ᠭᠣᠣᠯ ᠰᠡᠳᠦᠪᠲᠦ ᠮᠡᠳᠡᠭᠡᠯᠡᠯ > ᠵᠣᠬᠢᠶᠠᠯ᠎ᠤᠨ ᠰᠤᠷᠲᠠᠯ᠎ᠢᠶᠠᠨ ᠰᠠᠢᠵᠢᠷᠠᠭᠤᠯᠤᠶ᠎ᠠ

2026-09-06 11:46:19

ᠵᠣᠬᠢᠶᠠᠭ᠍ᠴᠢ᠄ ​ ᠭᠤᠤ ᠬᠤᠡᠭ ᠯᠢᠶᠠᠨ ᠦᠨᠢᠷ ᠨᠠᠮᠤᠭ ᠴᠤᠪᠤᠭᠤ ᠣᠩᠱᠢᠭ᠍ᠰᠠᠨ ᠣᠳᠠᠭ᠎ᠠ᠄ 3

《ᠣᠰᠣᠨ ᠤ᠋ ᠲᠣᠩᠭᠠᠯᠠᠬ ᠡᠪᠡᠰᠦᠨ ᠤ᠋ ᠰᠣᠷᠭᠣᠬ ᠢ᠋ ᠵᠤᠷᠢᠨ ᠨᠡᠬᠦᠲᠡᠯᠯᠡᠨ᠎ᠠ》 ᠭᠡᠵᠦ ᠡᠪᠦᠭᠡᠳ ᠤ᠋ᠨ ᠬᠠᠭᠤᠴᠢᠯᠠᠬᠤ ᠵᠢ ᠰᠤᠨᠤᠰᠴᠦ ᠪᠠᠢᠭᠰᠠᠨ ᠡᠴᠡ ᠪᠢᠰᠢ᠂ 《ᠵᠠᠬ᠎ᠠ ᠲᠡᠯᠭᠡᠬᠦᠷ ᠢ᠋ ᠵᠤᠷᠢᠨ ᠨᠡᠬᠦᠳᠡᠯᠯᠡᠨ᠎ᠠ》 ᠬᠡᠰᠡᠨ ᠢ᠋ ᠶᠡᠷᠤ ᠨᠢ ᠤᠯᠵᠤ ᠰᠤᠨᠤᠰᠤᠭᠰᠠᠨ ᠦᠬᠡᠢ᠃ ᠬᠡᠬᠦ ᠳ᠋ᠤ ᠠᠯᠠᠱᠠ ᠪᠠᠷᠠᠭᠤᠨ ᠬᠣᠰᠢᠭᠤᠨ ᠤ᠋ ᠮᠠᠯᠴᠢᠨ ᠡᠡᠭᠭᠡᠪᠤᠶᠠᠨ ᠵᠠᠬ᠎ᠠ ᠲᠠᠯᠬᠡᠬᠦᠷ ᠢ᠋ ᠵᠤᠷᠢᠨ ᠬᠦᠬᠡᠬᠤᠳᠠ ᠳ᠋ᠤ 《ᠤᠳᠤᠷᠯᠠᠬᠰᠠᠨ》 ᠨᠢ ᠦᠯᠢᠬᠡᠷ ᠪᠢᠰᠢ ᠦᠨᠡᠨ ᠪᠠᠢᠵᠤ᠂ ᠰᠤᠨᠤᠰᠴᠦ ᠲᠤᠭᠤᠯᠤᠭ᠎ᠠ ᠦᠬᠡᠢ ᠴᠣ ᠰᠢᠨ᠎ᠡ ᠮᠠᠯᠵᠢᠯ ᠤ᠋ᠨ ᠵᠠᠮ ᠢ᠋ ᠬᠠᠢᠨ ᠰᠦᠪᠡᠭᠴᠢᠯᠡᠭᠰᠡᠨ ᠶᠠᠪᠤᠳᠠᠯ ᠪᠤᠯᠵᠠᠢ᠃


QQ20260906-114647.png


ᠨᠠᠯᠠᠭᠠᠷ ᠨᠠᠮᠤᠷ ᠤ᠋ᠨ 8 ᠰᠠᠷ᠎ᠠ ᠵᠢᠨ 30 ᠤ᠋ ᠡᠳᠤᠷ᠂ ᠪᠢᠳᠡ ᠠᠯᠠᠱᠠ ᠠᠢᠮᠠᠭ ᠤ᠋ᠨ ᠠᠯᠠᠱᠠ ᠪᠠᠷᠠᠭᠤᠨ ᠬᠣᠰᠢᠭᠤᠨ ᠤ᠋ ᠠᠯᠳᠠᠨᠴᠤᠭ ᠰᠤᠮᠤ ᠵᠢᠨ ᠨᠠᠷᠠᠨᠪᠤᠯᠠᠭ ᠭᠠᠴᠠᠭ᠎ᠠ ᠡᠴᠡ ᠬᠦᠬᠡᠬᠤᠳᠠ ᠵᠢᠨ ᠲᠡᠬᠦᠷᠭᠡ ᠳ᠋ᠡᠬᠢ ᠤᠣ ᠸᠸᠢ ᠠᠳᠤᠭᠤᠨ ᠰᠤᠶᠤᠯ ᠤ᠋ᠨ ᠵᠢᠵᠢᠭ ᠪᠠᠯᠭᠠᠰᠤᠨ ᠳ᠋ᠤ 《ᠤᠳᠤᠷᠯᠠᠵᠤ》 ᠢᠷᠡᠭᠰᠡᠨ ᠲᠡᠮᠡᠭᠡᠴᠢᠨ ᠠᠢᠯ ᠡᠡᠭᠭᠡᠪᠤᠶᠠᠨ ᠤ᠋ ᠳ᠋ᠤ ᠬᠦᠷᠬᠦ ᠳ᠋ᠤ᠂ ᠲᠠᠨᠠᠨ ᠴᠠᠭᠠᠨ ᠮᠤᠡᠭᠭᠤᠯ ᠬᠡᠷ ᠬᠢᠭᠡᠳ 《ᠲᠡᠮᠡᠭᠡᠴᠢᠨ ᠠᠢᠯ》 ᠬᠡᠰᠡᠨ ᠰᠢᠷᠭᠠᠯ ᠦᠰᠦᠭ ᠲᠠᠢ ᠮᠤᠳᠤᠨ ᠫᠠᠢᠰᠠ ᠤᠨᠴᠠ ᠵᠢᠨ ᠢᠯᠡ ᠬᠠᠷᠠᠬᠳᠠᠵᠤ᠂ ᠴᠠᠭᠠᠨ᠎ᠠ ᠨᠢ ᠨᠡᠯᠢᠶᠡᠳ ᠤᠯᠠᠨ ᠵᠢᠭᠤᠯᠴᠢᠯᠠᠬᠴᠢ ᠬᠠᠰᠢᠶᠠᠨ ᠳ᠋ᠡᠬᠢ ᠬᠦᠬᠡᠷᠤᠬᠦᠨ ᠪᠤᠳᠤᠭᠤ ᠨᠤᠭᠤᠳ ᠢ᠋ ᠪᠠᠬᠠᠷᠬᠠᠨ ᠰᠡᠬᠦᠳᠡᠷᠯᠡᠵᠤ᠂ ᠡᠡᠭᠭᠡᠪᠤᠶᠠᠨ ᠰᠠᠶᠢᠬᠠᠨ ᠰᠠᠭᠠᠬᠰᠠᠨ ᠢᠡᠭᠭᠡᠨ ᠰᠦ ᠪᠡᠨ ᠬᠦᠢᠳᠡᠨ ᠬᠡᠯᠬᠢᠶᠡᠳᠤ ᠵᠦᠬᠡᠬᠡᠪᠤᠷᠢ ᠵᠢᠨ ᠮᠠᠰᠢᠨ ᠳ᠋ᠤ ᠭᠠᠷᠭᠠᠵᠤ ᠶᠠᠭᠠᠷᠠᠨ᠎ᠠ᠃

《ᠬᠦᠢᠳᠡᠨ ᠬᠡᠯᠬᠢᠶᠡᠳᠤ ᠵᠢᠨ ᠮᠠᠰᠢᠨ ᠲᠡᠷᠭᠡ ᠡᠳᠤᠷ ᠤ᠋ᠨ ᠨᠢᠭᠡ ᠤᠳᠠᠭ᠎ᠠ ᠢᠷᠡᠳᠡᠭ᠃ ᠡᠳᠤᠷ ᠤ᠋ᠨ ᠲᠤᠰᠤᠬᠰᠠᠨ ᠵᠠᠬᠢᠶᠠᠯᠠᠭ᠎ᠠ ᠪᠡᠨ ᠪᠦᠬᠦᠨ ᠢ᠋ ᠡᠬᠦᠨ ᠵᠢᠡᠷ ᠲᠠᠮᠵᠢᠨ ᠬᠡᠷᠡᠭᠯᠡᠭᠴᠢᠳ ᠲᠦ᠍ ᠬᠦᠷᠬᠡᠵᠤ᠂ ᠵᠠᠷᠢᠮ ᠨᠢ ᠰᠢᠭᠤᠳ ᠡᠨᠳᠡ ᠢᠷᠡᠬᠡᠳ ᠦᠪᠡᠰᠤᠪᠠᠨ ᠠᠪᠠᠴᠢᠵᠤ ᠪᠤᠢ》 ᠬᠡᠵᠤ ᠡᠡᠭᠭᠡᠪᠤᠶᠠᠨ ᠬᠡᠯᠡᠨ᠎ᠠ᠃ ᠲᠡᠳᠡᠨ ᠤ᠋ ᠬᠢᠨ ᠡᠨᠡ ᠵᠢᠯ ᠤ᠋ᠨ 6 ᠰᠠᠷ᠎ᠠ ᠳ᠋ᠤ ᠭᠠᠷᠰᠢᠭᠤᠯᠤᠭᠰᠠᠨ ᠠᠷᠪᠠᠨ ᠬᠡᠳᠦᠨ ᠲᠠᠮᠡᠬᠡ ᠪᠡᠨ ᠠᠪᠤᠭᠠᠳ ᠨᠡᠩ ᠦᠷᠬᠡᠨ ᠠᠭᠤᠳᠠᠮ ᠵᠠᠬ᠎ᠠ ᠲᠠᠯᠬᠡᠬᠦᠷ ᠢ᠋ ᠵᠤᠷᠢᠵᠤ᠂ ᠰᠢᠨ᠎ᠠ ᠰᠤᠷᠭᠤᠭ ᠢᠩᠬᠡᠨ ᠰᠦ ᠪᠠᠨ ᠵᠠᠪᠰᠠᠷ ᠤ᠋ᠨ ᠮᠠᠢᠮᠠᠢᠴᠢᠨ ᠢ᠋ ᠲᠠᠮᠵᠢᠬᠤ ᠦᠬᠡᠢ ᠪᠡᠷ ᠰᠢᠭᠤᠳ ᠬᠡᠷᠡᠭᠯᠡᠭᠴᠢᠳ ᠤ᠋ᠨ ᠭᠠᠷ ᠲᠸ᠋ ᠬᠦᠷᠭᠡᠬᠦ ᠬᠡᠮᠡᠨ ᠨᠠᠮ ᠰᠡᠯᠡᠬᠦᠤ ᠭᠣᠪᠢ ᠨᠤᠳᠤᠭ ᠡᠴᠡ ᠬᠦᠭᠵᠢᠶᠠᠨ ᠨᠠᠷᠬᠢᠶᠡᠨ ᠲᠠᠢ ᠬᠦᠬᠡᠬᠤᠳᠠ ᠳ᠋ᠤ 《ᠤᠳᠤᠷᠯᠠᠵᠤ》 ᠢᠷᠠᠵᠠᠢ᠃

ᠡᠡᠭᠭᠡᠪᠤᠶᠠᠨ 2019 ᠤᠨ ᠳ᠋ᠤ ᠬᠡᠤᠭᠡᠨ ᠵᠢᠡᠨ ᠬᠦᠬᠡᠬᠤᠳᠠ ᠳ᠋ᠤ ᠪᠢᠴᠢᠭ ᠦᠵᠡᠬᠦᠯᠦᠭᠰᠡᠨ ᠤ᠋ ᠲᠠᠷᠠᠭᠠᠬᠢ ᠬᠡᠳᠤᠨ ᠵᠢᠯ ᠳ᠋ᠤ ᠬᠡᠤᠭᠡᠨ ᠵᠢᠡᠨ ᠦᠵᠡᠬᠦ ᠪᠡᠷ ᠭᠠᠷᠠᠭ ᠲᠸ᠋ ᠨᠢᠭᠡ ᠤᠳᠠᠭ᠎ᠠ ᠬᠦᠬᠡᠬᠤᠳᠠ ᠳ᠋ᠤ ᠢᠷᠡᠳᠡᠭ ᠪᠠᠢᠯ᠎ᠠ᠃ 《ᠲᠡᠷᠡ ᠦᠶᠡᠰ ᠬᠦᠬᠡᠬᠤᠳᠠ ᠵᠢᠨ ᠮᠠᠰᠢ ᠤᠯᠠᠨ ᠬᠦᠮᠦᠨ ᠮᠦᠩᠬᠦ ᠪᠠᠨ ᠪᠠᠷᠢᠭᠠᠳ ᠰᠢᠨ᠎ᠠ ᠰᠤᠷᠭᠤᠭ ᠢᠡᠭᠭᠡᠨ ᠰᠦ ᠤᠯᠵᠤ ᠤᠤᠭᠤᠬᠤ ᠦᠬᠡᠢ ᠭᠠᠴᠢᠬᠳᠠᠵᠤ᠂ ᠨᠠᠳᠠ ᠵᠢ ᠠᠯᠠᠱᠠ ᠬᠦᠬᠡᠬᠤᠳᠠ ᠵᠢᠨ ᠬᠤᠭᠤᠷᠤᠨᠳᠤ ᠨᠠᠭᠠᠰᠢ ᠴᠠᠭᠠᠰᠢ ᠶᠠᠪᠤᠵᠤ ᠰᠠᠭᠤᠵᠤ ᠪᠠᠢᠬᠤ ᠵᠢ ᠮᠡᠳᠡᠬᠡᠳ ᠢᠡᠭᠭᠡᠨ ᠰᠦ ᠵᠠᠬᠢᠶᠠᠯᠠᠵᠤ ᠬᠦᠷᠬᠡᠬᠦᠯᠳᠡᠭ᠃ ᠲᠠᠬᠡᠬᠡᠳ ᠡᠳᠤᠷ ᠤ᠋ᠨ ᠤᠳᠠᠭᠠᠨ ᠳ᠋ᠠᠭᠠᠨ ᠵᠠᠬᠢᠶᠠᠯᠠᠬᠤ ᠬᠦᠮᠤᠨ ᠶᠠᠪᠤᠬᠤ ᠲᠤᠳᠤᠮ ᠤᠯᠠᠰᠢᠷᠠᠭᠰᠠᠨ ᠶᠤᠮ》 ᠬᠡᠵᠤ ᠡᠡᠭᠭᠡᠪᠤᠶᠠᠨ ᠡᠷᠬᠢᠴᠡᠬᠦᠯᠤᠨ᠎ᠠ᠃

ᠲᠡᠷᠡ ᠴᠠᠭ ᠡᠴᠡ ᠡᠬᠢᠯᠡᠨ ᠡᠡᠭᠭᠡᠪᠤᠶᠠᠨ ᠤ᠋ ᠰᠡᠳᠬᠢᠯ ᠳ᠋ᠤ 《ᠬᠦᠬᠡᠬᠤᠳᠠ ᠵᠢᠨ ᠲᠡᠬᠦᠷᠬᠡ ᠳ᠋ᠤ ᠲᠡᠮᠡᠭᠡ ᠪᠡᠨ ᠮᠠᠯᠵᠢᠬᠤ ᠵᠢᠨ ᠲᠠᠭᠠᠤ ᠰᠦ ᠰᠠᠭᠠᠯᠢ ᠪᠡᠨ ᠬᠤᠳᠠᠯᠳᠤᠪᠡᠯ ᠪᠤᠯᠳᠠᠭ ᠴᠦ᠍ ᠶᠤᠮ ᠤ᠋ᠤ?》 ᠬᠡᠰᠡᠨ ᠪᠤᠳᠤᠯ ᠬᠦᠪᠤᠷᠡᠵᠤ᠂ 2021 ᠤᠨ ᠤ᠋ ᠦᠶ᠎ᠠ ᠪᠡᠷ ᠡᠨᠡ ᠬᠦ᠌ ᠪᠤᠳᠤᠯ ᠵᠢᠡᠨ ᠪᠠᠶᠠᠯᠠᠬᠦᠯᠬᠦ ᠬᠡᠮᠡᠨ ᠴᠢᠷᠮᠠᠢᠬᠰᠠᠨ ᠪᠤᠯᠪᠠᠴᠤ ᠤᠯᠠᠨ ᠰᠢᠯᠳᠠᠭᠠᠨ ᠡᠴᠡ ᠪᠤᠯᠵᠤ ᠠᠵᠢᠯ ᠵᠢᠡᠨ ᠡᠬᠢᠯᠡᠬᠦᠯᠵᠤ ᠴᠢᠳᠠᠬᠰᠠᠨ ᠦᠬᠡᠢ᠃ ᠡᠨᠡ ᠵᠢᠯ ᠤᠣ ᠸᠸᠢ ᠠᠳᠤᠭᠤᠨ ᠰᠤᠶᠤᠯ ᠤ᠋ᠨ ᠵᠢᠵᠢᠭ ᠪᠠᠯᠭᠠᠰᠤᠨ ᠡᠴᠡ ᠬᠡᠰᠡᠭ ᠭᠠᠵᠠᠷ ᠢ᠋ ᠵᠢᠯ ᠤ᠋ᠨ 6 ᠲᠦᠮᠡᠨ ᠲᠦᠬᠦᠷᠢᠭ ᠵᠢᠡᠷ ᠲᠦᠷᠢᠶᠠᠰᠤᠯᠠᠬᠦ ᠵᠢᠨ ᠬᠠᠮᠳᠤ ᠪᠠᠰᠠ 20 ᠲᠦᠮᠡ ᠭᠠᠷᠤᠢ ᠲᠦᠬᠦᠷᠢᠭ ᠤ᠋ᠨ ᠪᠡᠯᠡ ᠤᠷᠤᠭᠤᠯᠤᠨ ᠪᠦᠳᠦᠬᠡᠨ ᠪᠠᠢᠭᠤᠯᠤᠯᠳᠠ ᠬᠢᠵᠤ᠂ ᠪᠤᠳᠤᠭᠰᠠᠨ ᠠᠵᠢᠯ ᠵᠢᠡᠨ ᠡᠬᠢᠯᠡᠬᠦᠯᠦᠯ᠎ᠠ᠃ ᠤᠳᠤ ᠲᠡᠳᠡᠨ ᠤ᠋ ᠬᠢᠨ ᠡᠳᠤᠷ ᠪᠦᠷᠢ ᠢᠩᠬᠡ ᠪᠠᠨ 2 ᠤᠳᠠᠭ᠎ᠠ ᠰᠠᠭᠠᠵᠤ᠂ 60 — 70 ᠵᠢᠡᠭ ᠰᠢᠨ᠎ᠠ ᠰᠤᠷᠭᠤᠭ ᠢᠡᠭᠭᠡᠨ ᠰᠦ ᠪᠤᠷᠤᠯᠠᠭᠤᠯᠵᠤ ᠪᠠᠢᠬᠤ ᠪᠦᠬᠡᠳ ᠭᠤᠪᠢ ᠵᠢᠨ ᠤᠯᠠᠭᠠᠨ ᠲᠡᠮᠡᠭᠡ ᠺᠤᠮᠫᠠᠨᠢ ᠲᠠᠢ ᠬᠠᠮᠳᠤᠷᠠᠯᠴᠠᠨ᠂ ᠰᠢᠨ᠎ᠠ ᠪᠡᠷ ᠰᠠᠭᠠᠬᠰᠠᠨ ᠢᠡᠭᠭᠡᠨ ᠰᠦ ᠪᠡᠨ ᠲᠤᠰᠬᠠᠢ ᠪᠠᠺᠲ᠋ᠸᠷᠢ ᠤᠰᠠᠳᠬᠠᠬᠤ ᠰᠠᠪᠠᠨ ᠳ᠋ᠤ ᠬᠢᠵᠤ᠂ ᠲᠠᠬᠢᠨ ᠲᠤᠤᠷ᠎ᠠ ᠲᠤᠯᠠᠭᠠᠨ ᠳ᠋ᠤ ᠬᠠᠳᠠᠭᠠᠯᠠᠵᠤ᠂ ᠰᠢᠨ᠎ᠠ ᠰᠤᠷᠭᠤᠭ ᠵᠢᠡᠷ ᠨᠢ ᠬᠠᠳᠠᠭᠠᠯᠠᠵᠤ ᠵᠦᠬᠡᠬᠡᠪᠤᠷᠢᠯᠡᠬᠦ ᠪᠦᠷᠢᠨ ᠲᠦᠬᠦᠷ ᠬᠦᠢᠳᠡᠨ ᠬᠡᠯᠬᠢᠶᠡᠳᠤ ᠬᠦᠢᠯᠬᠡᠬᠡ ᠵᠢᠨ ᠰᠢᠰᠲᠸᠮ ᠢ᠋ ᠪᠦᠷᠢᠯᠳᠦᠬᠦᠯᠪᠡ᠃ ᠲᠡᠳᠡᠨ ᠤ᠋ ᠰᠢᠨ᠎ᠠ ᠰᠤᠷᠭᠤᠭ ᠢᠩᠬᠡᠨ ᠰᠦ ᠨᠢ ᠬᠦᠬᠡᠬᠤᠳᠠ ᠵᠢᠨ ᠮᠤᠡᠭᠭᠤᠯ ᠬᠤᠳᠠ ᠬᠤᠳᠠᠯᠳᠤᠭᠠᠨ ᠤ᠋ ᠲᠦᠪ ᠵᠡᠷᠬᠡ ᠬᠡᠳᠤᠨ ᠭᠠᠵᠠᠷ ᠵᠢᠡᠷ ᠲᠠᠮᠵᠢᠨ ᠲᠤᠮᠤ ᠵᠠᠬ᠎ᠠ ᠲᠠᠯᠬᠡᠬᠦᠷ ᠲᠦ᠍ ᠭᠠᠷᠴᠦ᠂ ᠬᠠᠩᠭᠠᠯᠭ᠎ᠠ ᠨᠢ ᠬᠡᠷᠡᠭᠴᠡᠬᠡ ᠳ᠋ᠤ ᠬᠦᠷᠬᠦ ᠦᠬᠡᠢ᠂ ᠴᠢᠨᠠᠭᠰᠢᠯᠠᠪᠠᠯ ᠵᠠᠬᠢᠶᠠᠯᠠᠭ᠎ᠠ ᠳ᠋ᠠᠭᠠᠨ ᠴᠦ᠍ ᠬᠦᠷᠬᠦ ᠦᠬᠡᠢ ᠰᠠᠨᠳᠤᠷᠴᠦ ᠪᠠᠢᠨ᠎ᠠ᠃

《ᠮᠠᠯᠴᠢᠨ ᠡᠡᠭᠭᠡᠪᠤᠶᠠᠨ ᠤ᠋ ᠪᠤᠯᠪᠠᠰᠤᠷᠠᠭᠤᠯᠤᠭᠰᠠᠨ ᠢᠡᠭᠭᠡᠨ ᠰᠦ ᠵᠢᠨ ᠪᠦᠳᠤᠭᠡᠭᠳᠡᠬᠦᠨ ᠮᠠᠨ ᠤ᠋ ᠬᠤᠳᠠᠯᠳᠤᠭᠠᠨ ᠤ᠋ ᠲᠦᠪ ᠲᠸ᠋ ᠤᠷᠤᠭᠰᠠᠨ ᠨᠢ ᠬᠡᠷᠡᠭᠯᠡᠭᠴᠢᠳ ᠤ᠋ᠨ ᠬᠡᠷᠡᠭᠴᠡᠭᠡ ᠱᠠᠭᠠᠷᠳᠠᠯᠭ᠎ᠠ ᠳ᠋ᠤ ᠨᠡᠢᠴᠡᠭᠰᠡᠨ ᠪᠦᠭᠡᠳ ᠪᠤᠷᠤᠯᠠᠭᠤᠯᠭ᠎ᠠ ᠴᠸ᠋ ᠬᠠᠨᠤᠮᠵᠢᠳᠠᠢ ᠪᠠᠢᠨ᠎ᠠ᠃ ᠡᠨᠡ ᠵᠢᠯ ᠡᠴᠡ ᠨᠠᠭᠠᠰᠢ ᠮᠠᠨ ᠤ᠋ ᠬᠤᠳᠠᠯᠳᠤᠭᠠᠨ ᠤ᠋ ᠲᠦᠪ ᠤ᠋ᠨ ᠠᠷᠠᠯᠵᠢᠶ᠎ᠠ ᠮᠠᠢᠮᠠᠢ ᠪᠤᠯᠤᠨ ᠬᠦᠮᠤᠨ ᠤ᠋ ᠤᠷᠤᠰᠬᠠᠯ ᠪᠦᠷ ᠰᠢᠨ᠎ᠠ ᠲᠡᠭᠳᠡᠷ ᠲᠸ᠋ ᠭᠠᠷᠴᠦ᠂ ᠲᠤᠯᠤᠭ᠎ᠠ ᠨᠢ᠋ᠮᠠᠨ ᠰᠠᠷ᠎ᠠ ᠵᠢᠨ ᠵᠢᠭᠤᠯᠴᠢᠯᠠᠯ ᠤ᠋ᠨ ᠬᠦᠭᠵᠢᠶᠡᠨᠳᠤ ᠦᠶ᠎ᠠ ᠳ᠋ᠤ ᠬᠠᠮᠤᠭ ᠤ᠋ᠨ ᠤᠯᠠᠨ ᠳ᠋ᠠᠭᠠᠨ ᠨᠢᠬᠡᠯᠬᠡᠨ ᠡᠳᠤᠷ ᠲᠦ᠍ 2 ᠲᠦᠮᠡ ᠭᠠᠷᠤᠢ ᠵᠢᠭᠤᠯᠴᠢᠯᠠᠭᠴᠢ ᠵᠢ ᠬᠦᠯᠢᠶᠡᠨ ᠠᠪᠴᠠᠢ᠃ ᠤᠨᠴᠠᠯᠢᠭᠳᠤ ᠴᠠᠭᠠᠨ ᠢᠳᠡᠭᠡᠨ᠂ ᠨᠤᠤᠰᠤᠨ ᠨᠡᠭᠡᠮᠡᠯ ᠵᠡᠷᠭᠡ ᠵᠢᠨ ᠪᠤᠷᠤᠯᠠᠭᠤᠯᠭ᠎ᠠ ᠮᠠᠰᠢ ᠰᠠᠢᠨ ᠪᠠᠢᠨ᠎ᠠ》 ᠬᠡᠵᠤ ᠬᠦᠬᠡᠬᠤᠳᠠ ᠵᠢᠨ ᠮᠤᠡᠭᠭᠤᠯ ᠬᠤᠳᠠ ᠬᠤᠳᠠᠯᠳᠤᠭᠠᠨ ᠤ᠋ ᠲᠦᠪ ᠤ᠋ᠨ ᠶᠡᠷᠤᠡᠭᠭᠡᠢ ᠵᠠᠬᠢᠷᠤᠯ ᠪᠠᠳᠤᠪᠢᠯᠢᠢᠠ᠋ ᠶᠠᠷᠢᠨ᠎ᠠ᠃

ᠲᠤᠰᠬᠠᠢ ᠮᠡᠷᠬᠡᠵᠢᠯᠳᠡᠳ ᠤ᠋ᠨ ᠵᠠᠳᠠᠯᠤᠭᠰᠠᠨ ᠵᠢᠡᠷ᠂ ᠢᠡᠭᠭᠡᠨ ᠰᠦ ᠳ᠋ᠤ ᠤᠭᠤᠷᠠᠭ᠂ ᠸᠢᠲ᠋ᠠᠮᠢᠨ ᠪᠡ ᠤᠯᠠᠨ ᠵᠦᠢᠯ ᠤ᠋ᠨ ᠪᠢᠴᠢᠯ ᠡᠯᠸᠮᠸᠨ᠋ᠲ ᠡᠯᠪᠡᠭ ᠠᠭᠤᠯᠤᠬᠳᠠᠵᠤ᠂ ᠲᠤᠢᠯ ᠤ᠋ᠨ ᠦᠨ᠎ᠠ ᠴᠡᠨ᠎ᠠ ᠲᠠᠢ ᠰᠢᠮ᠎ᠠ ᠲᠡᠵᠢᠭᠡᠯᠳᠤ ᠢᠳᠡᠭᠡᠨ ᠤᠮᠳᠠᠭᠠᠨ ᠪᠤᠯᠬᠤ ᠪᠦᠭᠡᠳ ᠮᠠᠰᠢ ᠰᠠᠢᠨ ᠰᠤᠪᠢᠯᠠᠯᠳᠠ ᠵᠢᠨ ᠦᠢᠯᠡᠳᠤᠯ ᠲᠠᠢ ᠪᠠᠢᠵᠤ ᠂ ᠬᠦᠮᠦᠰ ᠤ᠋ᠨ ᠬᠦᠷᠢᠶᠡᠯᠡᠯ ᠢ᠋ ᠤᠯᠤᠬᠰᠠᠭᠠᠷ ᠢᠷᠡᠵᠠᠢ᠃ 《ᠪᠢ ᠤᠳᠠᠭᠠᠨ ᠵᠢᠯ ᠢᠡᠭᠭᠡᠨ ᠰᠦ ᠤᠤᠭᠤᠵᠤ᠂ ᠦᠩᠬᠡᠷᠡᠭᠰᠡᠨ ᠳ᠋ᠤ ᠪᠦᠷ ᠠᠯᠠᠱᠠ᠂ ᠪᠠᠶᠠᠠᠨᠠᠭᠤᠷ ᠤ᠋ᠨ ᠮᠠᠯᠵᠢᠬᠤ ᠡᠷᠤᠭᠡ ᠡᠴᠡ ᠵᠠᠬᠢᠶᠠᠯᠠᠳᠠᠭ᠃ ᠤᠳᠤ ᠬᠦᠬᠡᠬᠤᠳᠠ ᠡᠴᠡ ᠭᠠᠷᠬᠤ ᠦᠬᠡᠢ ᠪᠡᠷ ᠰᠢᠨ᠎ᠠ ᠰᠤᠷᠭᠤᠭ ᠢᠡᠭᠭᠡᠨ ᠰᠦ ᠤᠯᠵᠤ ᠠᠪᠬᠤ ᠪᠤᠯᠤᠭᠰᠠᠨ ᠨᠢ ᠮᠠᠰᠢ ᠵᠢᠷᠭᠠᠯ ᠳᠠᠢ ᠰᠠᠨᠠᠭᠳᠠᠵᠤ ᠪᠠᠢᠨ᠎ᠠ》 ᠬᠡᠵᠤ ᠡᠡᠭᠭᠡᠪᠤᠶᠠᠨ ᠤ᠋ ᠬᠢ ᠡᠴᠡ ᠢᠩᠬᠡᠨ ᠰᠦ ᠠᠪᠬᠤ ᠪᠡᠷ ᠢᠷᠡᠭᠰᠡᠨ ᠬᠦᠬᠡᠬᠤᠳᠠ ᠳ᠋ᠤ ᠠᠵᠢᠯ ᠠᠯᠪᠠ ᠲᠠᠢ ᠭᠤᠸ᠎ᠠ ᠬᠡᠯᠡᠨ᠎ᠠ᠃

ᠤᠳᠤ ᠡᠡᠭᠭᠡᠪᠤᠶᠠᠨ ᠨᠢᠬᠡᠨᠳᠡ ᠬᠦᠬᠡᠬᠤᠳᠠ ᠵᠢᠨ ᠵᠠᠬ᠎ᠠ ᠲᠠᠯᠬᠡᠬᠦᠷ ᠲᠦ᠍ ᠬᠦᠯ ᠤᠯᠠ ᠪᠡᠨ ᠤᠯᠵᠤ᠂ ᠤᠯᠠᠨ ᠲᠤᠬᠳᠠᠬᠰᠠᠨ ᠬᠡᠷᠡᠭᠯᠡᠭᠴᠢ ᠲᠠᠢ ᠪᠤᠯᠵᠤ᠂ ᠤᠬᠤᠷᠬᠠᠨ ᠬᠤᠶᠠᠷ ᠰᠠᠷ᠎ᠠ ᠵᠢᠨ ᠬᠤᠭᠤᠴᠠᠭᠠᠨ ᠳ᠋ᠤ ᠵᠦᠪᠬᠡᠨ ᠢᠩᠬᠡᠨ ᠰᠦ ᠵᠢᠨ ᠤᠷᠤᠯᠭ᠎ᠠ ᠨᠢ ᠲᠡᠷᠤᠢ 10 ᠲᠦᠮᠡᠨ ᠲᠦᠬᠦᠷᠢᠭ ᠢ᠋ ᠲᠠᠪᠠᠴᠢᠬᠠᠵᠠᠢ᠃ ᠲᠡᠷᠡ ᠪᠠᠰᠠ ᠤᠣ ᠸᠸᠢ ᠠᠳᠤᠭᠤᠨ ᠰᠤᠶᠤᠯ ᠤ᠋ᠨ ᠵᠢᠵᠢᠭ ᠪᠠᠯᠭᠠᠰᠤᠨ ᠤ᠋ ᠵᠢᠭᠤᠯᠴᠢᠯᠠᠯ ᠤ᠋ᠨ ᠵᠠᠬ᠎ᠠ ᠲᠠᠯᠬᠡᠬᠦᠷ ᠲᠡᠬᠢ ᠤᠷᠤᠨ ᠪᠠᠢᠷᠢ ᠵᠢᠨ ᠲᠠᠪᠠᠭᠤᠯᠢᠭ ᠨᠦᠬᠦᠴᠡᠯ ᠢ᠋ ᠠᠰᠢᠬᠯᠠᠨ ᠤᠨᠴᠠᠯᠢᠬᠳᠤ ᠮᠠᠯᠴᠢᠨ ᠠᠢᠯ ᠤ᠋ᠨ ᠵᠢᠭᠤᠯᠴᠢᠯᠠᠯ ᠡᠷᠬᠢᠯᠡᠵᠤ᠂ ᠬᠤᠨᠤᠭ ᠪᠠᠭᠤᠳᠠᠯ᠂ ᠨᠠᠭᠠᠳᠤᠮ ᠴᠡᠡᠭᠭᠡᠬᠦᠨ ᠤ᠋ ᠵᠦᠢᠯ ᠢ᠋ ᠢᠵᠢ ᠪᠦᠷᠢᠳᠦᠬᠦᠯᠦᠭᠰᠡᠨ ᠡᠴᠡ ᠬᠣᠲᠠ ᠵᠢᠨ ᠠᠷᠠᠳ ᠤ᠋ᠨ ᠭᠠᠷᠠᠭ ᠤ᠋ᠨ ᠴᠢᠯᠦᠬᠡᠨ ᠤ᠋ ᠵᠤᠭ᠎ᠠ ᠰᠡᠯᠡᠬᠦᠴᠡᠯ ᠤ᠋ᠨ ᠵᠤᠷᠢᠯᠳᠠᠳᠤ ᠤᠷᠤᠨ ᠪᠣᠯᠵᠤ ᠪᠠᠢᠨ᠎ᠠ᠃

《ᠬᠤᠳᠠ ᠭᠠᠵᠠᠷ ᠬᠡᠵᠤ ᠬᠠᠮᠢᠭᠠᠰᠢ ᠪᠡᠨ ᠬᠠᠷᠠᠬᠰᠠᠨ ᠴᠸ᠋ ᠪᠦᠷ ᠵᠠᠬ᠎ᠠ ᠲᠠᠯᠬᠡᠬᠦᠷ ᠤ᠋ᠨ ᠠᠵᠠ ᠲᠤᠬᠢᠶᠠᠯ ᠲᠠᠢ ᠶᠤᠮ ᠪᠠᠢᠨ᠎ᠠ᠂ ᠪᠤᠳᠤᠵᠤ ᠰᠡᠳᠬᠢᠨ ᠬᠢᠵᠤ ᠯᠡ ᠪᠠᠢᠪᠠᠯ ᠤᠷᠤᠯᠭ᠎ᠠ ᠵᠢᠨ ᠵᠠᠮ ᠤᠯᠠᠨ ᠪᠤᠢ᠃ ᠤᠳᠤ ᠪᠢ ᠢᠡᠭᠭᠡ ᠰᠠᠭᠠᠵᠤ ᠰᠦ ᠪᠤᠷᠤᠯᠠᠭᠤᠯᠬᠤ ᠡᠴᠡ ᠭᠠᠳᠠᠨ᠎ᠠ ᠪᠠᠰᠠ ᠲᠡᠮᠡᠭᠡᠨ ᠮᠢᠬᠠᠨ ᠪᠤᠤᠵᠠ᠂ ᠬᠤᠷᠬᠤᠬ ᠮᠡᠳᠤ ᠵᠢᠨ ᠨᠤᠳᠤᠭ ᠤ᠋ᠨ ᠤᠨᠴᠠᠯᠢᠭᠳᠤ ᠬᠤᠭᠤᠯᠠ ᠪᠤᠳᠠᠭ᠎ᠠ ᠪᠠᠵᠠᠭᠠᠬᠤ ᠵᠢᠨ ᠬᠠᠮᠳᠤ 6 ᠲᠡᠮᠡᠭᠡ ᠪᠡᠨ ᠵᠢᠭᠤᠯᠴᠢᠯᠠᠬᠰᠠᠳ ᠲᠸ᠋ ᠤᠨᠤᠭᠤᠯᠤᠨ ᠤᠷᠤᠯᠭ᠎ᠠ ᠡᠬᠦᠳᠴᠤ ᠪᠠᠢᠨ᠎ᠠ》 ᠬᠡᠵᠤ ᠡᠡᠭᠭᠡᠪᠤᠶᠠᠨ ᠪᠠᠶᠠᠷᠳᠠᠢ ᠬᠡᠯᠡᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面