2026-09-26 13:27:04
《ᠰᠢᠶᠣᠤ ᠯᠢ᠂ ᠡᠨᠡ ᠡᠳᠦᠷ ᠪᠠᠰᠠ ᠡᠷᠦᠬᠡᠪᠡᠷ ᠬᠦᠷᠴᠤ ᠪᠠᠢᠳᠡᠯ ᠢ᠋ ᠤᠢᠯᠠᠭᠠᠬᠤ ᠤᠤ?》
《ᠲᠢ᠋ᠢ᠍ᠮᠦ᠍ ᠡ᠂ ᠪᠠᠰᠠ ᠬᠡᠳᠦᠨ ᠡᠷᠤᠬᠡ ᠪᠡᠷ ᠤᠷᠤᠵᠤ ᠪᠠᠢᠳᠠᠯ ᠢ᠋ ᠣᠢᠯᠠᠭᠠᠶ᠎ᠠ》᠃
ᠨᠠᠮᠤᠷ ᠤ᠋ᠨ ᠨᠢᠭᠡᠨ ᠦᠷᠯᠦᠭᠡ᠂ ᠲᠦᠩᠯᠢᠶᠣᠤ ᠬᠣᠲᠠ ᠢ᠋ᠢᠨ ᠳᠣᠲᠣᠭᠠᠳᠤ ᠢ᠋ᠢ ᠬᠠᠮᠠᠭᠠᠯᠠᠬᠤ ᠲᠣᠪᠴᠢᠶ᠎ᠠ ᠢ᠋ᠢᠨ ᠬᠣᠷᠴᠢᠨ ᠬᠤᠪᠢᠶᠠᠷᠢ ᠲᠣᠪᠴᠢᠶ᠎ᠠ ᠢ᠋ᠢᠨ ᠰᠢ ᠮᠸᠨ ᠨᠢᠭᠡᠳᠦᠭᠡᠷ ᠲᠣᠮᠢᠯᠠᠭᠰᠠᠨ ᠰᠠᠯᠪᠤᠷᠢ ᠢ᠋ᠢᠨ ᠨᠡᠶ᠋ᠢᠭᠡᠮ ᠲᠣᠭᠣᠷᠢᠭ ᠤ᠋ᠨ ᠠᠷᠠᠳ ᠤ᠋ᠨ ᠴᠠᠭᠳᠠᠭ᠎ᠠ ᠯᠢ ᠰᠢᠶᠤᠤ ᠯᠢ ᠨᠡᠶ᠋ᠢᠭᠡᠮ ᠲᠣᠭᠣᠷᠢᠭ ᠲᠦ᠍ ᠤᠴᠢᠬᠤ ᠪᠡᠷ ᠪᠡᠯᠡᠳᠬᠡᠵᠦ᠍ ᠪᠠᠶ᠋ᠢᠬᠤ ᠳ᠋ᠤ᠌ ᠬᠠᠮᠲᠤ᠌ ᠠᠵᠢᠯᠯᠠᠭᠴᠢ ᠨᠢ ᠲᠡᠭᠦᠨ ᠡᠴᠡ ᠠᠰᠠᠭᠤᠵᠤ ᠭᠠᠷᠤᠯ᠎ᠠ᠃
ᠯᠢ ᠰᠢᠶᠣᠤ ᠯᠢ ᠢ᠋ᠢᠨ ᠪᠣᠭᠴᠣᠨᠳ᠋ᠤ ᠨᠢᠬᠡᠨ ᠭᠠᠳᠠᠷ ᠨᠢ ᠡᠯᠡᠭᠳᠡᠵᠤ ᠬᠠᠭᠤᠴᠢᠷᠠᠭᠰᠠᠨ ᠲᠡᠮᠳᠡᠭᠯᠡᠯ ᠤ᠋ᠨ ᠲᠠᠪᠳᠡᠷ ᠪᠠᠢᠳᠠᠭ᠃ ᠬᠠᠭᠤᠳᠠᠰᠤ ᠵᠢ ᠨᠢ ᠤᠷᠪᠠᠭᠤᠯᠪᠠᠯ᠂ ᠬᠠᠷᠢᠶ᠎ᠡ ᠤᠷᠤᠨ ᠤ᠋ ᠠᠮᠤᠷ ᠢ᠋ ᠬᠠᠮᠠᠭᠠᠯᠠᠬᠤ ᠭᠤᠤᠯᠳᠠᠯᠭ᠎ᠠ ᠲᠠᠢ ᠣᠷᠣᠨ ᠪᠠᠶ᠋ᠢᠷᠢ ᠢ᠋ᠢ ᠬᠠᠮᠢᠶᠠᠷᠤᠨ ᠡᠵᠡᠮᠳᠡᠭᠰᠡᠨ ᠪᠠᠶ᠋ᠢᠳᠠᠯ᠂ ᠨᠡᠬᠦᠳᠡᠯ ᠬᠥᠮᠦᠨ ᠠᠮᠠ ᠢ᠋ᠢᠨ ᠬᠥᠳᠡᠯᠦᠩᠭᠦᠶ ᠪᠠᠶ᠋ᠢᠳᠠᠯ ᠵᠡᠷᠭᠡ ᠵᠦᠢᠯᠡᠰᠦᠨ ᠮᠡᠳᠡᠭᠡ ᠵᠠᠩᠭᠢ ᠢ᠋ᠢ ᠨᠠᠷᠢᠨ ᠲᠣᠳᠣᠷᠬᠠᠶ ᠲᠡᠮᠳᠡᠭᠯᠡᠵᠦ᠍᠂ ᠲᠡᠮᠳᠡᠭᠯᠡᠭᠰᠡᠨ ᠵᠦᠢᠯᠡᠰ ᠢ᠋ᠢᠡᠨ ᠴᠥᠮ ᠲᠥᠷᠥᠯ ᠬᠤᠪᠢᠶᠠᠨ ᠲᠤᠳᠤᠷᠬᠠᠢᠯᠠᠭᠰᠠᠨ ᠪᠠᠢᠳᠠᠭ᠃ 8 ᠵᠢᠯ ᠰᠢᠬᠠᠮ ᠤ᠋ᠨ ᠨᠡᠶ᠋ᠢᠭᠡᠮ ᠲᠣᠭᠣᠷᠢᠭ ᠤ᠋ᠨ ᠴᠠᠭᠳᠠᠭᠠᠨ ᠤ᠋ ᠶᠠᠪᠤᠳᠠᠯ ᠤ᠋ᠨ ᠠᠵᠢᠯ ᠢ᠋ ᠡᠬᠦᠷᠬᠡᠯᠡᠭᠰᠡᠨ ᠠᠷᠠᠳ ᠤ᠋ᠨ ᠴᠠᠭᠳᠠᠭ᠎ᠠ ᠯᠢ ᠰᠢᠶᠤᠤ ᠯᠢ ᠲᠣᠰ ᠲᠡᠮᠳᠡᠭᠯᠡᠯ ᠤ᠋ᠨ ᠲᠡᠪᠳᠡᠷ ᠲᠡᠬᠡᠨ ᠲᠦᠰᠢᠭᠯᠡᠨ 7 ᠰᠠᠭᠤᠭᠠᠯᠢ ᠠᠷᠠᠳ ᠤ᠋ᠨ ᠲᠣᠭᠣᠷᠢᠭ ᠤ᠋ᠨ 3800 ᠭᠠᠷᠤᠶ ᠡᠷᠤᠬᠡ ᠰᠠᠭᠤᠭᠠᠯᠢ ᠠᠷᠠᠳ ᠤ᠋ᠨ ᠦᠨᠳᠦᠰᠦᠨ ᠪᠠᠶ᠋ᠢᠳᠠᠯ ᠢ᠋ ᠲᠤᠳᠤᠷᠬᠠᠢ ᠤᠢᠯᠠᠭᠠᠳᠠᠭ ᠡᠴᠡ ᠬᠠᠮᠲᠤ᠌ ᠠᠵᠢᠯᠯᠠᠭᠰᠠᠳᠲᠠᠭᠠᠨ 《ᠨᠡᠶ᠋ᠢᠭᠡᠮ ᠲᠣᠭᠣᠷᠢᠭ ᠤ᠋ᠨ ᠠᠮᠢᠳᠤ ᠲᠤᠯᠢ》 ᠬᠡᠮᠡᠭᠳᠡᠪᠡ᠃
《ᠬᠡᠨ ᠤ᠋ ᠭᠡᠷᠲᠦᠨᠢ ᠵᠥᠷᠢᠴᠡᠯ ᠤᠷᠤᠰᠢᠵᠤᠪᠠᠶ᠋ᠢᠬᠤ᠂ ᠬᠡᠨ ᠤ᠋ ᠬᠢ ᠬᠠᠪᠰᠤᠷᠤᠭᠤᠯᠬᠤ ᠴᠢᠬᠤᠯᠠᠲᠠᠢ ᠪᠠᠶ᠋ᠢᠬᠤ ᠢ᠋ᠢ ᠲᠡᠷᠡ ᠪᠦᠷ ᠰᠡᠳᠬᠢᠯ ᠳ᠋ᠡᠬᠡᠨ ᠪᠤᠳᠤᠵᠤ ᠶᠠᠪᠤᠳᠠᠭ》 ᠬᠡᠵᠤ ᠬᠠᠮᠲᠤ᠌ ᠠᠵᠢᠯᠯᠠᠭᠰᠠᠳ ᠨᠢ ᠬᠡᠯᠡᠨ᠎ᠡ ᠃
ᠡᠭᠦᠨᠡᠴᠡ ᠡᠮᠦᠨ᠎ᠡ᠂ ᠯᠢ ᠰᠢᠶᠤᠤ ᠯᠢ ᠬᠠᠷᠢᠶ᠎ᠡ ᠣᠷᠣᠨ ᠤ᠋ ᠨᠢᠭᠡᠨ ᠰᠠᠭᠤᠭᠠᠯᠢ ᠡᠷᠦᠬᠡ ᠬᠡᠷ ᠪᠦᠯᠢ ᠢ᠋ᠢᠨ ᠠᠵᠤ ᠠᠬᠤᠶ ᠵᠢᠴᠢ ᠦᠷ᠎ᠡ ᠬᠡᠦᠬᠡᠳᠦᠨ ᠰᠤᠷᠭᠠᠨ ᠬᠥᠮᠦᠵᠢᠯᠦᠨ ᠠᠰᠠᠭᠤᠳᠠᠯ ᠡᠴᠡ ᠪᠣᠯᠵᠣ ᠪᠠᠶ᠋ᠢᠨ ᠳᠠᠬᠢᠨ ᠮᠠᠷᠭᠤᠯᠳᠤᠵᠤ᠂ ᠬᠣᠶᠠᠷ ᠲᠠᠯᠠᠪᠠᠷ ᠢ᠋ᠢᠡᠨ ᠠᠭᠤᠷ ᠤᠴᠠᠭᠠᠷ ᠲᠠᠢ ᠰᠡᠳᠬᠢᠯ ᠤ᠋ᠨ ᠵᠠᠩᠭᠢᠷᠠᠭ᠎ᠠ ᠲᠠᠢ ᠪᠠᠢᠬᠤ ᠢ᠋ᠢ ᠣᠶ᠋ᠢᠯᠠᠭᠠᠪᠠ᠃ ᠣᠶ᠋ᠢᠷ᠎ᠠ ᠳ᠋ᠤ᠌ ᠲᠡᠷᠡ ᠪᠠᠰᠠ ᠠᠷᠠᠳ ᠤ᠋ᠨ ᠪᠠᠶ᠋ᠢᠳᠠᠯ ᠤ᠋ᠨ ᠲᠡᠮᠳᠡᠭᠯᠡᠯ ᠤ᠋ᠨ ᠲᠡᠪᠳᠡᠷ ᠪᠠ ᠬᠠᠤᠯᠢᠵᠢᠯ ᠤ᠋ᠨ ᠬᠥᠮᠦᠵᠢᠯᠦᠨ ᠤᠬᠠᠭᠤᠯᠭ᠎ᠠ ᠢ᠋ᠢᠨ ᠬᠠᠭᠤᠳᠠᠰᠤ ᠪᠡᠨ᠌ ᠠᠪᠴᠤ᠌ ᠲᠤᠰ ᠡᠷᠤᠬᠡ ᠳ᠋ᠤ᠌ ᠬᠦᠷᠪᠡ᠃
《ᠯᠢ ᠴᠠᠭᠳᠠᠭ᠎ᠠ᠂ ᠲᠠ ᠰᠠᠭᠤᠭᠠᠴᠢ᠂ ᠡᠨᠡ ᠬᠣᠶᠠᠷ ᠡᠳᠦᠷ ᠪᠢᠳᠡ ᠬᠣᠶᠠᠷ ᠰᠡᠳᠬᠢᠯ ᠰᠠᠨᠠᠭ᠎ᠠ ᠪᠡᠨ ᠲᠠᠢᠪᠤᠰᠢᠷᠠᠭᠤᠯᠤᠭᠰᠠᠨ ᠪᠣᠯᠪᠠᠴᠤ ᠪᠠᠰᠠ ᠯᠡ ᠡᠬᠡᠳᠡᠷᠡᠬᠡᠨ ᠲᠠᠢ ᠪᠠᠢᠨ᠎ᠡ》 ᠬᠡᠵᠤ ᠡᠬᠦᠳᠡ ᠤᠷᠤᠮᠠᠭᠴᠡ ᠬᠡᠷ ᠤ᠋ᠨ ᠡᠵᠡᠭᠳᠡᠢ ᠲᠡᠭᠦᠨᠦ ᠭᠠᠷ ᠢ᠋ ᠠᠳᠬᠤᠵᠤ ᠬᠡᠯᠡᠨ᠎ᠡ᠃ ᠯᠢ ᠰᠢᠶᠤᠤ ᠯᠢ ᠠᠷᠠᠳ ᠤ᠋ᠨ ᠪᠠᠶ᠋ᠢᠳᠠᠯ ᠤ᠋ᠨ ᠲᠡᠮᠳᠡᠭᠯᠡᠯ ᠤ᠋ᠨ ᠲᠡᠪᠳᠡᠷ ᠲᠦ᠍ ᠲᠣᠳᠣᠷᠬᠠᠶ᠋ᠢᠯᠠᠭᠰᠠᠨ 《ᠤᠷᠤᠭ ᠬᠡᠷ ᠪᠦᠯᠢ ᠢ᠋ᠢᠨ ᠵᠠᠭᠤᠷᠠᠯᠳᠤᠭᠠᠨ》 ᠭᠡᠬᠦ᠌ ᠬᠠᠭᠤᠳᠠᠰᠤ ᠪᠡᠨ᠌ ᠤᠷᠪᠠᠭᠤᠯᠵᠤ᠂ ᠲᠣᠰ ᠡᠷᠦᠬᠡ ᠢ᠋ᠢᠨ ᠬᠡᠷᠲᠦ᠍ ᠠᠩᠬ᠎ᠠ ᠤᠳᠠᠭ᠎ᠠ ᠠᠶ᠋ᠢᠯᠴᠢᠯᠠᠭᠰᠠᠨ ᠴᠠᠭ᠂ ᠵᠥᠷᠢᠴᠡᠯ ᠡᠭᠦᠰᠦᠭᠰᠡᠨ ᠰᠢᠯᠲᠠᠭᠠᠨ᠂ ᠬᠣᠶᠠᠷ ᠲᠠᠯ᠎ᠠ ᠢ᠋ᠢᠨ ᠭᠤᠤᠯ ᠬᠦᠰᠡᠯ ᠱᠠᠭᠠᠷᠳᠠᠯᠭ᠎ᠠ ᠵᠢᠴᠢ ᠡᠮᠦᠨᠡᠬᠢ ᠬᠤᠭᠤᠴᠠᠭᠠᠨ ᠤ᠋ ᠵᠢᠯᠣᠭᠣᠳᠬᠤ ᠰᠠᠨᠠᠯ ᠢ᠋ ᠦᠵᠡᠪᠡ᠃ ᠲᠡᠷᠡ ᠡᠮᠦᠨᠡᠬᠢ ᠬᠤᠭᠤᠴᠠᠭᠠᠨ ᠤ᠋ ᠲᠡᠮᠳᠡᠭᠯᠡᠯᠲᠡᠶ ᠬᠠᠷᠭᠤᠭᠤᠯᠤᠨ ᠤᠢ᠌ᠷ᠎ᠠ ᠢ᠋ᠢᠨ ᠪᠠᠶ᠋ᠢᠳᠠᠯ ᠢ᠋ ᠤᠢᠯᠠᠭᠠᠵᠤ᠂ ᠶᠣᠰᠣ ᠤᠴᠢᠷ ᠪᠤᠯᠤᠨ ᠬᠠᠤᠯᠢ ᠴᠠᠭᠠᠵᠠ ᠢ᠋ᠢᠨ ᠲᠠᠯ᠎ᠠ ᠡᠴᠡ ᠬᠦᠯᠢᠴᠡᠩᠭᠦᠢᠪᠡᠷ ᠢᠳᠬᠠᠨ ᠲᠠᠢᠯᠪᠤᠷᠢᠯᠠᠭᠰᠠᠨ ᠢ᠋ᠢᠡᠷ ᠬᠣᠶᠠᠷ ᠡᠳᠡᠭᠡᠳᠵᠢᠡᠷ ᠢ᠋ᠢᠡᠨ ᠡᠴᠦᠰᠲᠡᠬᠡᠨ 《ᠰᠡᠳᠬᠢᠯᠦᠨ ᠵᠠᠩᠭᠢᠷᠠᠭ᠎ᠠ》 ᠪᠡᠨ ᠠᠯᠳᠠᠷᠠᠭᠠᠵᠤ᠂ ᠬᠣᠶ᠋ᠢᠰᠢᠳᠠ ᠤᠴᠢᠷ ᠶᠠᠪᠤᠳᠠᠯ ᠲᠤᠯᠭᠠᠷᠠᠪᠠᠯ ᠢᠯᠡᠭᠦᠬᠡᠨ ᠵᠥᠪᠳᠡᠯᠴᠡᠵᠦ᠍᠂ ᠠᠭᠤᠵᠢᠮ ᠪᠠᠭᠳᠠᠭᠠᠮᠵᠢᠳᠡᠢ ᠯᠠᠪᠳᠠᠭᠤᠨ ᠲᠤᠭᠳᠠᠭᠤᠨ ᠪᠠᠢᠬᠤᠵᠢ ᠪᠠᠳᠤᠯᠠᠨ᠎ᠠ ᠭᠡᠵᠦ᠍ ᠲᠣᠭᠲᠠᠪᠠ᠃ ᠶᠠᠪᠤᠬᠤ ᠡᠴᠡ ᠪᠡᠨ᠌ ᠡᠮᠦᠨ᠎ᠡ᠂ ᠯᠢ ᠰᠢᠶᠤᠤ ᠯᠢ ᠲᠡᠮᠳᠡᠭᠯᠡᠯ ᠤ᠋ᠨ ᠲᠡᠪᠳᠡᠷ ᠳᠡᠭᠡᠷ᠎ᠡ ᠪᠡᠨ ᠤᠢᠯᠠᠭᠠᠭᠰᠠᠨ ᠪᠠᠢᠳᠡᠯ ᠢ᠋ᠢᠡᠨ ᠨᠠᠷᠢᠨ ᠨᠢᠮᠪᠠᠢ ᠲᠡᠮᠳᠡᠭᠯᠡᠬᠦ ᠢ᠋ᠢᠨ ᠬᠠᠮᠳᠤ ᠳᠠᠷᠠᠭ᠎ᠠ ᠤᠳᠠᠭ᠎ᠠ ᠢ᠋ᠢᠨ ᠠᠶ᠋ᠢᠯᠴᠢᠯᠠᠬᠤ ᠴᠠᠭ ᠢ᠋ᠢᠡᠨ ᠲᠡᠮᠳᠡᠭᠯᠡᠵᠤ ᠲᠠᠯᠪᠢᠯᠡ᠃
ᠴᠠᠭᠳᠠᠭᠠᠨ ᠤ᠋ ᠬᠦᠴᠦᠨ ᠢ᠋ ᠨᠡᠢᠭᠡᠮ ᠲᠣᠭᠣᠷᠢᠭ ᠲᠦ᠍ ᠬᠦᠨᠵᠡᠬᠡᠢᠷᠡᠭᠦᠯᠵᠤ᠂ ᠤᠯᠠᠨ ᠲᠦᠮᠡᠨ ᠳ᠋ᠤ᠌ ᠤᠢᠯᠡᠴᠢᠯᠡᠭᠦᠯᠦᠨᠡ᠃ 《ᠪᠢᠳᠡ ᠨᠡᠶ᠋ᠢᠭᠡᠮ ᠲᠣᠭᠣᠷᠢᠭ ᠤ᠋ᠨ ᠴᠠᠭᠳᠠᠭᠠᠨ ᠤ᠋ ᠶᠠᠪᠤᠳᠠᠯ ᠤ᠋ᠨ ᠠᠵᠢᠯ ᠢ᠋ ᠦᠷᠭᠦᠯᠵᠢᠯᠡᠨ ᠭᠦᠨᠵᠡᠭᠡᠶ᠋ᠢᠷᠡᠭᠦᠯᠵᠦ᠍᠂ ᠤᠢᠯᠡᠴᠢᠯᠡᠬᠡᠨᠦ ᠵᠠᠭᠪᠤᠷ ᠢ᠋ ᠲᠠᠰᠤᠷᠠᠯᠲᠠ ᠥᠬᠡᠶ ᠰᠢᠯᠢᠳᠡᠭᠵᠢᠭᠦᠯᠵᠦ᠍᠂ 〈ᠠᠷᠠᠳ ᠤ᠋ᠨ ᠴᠠᠭᠳᠠᠭ᠎ᠠ ᠨᠡᠶ᠋ᠢᠭᠡᠮ ᠲᠣᠭᠣᠷᠢᠭ ᠲᠦ᠍ ᠪᠠᠶ᠋ᠢᠬᠤ᠂ ᠠᠷᠠᠳ ᠲᠦᠮᠡᠨ ᠳ᠋ᠤ᠌ ᠤᠢᠯᠡᠴᠢᠯᠡᠬᠦ〉 ᠢ᠋ᠢ ᠬᠡᠪᠦᠨ ᠪᠠᠶ᠋ᠢᠳᠠᠯ ᠪᠣᠯᠭᠠᠵᠤ᠂ ᠠᠮᠤᠷ ᠠᠮᠤᠭᠤᠯᠠᠩ ᠬᠢᠭᠡᠳ ᠬᠠᠶ᠋ᠢᠷ᠎ᠠ ᠬᠠᠯᠠᠮᠵᠢ ᠢ᠋ᠢ ᠣᠯᠠᠨ ᠲᠦᠮᠡᠨᠦ ᠡᠳᠦᠷ ᠲᠤᠲᠤᠮ ᠤ᠋ᠨ ᠠᠮᠢᠳᠤᠷᠠᠯ ᠳ᠋ᠤ᠌ ᠠᠭᠤᠰᠬᠠᠨ᠎ᠠ》 ᠭᠡᠵᠦ᠍ ᠰᠢ ᠮᠸᠨ ᠨᠢᠭᠡᠳᠦᠭᠡᠷ ᠲᠣᠮᠢᠯᠠᠭᠰᠠᠨ ᠰᠠᠯᠪᠤᠷᠢ ᠢ᠋ᠢᠨ ᠳᠠᠷᠤᠭ᠎ᠠ ᠭᠦᠸᠧ ᠶᠦᠨ ᠱᠧᠩ ᠬᠡᠯᠡᠵᠤ ᠪᠠᠢᠯᠡ᠃ ᠡᠨᠡ ᠵᠢᠯᠦᠨ 7 ᠰᠠᠷ᠎ᠠ ᠡᠴᠡ ᠨᠠᠭᠠᠰᠢ᠂ ᠲᠣᠰ ᠲᠤᠮᠢᠯᠠᠭᠰᠠᠨ ᠰᠠᠯᠪᠤᠷᠢ ᠨᠢᠭᠡᠨᠲᠡ 1.2 ᠲᠦᠮᠡ ᠭᠠᠷᠤᠶ ᠰᠠᠭᠤᠭᠠᠯᠢ ᠠᠷᠠᠳ ᠢ᠋ ᠰᠤᠷᠪᠤᠯᠵᠢᠯᠠᠵᠤ᠂ ᠡᠯ᠎ᠡ ᠲᠥᠷᠥᠯᠦᠨ ᠣᠷᠣᠭ ᠬᠡᠷ ᠪᠦᠯᠢ ᠢ᠋ᠢᠨ ᠵᠥᠷᠢᠴᠡᠯ ᠵᠠᠭᠤᠷᠠᠯᠳᠤᠭᠠᠨ ᠢ᠋ 16 ᠵᠢᠭᠰᠠᠭᠠᠨ ᠪᠠᠶ᠋ᠢᠴᠠᠭᠠᠵᠤ᠂ ᠰᠢᠢᠳᠪᠦᠷᠢᠯᠡᠭᠰᠡᠨ ᠨᠣᠷᠮᠠᠨᠢ 100% ᠳ᠋ᠤ ᠬᠦᠷᠴᠡᠶ᠃
ᠡᠷᠤᠬᠡ ᠪᠡᠷ ᠬᠦᠨᠵᠡᠬᠡᠢᠷᠡᠵᠤ᠂ ᠰᠡᠳᠬᠢᠯ ᠤ᠋ᠨ ᠵᠠᠩᠭᠢᠷᠠᠭ᠎ᠠ ᠢ᠋ᠢ ᠨᠢ ᠠᠯᠳᠠᠷᠠᠭᠠᠵᠤ᠂ ᠠᠮᠤᠷ ᠲᠦᠪᠰᠢᠨ ᠢ᠋ ᠨᠠᠩ ᠢᠯᠡᠭᠦᠦ ᠮᠡᠳᠡᠷᠡᠭᠦᠯᠦᠨ᠎ᠡ᠃ 《ᠲᠦᠮᠡᠨ ᠴᠠᠭᠳᠠᠭ᠎ᠠ ᠲᠦᠮᠡᠨ ᠲᠤᠤᠷᠵᠢᠯ ᠤ᠋ᠨ ᠠᠵᠢᠯᠳᠠᠨ ᠲᠦᠭ ᠲᠦᠮᠡᠨ ᠡᠷᠦᠬᠡᠳᠦ ᠬᠦᠨᠵᠡᠬᠡᠢᠷᠡᠬᠦ》 ᠲᠤᠰᠬᠠᠶ ᠠᠵᠢᠯᠯᠠᠭ᠎ᠠ ᠳᠤᠮᠳᠠ᠂ ᠲᠦᠩᠯᠢᠶᠣᠤ ᠬᠣᠲᠠ ᠢ᠋ᠢᠨ ᠳᠣᠲᠣᠭᠠᠳᠤ ᠢ᠋ᠢ ᠬᠠᠮᠠᠭᠠᠯᠠᠬᠤ ᠲᠣᠪᠴᠢᠶ᠎ᠠ ᠢ᠋ᠢᠨ ᠬᠣᠷᠴᠢᠨ ᠬᠤᠪᠢᠶᠠᠷᠢ ᠲᠣᠪᠴᠢᠶ᠎ᠠ ᠢ᠋ᠢᠨ ᠬᠢᠨ ᠨᠡᠶ᠋ᠢᠭᠡᠮ ᠲᠣᠭᠣᠷᠢᠭ ᠤ᠋ᠨ ᠴᠠᠭᠳᠠᠭᠠᠨ ᠤ᠋ ᠶᠠᠪᠤᠳᠠᠯ ᠳ᠋ᠤ᠌ ᠬᠦᠨᠵᠡᠬᠡᠢᠷᠡᠵᠤ᠂ ᠴᠠᠭᠳᠠᠭᠠᠨ ᠤ᠋ ᠬᠦᠴᠦᠨ ᠢ᠋ 《ᠨᠡᠶ᠋ᠢᠭᠡᠮ ᠲᠣᠭᠣᠷᠢᠭ ᠲᠦ᠍ ᠪᠠᠭᠤᠯᠭᠠᠬᠤ》 ᠡᠴᠡ 《ᠨᠡᠶ᠋ᠢᠭᠡᠮ ᠲᠣᠭᠣᠷᠢᠭ ᠲᠦ᠍ ᠪᠠᠶ᠋ᠢᠯᠭᠠᠬᠤ》 《ᠨᠡᠶ᠋ᠢᠭᠡᠮ ᠲᠣᠭᠣᠷᠢᠭ ᠢ᠋ ᠣᠶ᠋ᠢᠯᠠᠭᠠᠬᠤ》 《ᠨᠡᠶ᠋ᠢᠭᠡᠮ ᠲᠣᠭᠣᠷᠢᠭ ᠲᠦ᠍ ᠠᠭᠤᠰᠤᠯᠴᠠᠬᠤ》 ᠲᠡᠶ᠋ᠢᠰᠢ ᠬᠤᠪᠢᠷᠠᠭᠤᠯᠬᠤ ᠢ᠋ᠢ ᠠᠬᠢᠭᠤᠯᠪᠠ᠃ ᠤᠷᠤᠭ ᠬᠡᠷ ᠪᠦᠯᠢ ᠢ᠋ᠢᠨ ᠵᠠᠭᠤᠷᠠᠯᠳᠤᠭᠠᠨ ᠤ᠋ ᠬᠤᠪᠢ ᠢ᠋ᠢᠨ ᠨᠢᠭᠤᠴᠠ ᠴᠢᠩᠭ᠎ᠠ᠂ ᠳᠠᠬᠢᠨ ᠳᠠᠪᠲᠠᠬᠤ ᠴᠢᠨᠠᠷ ᠥᠨᠳᠥᠷ ᠪᠠᠶ᠋ᠢᠭ᠎ᠠ ᠣᠨᠴᠠᠯᠢᠭ ᠲᠦ᠍ ᠴᠢᠭᠯᠡᠭᠦᠯᠦᠨ᠂ 《ᠪᠦᠬᠦᠨ ᠢ᠋ ᠬᠠᠮᠤᠷᠤᠨ ᠵᠢᠭᠰᠠᠭᠠᠨ ᠪᠠᠶ᠋ᠢᠴᠠᠭᠠᠬᠤ᠂ ᠨᠠᠷᠢᠨ ᠲᠠᠨᠭᠰᠠ ᠪᠡᠷ ᠬᠠᠮᠢᠶᠠᠷᠬᠤ᠂ ᠣᠯᠠᠨ ᠡᠰᠢᠵᠢᠭᠦᠯᠦᠨ ᠰᠢᠢᠳᠪᠤᠷᠢᠯᠡᠬᠦ》 ᠠᠵᠢᠯ ᠤ᠋ᠨ ᠵᠠᠷᠴᠢᠮ ᠢ᠋ ᠪᠠᠷᠢᠮᠲᠠᠯᠠᠵᠤ᠂ ᠡᠷᠦᠬᠡ ᠳᠠᠷᠠᠭᠠᠯᠠᠨ ᠭᠡᠷᠲᠦᠨᠢ ᠬᠦᠷᠴᠦ᠍ ᠮᠡᠳᠡᠭᠡ ᠵᠠᠩᠭᠢ ᠴᠤᠭᠯᠠᠭᠤᠯᠤᠨ᠂ ᠬᠡᠮ ᠰᠤᠭᠤᠭ ᠢ᠋ ᠵᠢᠭᠰᠠᠭᠠᠨ ᠪᠠᠶ᠋ᠢᠴᠠᠭᠠᠵᠤ᠂ ᠦᠨᠳᠦᠰᠦᠨ ᠪᠠᠢᠳᠠᠯ ᠲᠣᠳᠣᠷᠬᠠᠶ ᠪᠠᠶ᠋ᠢᠬᠤ ᠢ᠋ᠢ ᠦᠨᠡᠨ ᠬᠦ᠌ ᠪᠠᠳᠤᠯᠠᠵᠤ ᠪᠠᠢᠨ᠎ᠡ᠃ ᠵᠢᠭᠰᠠᠭᠠᠨ ᠪᠠᠶ᠋ᠢᠴᠠᠭᠠᠵᠤ ᠭᠠᠷᠭᠠᠭᠰᠠᠨ ᠭᠡᠷ ᠪᠦᠯᠢ ᠢ᠋ᠢᠨ ᠵᠠᠭᠤᠷᠠᠯᠳᠤᠭᠠᠨ ᠳ᠋ᠤ᠌ ᠠᠵᠢᠯ ᠤ᠋ᠨ ᠳᠠᠩᠰᠠ ᠪᠠᠶ᠋ᠢᠭᠤᠯᠵᠤ᠂ 《ᠨᠢᠭᠡ ᠶᠠᠪᠤᠳᠠᠯ ᠳ᠋ᠤ᠌ ᠨᠢᠭᠡ ᠳᠠᠩᠰᠠ ᠡᠪᠬᠡᠮᠡᠯ᠂ ᠨᠢᠭᠡ ᠬᠥᠮᠦᠨᠳᠦ ᠨᠢᠭᠡ ᠠᠷᠭ᠎ᠠ ᠪᠣᠳᠣᠯᠭ᠎ᠠ》 ᠢ᠋ᠢ ᠬᠡᠷᠡᠭᠵᠢᠬᠦᠯᠪᠡ᠃ ᠲᠦᠪᠡᠭ ᠪᠤᠳᠤᠯᠢᠶᠠᠨᠲᠠᠢ ᠵᠠᠭᠤᠷᠠᠯᠳᠤᠭᠠᠨ ᠳ᠋ᠤ᠌ 《 ᠨᠢᠭᠡ ᠬᠡᠷᠡᠭᠲᠦ᠍ ᠨᠢᠭᠡ ᠲᠤᠰᠬᠠᠢ ᠠᠩᠭᠢ》 ᠪᠠᠶ᠋ᠢᠬᠤ ᠢ᠋ᠢ ᠬᠡᠷᠡᠭᠵᠢᠭᠦᠯᠵᠦ᠍᠂ ᠰᠡᠳᠬᠢᠴᠡ ᠢ᠋ᠢᠨ ᠵᠢᠯᠤᠭᠤᠳᠤᠯᠭ᠎ᠠ ᠬᠢᠬᠦ᠌᠂ ᠬᠠᠤᠯᠢᠵᠢᠯ ᠤ᠋ᠨ ᠬᠥᠮᠦᠵᠢᠯ ᠦᠷᠨᠢᠬᠦᠯᠬᠦ ᠵᠡᠷᠭᠡ ᠠᠷᠭ᠎ᠠ ᠮᠠᠶᠢᠭ ᠢ᠋ ᠶᠡᠷᠦᠩᠬᠡᠶ᠋ᠢᠯᠡᠨ ᠬᠡᠷᠡᠭᠯᠡᠵᠦ᠍ ᠲᠦᠷᠦᠯ ᠬᠤᠪᠢᠶᠠᠨ ᠠᠷᠭ᠎ᠠ ᠪᠤᠳᠤᠯᠭ᠎ᠠ ᠬᠡᠷᠡᠭᠵᠢᠬᠦᠯᠪᠡ᠃ ᠵᠦᠷᠢᠴᠡᠯ ᠰᠢᠷᠦᠬᠦᠨ ᠭᠤᠤᠯᠳᠠᠯᠭ᠎ᠠ ᠲᠠᠢ ᠵᠠᠭᠤᠷᠠᠯᠳᠤᠭᠠᠨ ᠳ᠋ᠤ᠌ ᠬᠥᠳᠡᠯᠦᠩᠭᠦᠶ ᠬᠠᠮᠢᠶᠠᠷᠤᠨ ᠡᠵᠡᠮᠳᠡᠬᠦ᠌ ᠠᠷᠭ᠎ᠠ ᠬᠡᠮᠵᠢᠶ᠎ᠡ ᠢ᠋ᠢ ᠨᠠᠶ᠋ᠢᠳᠠᠪᠤᠷᠢᠵᠢᠭᠤᠯᠵᠤ᠂ ᠲᠣᠭᠲᠠᠮᠠᠯ ᠬᠤᠭᠤᠴᠠᠭ᠎ᠠ ᠲᠠᠢᠪᠠᠷ ᠡᠷᠤᠬᠡ ᠳ᠋ᠤ᠌ ᠬᠦᠷᠴᠤ ᠰᠤᠷᠪᠤᠯᠵᠢᠯᠠᠵᠤ᠂ ᠵᠥᠷᠢᠴᠡᠯᠰᠢᠷᠦᠬᠦᠰᠬᠦ ᠢ᠋ᠢ ᠴᠢᠩᠭ᠎ᠠ ᠰᠡᠷᠭᠡᠶ᠋ᠢᠯᠡᠪᠡ᠃ ᠰᠢᠭᠦᠬᠦ᠌ ᠬᠣᠷᠢᠶ᠎ᠠ᠂ ᠬᠠᠤᠯᠢ ᠴᠠᠭᠠᠵᠠ ᠢ᠋ᠢᠨ ᠭᠠᠵᠠᠷ ᠵᠡᠷᠭᠡ ᠵᠠᠭᠤᠷᠠᠯᠳᠤᠭᠠᠨ ᠢ᠋ ᠰᠢ᠌ᠳᠪᠦᠷᠢᠯᠡᠬᠦ᠌ ᠣᠯᠠᠨ ᠡᠰᠢᠲᠦ᠍ ᠬᠦᠴᠦᠨ ᠲᠠᠢ ᠢᠳᠡᠪᠬᠢᠲᠡᠢᠪᠡᠷ ᠬᠣᠯᠪᠣᠭᠠᠯᠠᠨ ᠬᠥᠳᠡᠯᠦᠯᠴᠡᠵᠦ᠍᠂ ᠵᠥᠷᠢᠴᠡᠯ ᠵᠠᠭᠤᠷᠠᠯᠳᠤᠭᠠᠨ ᠢ᠋ ᠡᠬᠢ ᠡᠭᠦᠰᠦᠯᠡᠴᠡ ᠨᠢ ᠰᠢ᠌ᠳᠪᠦᠷᠢᠯᠡᠬᠦ᠌᠂ ᠲᠤᠬᠠᠢ ᠢ᠋ᠢᠨ ᠭᠠᠵᠠᠷᠲᠤᠨᠢ ᠰᠢ᠌ᠳᠪᠦᠷᠢᠯᠡᠬᠦ᠌ ᠢ᠋ᠢ ᠠᠬᠢᠭᠤᠯᠪᠠ᠃ ᠡᠭᠦᠨᠦ ᠬᠠᠮᠲᠤ᠌᠂ ᠲᠣᠰ ᠬᠤᠪᠢᠶᠠᠷᠢ ᠲᠤᠪᠴᠢᠶ᠎ᠡ ᠢ᠋ᠢᠨ ᠠᠷᠠᠳ ᠤ᠋ᠨ ᠴᠠᠭᠳᠠᠭ᠎ᠠ ᠲᠤᠰᠠᠯᠠᠬᠤ ᠴᠠᠭᠳᠠᠭ᠎ᠠ ᠪᠠᠰᠠ ᠮᠡᠬᠡᠯᠡᠯ ᠢ᠋ ᠡᠰᠡᠷᠭᠦᠴᠡᠵᠦ᠍ ᠬᠤᠯᠠᠭᠠᠶ ᠢ᠋ᠢ ᠰᠡᠷᠭᠡᠶ᠋ᠢᠯᠡᠬᠦ᠌᠂ ᠭᠠᠯ ᠰᠡᠷᠭᠡᠶ᠋ᠢᠯᠡᠨ ᠭᠠᠯ ᠤᠨᠲᠠᠷᠠᠭᠠᠬᠤ ᠠᠮᠤᠷ ᠲᠦᠪᠰᠢᠨ ᠵᠡᠷᠭᠡ ᠢ᠋ᠢᠨ ᠤᠬᠠᠭᠤᠯᠭ᠎ᠠ ᠢ᠋ᠢ ᠡᠷᠤᠬᠡ ᠪᠡᠷ ᠬᠦᠷᠬᠦ ᠳ᠋ᠡᠬᠡᠨ ᠤᠬᠠᠭᠤᠯᠵᠤ᠂ 《ᠨᠢᠭᠡ ᠤᠳᠠᠭ᠎ᠠ ᠡᠷᠤᠬᠡ ᠳ᠋ᠤ᠌ ᠬᠦᠷᠴᠤ᠂ ᠣᠯᠠᠨ ᠵᠦᠢᠯ ᠤ᠋ᠨ ᠤᠢᠯᠡᠴᠢᠯᠡᠬᠡ ᠬᠠᠩᠭᠠᠬᠤ》 ᠢ᠋ᠢ ᠪᠡᠶᠡᠯᠡᠭᠦᠯᠵᠦ᠍᠂ ᠣᠯᠠᠨ ᠲᠦᠮᠡᠨᠦ ᠠᠮᠤᠷ ᠲᠦᠪᠰᠢᠨᠦ ᠰᠡᠷᠭᠡᠶ᠋ᠢᠯᠡᠯᠲᠡ ᠢ᠋ᠢᠨ ᠤᠬᠠᠮᠰᠠᠷ ᠢ᠋ ᠪᠦᠲᠦᠮᠵᠢᠲᠡᠶ ᠲᠡᠭᠡᠭᠰᠢᠯᠡᠬᠦᠯᠵᠡᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃