ᠭᠣᠣᠯ ᠰᠡᠳᠦᠪᠲᠦ ᠮᠡᠳᠡᠭᠡᠯᠡᠯ > ᠵᠣᠬᠢᠶᠠᠯ᠎ᠤᠨ ᠰᠤᠷᠲᠠᠯ᠎ᠢᠶᠠᠨ ᠰᠠᠢᠵᠢᠷᠠᠭᠤᠯᠤᠶ᠎ᠠ

2026-08-23 11:02:40

ᠵᠣᠬᠢᠶᠠᠭ᠍ᠴᠢ᠄ ​ ᠪᠠᠢ ᠯᠢᠶᠠᠨ ᠣᠩᠱᠢᠭ᠍ᠰᠠᠨ ᠣᠳᠠᠭ᠎ᠠ᠄ 3

《ᠡᠨᠡ ᠳᠠᠩᠰᠠ᠎ᠶ᠋ᠢ ᠶᠠᠭᠠᠬᠢᠵᠤ ᠪᠤᠳᠤᠬᠰᠠᠨ ᠴᠸ᠋ ᠠᠰᠢᠬ ᠤᠯᠵᠠᠪᠤᠷᠢ ᠲᠠᠢ》

ᠨᠠᠮᠤᠷ᠎ᠤᠨ ᠡᠬᠢᠨ᠎ᠤ ᠨᠢᠭᠡᠨ ᠤᠳᠠᠭᠠᠨ᠎ᠤ ᠪᠣᠷᠤᠭᠠᠨ᠎ᠤ ᠳᠠᠷᠠᠭ᠎ᠠ ᠡᠪᠦᠳᠦᠭ᠎ᠲᠤᠯᠤᠮ᠎ᠠ ᠬᠠᠳᠤᠯᠠᠩ᠎ᠤᠨ ᠡᠪᠡᠰᠦ ᠤᠯᠠᠮ ᠵᠢᠡᠷ ᠴᠡᠯᠭᠡᠷᠡᠨ ᠬᠦᠭᠡᠷᠡᠵᠡᠢ᠃ ᠮᠠᠯᠴᠢᠨ ᠲᠠᠪᠰᠢᠯᠲᠤ᠌ ᠥᠪᠡᠷ᠎ᠦᠨ ᠪᠡᠯᠴᠢᠭᠡᠷ ᠳᠡᠭᠡᠷ᠎ᠡ᠎ᠪᠡᠨ ᠵᠣᠭᠰᠤᠭᠠᠳ ᠬᠤᠷᠤᠭᠤ᠎ᠲᠤᠭᠠᠯᠠᠨ ᠲᠠᠩᠰᠠ ᠪᠤᠳᠤᠵᠤ ᠦᠭᠬᠦᠯ᠎ᠠ᠄ 《ᠨᠢᠳᠤᠨᠤᠨ ᠮᠠᠨ᠎ᠤ ᠭᠡᠷ᠎ᠦᠨ 200 ᠮᠦ᠍ ᠪᠡᠯᠴᠢᠭᠡᠷ᠎ᠡᠴᠡ 700 ᠪᠣᠭᠤᠵᠢ ᠬᠠᠭᠤᠷᠠᠢ ᠡᠪᠡᠰᠦ ᠬᠠᠳᠤᠪᠠ᠂ ᠪᠤᠭᠤᠵᠢ ᠪᠦᠷᠢ 20 ᠺᠢᠯᠤᠭ᠌ᠷᠠᠮ ᠪᠠᠢᠵᠤ᠂ ᠨᠡᠶ᠋ᠢᠲᠡ 14 ᠲᠣᠨ ᠬᠤᠷᠢᠶᠠᠵᠠᠢ᠂ ᠨᠢᠭᠡ ᠪᠦᠯᠦᠭ᠎ᠢ ᠨᠢ ᠬᠤᠳᠠᠯᠳᠤᠭᠠᠳ 2.38 ᠲᠦᠮᠡᠨ ᠲᠥᠭᠦᠷᠢᠭ ᠤᠯᠤᠬᠰᠠᠨ᠂ ᠣᠳᠤ ᠡᠪᠡᠰᠦ ᠪᠣᠷᠳᠤᠭ᠎ᠠ᠎ᠶ᠋ᠢ ᠭᠠᠳᠠᠨ᠎ᠠ᠎ᠠᠴᠠ ᠬᠤᠳᠠᠯᠳᠤᠨ ᠠᠪᠬᠤ᠎ᠦᠭᠡᠢ ᠪᠣᠯᠵᠤ᠂ ᠲᠡᠵᠢᠭᠡᠯ ᠡᠪᠡᠰᠦᠨ᠎ᠦ ᠴᠢᠨᠠᠷ ᠰᠠᠢᠵᠢᠷᠠᠵᠤ᠂ ᠦᠬᠡᠷ ᠬᠣᠨᠢᠨ᠎ᠤ ᠲᠠᠷᠭᠤ ᠬᠤᠷᠳᠤᠨ ᠨᠡᠮᠡᠭᠳᠡᠬᠦ᠌ ᠪᠤᠯᠵᠠᠢ》 ᠭᠡᠪᠡ᠃

ᠭᠡᠲᠡᠯ᠎ᠡ ᠣᠯᠠᠨ ᠵᠢᠯ᠎ᠦᠨ ᠡᠮᠦᠨ᠎ᠡ ᠡᠨᠳᠡᠬᠢ ᠨᠢ ᠦᠰᠦᠳ ᠤᠨᠳᠤᠤ ᠪᠠᠢᠵᠠᠢ᠃ ᠳᠠᠪᠰᠢᠯᠲᠤ᠎ᠶ᠋ᠢᠨ ᠮᠠᠯᠵᠢᠯ᠎ᠤᠨ ᠲᠠᠯᠠᠪᠠᠢ ᠰᠢᠯᠢ᠎ᠶ᠋ᠢᠨ ᠭᠣᠤᠯ ᠠᠢᠮᠠᠭ᠎ᠤᠨ ᠡᠷᠢᠶᠡᠨ ᠬᠣᠲᠠ ᠵᠢᠨ ᠭᠡᠷᠡᠯᠲᠦ᠍ᠡᠤᠳᠤ ᠰᠤᠮᠤ᠎ᠶ᠋ᠢᠨ ᠲᠣᠯᠢ ᠭᠠᠴᠠᠭ᠎ᠠ᠎ᠳᠤ ᠪᠠᠢᠷᠢᠯᠠᠵᠤ᠂ ᠴᠦᠯᠯᠡᠷᠬᠡᠭ ᠭᠠᠵᠠᠷ ᠵᠢᠡᠷ ᠭᠤᠤᠯᠯᠠᠵᠤ᠂ ᠡᠪᠡᠰᠦ ᠪᠡᠯᠴᠢᠭᠡᠷ ᠮᠠᠭᠤᠳᠠᠨ᠂ ᠡᠯᠡᠰᠦ ᠰᠢᠷᠤᠢ ᠲᠡᠭᠳᠡᠵᠦ᠂ ᠬᠤᠷᠢᠶᠠᠬᠤ ᠡᠪᠡᠰᠦ ᠤᠯᠳᠠᠬᠤ ᠦᠭᠡᠢ ᠪᠠᠢᠵᠠᠢ᠃ ᠵᠠᠬ᠎ᠠ ᠳᠡᠯᠭᠡᠭᠦᠷ᠎ᠡᠴᠡ ᠬᠤᠳᠠᠯᠳᠤᠨ ᠠᠪᠤᠭᠰᠠᠨ ᠡᠪᠡᠰᠦᠨ᠎ᠤ ᠴᠢᠨᠠᠷ᠎ᠨᠢ ᠪᠠᠲᠤᠯᠠᠭ᠎ᠠ᠎ᠦᠭᠡᠢ᠂ ᠦᠬᠡᠷ ᠬᠣᠨᠢ ᠢᠳᠡᠬᠦ᠌ ᠳᠤᠷ᠎ᠠ᠎ᠦᠭᠡᠢ᠂ ᠬᠠᠪᠤᠷ᠎ᠤᠨ ᠲᠥᠯ ᠲᠥᠯᠯᠡᠬᠦ᠎ᠵᠢ ᠴᠸ᠋ ᠨᠥᠯᠦᠭᠡᠯᠡᠳᠡᠭ ᠪᠠᠢᠯ᠎ᠡ᠃

ᠥᠪᠡᠷ᠎ᠦᠨ ᠪᠡᠯᠴᠢᠭᠡᠷ ᠲᠡᠭᠡᠷ᠎ᠡ ᠡᠴᠡ ᠪᠡᠨ ᠲᠣᠭᠲᠠᠭᠤᠨ ᠵᠢᠡᠷ ᠡᠪᠡᠰᠦ ᠬᠤᠷᠢᠶᠠᠵᠤ ᠲᠡᠢᠯᠪᠡᠯ ᠰᠠᠶᠢ ᠰᠠᠨᠠᠭ᠎ᠠ ᠠᠮᠤᠷ ᠪᠤᠯᠵᠤ ᠴᠢᠳᠠᠨ᠎ᠠ᠃ ᠡᠢᠨ ᠬᠦ᠌ ᠳᠠᠪᠰᠢᠯᠲᠤ᠌ ᠡᠯᠡᠰᠦ᠎ᠶ᠋ᠢ ᠵᠠᠰᠠᠬᠤ᠎ᠪᠠᠷ ᠵᠣᠷᠢᠭ ᠰᠢᠭᠤᠳᠴᠠᠢ᠃ ᠬᠠᠮᠤᠭ᠎ᠤᠨ ᠶᠡᠬᠡ 《ᠲᠠᠢᠰᠤᠨ》 ᠰᠠᠯᠬᠢ ᠡᠯᠡᠰᠦ ᠵᠢ ᠵᠠᠰᠠᠬᠤ ᠪᠡᠷ ᠳᠠᠪᠰᠢᠯᠲᠤ᠌ ᠤᠷᠢᠳ ᠵᠢᠡᠷ ᠮᠣᠳᠤ ᠲᠠᠷᠢᠬᠤ᠎ᠪᠠᠷ ᠰᠢᠢᠳᠴᠡᠢ᠃ 2014 ᠣᠨ᠎ᠳᠤ᠂ ᠲᠡᠷᠡ ᠶᠠᠭᠤᠨ᠎ᠤ ᠡᠮᠦᠨ᠎ᠡ ᠪᠡᠯᠴᠢᠭᠡᠷ᠎ᠤᠨ ᠵᠢᠡᠨ ᠲᠠᠭᠡᠷ᠎ᠡ ᠵᠠᠬ᠎ᠠ ᠪᠡᠷ ᠬᠠᠢᠯᠠᠰᠤᠨ ᠮᠣᠳᠤ ᠵᠡᠷᠭᠡ ᠲᠤᠷᠤᠭ ᠮᠣᠳᠤ ᠲᠠᠷᠢᠵᠤ ᠰᠠᠯᠬᠢ᠎ᠶ᠋ᠢ ᠬᠠᠯᠬᠠᠯᠠᠪᠠ᠃ ᠵᠠᠯᠭᠠᠭᠠᠳ ᠲᠤᠷᠤᠭ ᠮᠣᠳᠤᠨ᠎ᠤ ᠳᠣᠤᠷ᠎ᠠ ᠵᠠᠭ ᠮᠣᠳᠤ᠂ ᠴᠢᠴᠠᠷᠭᠠᠨ᠎ᠠ ᠵᠡᠷᠭᠡ ᠪᠣᠳᠠ ᠮᠣᠳᠤ ᠎ᠶ᠋ᠢ ᠨᠥᠬᠦᠨ ᠲᠠᠷᠢᠪᠠ᠃ ᠪᠤᠲᠠ ᠮᠣᠳᠤᠨ ᠎ᠤ ᠤᠷᠭᠤᠴᠠ ᠲᠦᠷᠭᠡᠨ ᠪᠦᠭᠡᠳ ᠬᠦᠨ ᠦᠨᠳᠦᠰᠦ ᠬᠠᠳᠬᠤᠳᠠᠭ ᠡᠴᠡ ᠡᠯᠡᠰᠦ ᠎ᠶ᠋ᠢ ᠲᠤᠭᠳᠠᠪᠤᠷᠢᠵᠢᠭᠤᠯᠵᠤ ᠴᠢᠳᠠᠳᠠᠭ ᠠᠵᠢ᠃ 2017 ᠣᠨ᠎ᠳᠤ᠂ ᠲᠡᠷᠡ 500 ᠮᠦ᠍ ᠲᠡᠵᠢᠭᠡᠯ ᠪᠣᠷᠳᠤᠭ᠎ᠠ᠎ᠵᠢᠨ ᠭᠠᠵᠠᠷ ᠵᠢᠡᠨ ᠰᠦᠷᠴᠢᠨ ᠤᠰᠤᠯᠠᠬᠤ ᠪᠤᠯᠭᠠᠵᠤ᠂ ᠬᠥᠮᠦᠨ᠎ᠦ ᠬᠦᠴᠦ᠎ᠪᠡᠷ ᠡᠪᠡᠰᠦ ᠪᠣᠷᠳᠤᠭ᠎ᠠ ᠲᠠᠷᠢᠪᠠ᠃ ᠨᠤᠲᠤᠭ ᠪᠡᠯᠴᠢᠭᠡᠷ ᠨᠢ ᠠᠭᠠᠵᠢᠮ᠎ᠵᠢᠡᠷ ᠰᠡᠷᠭᠦᠵᠦ᠍ ᠡᠬᠢᠯᠡᠭᠰᠡᠨ ᠪᠣᠯᠪᠠᠴᠤ᠌ ᠡᠪᠡᠰᠦ ᠪᠡᠯᠴᠢᠭᠡᠷ ᠮᠥᠨ ᠰᠡᠢᠷᠡᠭ ᠪᠠᠢᠯ᠎ᠠ᠃

2020 ᠣᠨ᠎ᠳᠤ ᠡᠴᠦᠰ ᠲᠡᠭᠡᠨ ᠡᠷᠬᠢᠯᠲᠡ ᠭᠠᠷᠪᠠ᠃ ᠲᠠᠪᠰᠢᠯᠲᠤ᠎ᠶ᠋ᠢᠨ ᠬᠢᠨ ᠮᠸᠩ ᠼᠤᠤ ᠪᠦᠯᠦᠭᠯᠡᠯ᠎ᠦᠨ ᠴᠦᠯᠯᠡᠷᠬᠡᠭ ᠨᠤᠲᠤᠭ ᠪᠡᠯᠴᠢᠭᠡᠷ ᠎ᠢ ᠵᠠᠰᠠᠨ ᠰᠡᠷᠭᠦᠭᠡᠬᠦ᠌ ᠵᠢᠱ᠌ᠢᠶ᠎ᠡ ᠦᠵᠡᠭᠦᠯᠬᠦ᠌ ᠡᠷᠦᠬᠡ᠎ᠪᠠᠷ ᠰᠣᠩᠭᠤᠭᠳᠠᠵᠤ᠂ ᠰᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠵᠢᠡᠷ ᠲᠤᠯᠭᠠᠭᠤᠷᠢᠯᠠᠯ ᠪᠤᠯᠭᠠᠬᠰᠠᠨ 《ᠠᠮᠢ ᠠᠬᠤᠢ᠎ᠶ᠋ᠢ ᠰᠡᠷᠭᠦᠭᠡᠬᠦ᠌ ᠳᠠᠢᠨ》 ᠡᠨᠳᠡ ᠡᠴᠡ ᠡᠬᠢᠯᠡᠪᠡ᠃ ᠮᠡᠷᠭᠡᠵᠢᠯ᠎ᠤᠨ ᠠᠵᠢᠯᠲᠠᠳ 900 ᠺᠢᠯᠤᠭ᠌ᠷᠠᠮ ᠦᠷ᠎ᠡ ᠪᠠ ᠬᠠᠭᠠᠯᠪᠤᠷᠢᠯᠠᠬᠤ᠎ᠦᠭᠡᠢ ᠪᠡᠷ ᠨᠥᠬᠦᠨ ᠲᠠᠷᠢᠬᠤ ᠮᠠᠰᠢᠨ᠎ᠢ ᠠᠪᠴᠤ᠌ ᠢᠷᠡᠭᠡᠳ᠂ 《ᠠᠵᠤ ᠠᠬᠤᠶ᠋ᠢᠯᠠᠯ + ᠮᠠᠯᠵᠢᠬᠤ ᠡᠷᠦᠬᠡ》 ᠵᠢᠨ ᠵᠠᠭᠪᠤᠷ᠎ᠪᠦᠬᠦᠢ 300 ᠮᠦ᠍ ᠨᠤᠲᠤᠭ ᠪᠡᠯᠴᠢᠭᠡᠷ᠎ᠢ ᠪᠦᠳᠦᠭᠡᠨ ᠪᠠᠶ᠋ᠢᠭᠤᠯᠤᠭᠰᠠᠨ ᠪᠠᠶ᠋ᠢᠨ᠎ᠠ᠃

《ᠥᠩᠭᠡᠷᠡᠭᠰᠡᠨ᠎ᠦ ᠲᠦᠬᠦᠮᠭᠡᠨ ᠵᠢᠡᠷ 〈ᠦᠷ᠎ᠡ ᠰᠠᠴᠤᠵᠤ ᠲᠠᠷᠢᠬᠤ〉 ᠲᠠᠢ ᠠᠳᠠᠯᠢ᠎ᠦᠭᠡᠢ᠂ ᠡᠨᠡ ᠪᠣᠯ 〈ᠨᠢᠭᠡ ᠭᠠᠵᠠᠷ ᠲᠸ᠋ ᠨᠢᠭᠡ ᠵᠦᠢᠯ ᠎ᠢ ᠲᠠᠷᠢᠬᠤ〉 ᠢᠵᠢ ᠲᠥᠰᠦᠯ ᠪᠣᠯᠤᠨ᠎ᠠ》 ᠬᠡᠵᠦ ᠰᠢᠨᠵᠢᠯᠡᠬᠦ᠌ ᠤᠬᠠᠭᠠᠨ᠎ᠤ ᠰᠤᠳᠤᠯᠭᠠᠨ᠎ᠤ ᠪᠦᠯᠭᠦᠮ᠎ᠦᠨ ᠬᠠᠷᠢᠭᠤᠴᠠᠯᠭᠠᠲᠠᠨ ᠴᠧᠨ ᠰᠢᠶᠠᠩ ᠰᠤᠷᠪᠤᠯᠵᠢᠯᠠᠭᠴᠢ ᠎ᠳᠤ ᠬᠡᠯᠡᠬᠦ ᠎ᠳᠡᠭᠡᠨ᠂ ᠳᠠᠪᠰᠢᠯᠲᠤ ᠎ᠶ᠋ᠢᠨ ᠨᠤᠲᠤᠭ ᠪᠡᠯᠴᠢᠭᠡᠷ ᠎ᠦᠨ ᠬᠤᠷ᠎ᠠ ᠲᠤᠨᠳᠠᠰᠤᠨ᠎ᠤ ᠬᠡᠮᠵᠢᠶ᠎ᠡ᠂ ᠬᠥᠷᠦᠰᠦ ᠰᠢᠷᠤᠢ᠎ᠶ᠋ᠢᠨ ᠲᠥᠷᠦᠯ ᠬᠡᠯᠪᠡᠷᠢ᠂ ᠲᠠᠴᠢᠷᠳᠠᠭᠰᠠᠨ ᠬᠡᠮᠵᠢᠶ᠎ᠡ ᠵᠡᠷᠭᠡ ᠵᠢ ᠦᠨᠳᠦᠰᠦᠯᠡᠨ ᠲᠠᠷᠢᠬᠤ ᠦᠷ᠎ᠡ ᠵᠢ ᠰᠤᠩᠭᠤᠨ ᠲᠤᠭᠳᠠᠭᠠᠭᠰᠠᠨ ᠪᠠᠢᠨ᠎ᠠ᠃ ᠡᠯᠡᠰᠦᠷᠭᠡᠭ ᠭᠠᠵᠠᠷ ᠲᠸ᠋ ᠲᠤᠬᠢᠷᠠᠮᠵᠢᠳᠠᠢ ᠶᠦᠷᠭᠦᠭ ᠡᠪᠡᠰᠦ ᠪᠡᠷ ᠡᠯᠡᠰᠦ᠎ᠶ᠋ᠢ ᠲᠣᠭᠲᠠᠪᠤᠷᠢᠵᠢᠭᠤᠯᠬᠤ᠂ ᠮᠤᠩᠭᠤᠯ ᠶᠥᠷᠭᠦᠭ ᠡᠪᠡᠰᠦ ᠪᠡᠷ ᠤᠨᠠᠯᠳᠠ᠎ᠶ᠋ᠢ ᠪᠠᠳᠤᠯᠠᠬᠤ᠂ ᠮᠣᠷᠢᠨ ᠬᠤᠨᠴᠢᠷ ᠵᠢᠡᠷ ᠪᠣᠷᠳᠤᠭ᠎ᠠ ᠨᠡᠮᠡᠭᠳᠡᠭᠦᠯᠬᠦ᠂ ᠬᠦᠷᠡᠩ ᠴᠠᠷᠭᠠᠰᠤ ᠪᠡᠷ ᠰᠢᠯᠢᠳᠡᠭ ᠲᠡᠵᠢᠭᠡᠯ ᠡᠪᠡᠰᠦ ᠭᠠᠷᠭᠠᠬᠤ ᠵᠡᠷᠬᠡ 4 ᠵᠦᠢᠯ ᠎ᠤᠨ ᠡᠪᠡᠰᠦᠨ᠎ᠤ ᠦᠢᠯᠡᠳᠦᠯ ᠬᠤᠪᠢᠶᠠᠷᠢᠯᠠᠯ ᠲᠣᠳᠤᠷᠬᠠᠢ ᠪᠠᠢᠵᠤ᠂ ᠭᠤᠷᠪᠠ᠎ᠠᠴᠠ ᠲᠠᠪᠤᠨ ᠵᠢᠯ᠎ᠦᠨ ᠬᠣᠭᠤᠷᠤᠨᠳᠤ ᠲᠣᠭᠲᠠᠪᠤᠷᠢᠵᠢᠭᠤᠯᠵᠠᠢ᠃ ᠡᠨᠡ ᠪᠣᠯ ᠳᠠᠷᠤᠢ 《ᠠᠮᠢ ᠠᠬᠤᠢ᠎ᠶ᠋ᠢᠨ ᠦᠷ᠎ᠡ᠎ᠶ᠋ᠢᠨ ᠪᠠᠭᠯᠠᠭ᠎ᠠ》 ᠪᠡᠷ ᠰᠡᠯᠪᠢᠨ ᠵᠠᠰᠠᠬᠤ ᠮᠡᠷᠭᠡᠵᠢᠯ ᠪᠣᠯᠤᠨ᠎ᠠ᠃ ᠳᠠᠪᠰᠢᠯᠲᠤ᠎ᠶ᠋ᠢᠨ ᠬᠢᠨ᠎ᠤ 300 ᠮᠦ᠍ ᠲᠤᠷᠰᠢᠯᠲᠠ᠎ᠶ᠋ᠢᠨ ᠭᠠᠵᠠᠷ ᠎ᠠᠴᠠ ᠣᠳᠤ 3300 ᠲᠦᠮᠡᠨ ᠮᠦ᠍ ᠰᠢᠬᠠᠮ ᠪᠡᠯᠴᠢᠬᠡᠷ᠎ᠲᠦ ᠡᠨᠡ ᠬᠦ᠌ ᠮᠡᠷᠬᠡᠵᠢᠯ ᠵᠢᠨᠷ ᠳᠤᠷᠰᠢᠨ ᠳᠠᠷᠢᠵᠦ ᠪᠠᠢᠨ᠎ᠠ᠃

2026 ᠣᠨ᠎ᠳᠤ᠂ ᠮᠸᠩ ᠼᠤᠤ ᠪᠦᠯᠦᠭᠯᠡᠯ᠎ᠢᠶᠡᠷ ᠲᠤᠯᠤᠭᠠᠢᠯᠠᠭᠤᠯᠤᠭᠰᠠᠨ ᠡᠪᠡᠰᠦᠨ᠎ᠦ ᠦᠢᠯᠡᠰ᠎ᠦᠨ ᠤᠯᠤᠰ᠎ᠤᠨ ᠮᠡᠷᠭᠡᠵᠢᠯ᠎ᠦᠨ ᠰᠢᠨ᠎ᠡ᠎ᠶᠢ ᠡᠭᠦᠳᠬᠦ᠌ ᠲᠥᠪ ᠵᠢᠩᠬᠢᠨᠢ᠎ᠪᠡᠷ ᠵᠥᠪᠰᠢᠶᠡᠷᠡᠭᠳᠡᠵᠡᠢ᠃ ᠲᠤᠰ ᠲᠦᠪ ᠨᠢ ᠢᠷᠡᠭᠡᠳᠦᠢ ᠎ᠳᠦ 《4+5》 ᠬᠠᠮᠵᠢᠯᠴᠠᠨ ᠰᠢᠨ᠎ᠡ᠎ᠶᠢ ᠡᠭᠦᠳᠬᠦ᠌ ᠵᠠᠭᠪᠤᠷ᠎ᠢ ᠬᠡᠷᠡᠭᠯᠡᠵᠦ᠍᠂ ᠡᠨᠡ ᠬᠦ᠌ ᠲᠠᠯ᠎ᠠ ᠨᠤᠲᠤᠭ᠎ᠲᠸ᠋ ᠪᠤᠢ ᠪᠣᠯᠤᠭᠰᠠᠨ ᠮᠡᠷᠭᠡᠵᠢᠯ᠎ᠢ ᠦᠷ᠎ᠠ ᠡᠳ᠋᠎ᠤᠨ ᠰᠢᠨ᠎ᠡ᠎ᠶᠢ ᠡᠭᠦᠳᠬᠦ᠌᠂ ᠲᠣᠨᠣᠭᠯᠠᠯ᠎ᠢ ᠰᠤᠳᠤᠯᠤᠨ ᠨᠡᠭᠡᠭᠡᠬᠦ᠌ ᠡᠴᠡ ᠢᠨᠵᠧᠨᠧᠷᠢᠩ᠎ᠳ᠋ᠤ ᠬᠡᠷᠡᠭᠯᠡᠬᠦ ᠪᠦᠷᠢᠨ ᠪᠦᠲᠦᠨ ᠬᠡᠯᠬᠢᠢ᠎ᠡ ᠎ᠳᠦ ᠣᠷᠣᠭᠤᠯᠵᠤ᠂ ᠰᠠᠢ᠌ᠨ ᠮᠡᠷᠭᠡᠵᠢᠯ᠎ᠢ ᠨᠡᠩ ᠲᠦᠷᠭᠡᠨ ᠵᠢᠡᠷ ᠶᠡᠬᠡ ᠬᠡᠪᠴᠢᠶᠡᠨ᠎ᠤ ᠵᠠᠰᠠᠯᠳᠠ ᠳ᠋ᠤ ᠦᠢᠯᠡᠴᠢᠯᠡᠬᠦᠯᠬᠦ ᠪᠤᠯᠤᠨ᠎ᠠ᠃

ᠤᠳᠤ ᠳᠠᠪᠰᠢᠯᠲᠤ᠎ᠶᠢᠨ ᠬᠢᠨ 400 ᠮᠦ᠍ ᠤᠢᠳᠤ ᠭᠠᠵᠠᠷ᠂ 800 ᠮᠦ᠍ ᠬᠠᠳᠤᠯᠠᠩ᠎ᠲᠠᠶ ᠪᠣᠯᠤᠭᠰᠠᠨ ᠪᠠᠢᠨ᠎ᠠ᠃ ᠲᠠᠷᠢᠶᠠᠨ ᠦᠵᠦᠭᠦᠷ᠎ᠡᠴᠡ ᠪᠠᠷᠠᠯᠠᠬᠤ ᠎ᠳᠤ ᠡᠪᠡᠰᠦ ᠮᠤᠳᠤ ᠢᠭᠴᠤᠷᠠᠵᠤ᠂ ᠤᠷᠢᠬᠠᠨ ᠰᠠᠯᠬᠢᠨ᠎ᠤ ᠠᠶ᠎ᠠ ᠪᠡᠷ ᠡᠪᠡᠰᠤᠨ᠎ᠤ ᠲᠤᠯᠤᠭᠠᠢ ᠨᠠᠢᠭᠤᠯᠵᠠᠨ᠎ᠠ᠃

ᠳᠠᠪᠰᠢᠯᠲᠤ᠌ ᠪᠠᠰᠠ 《ᠤᠷᠲᠤ᠌ ᠬᠤᠭᠤᠴᠠᠭᠠᠨ᠎ᠤ ᠠᠰᠢᠭ ᠬᠦᠷᠳᠡᠬᠦ ᠨᠠᠷᠢᠨ ᠳᠠᠩᠰᠠ》 ᠵᠢ ᠪᠣᠳᠣᠵᠤ ᠦᠭᠴᠠᠢ᠃ 2014 ᠣᠨ᠎ᠳᠤ ᠠᠩᠬᠠᠨ᠎ᠤ ᠨᠢᠭᠡ ᠰᠠᠭᠤᠷᠢ ᠮᠣᠳᠣ ᠵᠢ ᠳᠠᠷᠢᠭᠰᠠᠨ᠎ᠠᠴᠠ 2022 ᠣᠨ᠎ᠳᠤ ᠲᠣᠭᠲᠠᠪᠤᠷᠢᠲᠠᠶ ᠬᠠᠳᠤᠯᠠᠩ ᠪᠤᠯᠭᠠᠳᠠᠯ᠎ᠠ 8 ᠵᠢᠯ᠎ᠦᠨ ᠬᠤᠭᠤᠴᠠᠭᠠᠨ ᠳ᠋ᠤ ᠪᠠᠭ᠎ᠠ ᠪᠤᠰᠤ ᠵᠠᠷᠤᠯᠭ᠎ᠠ ᠭᠠᠷᠭᠠᠵᠠᠢ᠃ ᠭᠡᠪᠡᠴᠦ᠍ ᠮᠣᠳᠣ ᠡᠳᠡᠭᠡᠷᠡᠭᠰᠡᠨ᠎ᠦ ᠳᠠᠷᠠᠭ᠎ᠠ ᠬᠡᠳᠦᠨ ᠠᠷᠪᠠᠨ ᠵᠢᠯ ᠬᠠᠮᠢᠶᠠᠷᠬᠤ ᠴᠢᠬᠤᠯᠠ ᠦᠭᠡᠢ ᠂ ᠤᠯᠠᠨ ᠵᠢᠯ᠎ᠦᠨ ᠲᠡᠵᠢᠭᠡᠯ ᠡᠪᠡᠰᠦ᠎ᠶᠢ ᠤᠷᠭᠤᠭᠤᠯᠤᠭᠠᠳ ᠠᠮᠵᠢᠯᠲᠠ ᠣᠯᠤᠭᠰᠠᠨ᠎ᠤ ᠳᠠᠷᠠᠭ᠎ᠠ ᠵᠢᠯ᠎ᠪᠤᠯᠭᠠᠨ ᠨᠥᠬᠥᠵᠦ᠍ ᠳᠠᠷᠢᠬᠤ ᠴᠢᠬᠤᠯᠠ ᠥᠬᠡᠶ ᠪᠤᠯᠬᠤᠷ ᠬᠤᠢᠰᠢᠳᠠ ᠵᠢᠨ ᠬᠠᠮᠠᠭᠠᠯᠠᠯᠳᠠ ᠵᠢᠨ ᠥᠪᠡᠷ᠎ᠦᠨ ᠥᠷᠲᠡᠭ ᠨᠢ ᠮᠠᠰᠢ ᠳᠤᠤᠷ᠎ᠠ᠂ ᠭᠠᠷᠤᠯᠲᠠ ᠨᠢ ᠬᠠᠷᠢᠨ ᠣᠷᠳᠣ ᠬᠤᠭᠤᠴᠠᠭᠠᠨ᠎ᠤ ᠪᠠᠶ᠋ᠢᠳᠠᠭ ᠭᠡᠯ᠎ᠡ᠃

《8 ᠵᠢᠯ᠎ᠦᠨ ᠪᠠᠯᠠ ᠣᠷᠣᠭᠤᠯᠤᠯᠲᠠ᠎ᠨᠢ ᠬᠤᠢᠨᠠᠬᠢ ᠬᠡᠳᠦᠨ ᠠᠷᠪᠠᠨ ᠵᠢᠯ᠎ᠤᠨ ᠡᠪᠡᠰᠦ ᠪᠣᠷᠳᠣᠭ᠎ᠠ᠎ᠶᠢᠨ ᠵᠠᠷᠤᠳᠠᠯ᠎ᠢ ᠠᠷᠪᠢᠯᠠᠭᠰᠠᠨ ᠪᠥᠭᠡᠳ ᠲᠠᠯ᠎ᠠ ᠨᠤᠲᠤᠭ᠎ᠤᠨ ᠠᠮᠢ ᠠᠬᠤᠶ᠎ᠶᠢ ᠬᠠᠮᠠᠭᠠᠯᠠᠭᠰᠠᠨ ᠪᠠᠢᠨ᠎ᠠ᠃ ᠡᠪᠡᠰᠤ ᠪᠡᠯᠴᠢᠭᠡᠷ ᠰᠠᠢᠵᠢᠷᠠᠵᠤ᠂ ᠮᠠᠯ ᠦᠷᠡᠵᠢᠵᠦ᠍᠂ ᠣᠷᠣᠯᠭ᠎ᠠ ᠴᠦ᠍ ᠨᠠᠮᠡᠭᠳᠡᠭᠰᠡᠨ ᠪᠠᠶ᠋ᠢᠨ᠎ᠠ》 ᠭᠡᠵᠦ᠍ ᠳᠠᠪᠰᠢᠯᠲᠤ᠌ ᠢᠨᠢᠶᠡᠮᠰᠦᠭᠯᠡᠨ ᠬᠡᠯᠡᠬᠦ᠌᠎ᠳᠡᠭᠡᠨ᠄ 《ᠡᠨᠡ ᠲᠠᠩᠰᠠ᠎ᠶᠢ ᠶᠠᠭᠠᠬᠢᠵᠤ ᠪᠤᠳᠤᠭᠰᠠᠨ ᠴᠤ᠌ ᠤᠯᠵᠠ ᠲᠠᠢ ᠶᠤᠮ!》 ᠭᠡᠪᠡ᠃

《ᠪᠢᠳᠡ 〈ᠠᠵᠤ ᠠᠬᠤᠢᠯᠠᠯ ᠠᠰᠠᠭᠤᠳᠠᠯ ᠲᠤᠷᠠᠳᠬᠤ᠂ ᠤᠯᠠᠨ ᠲᠠᠯ᠎ᠠ᠎ᠶᠢᠨ ᠬᠢᠨ ᠬᠠᠮᠲᠤᠷᠠᠯᠴᠠᠨ ᠪᠣᠭᠣᠮᠲᠠ ᠰᠢᠪᠲᠤᠯᠵᠤ ᠠᠰᠠᠭᠤᠳᠠᠯ᠎ᠢ ᠰᠢ᠌ᠳᠪᠦᠷᠢᠯᠡᠬᠦ〉 ᠵᠠᠭᠪᠤᠷ ᠎ᠢ ᠬᠡᠷᠡᠭᠵᠢᠬᠦᠯᠵᠦ᠂ ᠰᠢᠨᠵᠢᠯᠡᠬᠦ᠌ ᠤᠬᠠᠭᠠᠨ᠎ᠤ ᠰᠤᠳᠤᠯᠭᠠᠨ ᠵᠢᠡᠨ ᠠᠵᠤ ᠦᠢᠯᠡᠰ᠎ᠦᠨ ᠬᠡᠷᠡᠭᠴᠡᠭᠡ ᠳ᠋ᠤ ᠴᠢᠭᠯᠡᠬᠦᠯᠵᠦ ᠂ ᠦᠷ᠎ᠡ ᠪᠦᠲᠦᠭᠡᠯ ᠎ᠢ ᠦᠳᠲᠡᠷ ᠲᠦᠷᠭᠡᠨ ᠵᠢᠡᠷ ᠠᠵᠤ ᠦᠢᠯᠡᠰ᠎ᠦᠨ ᠬᠡᠯᠬᠢᠶ᠎ᠡ᠎ᠳᠦ ᠣᠷᠣᠭᠤᠯᠬᠤ ᠪᠠᠷ ᠴᠢᠷᠮᠠᠶ᠋ᠢᠨ᠎ᠠ》 ᠭᠡᠵᠦ ᠡᠪᠡᠰᠦᠨ᠎ᠦ ᠦᠢᠯᠡᠰ᠎ᠦᠨ ᠤᠯᠤᠰ᠎ᠤᠨ ᠮᠡᠷᠭᠡᠵᠢᠯ᠎ᠦᠨ ᠰᠢᠨ᠎ᠡ᠎ᠶᠢ ᠡᠭᠦᠳᠬᠦ᠌ ᠲᠥᠪ᠎ᠦᠨ ᠳᠡᠳ᠋ ᠶᠡᠷᠦᠩᠬᠡᠢ ᠳᠠᠭᠠᠭᠠᠮᠠᠯ ᠴᠧᠨ ᠷᠦᠢ ᠵᠢᠦᠸᠠᠢ ᠬᠡᠯᠡᠭᠰᠡᠨ ᠵᠢᠡᠨ᠄ 《ᠡᠪᠡᠰᠦᠨ ᠎ᠦ ᠦᠢᠯᠡᠰ᠎ᠦᠨ ᠰᠢᠨ᠎ᠡ ᠴᠢᠨᠠᠷ᠎ᠦᠨ ᠦᠢᠯᠡᠳᠪᠦᠷᠢᠯᠡᠯ᠎ᠦᠨ ᠬᠦᠴᠦᠨ᠎ᠢ ᠬᠥᠭᠵᠢᠭᠦᠯᠬᠦ᠌᠎ᠳᠦ ᠦᠷ᠎ᠠ᠎ᠡᠳ᠋᠎ᠤᠨ ᠰᠢᠨ᠎ᠡ ᠎ᠶᠢ ᠡᠭᠦᠳᠬᠦ᠌ ᠡᠴᠡ ᠲᠣᠨᠣᠭᠯᠠᠯ᠎ᠤᠨ ᠰᠤᠳᠤᠯᠤᠨ ᠨᠡᠭᠡᠭᠡᠯᠳᠡ᠂ ᠢᠨᠵᠧᠨᠧᠷᠢᠩ ᠎ᠳ᠋ᠤ ᠬᠡᠷᠡᠭᠯᠡᠬᠦ ᠠᠵᠤ ᠦᠢᠯᠡᠰ᠎ᠦᠨ ᠦᠢᠯᠡᠴᠢᠯᠡᠭᠡ ᠵᠢᠨ ᠪᠢᠲᠡᠭᠦᠦ ᠴᠠᠭᠠᠷᠢᠭ ᠎ᠢ ᠪᠦᠷᠢᠯᠳᠦᠭᠦᠯᠬᠦ ᠬᠡᠷᠡᠭᠳᠡᠢ᠃ ᠪᠢᠳᠡ 〈ᠨᠢᠭᠡ ᠰᠢᠷᠭᠡᠭ ᠡᠪᠡᠰᠦ〉 ᠵᠢ ᠨᠢᠭᠡ ᠬᠡᠰᠡᠭ ᠠᠮᠢ ᠠᠬᠤᠢ ᠪᠤᠯᠭᠠᠨ ᠬᠦᠭᠵᠢᠬᠦᠯᠵᠦ᠂ ᠤᠯᠤᠰ᠎ᠤᠨ ᠴᠢᠬᠤᠯᠠ ᠶᠡᠬᠡ ᠪᠠᠶ᠋ᠢᠯᠳᠤᠬᠤ ᠪᠤᠳᠤᠯᠭ᠎ᠠ᠎ᠶᠢᠨ ᠬᠡᠷᠡᠭᠴᠡᠭᠡ ᠎ᠳᠦ ᠠᠩᠬᠠᠷᠤᠯ᠎ᠢᠶᠠᠨ ᠲᠥᠪᠯᠡᠷᠡᠭᠦᠯᠵᠦ᠍᠂ ᠡᠪᠡᠰᠦᠨ᠎ᠦ ᠦᠢᠯᠡᠰ᠎ᠦᠨ ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠬᠦᠴᠦᠷᠬᠡᠭ ᠤᠯᠤᠰ᠎ᠤᠨ ᠪᠠᠢᠭᠤᠯᠤᠯᠳᠠ ᠳ᠋ᠤ ᠳᠤᠮᠳᠠᠳᠤ ᠤᠯᠤᠰ᠎ᠤᠨ ᠵᠠᠭᠪᠤᠷ᠎ᠢ ᠡᠭᠦᠳᠴᠦ᠍᠂ ᠳᠤᠮᠳᠠᠳᠤ ᠤᠯᠤᠰ᠎ᠤᠨ ᠪᠠᠷᠢᠮᠵᠢᠶ᠎ᠠ᠎ᠶᠢ ᠲᠣᠭᠲᠠᠭᠠᠵᠤ᠂ ᠳᠤᠮᠳᠠᠳᠤ ᠤᠯᠤᠰ᠎ᠤᠨ ᠲᠥᠰᠦᠯ ᠎ᠢ ᠬᠠᠩᠭᠠᠨ᠎ᠠ》 ᠭᠡᠵᠦ᠍ ᠬᠡᠯᠡᠪᠡ᠃

[ ᠰᠤᠷᠪᠤᠯᠵᠢᠯᠠᠭᠴᠢ᠎ᠶᠢᠨ ᠡᠪᠤᠷ ᠲᠡᠮᠳᠡᠭᠯᠡᠯ]


ᠣᠯᠠᠨ ᠵᠢᠯ ᠡᠯᠡᠰᠦᠷᠬᠡᠭ ᠭᠠᠵᠠᠷ᠎ᠢ ᠵᠠᠰᠠᠭᠰᠠᠨ ᠬᠠᠮᠤᠭ᠎ᠤᠨ ᠶᠡᠬᠡ ᠲᠥᠷᠥᠭᠳᠡᠯ ᠶᠠᠭᠤ ᠪᠤᠢ ? ᠭᠡᠪᠡᠯ᠂ ᠳᠠᠪᠰᠢᠯᠲᠤ᠌᠄ 《ᠲᠡᠰᠪᠤᠷᠢ ᠲᠠᠪᠴᠢᠶᠡᠷᠢ ᠲᠡᠶ ᠪᠠᠶ᠋ᠢᠬᠤ ᠬᠡᠷᠡᠭᠲᠡᠢ᠃ ᠲᠤᠬᠠᠢ᠎ᠶᠢᠨ ᠵᠢᠯ ᠎ᠳᠦ ᠠᠩᠬᠠᠨ᠎ᠤ ᠨᠢᠭᠡ ᠰᠠᠭᠤᠷᠢ ᠮᠣᠳᠣ᠎ᠵᠢ ᠲᠠᠷᠢᠬᠤ ᠦᠶᠡᠰ ᠴᠥᠭᠡᠨ ᠪᠤᠰᠤ ᠬᠥᠮᠦᠨ ᠨᠠᠮᠠᠶ᠋ᠢ ᠲᠠᠯᠠᠭᠠᠷ ᠠᠵᠢᠯ ᠬᠢᠵᠤ ᠪᠠᠢᠨ᠎ᠠ ᠬᠡᠵᠤ ᠵᠢᠮᠡᠯᠡᠵᠤ ᠪᠠᠢᠭᠰᠠᠨ᠂ ᠲᠦᠷᠦᠭᠦᠦ ᠬᠡᠳᠦᠨ ᠵᠢᠯ ᠦᠨᠡᠬᠡᠷ ᠶᠠᠮᠠᠷ ᠴᠤ᠌ ᠦᠷ᠎ᠡ ᠪᠦᠲᠦᠮᠵᠢ ᠭᠠᠷᠤᠭᠰᠠᠨ ᠦᠭᠡᠢ ᠂ ᠮᠣᠳᠣ ᠵᠢᠵᠢᠭ ᠡᠪᠡᠰᠦ ᠰᠡᠶ᠋ᠢᠷᠡᠭ᠂ ᠦᠪᠡᠷ᠎ᠢᠶᠡᠨ ᠴᠤ᠌ ᠭᠤᠳᠤᠷᠠᠵᠤ ᠵᠤᠪᠠᠨᠢᠵᠤ ᠲᠠᠶᠠᠭᠳᠠᠬᠤ ᠪᠤᠳᠤᠯ ᠤᠷᠤᠵᠤ ᠪᠠᠶ᠋ᠢᠭᠰᠠᠨ᠂ ᠬᠡᠪᠡᠴᠤ ᠠᠯᠢᠪᠠ ᠬᠦᠴᠢᠷ᠎ᠢ ᠲᠠᠰᠪᠤᠷᠢᠯᠡᠵᠤ ᠢᠷᠡᠯ᠎ᠠ᠂ ᠤᠳᠤ ᠪᠤᠳᠤᠬᠤ ᠳ᠋ᠤ ᠵᠤᠷᠢᠭᠰᠠᠨ ᠳ᠋ᠠᠭᠠᠨ ᠬᠦᠷᠦᠭᠰᠡᠨ ᠰᠠᠨᠠᠭᠳᠠᠨ᠎ᠠ》 ᠭᠡᠵᠦ᠍ ᠬᠡᠯᠡᠪᠡ᠃

ᠡᠨᠡ ᠬᠦ᠌ ᠤᠷᠳᠤ ᠬᠤᠭᠤᠴᠠᠭᠠᠨ ᠎ᠤ ᠰᠡᠳᠬᠢᠬᠦᠢ ᠪᠣᠯ ᠠᠮᠢ ᠠᠬᠤᠢ ᠣᠷᠴᠢᠨ ᠲᠤᠭᠤᠷᠢᠨ ᠎ᠤ ᠪᠦᠳᠦᠭᠡᠨ ᠪᠠᠶ᠋ᠢᠭᠤᠯᠤᠯᠲᠠ᠎ᠶᠢᠨ ᠵᠠᠩᠭᠢᠯᠠᠭ᠎ᠠ ᠪᠤᠯᠤᠨ᠎ᠠ᠃ ᠭᠠᠭᠴᠠ ᠬᠦ᠌ ᠬᠦᠯᠢᠴᠡᠩᠭᠦᠢ ᠲᠡᠰᠪᠤᠷᠢᠳᠠᠢ ᠪᠠᠶ᠋ᠢᠭᠠᠳ ᠯᠡ ᠪᠣᠯᠴᠢᠬᠠᠬᠤ ᠪᠢᠰᠢ ᠂ ᠡᠨᠡ ᠬᠦ᠌ ᠡᠯᠡᠰᠦᠷᠭᠡᠭ ᠲᠠᠯ᠎ᠠ ᠨᠤᠲᠤᠭ᠎ᠢ ᠦᠨᠡᠨ ᠬᠦ᠌ ᠰᠢᠨ᠎ᠡ ᠳᠦᠷᠰᠦ ᠪᠠᠶ᠋ᠢᠳᠠᠯ᠎ᠲᠠᠶ ᠪᠣᠯᠭᠠᠭᠰᠠᠨ ᠨᠢ ᠦᠷ᠎ᠡ ᠡᠳ᠋ ᠡᠴᠡ ᠲᠤᠨᠤᠭ ᠲᠥᠬᠥᠭᠡᠷᠦᠮᠵᠢ ᠬᠦᠷᠳᠡᠯ᠎ᠠ᠂ ᠲᠤᠷᠰᠢᠯᠲᠠ᠎ᠶᠢᠨ ᠲᠠᠰᠤᠭ᠎ᠠᠴᠠ ᠪᠡᠯᠴᠢᠭᠡᠷ ᠬᠦᠷᠲᠡᠯᠡᠬᠢ ᠪᠦᠷᠢᠨ ᠲᠦᠬᠦᠷ ᠮᠡᠷᠭᠡᠵᠢᠯ ᠎ᠤᠨ ᠰᠢᠰᠲ᠋ᠧᠮ ᠪᠣᠯᠤᠨ᠎ᠠ᠃ ᠥᠪᠥᠷ ᠮᠣᠩᠭᠣᠯ ᠵᠢᠴᠢ ᠤᠯᠠᠮ᠎ᠠᠴᠠ ᠤᠯᠠᠮ ᠤᠯᠠᠨ ᠭᠠᠵᠠᠷ ᠣᠷᠣᠨ᠎ᠳᠤ ᠡᠶ᠋ᠢᠮᠦᠷᠬᠦᠦ ᠰᠢᠰᠲ᠋ᠧᠮᠴᠢᠯᠡᠭᠰᠡᠨ ᠲᠤᠯᠭᠠᠭᠤᠷᠢᠯᠠᠯ ᠨᠢ ᠶᠠᠭ ᠬᠡᠪ᠎ᠦᠨ ᠪᠠᠶ᠋ᠢᠳᠠᠯ ᠪᠤᠯᠵᠤ ᠪᠤᠢ᠃

ᠳᠠᠪᠰᠢᠯᠲᠤ᠌ ᠨᠠᠩ ᠣᠯᠠᠨ ᠤᠢᠷ᠎ᠠ ᠬᠠᠪᠢ ᠵᠢᠨ ᠮᠠᠯᠴᠢᠨ ᠡᠷᠦᠬᠡ᠎ᠶᠢ ᠲᠠᠢᠴᠢᠯᠡᠨ᠂ ᠮᠠᠯᠴᠢᠨ ᠲᠦᠮᠡᠨ ᠎ᠢ ᠦᠨᠡᠨ ᠬᠦ᠌ ᠲᠠᠯ᠎ᠠ ᠨᠤᠲᠤᠭ᠎ᠤᠨ ᠠᠮᠢ ᠠᠬᠤᠢ᠎ᠶᠢᠨ ᠬᠠᠮᠠᠭᠠᠯᠠᠭᠴᠢ ᠪᠠ ᠠᠰᠢᠭ ᠬᠦᠷᠳᠡᠭᠴᠢ ᠪᠣᠯᠭᠠᠬᠰᠠᠨ ᠪᠠᠢᠨ᠎ᠠ᠃ ᠡᠨᠡ ᠪᠤᠯ ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠎ᠦᠨ ᠰᠢᠨ᠎ᠡ᠎ᠶᠢ ᠡᠭᠦᠳᠬᠦ᠌ ᠪᠠ ᠠᠵᠤ ᠦᠢᠯᠡᠰ ᠎ᠦᠨ ᠰᠢᠨ᠎ᠡ᠎ᠶᠢ ᠡᠭᠦᠳᠬᠦ᠌᠎ᠶᠢᠨ ᠭᠦᠨᠵᠡᠭᠡᠢ ᠠᠭᠤᠰᠤᠯᠴᠠᠯ ᠎ᠤᠨ ᠠᠴᠢ ᠬᠤᠯᠪᠤᠭᠳᠠᠯ ᠪᠠᠢᠭ᠎ᠠ ᠶᠤᠮ᠃ ᠲᠠᠷᠤᠢ ᠠᠮᠢ ᠠᠬᠤᠢ᠎ᠶᠢᠨ ᠰᠢᠨᠵᠢᠯᠡᠬᠦ᠌ ᠤᠬᠠᠭᠠᠨ ᠲᠸᠭᠨᠢᠡ᠋ ᠮᠡᠷᠭᠡᠵᠢᠯ ᠎ᠦᠨ ᠢᠯᠠᠯᠲᠠ ᠪᠣᠯᠬᠤ᠎ᠪᠠᠷ ᠪᠠᠷᠠᠬᠤ ᠦᠭᠡᠢ᠂ ᠨᠡᠩ ᠴᠤ᠌ ᠥᠪᠥᠷ ᠮᠣᠩᠭᠣᠯ᠎ᠤᠨ ᠡᠪᠡᠰᠦᠨ᠎ᠦ ᠦᠢᠯᠡᠰ ᠎ᠦᠨ ᠬᠡᠯᠪᠡᠷᠢ ᠎ᠪᠡᠨ ᠬᠤᠪᠢᠷᠠᠭᠤᠯᠤᠨ ᠲᠡᠰ ᠳᠡᠪᠰᠢᠭᠦᠯᠬᠦ᠌᠂ ᠲᠠᠯ᠎ᠠ ᠨᠤᠲᠤᠭ ᠎ᠤᠨ ᠴᠢᠨᠠᠷ ᠰᠠᠶ᠋ᠢᠲᠠᠢ ᠬᠥᠭᠵᠢᠯᠲᠡ᠎ᠶᠢᠨ ᠵᠠᠮ᠎ᠢᠶᠠᠷ ᠰᠠᠶ᠋ᠢᠲᠤᠷ ᠵᠠᠮᠨᠠᠬᠤ᠎ᠶᠢ ᠠᠬᠢᠭᠤᠯᠤᠭᠰᠠᠨ᠎ᠤ ᠠᠮᠢᠳᠤᠯᠢᠭ ᠵᠢᠷᠤᠭᠯᠠᠯ ᠪᠣᠯᠤᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面