2026-08-28 09:12:23
ᠨᠠᠮᠤᠷ᠎ᠤᠨ ᠪᠦᠷᠦᠢ ᠪᠡᠷ ᠮᠡᠳᠡᠭᠳᠡᠮ᠎ᠠ ᠰᠡᠷᠢᠭᠦᠨ ᠪᠤᠯᠪᠠ᠃ ᠵᠠᠯᠠᠨ ᠠᠶ᠋ᠢᠯ ᠬᠣᠲᠠ᠎ᠶᠢᠨ ᠳᠠᠭᠤᠷ ᠦᠨᠳᠦᠰᠦᠲᠡᠨ᠎ᠦ ᠰᠢᠶᠠᠩ᠎ᠤᠨ ᠪᠠᠶᠠᠨ ᠲᠣᠰᠬᠣᠨ᠎ᠤ ᠲᠣᠭᠣᠰ ᠲᠡᠵᠢᠭᠡᠨ ᠦᠷᠡᠵᠢᠭᠦᠯᠬᠦ᠌ ᠰᠠᠭᠤᠷᠢᠨ᠎ᠳᠤ᠂ ᠲᠣᠰᠬᠣᠨ᠎ᠤ ᠨᠠᠮ᠎ᠤᠨ ᠡᠭᠦᠷ᠎ᠦᠨ ᠱᠦᠵᠢ ᠰᠦᠨ ᠶᠦᠩ ᠾᠧᠩ ᠲᠩᠷᠢ ᠬᠠᠷᠠᠩᠭᠤᠶ ᠪᠣᠯᠬᠤ᠎ᠡᠴᠡ ᠡᠮᠦᠨ᠎ᠡ ᠳᠠᠬᠢᠨ ᠨᠢᠭᠡ ᠤᠳᠠᠭ᠎ᠠ ᠬᠠᠰᠢᠶ᠎ᠠ ᠰᠠᠷᠠᠪᠴᠢ᠎ᠪᠠᠨ ᠲᠣᠭᠣᠷᠢᠨ ᠪᠠᠶ᠋ᠢᠴᠠᠭᠠᠵᠤ᠂ ᠲᠣᠭᠣᠰᠤᠨ ᠵᠢᠨᠨ ᠢᠳᠡᠰᠢᠯᠡᠵᠦ ᠪᠠᠢᠭ᠎ᠠ ᠵᠡᠷᠬᠡ ᠪᠠᠶ᠋ᠢᠳᠠᠯ᠎ᠢ ᠨᠠᠷᠢᠨ ᠪᠠᠶ᠋ᠢᠴᠠᠭᠠᠨ ᠦᠵᠡᠪᠡ᠃ 《ᠤᠢᠷ᠎ᠠ᠎ᠳᠤ ᠰᠡᠷᠢᠬᠥᠨ ᠤᠷᠤᠵᠤ᠂ ᠢᠯᠡᠭᠦᠦ ᠬᠡᠲᠦ᠍ ᠤᠳᠠᠭ᠎ᠠ ᠲᠣᠭᠣᠷᠢᠨ ᠦᠵᠡᠪᠡᠯ ᠰᠠᠶᠢ ᠰᠠᠨᠠᠭ᠎ᠠ ᠠᠮᠤᠷ ᠪᠤᠯᠳᠠᠭ》 ᠬᠡᠵᠦ ᠲᠡᠷᠡ ᠬᠡᠯᠡᠨ᠎ᠠ᠃
ᠶᠡᠬᠡ ᠰᠤᠷᠭᠠᠭᠤᠯᠢ᠎ᠪᠠᠨ ᠲᠡᠭᠦᠰᠦᠭᠰᠡᠨ᠎ᠦ ᠲᠠᠷᠠᠭ᠎ᠠ᠂ ᠰᠦᠨ ᠶᠦᠩ ᠾᠧᠩ ᠭᠠᠳᠠᠭᠰᠢ ᠭᠠᠷᠴᠤ᠌ ᠬᠠᠲᠠᠭᠤᠵᠢᠯᠲᠠᠢ ᠲᠡᠮᠡᠴᠡᠵᠦ᠍᠂ ᠯᠠᠪᠳᠠᠭᠤᠨ ᠪᠠᠲᠤᠲᠠᠢ ᠠᠵᠢᠯᠯᠠᠬᠤ ᠡᠷᠴᠢ ᠵᠣᠷᠢᠭ᠎ᠢᠶᠠᠷ ᠨᠡᠯᠢᠶᠡᠳ ᠰᠠᠢ᠌ᠨ ᠣᠷᠣᠯᠭ᠎ᠠ᠎ᠲᠠᠶ ᠪᠣᠯᠵᠠᠢ᠃ ᠣᠯᠠᠨ ᠵᠢᠯ ᠭᠠᠳᠠᠭᠰᠢ ᠶᠠᠪᠤᠬᠤ ᠳ᠋ᠠᠭᠠᠨ ᠲᠡᠷᠡ ᠪᠡᠷ ᠦᠷᠭᠦᠯᠵᠢ ᠥᠪᠡᠷ᠎ᠦᠨ ᠲᠥᠷᠥᠭᠰᠡᠨ ᠨᠤᠲᠤᠭ᠎ᠢᠶᠠᠨ ᠰᠠᠨᠠᠭᠠᠯᠵᠠᠵᠤ᠂ 2018 ᠣᠨ᠎ᠳᠤ ᠨᠤᠲᠤᠭ᠎ᠲᠠᠭᠠᠨ ᠪᠤᠴᠠᠵᠤ᠂ ᠦᠢᠯᠡᠰ ᠪᠤᠰᠬᠠᠬᠤ ᠪᠡᠷ ᠵᠣᠷᠢᠭ ᠰᠢᠭᠤᠳᠪᠠ᠃
ᠰᠦᠨ ᠶᠦᠩ ᠾᠧᠩ ᠥᠪᠡᠷᠮᠢᠴᠡ ᠣᠨᠴᠠᠯᠢᠭᠲᠤ ᠬᠥᠬᠡ ᠲᠣᠭᠣᠰ ᠲᠡᠵᠢᠭᠡᠨ ᠦᠷᠡᠵᠢᠭᠦᠯᠬᠦ᠌ ᠠᠵᠤ ᠦᠢᠯᠡᠰ᠎ᠲᠦ᠍ ᠠᠩᠬᠠᠷᠤᠯ᠎ᠢᠶᠠᠨ ᠬᠠᠨᠳᠤᠭᠤᠯᠪᠠ᠂ ᠡᠨᠡ ᠬᠦ᠌ ᠵᠣᠷᠢᠭᠲᠠᠶ ᠲᠤᠷᠰᠢᠯᠲᠠ ᠨᠢ ᠨᠢᠭᠡ ᠦᠶ᠎ᠡ ᠲᠣᠰᠬᠣᠨ᠎ᠤ ᠠᠷᠠᠳ ᠲᠤ᠌ ᠮᠡᠳᠡᠷᠡᠭᠳᠡᠬᠦ ᠦᠭᠡᠢ ᠪᠠᠢᠵᠠᠢ᠃ 《ᠲᠠᠬᠢᠶ᠎ᠠ ᠨᠤᠭᠤᠰᠤ ᠦᠬᠡᠷ ᠬᠣᠨᠢᠲᠡᠵᠢᠭᠡᠬᠦ ᠦᠭᠡᠢ ᠬᠠᠷᠢᠨ ᠶᠠᠭᠤᠨ᠎ᠳᠤ ᠡᠶ᠋ᠢᠮᠦᠷᠬᠥᠤ 〈ᠡᠲᠡᠭᠡᠳ〉 ᠵᠦᠢᠯ᠎ᠢ ᠰᠤᠩᠭᠤᠭᠰᠠᠨ ᠪᠣᠶ?》 ᠭᠡᠵᠦ ᠤᠬᠤᠴᠢᠯᠠᠬᠤ᠎ᠳᠤ ᠰᠦᠨ ᠶᠦᠩ ᠾᠧᠩ ᠢᠨᠢᠶᠡᠮᠰᠦᠭᠯᠡᠨ᠄ 《ᠠᠭᠤᠯᠠᠨ ᠭᠤᠤ᠎ᠡᠴᠡ ᠠᠯᠳᠠᠨ ᠭᠠᠷᠤᠳᠢ ᠲᠡᠪᠳᠡᠷᠢᠨ ᠨᠢᠰᠦᠨ᠎ᠡ ᠭᠡᠳᠡᠭ᠂ ᠪᠠᠶᠠᠨ ᠲᠣᠰᠬᠣᠨ᠎ᠡᠴᠡ 〈ᠠᠯᠳᠠᠨ ᠲᠣᠭᠣᠰ〉 ᠲᠡᠪᠳᠡᠷᠢᠭᠦᠯᠦᠨ ᠨᠢᠰᠭᠡᠶᠠ ! 》 ᠭᠡᠪᠡ᠃
ᠲᠣᠭᠣᠰ ᠭᠡᠳᠡᠭ ᠦᠵᠡᠬᠦ᠎ᠳᠤ ᠭᠤᠶᠤ ᠪᠣᠯᠪᠠᠴᠤ᠌ ᠲᠡᠵᠢᠭᠡᠬᠦ᠌᠎ᠳᠦ ᠠᠮᠠᠷ ᠪᠢᠰᠢ ᠶᠤᠮ᠃
ᠶᠠᠮᠠᠷ ᠴᠤ᠌ ᠵᠠᠮ ᠮᠦᠷ᠎ᠢ ᠤᠢᠯᠠᠭᠠᠬᠤ ᠦᠭᠡᠢ᠂ ᠵᠥᠪᠬᠡᠨ ᠠᠮᠢᠲᠠᠨ᠎ᠤ ᠬᠦᠷᠢᠶᠡᠯᠡᠩ᠎ᠳᠦ ᠲᠣᠭᠣᠰᠢ ᠬᠡᠲᠦ᠍ ᠤᠳᠠᠭ᠎ᠠ ᠦᠵᠡᠭᠰᠡᠨ ᠲᠡᠭᠦᠨ᠎ᠳᠤ ᠲᠤᠷᠰᠢᠯᠭ᠎ᠠ ᠭᠡᠵᠦ ᠠᠯᠠᠭ᠎ᠠ ᠪᠠᠢᠯ᠎ᠠ᠃ ᠥᠪᠡᠷ᠎ᠢᠶᠡᠨ ᠰᠦᠪᠡᠭᠴᠢᠯᠡᠵᠦ᠂ ᠭᠠᠵᠠᠷ ᠪᠣᠯᠭᠠᠨ᠎ᠡᠴᠡ ᠠᠰᠠᠭᠤᠨ ᠯᠠᠪᠯᠠᠵᠤ᠂ ᠰᠦᠯᠵᠢᠶᠡᠨ ᠳᠡᠭᠡᠷ᠎ᠡ᠎ᠡᠴᠡ ᠮᠠᠲ᠋ᠧᠷᠢᠶᠠᠯ ᠡᠷᠢᠵᠦ᠍᠂ ᠭᠠᠳᠠᠨ᠎ᠠ ᠭᠠᠵᠠᠷ᠎ᠡᠴᠡ ᠪᠠᠭᠰᠢ ᠵᠠᠯᠠᠪᠠ᠃ ᠴᠢᠯᠥᠭᠡ ᠭᠠᠷᠤᠭᠰᠠᠭᠠᠷ᠂ ᠲᠡᠷᠡ ᠳᠠᠷᠤᠢ ᠲᠡᠵᠢᠭᠡᠯ ᠪᠣᠷᠳᠣᠭᠠᠨ᠎ᠤ ᠬᠠᠷᠢᠴᠠᠯ᠂ ᠲᠣᠭᠣᠰᠤᠨ ᠦᠰᠦᠨ ᠪᠣᠶ᠋ᠢᠵᠢᠬᠤ ᠵᠠᠩᠰᠢᠯ᠎ᠢ ᠰᠤᠳᠤᠯᠵᠤ᠂ ᠶᠡᠷᠦ᠎ᠨᠢ ᠪᠣᠳᠣᠯᠬᠢᠯᠠᠵᠤ ᠤᠷᠤᠯᠳᠤᠬᠤ ᠳᠤᠷᠠᠲᠠᠢ ᠪᠠᠢᠭᠰᠠᠨ ᠵᠢᠡᠷ ᠠᠭᠠᠵᠢᠮ᠎ᠢᠶᠠᠷ ᠲᠣᠭᠣᠰ ᠲᠡᠵᠢᠭᠡᠨ ᠦᠷᠡᠵᠢᠭᠦᠯᠬᠦ᠌ ᠠᠷᠭ᠎ᠠ ᠵᠠᠮ᠎ᠢ ᠡᠵᠡᠮᠰᠢᠵᠡᠢ᠃
ᠴᠢᠭᠯᠡᠯ᠎ᠢᠶᠡᠨ ᠲᠤᠭᠲᠠᠭᠠᠵᠤ᠂ ᠮᠡᠷᠭᠡᠵᠢᠯ᠎ᠢ ᠡᠵᠡᠮᠰᠢᠭᠰᠡᠨᠦ ᠳᠠᠷᠠᠭ᠎ᠠ᠂ ᠰᠦᠨ ᠶᠦᠩ ᠾᠧᠩ ᠲᠦᠷᠦᠭᠦᠯᠡᠨ ᠪᠠᠶᠠᠨ ᠲᠣᠰᠬᠣᠨ᠎ᠳᠤ ᠲᠣᠭᠣᠰ ᠦᠷᠡᠵᠢᠭᠦᠯᠦᠨ ᠲᠡᠵᠢᠭᠡᠬᠦ᠌ ᠰᠠᠭᠤᠷᠢᠨ᠎ᠢ ᠪᠠᠶ᠋ᠢᠭᠤᠯᠪᠠ᠃ ᠳᠤᠯᠠᠭᠠᠨ ᠢ᠋ ᠬᠠᠳᠠᠭᠠᠯᠠᠬᠤ ᠲᠡᠵᠢᠭᠡᠨ ᠦᠷᠡᠵᠢᠭᠦᠯᠬᠦ᠌ ᠦᠷᠦᠭᠡ ᠪᠠᠷᠢᠵᠤ᠂ ᠲᠤᠰᠬᠠᠢ ᠨᠡᠪᠴᠢᠭᠦᠯᠬᠦ᠌ ᠲᠥᠬᠥᠭᠡᠷᠦᠮᠵᠢ ᠬᠤᠳᠠᠯᠳᠤᠨ ᠠᠪᠴᠤ᠌᠂ ᠪᠠᠷᠢᠮᠵᠢᠶᠠᠵᠢᠭᠰᠠᠨ ᠲᠡᠵᠢᠭᠡᠨ ᠦᠷᠡᠵᠢᠭᠦᠯᠬᠦ᠌ ᠲᠥᠬᠥᠭᠡᠷᠦᠮᠵᠢ ᠪᠠᠶ᠋ᠢᠭᠤᠯᠤᠨ᠂ ᠠᠩᠬᠠᠨ᠎ᠤ ᠪᠦᠯᠦᠭᠲᠦ᠍ 20 ᠡᠭᠦᠯᠳᠡᠷ᠎ᠤᠨ ᠲᠣᠭᠣᠰ᠂ 100 ᠲᠣᠭᠣᠰ ᠣᠷᠣᠭᠤᠯᠤᠨ ᠠᠪᠴᠢᠷᠠᠵᠠᠢ᠃ ᠡᠮᠦᠨᠡᠬᠢ ᠬᠤᠭᠤᠴᠠᠭᠠᠨ᠎ᠤ ᠪᠦᠷᠢᠨ ᠲᠡᠭᠦᠯᠳᠡᠷ ᠪᠡᠯᠡᠳᠬᠡᠯ ᠨᠢ ᠠᠩᠬᠠᠨ᠎ᠤ ᠬᠤᠭᠤᠴᠠᠭᠠᠨ᠎ᠤ ᠲᠡᠵᠢᠭᠡᠨ ᠦᠷᠡᠵᠢᠭᠦᠯᠬᠦ᠌ ᠶᠠᠪᠤᠴᠠ ᠵᠢ ᠲᠣᠭᠲᠠᠭᠤᠨ᠎ᠢᠶᠠᠷ ᠡᠬᠢᠯᠡᠭᠦᠯᠦᠭᠰᠡᠨ ᠪᠣᠯᠪᠠᠴᠤ᠌ ᠰᠢᠨ᠎ᠡ ᠠᠰᠠᠭᠤᠳᠠᠯ ᠪᠠᠰᠠ ᠠᠭᠠᠵᠢᠮ᠎ᠢᠶᠠᠷ ᠢᠯᠡᠷᠡᠭᠰᠡᠨ ᠪᠠᠶ᠋ᠢᠨ᠎ᠠ᠃
ᠨᠢᠭᠡ ᠤᠳᠠᠭᠠᠨ᠎ᠤ ᠭᠡᠨᠡᠳᠲᠡ᠎ᠶᠢᠨ ᠪᠠᠢᠳᠠᠯ ᠨᠢ ᠲᠡᠭᠦᠨ᠎ᠳᠤ ᠭᠦᠨ ᠰᠠᠭᠤᠭᠳᠠᠯ ᠦᠭᠴᠡᠢ᠃ ᠲᠡᠵᠢᠭᠡᠨ ᠦᠷᠡᠵᠢᠭᠦᠯᠬᠦ᠌ ᠶᠠᠪᠤᠴᠠ᠎ᠳᠤ ᠣᠯᠠᠩᠬᠢ ᠲᠣᠭᠣᠰ ᠨᠢ ᠭᠡᠨᠡᠳᠲᠡ ᠰᠦᠷ ᠰᠦᠯᠳᠡ ᠥᠬᠡᠶ ᠪᠣᠯᠵᠣ᠂ ᠤᠰᠤ ᠤᠤᠭᠤᠬᠤ᠎ᠡᠴᠡ ᠪᠢᠰᠢ ᠢᠳᠡᠬᠦ ᠪᠡᠨ ᠪᠤᠯᠢᠵᠠᠢ᠃ ᠰᠦᠨ ᠶᠦᠩ ᠾᠧᠩ ᠰᠥᠨᠢᠵᠢᠨ ᠮᠠᠲ᠋ᠧᠷᠢᠶᠠᠯ ᠤᠷᠪᠠᠭᠤᠯᠵᠤ᠂ ᠠᠵᠢᠯ ᠲᠥᠷᠥᠯ᠎ᠦᠨ ᠤᠯᠠᠨ ᠲᠤᠰᠬᠠᠶ ᠮᠡᠷᠭᠡᠵᠢᠯᠲᠡᠨ᠎ᠡᠴᠡ ᠠᠰᠠᠭᠤᠨ ᠯᠠᠪᠯᠠᠵᠤ᠂ ᠡᠴᠦᠰ᠎ᠲᠡᠬᠡᠨ ᠡᠪᠡᠳᠴᠢᠨ᠎ᠢ ᠨᠢ ᠤᠨᠤᠰᠢᠯᠠᠵᠠᠢ᠃ ᠲᠡᠷᠡ ᠳᠠᠷᠤᠶ᠋ᠢᠬᠠᠨ ᠡᠮ ᠴᠤᠬᠢᠬᠤ᠂ ᠲᠤᠰᠠᠭᠠᠷᠯᠠᠬᠤ᠂ ᠠᠷᠢᠭᠤᠳᠬᠠᠬᠤ ᠵᠡᠷᠭᠡ ᠠᠯᠢ ᠤᠯᠠᠨ ᠰᠢ᠌ᠳᠪᠦᠷᠢᠯᠡᠬᠦ᠌ ᠠᠷᠭ᠎ᠠ ᠬᠡᠮᠵᠢᠢ᠎ᠡ ᠠᠪᠴᠤ᠌᠂ ᠬᠡᠰᠡᠭ ᠬᠤᠭᠤᠴᠠᠭᠠᠨ᠎ᠤ ᠨᠢᠮᠪᠠᠢ ᠡᠮᠨᠡᠨ ᠵᠠᠰᠠᠬᠤ᠎ᠪᠠᠷ ᠲᠠᠮᠵᠢᠨ ᠬᠢᠵᠢᠭ᠎ᠦᠨ ᠪᠠᠶ᠋ᠢᠳᠠᠯ᠎ᠢ ᠠᠮᠵᠢᠯᠲᠠ᠎ᠲᠠᠶ ᠡᠵᠡᠮᠳᠡᠭᠰᠡᠨ ᠪᠥᠭᠡᠳ ᠬᠢᠵᠢᠭ ᠡᠪᠡᠳᠴᠢᠨ᠎ᠢ ᠰᠡᠷᠭᠡᠶ᠋ᠢᠯᠡᠨ ᠡᠵᠡᠮᠳᠡᠬᠦ᠌ ᠬᠣᠪᠣᠷ ᠨᠠᠨᠳᠢᠨ ᠲᠤᠷᠰᠢᠯᠭ᠎ᠠ ᠬᠤᠷᠠᠮᠳᠤᠭᠤᠯᠵᠠᠢ᠃
ᠲᠡᠵᠢᠭᠡᠨ ᠦᠷᠡᠵᠢᠭᠦᠯᠬᠦ ᠲᠤᠷᠰᠢᠯᠭ᠎ᠠ ᠦᠭᠡᠢ ᠪᠠᠢᠭᠰᠠᠨ ᠡᠴᠡ ᠪᠡᠨ ᠨᠡᠪᠴᠢᠭᠦᠯᠦᠨ ᠪᠣᠶ᠋ᠢᠵᠢᠭᠤᠯᠬᠤ᠂ ᠰᠢᠨᠵᠢᠯᠡᠬᠦ᠌ ᠤᠬᠠᠭᠠᠨᠴᠢ᠎ᠪᠠᠷ ᠲᠡᠵᠢᠭᠡᠨ ᠦᠷᠡᠵᠢᠭᠦᠯᠬᠦ᠌᠂ ᠵᠠᠬ᠎ᠠ ᠳᠡᠯᠭᠡᠭᠦᠷ᠎ᠲᠦ᠍ ᠪᠣᠷᠣᠯᠠᠭᠤᠯᠬᠤ᠎ᠳᠤ ᠮᠡᠷᠭᠡᠰᠢᠵᠤ᠂ ᠲᠠᠬᠢᠭᠠᠳ ᠤᠢᠷ᠎ᠠ ᠤᠷᠴᠢᠮ᠎ᠳᠠᠭᠠᠨ ᠠᠯᠳᠠᠷᠰᠢᠭᠰᠠᠨ 《ᠵᠢᠭᠦᠷᠲᠡᠨ᠎ᠦ ᠲᠦᠷᠦᠯ᠎ᠦᠨ ᠲᠡᠵᠢᠭᠡᠨ ᠦᠷᠡᠵᠢᠭᠦᠯᠬᠦ᠌ ᠲᠤᠰᠬᠠᠢ ᠮᠡᠷᠭᠡᠵᠢᠯᠲᠡᠨ》 ᠪᠤᠯᠳᠠᠯ᠎ᠠ᠂ ᠰᠦᠨ ᠶᠦᠩ ᠾᠧᠩ ᠲᠤᠮᠤ ᠬᠤᠪᠢᠷᠠᠯᠲᠠ᠎ᠵᠢ ᠪᠡᠶᠡᠯᠡᠭᠦᠯᠪᠡ᠃ ᠣᠳᠣᠬᠠᠨ᠎ᠳᠤ ᠡᠷᠬᠢᠨ ᠲᠣᠭᠣᠷᠢᠨ᠎ᠤ ᠲᠣᠰᠬᠣᠨ᠎ᠤ ᠠᠷᠠᠳ ᠬᠡᠷ᠎ᠦᠨ ᠵᠢᠭᠦᠷᠲᠡᠨ᠎ᠦ ᠡᠪᠡᠳᠴᠢᠨ᠎ᠦ ᠬᠥᠨᠥᠭᠡᠯ᠎ᠦᠨ ᠬᠦᠴᠢᠷ ᠠᠰᠠᠭᠤᠳᠠᠯ᠎ᠳᠤ ᠲᠤᠯᠭᠠᠷᠠᠪᠠᠯ ᠴᠥᠮ ᠲᠡᠭᠦᠨ᠎ᠡᠴᠡ ᠠᠰᠠᠭᠤᠨ ᠯᠠᠪᠯᠠᠳᠠᠭ᠃ ᠲᠡᠷᠡ ᠴᠦ᠍ ᠲᠤᠷᠰᠢᠯᠭ᠎ᠠ᠎ᠪᠠᠨ ᠬᠠᠷᠠᠮ ᠥᠬᠡᠶ ᠬᠤᠪᠢᠶᠠᠯᠴᠠᠵᠤ᠂ ᠨᠤᠲᠤᠭ᠎ᠤᠨ ᠠᠬ᠎ᠠ ᠳᠡᠭᠦᠦ᠎ᠨᠡᠷ ᠵᠢᠨᠨ ᠬᠠᠪᠰᠤᠷᠤᠨ ᠰᠢᠨᠵᠢᠯᠡᠬᠦ᠌ ᠤᠬᠠᠭᠠᠨᠴᠢ᠎ᠪᠠᠷ ᠲᠡᠵᠢᠭᠡᠨ ᠦᠷᠡᠵᠢᠭᠦᠯᠵᠦ᠍᠂ ᠬᠣᠬᠢᠷᠠᠯ᠎ᠢ ᠪᠠᠭᠠᠰᠬᠠᠳᠠᠭ᠃
《ᠤᠳᠤ ᠰᠠᠭᠤᠷᠢᠨ᠎ᠳᠤ 120 ᠭᠠᠷᠤᠢ ᠲᠣᠭᠣᠰ ᠪᠤᠢ》 ᠬᠡᠵᠦ ᠰᠦᠨ ᠶᠦᠩ ᠾᠧᠩ ᠲᠠᠨᠢᠯᠴᠠᠭᠤᠯᠤᠨ᠎ᠠ᠃ ᠲᠡᠷᠡ᠂ ᠲᠣᠭᠣᠰᠤᠨ ᠪᠥᠬᠥ᠌ ᠪᠡᠶ᠎ᠡ᠎ᠨᠢ ᠡᠷᠳᠡᠨᠢ ᠪᠣᠯᠬᠤ ᠥᠪᠡᠷᠮᠢᠴᠡ ᠳᠠᠪᠠᠭᠤᠯᠢᠭ᠎ᠲᠤ᠌ ᠲᠦᠰᠢᠭᠯᠡᠨ᠂ ᠲᠤᠬᠠᠶ᠎ᠶᠢᠨ ᠭᠠᠵᠠᠷ᠎ᠤᠨ᠎ᠬᠢᠨ ᠰᠣᠨᠢᠷᠬᠠᠬᠤ᠂ ᠢᠳᠡᠬᠦ᠌᠂ ᠦᠷ᠎ᠠ ᠪᠤᠢᠵᠢᠭᠤᠯᠬᠤ᠂ ᠰᠣᠶᠣᠯ᠎ᠤᠨ ᠪᠦᠲᠦᠭᠡᠯᠴᠢ ᠦᠢᠯᠡᠳᠭᠦᠨ᠎ᠤ ᠣᠯᠠᠨ ᠡᠰᠢᠲᠦ᠍ ᠣᠷᠣᠯᠭ᠎ᠠ᠎ᠶᠢᠨ ᠨᠡᠮᠡᠭᠳᠡᠯ᠎ᠦᠨ ᠬᠡᠯᠬᠢᠶ᠎ᠡ᠎ᠶᠢ ᠨᠡᠪᠲᠡᠷᠡᠭᠦᠯᠵᠦ᠍᠂ ᠠᠵᠤ ᠦᠢᠯᠡᠰ᠎ᠦᠨ ᠨᠡᠮᠡᠯᠲᠡ ᠥᠷᠲᠡᠭ ᠦᠷᠭᠦᠯᠵᠢᠯᠡᠨ ᠳᠡᠭᠡᠭᠰᠢᠯᠡᠪᠡ᠃ ᠲᠠᠸᠠᠷ᠎ᠤᠨ ᠮᠢᠬᠠᠨ᠎ᠤ ᠲᠤᠭᠤᠰᠪᠦᠷᠢ ᠵᠢᠨ ᠬᠤᠳᠠᠯᠳᠤᠬᠤ ᠦᠨ᠎ᠡ ᠨᠢ 600 ᠭᠠᠷᠤᠶ ᠲᠥᠭᠥᠷᠢᠭ᠂ ᠦᠵᠡᠮᠦᠷᠢ᠎ᠶᠢᠨ ᠲᠤᠭᠤᠰᠤᠨ ᠬᠤᠳᠠᠯᠳᠤᠬᠤ ᠦᠨ᠎ᠡ ᠨᠢ ᠦᠩᠭᠡ ᠲᠦᠷᠰᠦ ᠵᠢ ᠨᠢ ᠦᠨᠳᠦᠰᠦᠯᠡᠨ 1000 ᠡᠴᠡ 5000 ᠲᠥᠭᠥᠷᠢᠭ᠎ᠦᠨ ᠬᠣᠭᠣᠷᠣᠨᠳᠣ ᠬᠦᠷᠳᠡᠭ᠃ ᠲᠣᠭᠣᠰᠤᠨ ᠮᠢᠬᠠᠨ᠎ᠤ ᠵᠠᠬ᠎ᠠ ᠳᠡᠯᠭᠡᠭᠦᠷ᠎ᠦᠨ ᠬᠤᠳᠠᠯᠳᠤᠬᠤ ᠦᠨ᠎ᠡ ᠨᠢ ᠵᠢᠩ᠎ᠳᠡᠭᠡᠨ 80 ᠡᠴᠡ 100 ᠲᠥᠭᠥᠷᠢᠭ ᠪᠠᠢᠵᠤ᠂ ᠲᠣᠭᠣᠰᠤᠨ ᠥᠨᠳᠡᠭᠡ ᠪᠦᠷᠢ ᠵᠢᠨ ᠬᠤᠳᠠᠯᠳᠤᠬᠤ ᠦᠨ᠎ᠡ ᠨᠢ 30 ᠡᠴᠡ 50 ᠲᠥᠭᠥᠷᠢᠭ ᠬᠦᠷᠳᠡᠭ ᠭᠡᠵᠦ ᠲᠠᠨᠢᠯᠴᠠᠭᠤᠯᠪᠠ᠃
ᠡᠭᠦᠨ᠎ᠡᠴᠡ ᠭᠠᠳᠠᠨ᠎ᠠ᠂ ᠲᠤᠬᠠᠶ᠎ᠶᠢᠨ ᠭᠠᠵᠠᠷ᠎ᠤᠨ᠎ᠬᠢᠨ ᠪᠠᠰᠠ ᠠᠵᠤ ᠦᠢᠯᠡᠰ᠎ᠦᠨ ᠥᠷᠲᠡᠭ᠎ᠢ ᠭᠦᠨᠵᠡᠭᠡᠶ ᠠᠭᠤᠳᠠᠯᠵᠤ᠂ ᠴᠢᠨᠠᠷ ᠰᠠᠶ᠋ᠢᠲᠠᠶ ᠲᠣᠭᠣᠰᠤᠨ ᠥᠲᠥᠨ᠎ᠳᠦ ᠲᠦᠰᠢᠭᠯᠡᠨ᠂ ᠥᠲᠥᠨ ᠴᠢᠮᠡᠭᠯᠡᠯ᠎ᠦᠨ ᠡᠳ᠋᠂ ᠭᠠᠷ ᠤᠷᠠᠯᠠᠯ᠎ᠤᠨ ᠵᠢᠷᠤᠭ ᠪᠦᠲᠦᠭᠡᠯ᠂ ᠵᠠᠰᠠᠯ ᠴᠢᠮᠡᠭᠯᠡᠯ᠎ᠦᠨ ᠡᠳ᠋ ᠵᠡᠷᠭᠡ ᠰᠣᠶᠣᠯ᠎ᠤᠨ ᠪᠦᠲᠦᠭᠡᠯᠴᠢ ᠦᠢᠯᠡᠳᠭᠦᠨ ᠦᠢᠯᠡᠳᠴᠦ᠍᠂ ᠥᠲᠥᠪᠦᠷᠢ ᠵᠢ 5 ᠡᠴᠡ 20 ᠲᠥᠭᠥᠷᠢᠭ᠎ᠢᠶᠡᠷ ᠬᠤᠳᠠᠯᠳᠤᠵᠤ᠂ ᠰᠣᠳᠣᠨ ᠭᠠᠷ ᠤᠷᠠᠯᠠᠯ᠎ᠤᠨ ᠦᠵᠡᠮᠦᠷᠢ᠎ᠶᠢᠨ ᠬᠡᠪ ᠦᠯᠢᠭᠡᠷ᠎ᠤᠨ ᠦᠨᠡᠨ᠎ᠢ 5000 ᠡᠴᠡ 10000 ᠲᠥᠭᠥᠷᠢᠭ᠎ᠲᠦ᠍ ᠬᠦᠷᠴᠦ᠍ ᠪᠣᠶ᠃ ᠡᠭᠦᠨ᠎ᠦ ᠬᠠᠮᠲᠤ᠌᠂ ᠠᠷᠪᠠᠨ ᠬᠡᠳᠦᠨ ᠡᠷᠦᠬᠡ ᠲᠣᠰᠬᠣᠨ᠎ᠤ ᠠᠷᠠᠳ᠎ᠢ ᠢᠳᠡᠪᠬᠢᠲᠡᠶ ᠳᠠᠶ᠋ᠢᠴᠢᠯᠠᠨ ᠲᠣᠭᠣᠰ ᠲᠡᠵᠢᠭᠡᠨ ᠦᠷᠡᠵᠢᠭᠦᠯᠵᠦ᠍᠂ ᠲᠣᠰᠬᠣᠨ᠎ᠤ ᠠᠷᠠᠳ᠎ᠢ ᠳᠠᠶ᠋ᠢᠴᠢᠯᠠᠨ ᠥᠳᠥᠨ ᠭᠠᠷᠤᠷᠠᠯᠠᠯᠢ ᠥᠷᠨᠢᠭᠦᠯᠵᠦ᠍᠂ ᠣᠯᠠᠨ ᠲᠦᠮᠡᠨ᠎ᠢ ᠬᠡᠷ᠎ᠲᠡᠭᠡᠨ ᠬᠥᠳᠡᠯᠮᠦᠷᠢᠯᠡᠵᠦ᠍ ᠪᠠᠢᠭᠠᠳ ᠣᠷᠣᠯᠭ᠎ᠠ᠎ᠪᠠᠨ ᠨᠡᠮᠡᠭᠳᠡᠭᠦᠯᠵᠦ᠍ ᠴᠢᠳᠠᠬᠤ ᠪᠣᠯᠭᠠᠪᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃