶ᠋ᠢᠷᠠᠮᠳᠠᠯ ᠤ᠋ᠨ ᠪᠣᠰᠣᠯᠭ᠎ᠠ ᠶ᠋ᠢᠨ ᠬᠠᠮᠤᠭ᠎ᠤᠨ ᠡᠴᠦᠰ ᠤ᠋ᠨ ᠪᠡᠯᠡᠳᠬᠡᠯ ᠠᠵᠢᠯ ᠢ᠋ ᠬᠢᠪᠡ᠃

9 ᠰᠠᠷ᠎ᠠ ᠶ᠋ᠢᠨ 17 ᠤ᠋ ᠡᠳᠦᠷ᠂ ᠰᠢᠤᠢ ᠶᠦᠩ ᠴᠠᠩ ᠵᠡᠷᠭᠡ ᠬᠥᠮᠦᠰ ᠨᠢᠰᠬᠡᠯ ᠢ᠋ᠶ᠋ᠡᠷ ᠪᠤᠭᠤᠲᠤ ᠳ᠋ᠤ ᠬᠦᠷᠴᠦ᠍᠂ ᠵᠢᠶᠠᠩ ᠵᠢᠶᠧ ᠱ᠌ᠢ᠂ ᠯᠢ ᠽᠦᠩ ᠷᠧᠨ᠂ ᠶᠠᠨ ᠰᠢ ᠱᠠᠨ ᠤ᠋ ᠥᠪᠡᠷ ᠤ᠋ᠨ ᠪᠢᠴᠢᠭᠰᠡᠨ ᠵᠠᠬᠢᠳᠠᠯ ᠢ᠋ ᠠᠪᠴᠤ᠌ ᠹᠦ᠋ ᠽᠦᠸᠧ ᠢ ᠲᠠᠢ ᠠᠭᠤᠯᠵᠠᠵᠤ᠂ ᠹᠦ᠋ ᠽᠦᠸᠧ ᠢ ᠵᠢ 《ᠰᠡᠳᠬᠢᠯ ᠰᠠᠨᠠᠭ᠎ᠠ ᠪᠠᠨ ᠡᠷᠭᠢᠭᠦᠯᠵᠦ᠍》 ᠭᠤᠸᠠᠩᠵᠧᠦ ᠳ᠋ᠤ ᠬᠦᠷᠴᠦ᠍ 《ᠶᠡᠬᠡ ᠪᠤᠳᠤᠯᠭ᠎ᠠ ᠵᠢ ᠬᠠᠮᠲᠤ ᠪᠡᠷ ᠵᠥᠪᠳᠡᠬᠦ》 ᠭᠡᠵᠦ᠍ ᠲᠠᠲᠠᠬᠤ ᠪᠠᠷ ᠭᠣᠷᠢᠳᠠᠭᠰᠠᠨ ᠳ᠋ᠤ ᠹᠦ᠋ ᠽᠦᠸᠧ ᠢ ᠡᠷᠡᠰ ᠲᠡᠪᠴᠢᠪᠡ᠃ 9 ᠰᠠᠷ᠎ᠠ ᠶ᠋ᠢᠨ 18 ᠤ᠋ ᠡᠳᠦᠷ᠂ ᠳ᠋ᠦᠩ ᠴᠢ ᠡᠦ ᠵᠡᠷᠭᠡ 38 ᠬᠥᠮᠦᠨ ᠪᠣᠰᠣᠯᠭ᠎ᠠ ᠭᠠᠷᠭᠠᠬᠤ ᠴᠠᠬᠢᠯᠭᠠᠨ ᠮᠡᠳᠡᠭᠡ ᠶ᠋ᠢᠨ ᠵᠠᠷᠯᠠᠯ ᠳᠡᠭᠡᠷ᠎ᠡ ᠭᠠᠷ ᠤ᠋ᠨ ᠦᠰᠦᠭ ᠵᠢᠷᠤᠪᠠ᠃ ᠹᠦ᠋ ᠽᠦᠸᠧ ᠢ ᠲᠥᠪ ᠶᠣᠰᠣ ᠠᠰᠢᠭ ᠬᠣᠣᠷ ᠤ᠋ᠨ ᠲᠤᠬᠠᠢ ᠲᠤᠭᠠᠴᠢᠵᠤ ᠢᠳᠬᠠᠬᠰᠠᠨ ᠢ᠋ᠶ᠋ᠡᠷ᠂ ᠰᠦᠨ ᠯᠠᠨ ᠹᠸᠩ ᠪᠠᠰᠠ 19 ᠤ᠋ ᠥᠷᠯᠥᠭᠡ ᠴᠠᠬᠢᠯᠭᠠᠨ ᠮᠡᠳᠡᠭᠡ ᠶ᠋ᠢᠨ ᠵᠠᠷᠯᠠᠯ ᠳᠡᠭᠡᠷ᠎ᠡ ᠭᠠᠷ ᠤ᠋ᠨ ᠦᠰᠦᠭ ᠵᠢᠷᠤᠪᠠ᠃

9 ᠰᠠᠷ᠎ᠠ ᠶ᠋ᠢᠨ 19 ᠤ᠋ ᠦᠳᠡ ᠶ᠋ᠢᠨ ᠡᠮᠦᠨ᠎ᠡ᠂ ᠳ᠋ᠦᠩ ᠴᠢ ᠦ᠋ ᠭᠣᠮᠢᠨᠳᠠᠩ ᠤ᠋ᠨ ᠰᠦᠢᠶᠤᠸᠠᠨ ᠤ᠋ ᠴᠡᠷᠢᠭ ᠵᠠᠰᠠᠭ ᠤ᠋ᠨ ᠺᠠᠳ᠋ᠷ ᠪᠣᠯᠤᠨ ᠣᠷᠣᠨ ᠨᠤᠲᠤᠭ ᠤ᠋ᠨ ᠡᠯ᠎ᠡ ᠦᠨᠳᠦᠰᠦᠲᠡᠨ ᠡᠯ᠎ᠡ ᠡᠲᠡᠭᠡᠳ ᠤ᠋ᠨ ᠲᠥᠯᠥᠭᠡᠯᠡᠭᠴᠢ 39 ᠬᠥᠮᠦᠨ ᠢ᠋ ᠳᠠᠭᠠᠭᠤᠯᠵᠤ᠂ ᠰᠦᠢᠶᠤᠸᠠᠨ ᠮᠤᠵᠢ ᠶ᠋ᠢᠨ ᠭᠣᠮᠢᠨᠳᠠᠩ ᠤ᠋ᠨ ᠴᠡᠷᠢᠭ ᠤ᠋ᠨ ᠪᠦᠬᠦ᠌ ᠳᠠᠷᠤᠭ᠎ᠠ ᠪᠠᠶ᠋ᠢᠯᠳᠤᠭᠴᠢ ᠪᠣᠯᠤᠨ ᠡᠯ᠎ᠡ ᠱᠠᠲᠤᠨ ᠤ᠋ ᠵᠠᠰᠠᠭ ᠵᠠᠬᠢᠷᠭᠠᠨ ᠤ᠋ ᠠᠵᠢᠯᠳᠠᠨ ᠢ᠋ ᠲᠥᠯᠥᠭᠡᠯᠡᠨ ᠪᠣᠰᠣᠯᠭ᠎ᠠ ᠭᠠᠷᠭᠠᠭᠰᠠᠨ ᠢ᠋ ᠵᠠᠷᠯᠠᠪᠠ᠃ ᠰᠦᠢᠶᠤᠸᠠᠨ ᠡᠴᠦᠰ ᠲᠡᠭᠡᠨ ᠨᠠᠶ᠋ᠢᠷᠠᠮᠳᠠᠯ ᠢ᠋ᠶ᠋ᠡᠷ ᠴᠢᠯᠥᠭᠡᠯᠡᠭᠳᠡᠪᠡ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面