2026-09-22 09:32:45
《ᠰᠢᠭᠦᠬᠦ᠌ ᠲᠢᠩᠬᠢᠮ ᠳ᠋ᠤ ᠪᠢᠳᠡ ᠵᠦᠪᠬᠡᠨ ᠵᠤᠭᠤᠰ ᠵᠢᠭᠡᠯᠡᠭᠰᠡᠨ ᠵᠠᠭᠤᠷᠠᠯᠳᠤᠭᠠᠨᠵᠢᠡᠨ ᠰᠢᠢᠳᠪᠦᠷᠢᠯᠡᠭᠦᠯᠬᠦ ᠪᠡᠷ ᠢᠷᠡᠵᠠᠢ᠂ ᠰᠠᠨᠠᠮᠰᠠᠷ ᠦᠭᠡᠢ ᠪᠠᠷ ᠰᠡᠳᠭᠢᠯ ᠰᠠᠨᠠᠭ᠎ᠠ ᠵᠢ ᠵᠤᠪᠠᠭᠠᠵᠤ ᠪᠠᠶ᠋ᠢᠭᠰᠠᠨ ᠭᠤᠷᠪᠠᠨ ᠶᠠᠪᠤᠳᠠᠯ ᠢ᠋ ᠰᠢᠢᠳᠪᠦᠷᠢᠯᠡᠴᠢᠭᠡᠯᠡ!》 ᠭᠡᠵᠦ ᠣᠶ᠋ᠢᠷ᠎ᠠ ᠳ᠋ᠤ ᠲᠦᠩᠯᠢᠶᠣᠤ ᠬᠣᠲᠠ ᠶ᠋ᠢᠨ ᠵᠠᠷᠤᠳ ᠬᠣᠰᠢᠭᠤᠨ ᠤ᠋ ᠠᠷᠠᠳ ᠤ᠋ᠨ ᠰᠢᠭᠦᠬᠦ᠌ ᠬᠣᠷᠢᠶᠠᠵᠢᠨ ᠥᠯᠵᠡᠶ᠋ᠢᠮᠥ᠋ᠷᠡᠨᠤ ᠠᠷᠠᠳ ᠤ᠋ᠨ ᠰᠢᠭᠦᠬᠦ᠌ ᠲᠢᠩᠬᠢᠮ ᠳ᠋ᠤ᠂ ᠬᠣᠶᠠᠷ ᠲᠤᠬᠠᠶ ᠶ᠋ᠢᠨ ᠬᠥᠮᠦᠨ ᠬᠠᠷᠢᠯᠴᠠᠨ ᠭᠠᠷ ᠠᠳᠬᠤᠵᠤ᠂ ᠭᠠᠷᠳᠠᠨ ᠰᠢᠶ᠋ᠳᠪᠦᠷᠢᠯᠡᠵᠤ ᠦᠭᠬᠦᠭᠰᠡᠨ ᠰᠢᠭᠦᠬᠦ᠌ ᠲᠤᠰᠢᠶᠠᠯᠲᠠᠨ ᠳ᠋ᠤ ᠲᠠᠯᠠᠷᠬᠠᠯᠤᠨ ᠰᠡᠳᠬᠢᠯᠵᠢᠡᠨ ᠢᠯᠡᠳᠬᠡᠨ᠎ᠠ᠃ ᠬᠡᠳᠦᠨ ᠴᠠᠭ ᠤ᠋ᠨ ᠡᠮᠦᠨ᠎ᠡ᠂ ᠲᠡᠳᠡ ᠬᠤᠶᠠᠭᠤᠯᠠ ᠵᠢᠭᠡᠯᠡᠯᠭᠡᠵᠢᠨ ᠵᠠᠭᠤᠷᠠᠯᠳᠤᠭᠠᠨ ᠡᠴᠡ ᠪᠣᠯᠵᠤ᠂ ᠰᠢᠬᠦᠬᠦ ᠲᠢᠡᠭᠬᠢᠮᠳᠤ ᠢᠷᠡᠭᠰᠡᠨ ᠪᠠᠢᠵᠠᠢ᠃
ᠵᠠᠭᠠᠯᠳᠤᠭᠴᠢ ᠬᠢᠭᠡᠳ ᠵᠠᠭᠠᠯᠳᠤᠭᠳᠠᠭᠴᠢ ᠶᠠᠷᠤ ᠨᠢ ᠰᠠᠶ᠋ᠢᠨ ᠨᠠᠶ᠋ᠢᠵᠠ ᠪᠠᠶ᠋ᠢᠵᠠᠢ᠂ ᠵᠠᠭᠠᠯᠳᠤᠭᠴᠢ ᠵᠢᠭᠡᠯᠡᠯᠭᠡᠵᠢᠨ ᠵᠠᠭᠤᠷᠠᠯᠳᠤᠭᠠᠨ ᠡᠴᠡ ᠪᠤᠯᠵᠤ ᠨᠠᠢᠵᠠ ᠪᠠᠨ ᠰᠢᠭᠦᠬᠦ᠌ ᠲᠢᠩᠬᠢᠮ ᠳ᠋ᠤ ᠵᠠᠭᠠᠯᠳᠤᠪᠠ᠃ ᠵᠤᠭᠤᠰ ᠵᠢᠭᠡᠯᠡᠭᠰᠡᠨ ᠪᠠᠷᠢᠮᠲᠠ ᠪᠦᠷᠢᠨ᠂ ᠵᠣᠭᠣᠰ ᠤ᠋ᠨ ᠲᠣᠭ᠎ᠠ ᠲᠣᠳᠣᠷᠬᠠᠢ ᠪᠤᠯᠪᠠᠴᠤ ᠭᠠᠷᠳᠠᠨ ᠰᠢᠶ᠋ᠳᠪᠦᠷᠢᠯᠡᠬᠦ᠌ ᠰᠢᠭᠦᠬᠦ᠌ ᠲᠤᠰᠢᠶᠠᠯᠲᠠᠨ ᠵᠠᠭᠠᠯᠳᠤᠭᠴᠢ ᠵᠠᠭᠠᠯᠳᠤᠭᠳᠠᠭᠴᠢ ᠲᠠᠢ ᠠᠩᠬ᠎ᠠ ᠠᠯᠬᠤᠮ ᠬᠠᠷᠢᠯᠴᠠᠬᠤ ᠪᠠᠷ ᠲᠠᠮᠵᠢᠨ ᠬᠣᠶᠠᠭᠤᠯᠠ ᠶ᠋ᠢᠨ ᠬᠣᠭᠣᠷᠣᠨᠳᠣᠬᠢ ᠳᠠᠩᠰᠠ ᠬᠠᠷ᠎ᠠ ᠶ᠋ᠢᠨ ᠵᠠᠭᠤᠷᠠᠯᠳᠤᠭᠠᠨ ᠨᠢ ᠲᠠᠢᠮᠤ ᠬᠢᠯᠪᠠᠷᠬᠠᠨ ᠪᠢᠰᠢ ᠭᠡᠳᠡᠭ ᠢ᠋ ᠣᠯᠵᠤ ᠮᠡᠳᠡᠵᠡᠢ᠃ ᠣᠯᠠᠨ ᠵᠢᠯ ᠤ᠋ᠨ ᠨᠠᠢᠵᠠ ᠶ᠋ᠢᠨ ᠬᠠᠷᠢᠴᠠᠭ᠎ᠠ ᠡᠴᠡ ᠪᠤᠯᠵᠤ᠂ ᠲᠡᠳᠡᠨ ᠤ᠋ ᠠᠵᠤ ᠠᠬᠤᠢ ᠶ᠋ᠢᠨ ᠶᠠᠪᠤᠯᠴᠠᠭ᠎ᠠ ᠨᠢ ᠨᠠᠷᠢᠨ ᠪᠤᠳᠤᠯᠢᠶᠠᠨᠲᠠᠶ ᠪᠠᠢᠯ᠎ᠠ᠃ ᠰᠢᠭᠦᠬᠦ ᠲᠤᠰᠢᠶᠠᠯᠲᠠᠨ ᠲᠢᠩᠬᠢᠮ ᠤ᠋ᠨ ᠰᠢᠭᠦᠯᠲᠡ ᠬᠢᠬᠦᠵᠢ ᠶᠠᠭᠠᠷᠠᠭᠰᠠᠨ ᠦᠭᠡᠢ᠂ ᠬᠠᠷᠢᠨ ᠬᠣᠶᠠᠷ ᠡᠳᠡᠭᠡᠳ ᠲᠠᠢ ᠲᠤᠰ ᠲᠤᠰ ᠲᠤᠨᠢ ᠭᠦᠨᠵᠡᠭᠡᠢ ᠶᠠᠷᠢᠯᠴᠠᠵᠤ ᠨᠠᠷᠢᠨ ᠪᠠᠢᠳᠠᠯ ᠢ᠋ ᠤᠢᠯᠠᠭᠠᠬᠰᠠᠨ ᠪᠠᠢᠨ᠎ᠠ᠃ ᠨᠡᠭᠡᠷᠡᠨ 《ᠬᠡᠷᠡᠭ ᠤ᠋ᠨ ᠳᠣᠲᠣᠷ᠎ᠠ ᠬᠡᠷᠡᠭ》 ᠲᠠᠢ ᠪᠠᠢᠵᠤ᠂ ᠡᠨᠡ ᠬᠦ᠌ ᠵᠠᠭᠠᠯᠳᠤᠭᠴᠢ ᠵᠠᠭᠠᠯᠳᠤᠭᠳᠠᠭᠴᠢᠵᠢᠨ ᠬᠣᠭᠣᠷᠣᠨᠳᠣ ᠵᠢᠭᠡᠯᠡᠯᠭᠡ ᠡᠴᠡ ᠭᠠᠳᠠᠨ᠎ᠠ ᠪᠠᠰᠠ ᠪᠤᠰᠤᠳ ᠲᠦ᠍ ᠪᠠᠲᠤᠯᠠᠨ ᠳᠠᠭᠠᠭᠠᠯᠲᠠ ᠬᠢᠬᠰᠡᠨ ᠡᠴᠡ ᠪᠤᠯᠤᠬᠰᠠᠨ ᠨᠡᠬᠡᠮᠵᠢᠯᠡᠨ ᠲᠦᠯᠦᠭᠦᠯᠬᠦ ᠡᠷᠬᠡ ᠶ᠋ᠢᠨ ᠵᠠᠭᠤᠷᠠᠯᠳᠤᠭᠠᠨ ᠵᠢᠴᠢ ᠨᠢᠭᠡ ᠬᠡᠰᠡᠭ ᠲᠠᠷᠢᠶᠠᠨ ᠭᠠᠵᠠᠷ ᠤ᠋ᠨ ᠡᠵᠡᠩᠨᠡᠯᠲᠡ ᠶ᠋ᠢᠨ ᠡᠷᠬᠡ ᠶ᠋ᠢᠨ ᠵᠠᠭᠤᠷᠠᠯᠳᠤᠭᠠᠨ ᠲᠠᠢ ᠪᠠᠢᠵᠠᠢ᠃
《ᠬᠡᠷᠪᠡ ᠬᠡᠷᠡᠭ ᠢ᠋ ᠲᠦᠭᠦᠮ ᠢ᠋ᠶ᠋ᠡᠷ ᠰᠢᠭᠦᠨ ᠲᠠᠰᠤᠯᠬᠤ ᠳ᠋ᠤ ᠭᠦᠷᠪᠡᠯ᠂ ᠨᠢᠳᠦᠨ ᠡᠮᠦᠨᠡᠬᠢ ᠵᠤᠭᠤᠰ ᠵᠢᠭᠡᠯᠡᠭᠰᠡᠨ ᠵᠠᠭᠤᠷᠠᠯᠳᠤᠭᠠᠨ ᠤ᠋ ᠬᠡᠷᠡᠭ ᠢ᠋ ᠳᠠᠭᠤᠰᠬᠠᠵᠤ ᠮᠡᠳᠡᠬᠦ᠌ ᠪᠣᠯᠪᠠᠴᠤ᠌ ᠨᠡᠬᠡᠮᠵᠢᠯᠡᠨ ᠲᠦᠯᠦᠭᠦᠯᠬᠦ ᠡᠷᠬᠡ ᠪᠠ ᠭᠠᠵᠠᠷ ᠰᠢᠷᠣᠢᠵᠢᠨ ᠡᠵᠡᠩᠨᠡᠯᠳᠠᠵᠢᠨ ᠡᠷᠬᠡ ᠶ᠋ᠢᠨ ᠬᠣᠶᠠᠷ ᠵᠦᠢᠯ ᠤ᠋ᠨ ᠶᠠᠪᠤᠳᠠᠯ ᠨᠢ ᠰᠢᠨ᠎ᠡ ᠵᠠᠷᠭᠤ ᠵᠢ ᠡᠭᠦᠰᠭᠡᠵᠦ᠍ ᠮᠡᠳᠡᠨ᠎ᠠ》᠃ ᠢᠩᠭᠢᠭᠡᠳ ᠰᠢᠭᠦᠭᠦ ᠲᠤᠰᠢᠶᠠᠯᠲᠠᠨ ᠡᠴᠡ ᠲᠢᠨᠭᠬᠢᠮ ᠤ᠋ᠨ ᠰᠢᠭᠦᠯᠲᠡ ᠵᠢ ᠲᠦᠷ ᠵᠣᠭᠰᠣᠭᠠᠵᠤ᠂ ᠠᠷᠠᠳ ᠤ᠋ᠨ ᠰᠢᠭᠦᠬᠦ ᠲᠢᠨᠭᠬᠢᠮ᠂ ᠳᠤᠲᠤᠭᠠᠲᠤ ᠵᠢ ᠬᠠᠮᠠᠭᠠᠯᠠᠬᠤ ᠲᠤᠮᠢᠯᠠᠬᠰᠠᠨ ᠰᠠᠯᠪᠤᠷᠢ᠂ ᠬᠠᠤᠯᠢ ᠴᠠᠭᠠᠵᠠ ᠶ᠋ᠢᠨ ᠭᠠᠵᠠᠷ᠂ ᠬᠠᠤᠯᠢᠴᠢ ᠶ᠋ᠢᠨ ᠠᠵᠢᠯ ᠤ᠋ᠨ ᠭᠠᠵᠠᠷ᠂ ᠦᠨᠳᠦᠰᠦᠨ ᠱᠠᠲᠤᠨ ᠤ᠋ ᠬᠠᠤᠯᠢ ᠴᠠᠭᠠᠵᠠ ᠶ᠋ᠢᠨ ᠦᠢᠯᠡᠴᠢᠯᠡᠭᠡᠨ ᠤ᠋ ᠭᠠᠵᠠᠷ ᠤ᠋ᠨ ᠬᠣᠯᠪᠣᠭᠠᠯᠠᠨ ᠬᠥᠳᠡᠯᠦᠯᠴᠡᠬᠦ᠌ ᠬᠣᠯᠪᠣᠭᠠᠯᠠᠨ ᠲᠣᠬᠢᠷᠠᠭᠤᠯᠬᠤ ᠲᠣᠭᠲᠠᠴᠠ ᠵᠢᠨ ᠠᠵᠢᠯ ᠢ᠋ ᠡᠬᠢᠯᠡᠭᠦᠯᠵᠦ᠍᠂ ᠡᠨᠡ ᠭᠤᠷᠪᠠᠨ ᠵᠠᠭᠤᠷᠠᠯᠳᠤᠭᠠᠨ ᠢ᠋ ᠨᠢᠭᠡ ᠯᠡ ᠳᠤᠤᠷ᠎ᠠ ᠰᠢᠶ᠋ᠳᠪᠦᠷᠢᠯᠡᠬᠦ᠌ ᠪᠡᠷ ᠲᠣᠭᠲᠠᠪᠠ᠃
ᠰᠢᠭᠦᠬᠦ᠌ ᠲᠢᠩᠬᠢᠮᠤᠨ ᠬᠢᠨ ᠲᠡᠷᠡ ᠲᠠᠷᠤᠢᠳᠤᠨᠢ ᠬᠠᠤᠯᠢ ᠴᠠᠭᠠᠵᠠ ᠶ᠋ᠢᠨ ᠭᠠᠵᠠᠷ᠂ ᠬᠠᠤᠯᠢᠴᠢ ᠶ᠋ᠢᠨ ᠠᠵᠢᠯ ᠤ᠋ᠨ ᠭᠠᠵᠠᠷ ᠲᠠᠢ ᠬᠠᠷᠢᠯᠴᠠᠵᠤ ᠬᠦᠮᠤᠨ ᠲᠤᠮᠢᠯᠠᠨ ᠡᠶᠡᠳᠡᠭᠦᠯᠭᠡ ᠳ᠋ᠤ ᠣᠷᠣᠯᠴᠠᠭᠤᠯᠬᠤ ᠵᠢ ᠬᠦᠰᠡᠪᠠ᠃ ᠡᠶᠡᠳᠡᠭᠦᠯᠬᠦ᠌ ᠲᠤᠬᠠᠶ ᠶ᠋ᠢᠨ ᠲᠠᠯᠠᠪᠠᠶ ᠳ᠋ᠤ᠂ ᠰᠢᠭᠦᠬᠦ ᠲᠤᠰᠢᠶᠠᠯᠲᠠᠨ ᠬᠠᠤᠯᠢ ᠴᠠᠭᠠᠵᠠ ᠶ᠋ᠢᠨ ᠬᠠᠷᠢᠴᠠᠭ᠎ᠠ ᠵᠢ ᠡᠮᠬᠢᠯᠡᠵᠦ᠍᠂ ᠬᠠᠤᠯᠢᠴᠢ ᠬᠣᠯᠪᠣᠭᠳᠠᠯ ᠪᠥᠬᠥᠶ ᠬᠠᠤᠯᠢ ᠴᠠᠭᠠᠵᠠ ᠶ᠋ᠢᠨ ᠲᠣᠭᠲᠠᠭᠠᠯ ᠢ᠋ ᠵᠤᠷᠪᠤᠰ ᠳᠠᠷᠠᠭᠠᠯᠠᠨ ᠤᠩᠰᠢᠨ ᠲᠠᠶ᠋ᠢᠯᠪᠤᠷᠢᠯᠠᠵᠤ᠂ ᠬᠠᠤᠯᠢ ᠴᠠᠭᠠᠵᠠ ᠶ᠋ᠢᠨ ᠭᠠᠵᠠᠷ ᠤ᠋ᠨ ᠠᠵᠢᠯᠲᠠᠨ ᠶᠣᠰᠣ ᠵᠦᠶ ᠡᠴᠡ ᠭᠠᠷᠳᠠᠵᠤ᠂ ᠬᠣᠶᠠᠷ ᠬᠥᠮᠦᠨ ᠤ᠋ ᠣᠯᠠᠨ ᠵᠢᠯ ᠤ᠋ᠨ ᠨᠥᠬᠥᠷᠯᠡᠯ ᠢ᠋ ᠲᠤᠭᠠᠴᠢᠵᠠᠢ᠃ ᠣᠯᠠᠨ ᠲᠠᠯ᠎ᠠ ᠶ᠋ᠢᠨ ᠬᠦᠴᠦᠨ ᠠᠵᠢᠯ ᠬᠤᠪᠢᠶᠠᠷᠢᠯᠠᠨ ᠬᠠᠮᠵᠢᠯᠴᠠᠵᠤ᠂ ᠬᠣᠶᠠᠷ ᠲᠠᠯ᠎ᠠ ᠶ᠋ᠢᠨ ᠬᠢᠨ ᠢ᠋ ᠬᠥᠲᠥᠯᠥᠨ ᠵᠢᠯᠣᠭᠣᠳᠴᠤ᠌ ᠪᠠᠶ᠋ᠢᠭᠠᠳ ᠡᠰᠡᠷᠭᠦᠴᠡᠯᠳᠦᠬᠦ᠌ ᠰᠡᠳᠬᠢᠯᠭᠡ ᠵᠢ ᠨᠢ ᠲᠠᠶᠠᠭᠳᠠᠭᠤᠯᠵᠤ᠂ ᠭᠤᠷᠪᠠᠨ ᠵᠠᠭᠤᠷᠠᠯᠳᠤᠭᠠᠨ ᠢ᠋ ᠨᠢᠭᠡᠳ ᠨᠢᠭᠡ ᠪᠡᠷ ᠡᠮᠬᠢᠯᠡᠪᠡ᠃ ᠵᠢᠭᠡᠯᠡᠭᠰᠡᠨ ᠵᠣᠭᠣᠰ ᠤ᠋ᠨ ᠡᠬᠡ ᠮᠥᠩᠭᠥ ᠬᠦᠦ ᠮᠥᠩᠭᠥ ᠶ᠋ᠢᠨ ᠲᠣᠭᠠᠴᠠᠭ᠎ᠠ ᠡᠴᠡ ᠨᠡᠬᠡᠮᠵᠢᠯᠡᠨ ᠲᠦᠯᠦᠭᠦᠯᠬᠦ ᠡᠷᠬᠡ ᠶ᠋ᠢᠨ ᠬᠠᠷᠢᠭᠤᠴᠠᠯᠭ᠎ᠠ ᠶ᠋ᠢᠨ ᠬᠤᠪᠢᠶᠠᠷᠢᠯᠠᠯ ᠬᠦᠷᠲᠡᠯ᠎ᠡ᠂ ᠳᠠᠬᠢᠭᠠᠳ ᠭᠠᠵᠠᠷ ᠰᠢᠷᠣᠶ ᠶ᠋ᠢᠨ ᠡᠵᠡᠩᠨᠡᠯᠲᠡ ᠶ᠋ᠢᠨ ᠡᠷᠬᠡ ᠶ᠋ᠢᠨ ᠬᠠᠷᠢᠶᠠᠯᠠᠯ ᠢ᠋ ᠨᠤᠲᠠᠯᠠᠬᠤ ᠬᠦᠷᠲᠡᠯ᠎ᠡ᠂ ᠬᠡᠳᠦᠨ ᠴᠠᠭ ᠤ᠋ᠨ ᠬᠠᠤᠯᠢ ᠴᠠᠭᠠᠵᠠ ᠶ᠋ᠢ ᠲᠠᠶ᠋ᠢᠯᠪᠤᠷᠢᠯᠠᠵᠤ ᠶᠣᠰᠣ ᠤᠴᠢᠷ ᠢ᠋ ᠲᠣᠳᠣᠷᠬᠠᠶ᠋ᠢᠯᠠᠨ ᠬᠦᠯᠢᠴᠡᠩᠭᠦᠶ ᠡᠶᠡᠳᠡᠭᠦᠯᠬᠦ᠌ ᠪᠡᠷ ᠳᠡᠮᠵᠢᠨ᠂ ᠭᠤᠷᠪᠠᠨ ᠨᠠᠷᠢᠨ ᠪᠤᠳᠤᠯᠢᠶᠠᠨᠲᠠᠶ ᠵᠥᠷᠢᠴᠡᠯ ᠵᠠᠭᠤᠷᠠᠯᠳᠤᠭᠠᠨ ᠢ᠋ ᠡᠴᠦᠰ ᠲᠡᠭᠡᠨ ᠨᠢᠭᠡ ᠬᠤᠪᠢ ᠡᠶᠡᠳᠡᠭᠦᠯᠭᠡ ᠶ᠋ᠢᠨ ᠵᠦᠪᠯᠡᠯᠴᠡᠭᠡᠷ ᠢ᠋ᠶ᠋ᠡᠷ ᠪᠦᠬᠦᠨ ᠢ᠋ ᠰᠢᠢᠳᠪᠦᠷᠢᠯᠡᠵᠡᠢ᠃
ᠠᠷᠠᠳ ᠤ᠋ᠨ ᠰᠢᠭᠦᠬᠦ᠌ ᠲᠢᠩᠬᠢᠮ ᠨᠢ ᠤᠯᠠᠨ ᠲᠦᠮᠡᠨ ᠡᠴᠡ ᠬᠠᠮᠤᠭ ᠤ᠋ᠨ ᠣᠶ᠋ᠢᠷᠠᠬᠠᠨ ᠪᠠᠶ᠋ᠢᠵᠤ᠂ ᠤᠯᠠᠨ ᠲᠦᠮᠡᠨ ᠳ᠋ᠤ ᠬᠠᠮᠤᠭ ᠤ᠋ᠨ ᠰᠢᠭᠤᠳ ᠦᠢᠯᠡᠴᠢᠯᠡᠳᠡᠭ ᠪᠦᠭᠡᠳ ᠣᠯᠠᠩᠬᠢ ᠳ᠋ᠠᠭᠠᠨ ᠤᠯᠠᠨ ᠲᠦᠮᠡᠨ ᠤ᠋ ᠬᠤᠪᠢ ᠪᠡᠶ᠎ᠡ ᠶ᠋ᠢᠨ ᠠᠰᠢᠭ ᠲᠤᠰᠠ ᠳ᠋ᠤ ᠬᠣᠯᠪᠣᠭᠳᠠᠬᠤ 《ᠵᠢᠵᠢᠭ ᠬᠡᠷᠡᠭ》 ᠢ᠋ ᠰᠢ᠌ᠳᠪᠦᠷᠢᠯᠡᠳᠡᠭ᠃ ᠡᠨᠡ ᠤᠳᠠᠭᠠᠨ ᠤ᠋ 《ᠨᠢᠭᠡ ᠬᠡᠷᠡᠭ ᠢ᠋ᠶ᠋ᠡᠷ ᠭᠤᠷᠪᠠᠨ ᠵᠦᠷᠢᠴᠡᠯ ᠵᠠᠭᠤᠷᠠᠯᠳᠤᠭᠠᠨ ᠢ᠋ ᠰᠢᠢᠳᠪᠦᠷᠢᠯᠡᠭᠰᠡᠨ》 ᠠᠮᠵᠢᠯᠲᠠ ᠲᠠᠢ ᠦᠢᠯᠡᠳᠦᠯᠭᠡ ᠨᠢ ᠥᠯᠵᠡᠢᠮᠥ᠋ᠷᠡᠨᠤ ᠠᠷᠠᠳ ᠤ᠋ᠨ ᠰᠢᠭᠦᠬᠦ᠌ ᠲᠢᠩᠬᠢᠮ ᠤ᠋ᠨ ᠬᠠᠮᠲᠤᠷᠠᠨ ᠬᠥᠳᠡᠯᠦᠯᠴᠡᠵᠦ᠍ ᠵᠠᠭᠤᠷᠠᠯᠳᠤᠭᠠᠨ ᠢ᠋ ᠰᠢᠶ᠋ᠳᠪᠦᠷᠢᠯᠡᠵᠦ᠍᠂ ᠴᠢᠨᠠᠷ ᠰᠠᠶ᠋ᠢᠲᠠᠶ ᠡᠶᠡᠳᠡᠭᠦᠯᠭᠡ ᠶ᠋ᠢ ᠬᠦᠭᠡᠭᠡᠴᠡᠯᠳᠦᠭᠰᠡᠨ ᠡᠭᠦᠷᠭᠡᠯᠡᠯ ᠪᠠ ᠣᠶᠤᠨ ᠤᠬᠠᠭᠠᠨ ᠢ᠋ ᠢᠯᠡᠷᠡᠭᠦᠯᠪᠡ᠃
ᠥᠯᠵᠡᠶ᠋ᠢᠮᠥ᠋ᠷᠡᠨᠤ᠋ ᠠᠷᠠᠳ ᠤ᠋ᠨ ᠰᠢᠭᠦᠬᠦ᠌ ᠲᠢᠩᠬᠢᠮ ᠤ᠋ᠨ ᠬᠠᠷᠢᠶ᠎ᠠ ᠣᠷᠣᠨ ᠨᠢ ᠲᠠᠯᠠᠪᠠᠶ ᠪᠡᠷ ᠥᠷᠭᠡᠨ᠂ ᠬᠥᠮᠦᠨ ᠠᠮᠠ ᠨᠢ ᠲᠠᠷᠠᠬᠠᠶ ᠪᠤᠲᠠᠷᠬᠠᠶ᠂ ᠬᠦᠯᠢᠶᠡᠨ ᠰᠢᠶ᠋ᠳᠪᠦᠷᠢᠯᠡᠬᠦ᠌ ᠬᠡᠷᠡᠭ ᠨᠢ ᠬᠥᠷᠰᠢ ᠵᠡᠷᠭᠡᠯᠡᠳᠡᠭᠡ ᠶ᠋ᠢᠨ ᠵᠥᠷᠢᠴᠡᠯ᠂ ᠭᠡᠷ ᠤ᠋ᠨ ᠶᠠᠪᠤᠳᠠᠯ ᠤ᠋ᠨ ᠵᠠᠭᠤᠷᠠᠯᠳᠤᠭᠠᠨ ᠵᠡᠷᠭᠡ ᠤᠯᠠᠮᠵᠢᠯᠠᠯᠲᠤ᠌ ᠢᠷᠭᠡᠨ ᠤ᠋ ᠬᠡᠷᠡᠭ ᠣᠯᠠᠨ ᠪᠠᠶ᠋ᠢᠵᠤ᠂ ᠡᠶ᠋ᠢᠮᠦᠷᠬᠦᠦ ᠬᠡᠷᠡᠭ ᠲᠦ᠍ ᠬᠠᠤᠯᠢ ᠴᠠᠭᠠᠵᠠ ᠶ᠋ᠢᠨ ᠬᠠᠷᠢᠴᠠᠭ᠎ᠠ ᠨᠢ ᠪᠤᠳᠤᠯᠢᠶᠠᠨᠲᠠᠶ᠂ ᠬᠠᠶ᠋ᠢᠷ᠎ᠠ ᠰᠡᠳᠬᠢᠯᠭᠡ ᠶ᠋ᠢᠨ ᠬᠦᠴᠦᠨ ᠵᠦᠢᠯ ᠰᠣᠯᠪᠢᠴᠠᠬᠤ ᠵᠡᠷᠭᠡ ᠣᠨᠴᠠᠯᠢᠭ ᠨᠡᠶ᠋ᠢᠳᠡᠮ ᠣᠷᠣᠰᠢᠵᠤ ᠪᠠᠶ᠋ᠢᠨ᠎ᠠ᠃ ᠡᠭᠦᠨ ᠤ᠋ ᠲᠤᠯᠠᠳᠠ᠂ ᠲᠤᠰ ᠰᠢᠭᠦᠬᠦ᠌ ᠲᠢᠩᠬᠢᠮ ᠤ᠋ᠨ ᠬᠢᠨ ᠦᠢᠯᠡᠳᠦᠯᠭᠡ ᠶ᠋ᠢᠨ ᠳᠤᠮᠳᠠ᠂ ᠲᠦᠷᠦᠭᠦᠯᠡᠨ ᠬᠢᠬᠦ᠌ ᠦᠢᠯᠡᠳᠦᠯ ᠢ᠋ᠶ᠋ᠡᠨ ᠭᠦᠢᠴᠡᠳ ᠪᠠᠳᠠᠷᠠᠭᠤᠯᠤᠨ᠂ ᠲᠣᠮᠢᠯᠠᠭᠰᠠᠨ ᠰᠠᠯᠪᠤᠷᠢ᠂ ᠬᠠᠤᠯᠢ ᠴᠠᠭᠠᠵᠠ ᠶ᠋ᠢᠨ ᠭᠠᠵᠠᠷ᠂ ᠬᠠᠤᠯᠢᠴᠢ ᠶ᠋ᠢᠨ ᠠᠵᠢᠯ ᠤ᠋ᠨ ᠭᠠᠵᠠᠷ᠂ ᠦᠨᠳᠦᠰᠦᠨ ᠱᠠᠲᠤᠨ ᠤ᠋ ᠬᠠᠤᠯᠢ ᠴᠠᠭᠠᠵᠠ ᠶ᠋ᠢᠨ ᠦᠢᠯᠡᠴᠢᠯᠡᠭᠡᠨ ᠤ᠋ ᠭᠠᠵᠠᠷᠯᠤᠭᠠ ᠬᠠᠮᠵᠢᠯᠴᠠᠬᠤ ᠵᠢ ᠪᠠᠢᠨᠭᠭᠤᠵᠢᠭᠤᠯᠬᠤ ᠲᠣᠭᠲᠠᠴᠠ ᠵᠢ ᠪᠠᠶ᠋ᠢᠭᠤᠯᠵᠤ᠂ ᠮᠡᠳᠡᠭᠡ ᠵᠠᠩᠭᠢ ᠨᠡᠪᠲᠡᠷᠡᠯᠴᠡᠬᠦ᠌᠂ ᠡᠬᠢ ᠪᠠᠶᠠᠯᠢᠭ ᠢ᠋ ᠬᠠᠮᠲᠤ ᠪᠡᠷ ᠡᠳ᠋ᠯᠡᠬᠦ᠌᠂ ᠵᠥᠷᠢᠴᠡᠯ ᠢ᠋ ᠬᠣᠯᠪᠣᠭᠠᠯᠠᠨ ᠵᠣᠬᠢᠴᠠᠭᠤᠯᠬᠤ ᠪᠦᠲᠦᠮᠵᠢᠲᠡᠢ ᠠᠵᠢᠯ ᠤ᠋ᠨ ᠠᠷᠭ᠎ᠠ ᠵᠠᠮ ᠢ᠋ ᠠᠯᠬᠤᠮ ᠠᠯᠬᠤᠮ ᠢ᠋ᠶ᠋ᠡᠷ ᠰᠦᠪᠡᠭᠴᠢᠯᠡᠵᠦ ᠭᠠᠷᠭᠠᠬᠰᠠᠨ ᠪᠠᠢᠨ᠎ᠠ᠃ ᠬᠦᠷᠢᠶ᠎ᠡ ᠴᠠᠷᠠᠭ᠎ᠠ ᠠᠯᠤᠰᠯᠠᠭᠰᠠᠨ᠂ ᠬᠡᠷᠡᠭ ᠤ᠋ᠨ ᠪᠠᠶ᠋ᠢᠳᠠᠯ ᠪᠤᠳᠤᠯᠢᠶᠠᠨᠲᠠᠶ ᠵᠠᠭᠤᠷᠠᠯᠳᠤᠭᠠᠨ ᠲᠤᠯᠭᠠᠷᠠᠪᠠᠯ᠂ ᠰᠢᠭᠦᠬᠦ᠌ ᠲᠢᠩᠬᠢᠮ ᠲᠡᠷᠡ ᠳᠠᠷᠤᠶ ᠳ᠋ᠤᠨᠢ 《ᠱᠦᠭᠯᠦ᠍ ᠦᠯᠢᠶᠡᠵᠦ᠍》᠂ ᠡᠯ᠎ᠡ ᠭᠠᠵᠠᠷ ᠤ᠋ᠨ ᠬᠢᠨ ᠦᠳᠲᠡᠷ ᠲᠦᠷᠭᠡᠨ ᠴᠤᠤᠷᠢᠶᠠᠳᠤᠴᠤ᠂ ᠣᠯᠠᠨ ᠲᠠᠯ᠎ᠠ ᠶ᠋ᠢᠨ ᠬᠦᠴᠦᠨ ᠨᠢᠭᠲᠠᠷᠠᠨ ᠪᠦᠯᠬᠦᠮᠳᠡᠳᠡᠭ᠃ ᠡᠭᠦᠨ ᠤ᠋ ᠬᠠᠮᠲᠤ᠌᠂ ᠬᠡᠷᠡᠭ ᠰᠢᠢᠳᠪᠦᠷᠢᠯᠡᠬᠦ ᠰᠢᠭᠦᠬᠦ ᠲᠤᠰᠢᠶᠠᠯᠲᠠᠨ 《ᠲᠣᠯᠣᠭᠠᠢ ᠡᠪᠡᠳᠪᠡᠯ ᠲᠣᠯᠣᠭᠠᠢ ᠵᠢ ᠨᠢ ᠡᠮᠨᠡᠵᠦ᠍᠂ ᠬᠦᠯ ᠡᠪᠡᠳᠪᠡᠯ ᠬᠦᠯ ᠢ᠋ ᠨᠢ ᠡᠮᠨᠡᠬᠦ᠌》 ᠰᠠᠨᠠᠭᠠᠴᠢᠯᠠᠭᠠᠲᠤ᠌ ᠪᠤᠰᠤ ᠰᠡᠳᠬᠢᠬᠦᠢ ᠪᠠᠨ ᠲᠠᠶᠠᠭᠳᠠᠵᠤ᠂ ᠬᠡᠷᠡᠭ ᠰᠢ᠌ᠳᠪᠦᠷᠢᠯᠡᠬᠦ᠌ ᠡᠬᠢᠨ ᠤ᠋ ᠦᠶ᠎ᠡ ᠳ᠋ᠤ᠂ ᠦᠨᠭᠭᠡᠨ ᠲᠠᠯ᠎ᠠ ᠶ᠋ᠢᠨ ᠵᠠᠷᠭᠤ ᠶ᠋ᠢᠨ ᠭᠤᠶᠤᠴᠢᠯᠠᠯ ᠢ᠋ ᠰᠢ᠌ᠳᠪᠦᠷᠢᠯᠡᠭᠡᠳ ᠳᠠᠭᠤᠰᠬᠠᠬᠤ ᠪᠢᠰᠢ᠂ ᠬᠠᠷᠢᠨ ᠵᠠᠭᠤᠷᠠᠯᠳᠤᠭᠠᠨ ᠤ᠋ ᠠᠷᠤ ᠳ᠋ᠡᠬᠢ ᠭᠦᠨ ᠳᠠᠪᠬᠤᠷᠭ᠎ᠠ ᠶ᠋ᠢᠨ ᠰᠢᠯᠲᠠᠭᠠᠨ ᠪᠠ ᠨᠢᠭᠤᠭᠳᠠᠮᠠᠯ ᠵᠥᠷᠢᠴᠡᠯ ᠢ᠋ ᠰᠠᠨᠠᠭᠠᠴᠢᠯᠠᠭ᠎ᠠ ᠡᠴᠡ ᠪᠠᠨ ᠬᠠᠶ᠋ᠢᠨ ᠰᠦᠪᠡᠭᠴᠢᠯᠡᠵᠦ᠍᠂ ᠡᠭᠦᠰᠴᠦ᠍ ᠮᠡᠳᠡᠬᠦ᠌ ᠤᠯᠠᠨ ᠬᠡᠷᠡᠭ ᠢ᠋ ᠡᠬᠢ ᠡᠭᠦᠰᠦᠯ ᠡᠴᠡ ᠨᠢ ᠪᠦᠬᠦᠨ ᠢ᠋ ᠰᠢ᠌ᠳᠪᠦᠷᠢᠯᠡᠬᠦ᠌ ᠵᠢ ᠪᠡᠶᠡᠯᠡᠭᠦᠯᠪᠡ᠃ ᠰᠡᠳᠬᠢᠯᠭᠡ᠂ ᠶᠣᠰᠣ᠂ ᠬᠠᠤᠯᠢ ᠵᠢ ᠣᠷᠭᠠᠨᠢᠭ ᠢ᠋ᠶ᠋ᠡᠷ ᠤᠶᠠᠯᠳᠤᠭᠤᠯᠬᠤ ᠵᠢ ᠴᠢᠬᠤᠯᠠᠴᠢᠯᠠᠵᠤ᠂ ᠨᠡᠶ᠋ᠢᠭᠡᠮ ᠤ᠋ᠨ ᠬᠠᠷᠢᠴᠠᠭ᠎ᠠ ᠵᠢ ᠵᠠᠰᠠᠨ ᠰᠡᠷᠭᠦᠭᠡᠬᠦ᠌᠂ ᠲᠤᠬᠠᠢ ᠶ᠋ᠢᠨ ᠬᠥᠮᠦᠨ ᠤ᠋ ᠪᠠᠶ᠋ᠢᠷᠢ ᠪᠠᠨ ᠰᠣᠯᠢᠵᠤ ᠰᠡᠳᠬᠢᠬᠦ᠌᠂ ᠬᠠᠷᠢᠯᠴᠠᠨ ᠠᠭᠤᠴᠢᠯᠠᠵᠤ ᠨᠠᠶ᠋ᠢᠷ ᠲᠠᠯᠪᠢᠬᠤ ᠵᠢ ᠬᠦᠳᠦᠯᠦᠨ ᠵᠢᠯᠣᠭᠣᠳᠴᠤ᠌᠂ 《ᠰᠡᠳᠬᠢᠯ ᠤ᠋ᠨ ᠵᠠᠩᠭᠢᠷᠠᠭ᠎ᠠ》 ᠵᠢ ᠲᠠᠢᠯᠬᠤ ᠪᠠᠷ ᠳᠠᠮᠵᠢᠨ 《ᠬᠠᠤᠯᠢ ᠶ᠋ᠢᠨ ᠵᠠᠩᠭᠢᠷᠠᠭ᠎ᠠ》 ᠵᠢ ᠲᠠᠢᠯᠬᠤ ᠵᠢ ᠪᠡᠶᠡᠯᠡᠭᠦᠯᠪᠡ᠃
ᠥᠯᠵᠡᠶ᠋ᠢᠮᠥ᠋ᠷᠡᠨᠤ ᠠᠷᠠᠳ ᠤ᠋ᠨ ᠰᠢᠭᠦᠬᠦ᠌ ᠲᠢᠩᠬᠢᠮ ᠣᠯᠠᠨ ᠵᠢᠯ ᠳᠠᠷᠠᠭᠠᠯᠠᠨ ᠬᠡᠷᠡᠭ ᠢ᠋ ᠡᠶᠡᠳᠡᠭᠦᠯᠦᠭᠰᠡᠨ ᠨᠣᠷᠮ᠎ᠠ 85% ᠡᠴᠡ ᠳᠡᠭᠡᠭᠰᠢ ᠪᠠᠶ᠋ᠢᠬᠤ ᠵᠢ ᠪᠠᠲᠤᠯᠠᠵᠤ᠂ ᠲᠤᠯᠤᠭᠠᠨ ᠬᠤᠪᠢ ᠰᠢᠬᠠᠮ ᠤ᠋ᠨ ᠵᠥᠷᠢᠴᠡᠯ ᠵᠠᠭᠤᠷᠠᠯᠳᠤᠭᠠᠨ ᠢ᠋ ᠵᠠᠷᠭᠤᠯᠳᠤᠬᠤ ᠡᠴᠡ ᠡᠮᠦᠨ᠎ᠡ ᠰᠢᠶ᠋ᠳᠪᠦᠷᠢᠯᠡᠪᠡ᠃ 5 ᠰᠠᠷ᠎ᠠ ᠶ᠋ᠢᠨ 25 ᠤ᠋ ᠡᠳᠦᠷ᠂ ᠠᠷᠠᠳ ᠤ᠋ᠨ ᠳᠡᠭᠡᠳᠦ ᠰᠢᠭᠦᠬᠦ᠌ ᠬᠣᠷᠢᠶ᠎ᠠ ᠤᠯᠤᠰ ᠤ᠋ᠨ ᠰᠢᠭᠦᠬᠦ᠌ ᠲᠤᠰᠢᠶᠠᠯᠲᠠᠨ ᠤ᠋ ᠳᠡᠭᠡᠳᠦ ᠰᠤᠷᠭᠠᠭᠤᠯᠢ ᠳ᠋ᠤ ᠪᠦᠬᠦ᠌ ᠤᠯᠤᠰ ᠤ᠋ᠨ ᠠᠷᠠᠳ ᠤ᠋ᠨ ᠰᠢᠭᠦᠬᠦ᠌ ᠲᠢᠩᠬᠢᠮ ᠤ᠋ᠨ ᠲᠠᠪᠤᠳᠤᠭᠠᠷ ᠤᠳᠠᠭᠠᠨ ᠤ᠋ ᠠᠵᠢᠯ ᠤ᠋ᠨ ᠬᠤᠷᠠᠯ ᠢ᠋ ᠬᠤᠷᠠᠯᠳᠤᠭᠤᠯᠤᠭᠰᠠᠨ ᠪᠥᠭᠡᠳ ᠲᠦᠷᠦᠭᠦᠦ ᠪᠦᠯᠦᠭ ᠤ᠋ᠨ 100 《ᠹᠸᠩᠴᠢᠶᠣᠤ ᠮᠠᠶᠢᠭ ᠤ᠋ᠨ ᠠᠷᠠᠳ ᠤ᠋ᠨ ᠰᠢᠭᠦᠬᠦ᠌ ᠲᠢᠩᠬᠢᠮ》 ᠢ᠋ ᠨᠡᠷᠡᠶ᠋ᠢᠳᠪᠡ᠃ ᠡᠭᠦᠨ ᠳ᠋ᠤ ᠥᠯᠵᠡᠶ᠋ᠢᠮᠥ᠋ᠷᠡᠨᠤ ᠠᠷᠠᠳ ᠤ᠋ᠨ ᠰᠢᠭᠦᠬᠦ᠌ ᠲᠢᠩᠬᠢᠮ ᠲᠤᠳᠤᠷᠠᠪᠠ᠃
ᠦᠨᠳᠦᠰᠦᠨ ᠱᠠᠲᠤᠨ ᠤ᠋ ᠠᠷᠠᠳ ᠤ᠋ᠨ ᠰᠢᠭᠦᠬᠦ᠌ ᠬᠣᠷᠢᠶᠠᠨ ᠤ᠋ ᠲᠣᠮᠢᠯᠠᠭᠰᠠᠨ ᠪᠠᠶ᠋ᠢᠭᠤᠯᠤᠮᠵᠢ ᠪᠣᠯᠤᠭᠰᠠᠨ ᠤ᠋ ᠬᠤᠪᠢ ᠳ᠋ᠤ᠂ ᠠᠷᠠᠳ ᠤ᠋ᠨ ᠰᠢᠭᠦᠬᠦ᠌ ᠲᠢᠩᠬᠢᠮ ᠪᠣᠯ ᠦᠨᠳᠦᠰᠦᠨ ᠱᠠᠲᠤᠨ ᠤ᠋ ᠬᠠᠤᠯᠢ ᠪᠡᠷ ᠵᠠᠰᠠᠬᠤ ᠵᠢ ᠬᠡᠷᠡᠭᠵᠢᠭᠦᠯᠬᠦ᠌ ᠴᠢᠬᠤᠯᠠ ᠪᠡᠶᠡᠴᠢ ᠴᠣᠭᠴᠠ ᠪᠤᠯᠬᠤ ᠪᠦᠭᠡᠳ ᠦᠨᠳᠦᠰᠦᠨ ᠱᠠᠲᠤᠨ ᠤ᠋ ᠰᠠᠭᠤᠷᠢ ᠮᠥᠨ᠃ 《ᠪᠢᠳᠡ ᠦᠨᠳᠦᠰᠦᠨ ᠱᠠᠲᠤᠨ ᠤ᠋ ᠨᠡᠶ᠋ᠢᠭᠡᠮ ᠤ᠋ᠨ ᠵᠠᠰᠠᠯᠲᠠ ᠳ᠋ᠡᠬᠢ ᠠᠷᠠᠳ ᠤ᠋ᠨ ᠰᠢᠭᠦᠬᠦ᠌ ᠲᠢᠩᠬᠢᠮ ᠤ᠋ᠨ ᠡᠭᠦᠷᠭᠡ ᠴᠢᠳᠠᠪᠬᠢ ᠶ᠋ᠢᠨ ᠦᠢᠯᠡᠳᠦᠯᠵᠢᠡᠨ ᠦᠷᠭᠦᠯᠵᠢᠯᠡᠨ ᠪᠠᠳᠠᠷᠠᠭᠤᠯᠵᠤ᠂ ᠤᠯᠠᠨ ᠲᠠᠯ᠎ᠠ ᠪᠡᠷ ᠬᠠᠮᠵᠢᠯᠴᠠᠨ ᠬᠦᠴᠦᠯᠡᠵᠦ᠍᠂ ᠤᠳᠠᠭᠠᠨ ᠳᠠᠭᠠᠭᠠᠮᠠᠭᠠᠢ ᠵᠢᠳᠬᠦᠨ ᠴᠢᠷᠮᠠᠶ᠋ᠢᠵᠤ᠂ 〈ᠵᠢᠭᠠᠬᠠᠨ ᠰᠢᠭᠦᠬᠦ᠌ ᠲᠢᠩᠬᠢᠮ〉 ᠶᠡᠬᠡ ᠦᠢᠯᠡᠳᠦᠯᠦᠵᠡᠭᠦᠯᠵᠦ᠂ 〈ᠹᠸᠩᠴᠢᠶᠣᠤ〉 ᠶ᠋ᠢᠨ ᠲᠤᠷᠰᠢᠯᠭᠠᠵᠢ ᠭᠦᠨᠵᠡᠭᠡᠢ ᠰᠤᠷᠤᠯᠴᠠᠵᠤ ᠵᠦᠷᠢᠴᠡᠯ ᠵᠠᠭᠤᠷᠠᠯᠳᠤᠭᠠᠨ ᠢ᠋ ᠰᠠᠢᠲᠤᠷ ᠰᠢᠢᠳᠪᠦᠷᠢᠯᠡᠨ᠎ᠡ》 ᠭᠡᠵᠦ᠍ ᠵᠠᠷᠤᠳ ᠬᠣᠰᠢᠭᠤᠨ ᠤ᠋ ᠠᠷᠠᠳ ᠤ᠋ᠨ ᠰᠢᠭᠦᠬᠦ᠌ ᠬᠣᠷᠢᠶᠠᠵᠢᠨ ᠲᠠᠷᠤᠭ᠎ᠠ ᠲᠤᠡᠭᠭᠠᠯᠠᠭ ᠭᠡᠯᠡᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃