ᠭᠣᠣᠯ ᠰᠡᠳᠦᠪᠲᠦ ᠮᠡᠳᠡᠭᠡᠯᠡᠯ > ᠵᠣᠬᠢᠶᠠᠯ᠎ᠤᠨ ᠰᠤᠷᠲᠠᠯ᠎ᠢᠶᠠᠨ ᠰᠠᠢᠵᠢᠷᠠᠭᠤᠯᠤᠶ᠎ᠠ

2026-09-19 12:25:08

ᠵᠣᠬᠢᠶᠠᠭ᠍ᠴᠢ᠄ ᠾᠦᠸᠸ ᠰᠢᠶᠤᠤ ᠴᠢᠩ ᠣᠩᠱᠢᠭ᠍ᠰᠠᠨ ᠣᠳᠠᠭ᠎ᠠ᠄ 3

《ᠨᠢᠭᠡᠳᠦᠭᠡᠷ ᠭᠠᠷ 》 ᠎ᠤ᠋ᠨ ᠵᠢᠷᠭᠢᠶ᠎ᠠ ᠎ᠳᠤ 《 ᠪᠢᠴᠢᠭᠯᠡᠭᠳᠡᠭᠰᠡᠨ 》 ᠵᠠᠰᠠᠭ᠎ᠤᠨ ᠠᠵᠢᠯ᠎ᠤᠨ ᠪᠦᠲᠦᠮᠵᠢ

ᠰᠢᠶᠠᠩ ᠪᠠᠯᠭᠠᠰᠤᠨ᠎ᠤ 《ᠨᠢᠭᠡᠳᠦᠭᠡᠷ ᠭᠠᠷ》 ᠦ᠋ᠨ ᠵᠢᠷᠭᠢᠶ᠎ᠠ ᠵᠢ ᠨᠡᠮᠡᠨ ᠠᠪᠴᠤ ᠬᠦᠰᠡᠯ ᠱᠠᠭᠠᠷᠳᠠᠯᠭ᠎ᠠ᠎ᠪᠠᠨ ᠳᠤᠷᠠᠳᠤᠭᠰᠠᠨ᠎ᠠᠴᠠ ᠤᠯᠠᠨ ᠵᠢᠯ ᠲᠦᠪᠡᠭᠳᠡᠬᠦᠯᠵᠦ ᠪᠠᠶ᠋ᠢᠭᠰᠠᠨ ᠬᠦᠴᠢᠷ ᠠᠰᠠᠭᠤᠳᠠᠯ ᠨᠢ ᠰᠢ᠌ᠳᠪᠦᠷᠢᠯᠡᠭᠳᠡᠬᠦ᠌ ᠲᠥᠰᠦᠯ᠎ᠲᠡᠶ ᠪᠤᠯᠵᠤ᠂ ᠲᠦᠩᠯᠢᠶᠣᠤ ᠬᠤᠳᠠ᠎ᠶᠢᠨ ᠺᠠᠶ᠋ᠢᠯᠦ᠍ ᠰᠢᠶᠠᠨ᠎ᠤ ᠵᠢᠶᠠᠨ ᠬᠤᠸᠠ ᠪᠠᠯᠭᠠᠰᠤ᠎ᠶᠢᠨ ᠴᠢᠩ ᠹᠠ ᠲᠣᠰᠬᠣᠨ᠎ᠤ ᠯᠢᠦ ᠤᠪᠤᠭᠳᠤ ᠵᠢᠨ ᠰᠡᠦᠡᠭᠢᠯ᠎ᠦᠨ ᠲᠠᠷᠤᠭᠠᠰᠤ ᠨᠢ ᠬᠦᠩᠭᠡᠷᠡᠯ᠎ᠡ᠃

9 ᠰᠠᠷ᠎ᠠ᠎ᠶᠢᠨ 4 ᠎ᠤ᠋ ᠡᠳᠦᠷ᠂ ᠴᠢᠩ ᠹᠠ ᠲᠣᠰᠬᠣᠨ᠎ᠤ ᠱᠦᠨ ᠴᠧᠩ ᠬᠦᠢᠳᠡᠨ ᠬᠥᠮᠥᠷᠭᠡ᠎ᠳᠦ ᠣᠷᠣᠬᠤ᠎ᠳᠤ᠂ ᠤᠯᠠᠭᠠᠨ ᠯᠠᠵᠤᠤ ᠬᠦᠷᠢᠶ᠎ᠠ ᠲᠦᠬᠦᠷᠡᠨᠭ ᠲᠡᠯᠭᠡᠭᠳᠡᠵᠤ᠂ ᠡᠯᠪᠡᠭ ᠬᠤᠷᠢᠶᠠᠯᠳᠠ ᠵᠢ ᠭᠠᠢᠬᠠᠭᠤᠯᠤᠨ᠎ᠠ᠃ ᠭᠡᠳᠡᠯ᠎ᠡ᠂ ᠬᠠᠵᠠᠭᠤᠳᠡᠬᠢ ᠬᠦᠢᠲᠡᠨ ᠬᠥᠮᠥᠷᠭᠡ᠎ᠶᠢᠨ ᠠᠪᠴᠢᠭᠤᠯᠬᠤ ᠮᠠᠰᠢᠨ ᠬᠡᠳᠦᠨ ᠮᠢᠨᠦ᠋ᠲ ᠠᠯᠤᠰᠯᠠᠬᠤ ᠪᠦᠷᠢ ᠴᠢᠬᠢ ᠲᠦᠵᠢᠷᠡᠮ᠎ᠡ ᠲᠠᠭᠤᠨ ᠭᠠᠷᠭᠠᠵᠤ᠂ ᠲᠡᠳᠡᠨᠡᠢᠬᠢᠨ᠎ᠢ ᠠᠷᠭ᠎ᠠ ᠠᠯᠳᠠᠭᠤᠯᠤᠨ᠎ᠠ᠃ ᠯᠢᠦ ᠤᠪᠤᠭᠳᠤ ᠵᠢᠨ ᠬᠢᠨ ᠬᠦᠢᠳᠡᠨ ᠬᠦᠮᠦᠷᠭᠡ ᠲᠠᠢ ᠨᠢᠭᠡᠭᠡᠨ ᠵᠠᠰᠠᠮᠠᠯ ᠵᠠᠮ᠎ᠵᠢᠡᠷ ᠠᠯᠤᠰᠯᠠᠭᠳᠠᠵᠤ ᠪᠤᠢ᠃

ᠥᠩᠭᠡᠷᠡᠭᠰᠡᠨ᠎ᠳᠦ ᠡᠶ᠋ᠢᠮᠦᠷᠬᠦᠦ ᠬᠦᠴᠢᠷ ᠠᠰᠠᠭᠤᠳᠠᠯ ᠲᠤᠯᠭᠠᠷᠠᠪᠠᠯ ᠺᠠᠳ᠋ᠷᠴᠤᠳ᠎ᠢ ᠡᠷᠢᠵᠤ᠂ ᠠᠵᠤ ᠠᠬᠤᠢᠯᠠᠯ ᠎ᠢ ᠡᠷᠢᠵᠤ ᠨᠠᠭᠠᠰᠢ ᠴᠠᠭᠠᠰᠢ ᠤᠯᠠᠨᠳᠠ ᠬᠦᠶᠦᠳᠡᠭ ᠪᠠᠢᠭᠰᠠᠨ᠃ ᠤᠳᠤᠬᠠᠨ ᠳ᠋ᠤ ᠯᠢᠦ ᠤᠪᠤᠭᠳᠤ ᠬᠦᠰᠡᠯ ᠱᠠᠭᠠᠷᠳᠠᠯᠭ᠎ᠠ ᠪᠠᠨ ᠰᠢᠭᠤᠳ ᠰᠢᠶᠠᠩ᠎ᠤᠨ ᠤᠳᠤᠷᠢᠳᠤᠯᠭ᠎ᠠ᠎ᠳᠤ ᠲᠤᠰᠬᠠᠵᠤ ᠴᠢᠳᠠᠬᠤ ᠪᠤᠯᠵᠤ᠂ ᠠᠵᠢᠯ᠎ᠦᠨ ᠦᠷ᠎ᠡ ᠪᠦᠲᠦᠮᠵᠢ ᠨᠢ ᠵᠢᠱ᠌ᠢᠭᠰᠡᠨ᠎ᠡᠴᠡ ᠬᠤᠯᠠ ᠬᠤᠷᠳᠤᠨ ᠪᠤᠯᠵᠠᠢ᠃

7 ᠰᠠᠷ᠎ᠠ᠎ᠶᠢᠨ 20 ᠤ᠋ ᠡᠳᠦᠷ᠂ ᠲᠡᠷᠡ ᠲᠣᠰᠬᠣᠨ᠎ᠤ ᠵᠥᠪᠯᠡᠯ᠎ᠦᠨ ᠵᠠᠷ ᠮᠡᠳᠡᠭᠡᠨ᠎ᠤ ᠰᠠᠮᠪᠠᠷ᠎ᠠ ᠳᠡᠭᠡᠷ᠎ᠡ ᠪᠠᠯᠭᠠᠰᠤᠨ᠎ᠤ ᠨᠠᠮ᠎ᠤᠨ ᠬᠣᠷᠢᠶ᠎ᠠ ᠵᠢᠨ ᠱᠦᠵᠢ ᠪᠣᠯᠤᠨ ᠪᠠᠯᠭᠠᠰᠤᠨ ᠳᠠᠷᠤᠭ᠎ᠠ᠎ᠶᠢᠨ ᠵᠢᠷᠭᠢᠶ᠎ᠡ᠎ᠶᠢᠨ ᠬᠣᠶᠠᠷ ᠬᠡᠮᠵᠢᠯᠳᠦ ᠺᠣᠳ᠋᠎ᠢ ᠢᠯᠡ ᠨᠡᠶ᠋ᠢᠲᠡᠯᠡᠵᠦ᠍ ᠪᠠᠢᠬᠤ ᠵᠢ ᠤᠯᠵᠤ ᠬᠠᠷᠠᠨ᠂ ᠲᠤᠷᠰᠢᠵᠤ ᠦᠵᠡᠬᠦ᠌ ᠪᠤᠳᠤᠯ᠎ᠢᠶᠠᠷ ᠸᠠᠩ ᠴᠦᠨ ᠲᠢᠩ᠎ᠱᠦᠵᠢ ᠵᠢᠨ ᠵᠢᠷᠭᠢᠶ᠎ᠠ᠎ᠶᠢ ᠨᠡᠮᠡᠵᠦ᠍ ᠂ ᠡᠨᠡ ᠬᠦ᠌ ᠤᠯᠠᠨ ᠵᠢᠯ᠎ᠦᠨ ᠪᠤᠬᠢᠨᠢᠳᠤᠯ᠎ᠢᠶᠡᠨ ᠲᠤᠰᠬᠠᠭᠰᠠᠨ ᠪᠠᠢᠵᠠᠢ᠃

7 ᠰᠠᠷ᠎ᠠ᠎ᠶᠢᠨ 22᠎ᠤ᠋ᠨ ᠡᠳᠦᠷ᠂ ᠰᠠᠶᠢᠬᠠᠨ ᠬᠤᠷᠠᠯ ᠡᠴᠡ ᠪᠠᠭᠤᠭᠰᠠᠨ ᠸᠠᠩ ᠴᠦᠨ ᠲᠢᠩ ᠱᠦᠵᠢ ᠲᠤᠬᠠᠢ ᠵᠢᠨ ᠲᠠᠯᠠᠪᠠᠶ᠎ᠳ᠋ᠤ ᠬᠦᠷᠴᠦ᠍ ᠪᠠᠶ᠋ᠢᠳᠠᠯ᠎ᠢ ᠬᠢᠨᠠᠨ ᠬᠠᠷᠭᠤᠭᠤᠯᠪᠠ ᠃ ᠸᠠᠩ ᠴᠦᠨ ᠲᠢᠩ᠄《 ᠡᠨᠡ ᠬᠦ᠌ ᠳᠠᠭᠤᠨ᠎ᠢ ᠬᠠᠶᠠ ᠰᠣᠨᠣᠰᠬᠤ ᠳ᠋ᠤ ᠬᠠᠮᠢᠶ᠎ᠠ ᠦᠭᠡᠢ ᠲᠡᠰᠪᠦᠷᠢᠯᠡᠵᠦ ᠪᠤᠯᠬᠤ ᠪᠤᠯᠪᠠᠴᠤ᠂ ᠦᠢᠯᠡᠳᠪᠦᠷᠢ᠎ᠶᠢᠨ ᠲᠠᠰᠤᠭ ᠲᠡᠶ ᠨᠢᠭᠡ ᠯᠡ ᠵᠠᠮ ᠵᠢᠡᠷ ᠠᠯᠤᠰᠯᠠᠵᠤ ᠪᠠᠶ᠋ᠢᠭ᠎ᠠ ᠲᠣᠰᠬᠣᠨ᠎ᠤ ᠠᠷᠠᠳ᠎ᠲᠤ᠌ ᠠᠪᠴᠤ᠌ ᠬᠡᠯᠡᠪᠡᠯ᠂ ᠨᠡᠭᠡᠷᠡᠨ ᠡᠳᠦᠷ ᠪᠣᠯᠭᠠᠨ ᠦᠨᠡᠭᠡᠷ ᠲᠠᠷᠴᠢᠯᠠᠭᠠᠭᠳᠠᠵᠤ ᠪᠠᠶ᠋ᠢᠨ᠎ᠠ᠂ ᠡᠷᠬᠡᠪᠰᠢ ᠰᠢ᠌ᠳᠪᠦᠷᠢᠯᠡᠬᠦ᠌ ᠬᠡᠷᠡᠭᠲᠡᠢ 》 ᠭᠡᠵᠦ᠍ ᠲᠤᠬᠠᠢ ᠵᠢᠨ ᠲᠠᠯᠠᠪᠠᠶ ᠳ᠋ᠤ ᠠᠮᠠᠯᠠᠯᠳᠠ ᠦᠭᠪᠠ᠃

ᠺᠠᠶ᠋ᠢᠯᠦ᠍ 《ᠤᠯᠠᠭᠠᠨ ᠯᠠᠵᠤᠤ᠎ᠶᠢᠨ ᠬᠣᠲᠠ》 ᠬᠡᠮᠡᠭᠳᠡᠵᠦ᠍ ᠂ 60 ᠲᠦᠮᠡᠨ ᠮᠥ᠍ ᠤᠯᠠᠭᠠᠨ ᠯᠠᠵᠤᠤ ᠨᠢ ᠲᠦᠭ ᠲᠦᠮᠡᠨ ᠠᠶ᠋ᠢᠯ ᠡᠷᠦᠬᠡ᠎ᠶᠢᠨ ᠠᠵᠤ ᠠᠮᠢᠳᠤᠷᠠᠯ᠎ᠲᠠᠶ ᠬᠣᠯᠪᠣᠯᠳᠤᠵᠤ᠂ ᠬᠦᠢᠲᠡᠨ ᠬᠥᠮᠥᠷᠭᠡ ᠨᠢ ᠠᠵᠤ ᠦᠢᠯᠡᠰ᠎ᠦᠨ ᠬᠠᠮᠤᠭ᠎ᠤᠨ ᠦᠨᠳᠦᠰᠦᠨ ᠢᠵᠢ ᠲᠦᠬᠦᠷᠵᠢᠬᠦᠯᠦᠯᠳᠠ ᠪᠤᠯᠬᠤ ᠠᠵᠢ᠃《ᠬᠦᠢᠲᠡᠨ ᠬᠥᠮᠥᠷᠭᠡ᠎ᠶᠢᠨ ᠠᠵᠢᠯᠯᠠᠭᠠᠨ᠎ᠢ ᠪᠠᠲᠤᠯᠠᠬᠤ ᠬᠡᠷᠡᠭᠳᠡᠢ ᠪᠦᠭᠡᠳ ᠣᠯᠠᠨ ᠲᠦᠮᠡᠨ᠎ᠦ ᠬᠦᠰᠡᠯ ᠱᠠᠭᠠᠷᠳᠠᠯᠭ᠎ᠠ᠎ᠶᠢ ᠴᠤ᠌ ᠰᠢᠢᠳᠪᠦᠷᠢᠯᠡᠬᠦ᠌ ᠬᠡᠷᠡᠭᠲᠡᠶ 》 ᠭᠡᠵᠦ᠍ ᠸᠠᠩ ᠴᠦᠨ ᠲᠢᠩ ᠣᠯᠠᠨ ᠤᠳᠠᠭ᠎ᠠ ᠠᠵᠤ ᠠᠬᠤᠢᠯᠠᠯ᠎ᠢ ᠡᠷᠢᠵᠦ᠍ ᠴᠡᠭᠴᠡᠯᠡᠨ ᠥᠭᠡᠷᠡᠴᠢᠯᠡᠬᠦ᠌ ᠠᠷᠭ᠎ᠠ ᠵᠥᠪᠳᠡᠵᠡᠶ᠃ ᠡᠬᠢᠨ᠎ᠳᠡᠭᠡᠨ ᠠᠪᠴᠢᠭᠤᠯᠬᠤ ᠮᠠᠰᠢᠨ᠎ᠳᠤ ᠲᠠᠭᠤ ᠬᠠᠯᠬᠠᠯᠠᠬᠤ ᠲᠥᠬᠥᠭᠡᠷᠦᠮᠵᠢ ᠨᠡᠮᠡᠵᠦ᠍ ᠤᠭᠰᠠᠷᠠᠬᠤ᠎ᠪᠠᠷ ᠲᠥᠯᠥᠪᠯᠡᠵᠦ᠍ ᠪᠠᠢᠭᠰᠠᠨ ᠪᠤᠯᠪᠠᠴᠤ᠂ ᠵᠦᠪᠳᠡᠯᠴᠡᠬᠦ ᠶᠠᠪᠤᠴᠠ᠎ᠳᠤ ᠠᠵᠤ ᠠᠬᠤᠢᠯᠠᠯ᠎ᠤᠨ ᠬᠢᠨ ᠰᠢᠨ᠎ᠡ ᠬᠥᠮᠥᠷᠭᠡ ᠪᠠᠶ᠋ᠢᠭᠤᠯᠬᠤ ᠲᠥᠯᠥᠪᠯᠡᠭᠡ᠎ᠲᠡᠶ ᠪᠠᠶ᠋ᠢᠬᠤ᠎ᠵᠢ ᠤᠯᠵᠤ ᠮᠡᠳᠡᠭᠡᠳ ᠲᠡᠷᠡ ᠪᠡᠷ ᠬᠤᠶᠠᠷ ᠲᠠᠯ᠎ᠠ ᠵᠢ ᠬᠠᠷᠠᠭᠠᠯᠵᠠᠭᠰᠠᠨ ᠰᠠᠢᠨ ᠠᠷᠭ᠎ᠠ ᠪᠤᠳᠤᠵᠤ ᠤᠯᠪᠠ ᠄ ᠠᠪᠴᠢᠭᠤᠯᠬᠤ ᠮᠠᠰᠢᠨ ᠎ᠤ ᠭᠠᠳᠠᠭᠤᠷ ᠰᠢᠭᠤᠳ ᠬᠥᠮᠥᠷᠭᠡ ᠪᠠᠷᠢᠬᠤ ᠵᠢᠨ ᠬᠠᠮᠳᠤ ᠲᠠᠭᠤ ᠬᠠᠯᠬᠠᠯᠠᠬᠤ ᠮᠠᠲ᠋ᠧᠷᠢᠶᠠᠯ ᠎ᠢ ᠬᠡᠷᠡᠭᠯᠡᠪᠠᠯ᠂ ᠰᠢᠨ᠎ᠡ ᠬᠥᠮᠥᠷᠭᠡ ᠪᠠᠶ᠋ᠢᠭᠤᠯᠬᠤ ᠪᠠ ᠱᠤᠤᠬᠢᠶᠠᠨ᠎ᠤ ᠠᠰᠠᠭᠤᠳᠠᠯ᠎ᠢ ᠬᠠᠮᠲᠤ᠎ᠳᠤᠨᠢ ᠰᠢᠢᠳᠪᠦᠷᠢᠯᠡᠴᠢᠭᠡᠨ᠎ᠠ᠃

8 ᠰᠠᠷ᠎ᠠ᠎ᠶᠢᠨ ᠡᠬᠢ᠎ᠪᠡᠷ ᠡᠨᠡ ᠬᠦ᠌ ᠠᠵᠢᠯ ᠡᠬᠢᠯᠡᠵᠦ᠍᠂ ᠣᠲᠣ ᠬᠥᠮᠥᠷᠭᠡ᠎ᠶᠢᠨ ᠪᠣᠯᠣᠳ ᠪᠦᠲᠦᠴᠡ ᠵᠢ ᠪᠤᠰᠬᠠᠨ ᠲᠠᠭᠤᠰᠬᠠᠪᠠ᠂ 9 ᠰᠠᠷ᠎ᠠ᠎ᠶᠢᠨ ᠰᠡᠭᠦᠯᠴᠢ ᠪᠣᠯᠬᠤ᠎ᠳᠤ ᠪᠦᠬᠦᠨ᠎ᠢ ᠪᠠᠷᠢᠵᠤ ᠳᠠᠭᠤᠰᠬᠠᠨ᠎ᠠ ᠂ ᠣᠯᠠᠨ ᠵᠢᠯ᠎ᠦᠨ ᠦᠢᠮᠡᠭᠡᠨ ᠱᠤᠤᠬᠢᠶᠠᠨ᠎ᠤ ᠠᠰᠠᠭᠤᠳᠠᠯ ᠢᠨᠭᠬᠢᠵᠤ ᠪᠦᠳᠦᠮᠵᠢᠳᠠᠢ ᠰᠢᠢᠳᠪᠤᠷᠢᠯᠡᠭᠳᠡᠪᠠ᠃

《 ᠰᠢᠶᠠᠩ ᠪᠠᠯᠭᠠᠰᠤᠨ᠎ᠤ 〈ᠨᠢᠭᠡᠳᠦᠭᠡᠷ ᠭᠠᠷ〉 ᠦ᠋ᠨ ᠵᠢᠷᠭᠢᠶ᠎ᠠ ᠵᠢ ᠨᠡᠮᠡᠵᠦ᠍ ᠠᠰᠠᠭᠤᠳᠠᠯ ᠵᠢᠡᠨ ᠰᠢᠭᠤᠳ ᠲᠤᠰᠬᠠᠵᠤ ᠪᠤᠯᠬᠤ ᠪᠤᠯᠤᠭᠰᠠᠨ᠂ ᠲᠡᠷᠡᠴᠢᠯᠡᠨ ᠠᠰᠠᠭᠤᠳᠠᠯ᠎ᠤᠨ ᠰᠢᠢᠳᠪᠤᠷᠢᠯᠡᠯᠳᠡ ᠪᠠᠰᠠ ᠢᠢᠮᠤ ᠲᠦᠷᠭᠡᠨ ᠪᠠᠢᠨ᠎ᠠ 》 ᠭᠡᠵᠦ᠍ ᠲᠣᠰᠬᠣᠨ᠎ᠤ ᠠᠷᠠᠳ᠎ᠤᠨ ᠪᠣᠷᠣᠭᠵᠢᠭᠤᠨ ᠲᠦᠷᠦᠭᠳᠡᠯ ᠨᠢ ᠦᠨᠳᠦᠰᠦᠨ ᠱᠠᠲᠤᠨ ᠎ᠤ ᠬᠠᠮᠤᠭ᠎ᠤᠨ ᠦᠨᠡᠨ ᠪᠣᠳᠠᠲᠠᠢ ᠬᠤᠪᠢᠷᠠᠯᠲᠠ᠎ᠶᠢ ᠲᠤᠰᠬᠠᠪᠠ᠄ ᠵᠠᠰᠠᠭ᠎ᠤᠨ ᠠᠵᠢᠯ᠎ᠤᠨ ᠪᠦᠳᠦᠮᠵᠢ᠎ᠶᠢ ᠦᠨᠡᠯᠡᠬᠦ᠌᠎ᠳᠦ ᠵᠥᠪᠬᠡᠨ ᠡᠭᠡ ᠲᠠᠩᠰᠠ ᠮᠡᠳᠡᠭᠦᠯᠦᠯᠲᠡ᠎ᠶᠢᠨ ᠬᠦᠰᠦᠨᠦᠭᠲᠦ᠎ᠶᠢ ᠯᠡ ᠦᠵᠡᠬᠦ᠌ ᠪᠢᠰᠢ᠂ ᠤᠯᠠᠨ ᠲᠦᠮᠡᠨ᠎ᠦ ᠪᠠᠴᠢᠮᠳᠡᠵᠤ ᠬᠦᠴᠢᠷᠳᠡᠵᠤ ᠵᠣᠪᠠᠨᠢᠵᠤ ᠬᠦᠰᠡᠵᠤ ᠪᠠᠢᠬᠤ ᠠᠰᠠᠭᠤᠳᠠᠯ᠎ᠢ ᠰᠢ᠌ᠳᠪᠦᠷᠢᠯᠡᠭᠰᠡᠨ ᠡᠰᠡᠬᠦ᠌᠎ᠶᠢ ᠦᠵᠡᠬᠦ᠌ ᠬᠡᠷᠡᠭᠲᠡᠢ᠃

ᠡᠨᠡ ᠵᠢᠯ᠎ᠦᠨ 7 ᠰᠠᠷ᠎ᠠ᠎ᠳᠤ᠂ ᠲᠦᠩᠯᠢᠶᠣᠤ ᠬᠣᠲᠠ ᠵᠢᠷᠭᠢᠶ᠎ᠠ ᠪᠡᠷ ᠠᠷᠠᠳ᠎ᠲᠤ᠌ ᠲᠥᠬᠥᠮ ᠦᠵᠡᠭᠦᠯᠬᠦ᠌ ᠦᠢᠯᠡᠴᠢᠯᠡᠭᠡᠨ᠎ᠦ ᠲᠣᠭᠲᠠᠴᠠ᠎ᠶᠢ ᠡᠬᠢᠯᠡᠭᠦᠯᠵᠦ᠍᠂ ᠡᠯ᠎ᠡ ᠬᠣᠰᠢᠭᠤ ᠰᠢᠶᠠᠨ (ᠬᠣᠲᠠ᠂ ᠲᠣᠭᠣᠷᠢᠭ) ᠤ᠋ ᠵᠠᠬᠢᠳᠠᠯ ᠰᠤᠷᠪᠤᠯᠵᠢᠯᠠᠯ᠎ᠤᠨ ᠲᠣᠪᠴᠢᠶ᠎ᠠ ᠠᠯᠪᠠᠨ ᠎ᠤ ᠵᠢᠷᠭᠢᠶ᠎ᠠ ᠵᠢᠨ ᠣᠯᠠᠨ ᠨᠡᠶ᠋ᠢᠲᠡ᠎ᠶᠢᠨ ᠳ᠋ᠤᠭᠠᠷ᠎ᠲᠤ᠌ ᠪᠣᠶ ᠪᠥᠬᠥᠶ ᠰᠤᠮᠤ ᠰᠢᠶᠠᠩ ᠪᠠᠯᠭᠠᠰᠤ (ᠵᠡᠭᠡᠯᠢ ᠭᠤᠳᠤᠮᠵᠢ)᠂ ᠡᠯ᠎ᠡ ᠵᠥᠪᠯᠡᠯ ᠠᠯᠪᠠᠨ ᠭᠡᠷ ᠲᠣᠪᠴᠢᠶ᠎ᠠ ᠤᠯᠤᠰ᠎ᠤᠨ ᠥᠮᠴᠢᠯᠡᠯᠲᠦ᠍ ᠠᠵᠤ ᠠᠬᠤᠢᠯᠠᠯ᠎ᠤᠨ ᠬᠠᠷᠢᠭᠤᠴᠠᠯᠭᠠᠲᠠᠨ᠎ᠤ ᠠᠷᠠᠳ᠎ᠲᠤ᠌ ᠲᠥᠬᠥᠮ ᠦᠵᠡᠭᠦᠯᠬᠦ᠌ ᠵᠢᠷᠬᠢᠶ᠎ᠠ ᠵᠢᠨ ᠬᠣᠶᠠᠷ ᠬᠡᠮᠵᠢᠯᠳᠦ ᠺᠣᠳ᠋᠎ᠢ ᠲᠥᠪᠯᠡᠷᠡᠭᠦᠯᠦᠨ ᠵᠠᠷᠯᠠᠨ ᠨᠡᠶ᠋ᠢᠲᠡᠯᠡᠵᠦ᠍ ᠂ ᠡᠯ᠎ᠡ ᠰᠤᠮᠤ ᠰᠢᠶᠠᠩ ᠪᠠᠯᠭᠠᠰᠤ (ᠵᠡᠭᠡᠯᠢ ᠭᠤᠳᠤᠮᠵᠢ)᠂ ᠭᠠᠴᠠᠭ᠎ᠠ ᠲᠣᠰᠬᠣᠨ ᠴᠤ᠌ ᠨᠠᠮ ᠪᠠ ᠣᠯᠠᠨ ᠲᠦᠮᠡᠨ᠎ᠦ ᠦᠢᠯᠡᠴᠢᠯᠡᠭᠡᠨ ᠎ᠦ ᠲᠥᠪ᠂ ᠵᠠᠰᠠᠭ᠎ᠤᠨ ᠶᠠᠪᠤᠳᠠᠯ᠎ᠤᠨ ᠲᠢᠩᠬᠢᠮ᠂ ᠲᠣᠰᠬᠣᠨ᠎ᠤ ᠱᠠᠲᠤᠨ᠎ᠤ ᠠᠷᠠᠳ᠎ᠲᠤ᠌ ᠲᠥᠬᠥᠮ ᠦᠵᠡᠭᠦᠯᠬᠦ᠌ ᠦᠢᠯᠡᠴᠢᠯᠡᠭᠡᠨ᠎ᠦ ᠥᠷᠲᠡᠭᠡ᠂ ᠰᠠᠭᠤᠭᠠᠯᠢ ᠠᠷᠠᠳ᠎ᠤᠨ ᠵᠢᠷᠬᠢᠶ᠎ᠠ ᠵᠢᠨ ᠴᠤᠭᠯᠠᠷᠠᠯ᠎ᠳᠤ ᠪᠦᠷ ᠵᠠᠷᠯᠠᠨ ᠨᠡᠶ᠋ᠢᠲᠡᠯᠡᠪᠡ᠃ ᠤᠯᠠᠨ ᠲᠦᠮᠡᠨ ᠬᠠᠮᠢᠶ᠎ᠠ ᠪᠦᠬᠦᠢ ᠺᠠᠳ᠋ᠷ᠎ᠤᠨ ᠵᠢᠷᠭᠢᠶ᠎ᠡ᠎ᠪᠠᠷ ᠬᠦᠰᠡᠯ ᠱᠠᠭᠠᠷᠳᠠᠯᠭ᠎ᠠ᠎ᠪᠠᠨ ᠰᠢᠭᠤᠳ ᠲᠤᠰᠬᠠᠬᠤ ᠪᠤᠯᠤᠭᠰᠠᠨ ᠨᠢ ᠱᠠᠳᠤ ᠱᠠᠳᠤ ᠪᠡᠷ ᠭᠦᠶᠦᠬᠦ ᠵᠢ ᠪᠠᠭᠠᠰᠬᠠᠵᠤ᠂ ᠨᠢᠭᠡ ᠯᠡ ᠲᠠᠷᠤᠪᠴᠢ ᠪᠡᠷ ᠰᠢᠭᠤᠳ ᠭᠦᠷᠭᠡᠵᠤ᠂ ᠰᠢᠭᠤᠳ ᠭᠦᠢᠴᠡᠳᠬᠡᠬᠦ᠌᠎ᠶᠢ ᠪᠡᠶᠡᠯᠡᠭᠦᠯᠵᠦ᠍᠂ ᠠᠷᠠᠳ᠎ᠲᠤ᠌ ᠲᠦᠬᠦᠮ ᠦᠵᠡᠭᠦᠯᠬᠦ᠌ ᠲᠦᠷᠭᠡᠨ ᠵᠠᠮ᠎ᠢ ᠨᠡᠪᠲᠡᠷᠡᠭᠦᠯᠪᠠ᠃

《ᠬᠠᠮᠤᠭ᠎ᠤᠨ ᠶᠡᠭᠡ ᠲᠥᠷᠦᠭᠳᠡᠯ ᠪᠣᠯ ᠺᠠᠳ᠋ᠷ ᠣᠯᠠᠨ ᠲᠦᠮᠡᠨ᠎ᠤ ᠬᠤᠭᠤᠷᠤᠨᠳᠤᠬᠢ ᠵᠠᠢ᠎ᠶ᠋ᠢ ᠣᠶ᠋ᠢᠷᠠᠲᠤᠭᠤᠯᠤᠭᠰᠠᠨ ᠶᠠᠪᠤᠳᠠᠯ ᠪᠤᠯᠤᠨ᠎ᠠ᠃ ᠵᠢᠷᠬᠢᠶ᠎ᠡ ᠪᠡᠷ ᠳᠠᠮᠵᠢᠨ ᠤᠯᠠᠨ ᠲᠦᠮᠡᠨ᠎ᠤ ᠤᠷᠮ᠎ᠠ ᠰᠡᠳᠬᠢᠯᠭᠡ ᠎ᠵᠢ ᠤᠷᠢᠳ ᠵᠢᠡᠷ ᠲᠤᠭᠳᠠᠪᠤᠷᠢᠵᠢᠭᠤᠯᠤᠭᠰᠠᠨ᠎ᠤ ᠲᠠᠷᠠᠭ᠎ᠠ ᠠᠰᠠᠭᠤᠳᠠᠯ᠎ᠢ ᠰᠢᠢᠳᠪᠦᠷᠢᠯᠡᠭᠰᠡᠨ ᠵᠢᠡᠷ ᠦᠷ᠎ᠡ ᠪᠦᠲᠦᠮᠵᠢ᠎ᠨᠢ ᠨᠠᠩ ᠰᠠᠶ᠋ᠢᠨ ᠪᠣᠯᠵᠠᠢ᠃ ᠴᠠᠭ ᠪᠠ ᠣᠷᠤᠨ ᠵᠠᠢ ᠎ᠳᠤ ᠬᠢᠵᠠᠭᠠᠷᠯᠠᠭᠳᠠᠬᠤ᠎ᠦᠭᠡᠢ᠂ ᠬᠡᠵᠢᠶ᠎ᠡ ᠬᠠᠮᠢᠭ᠎ᠠ᠎ᠴᠤ᠌ ᠭᠡᠰᠡᠨ ᠠᠷᠠᠳ ᠣᠯᠠᠨ᠎ᠤ ᠬᠦᠰᠡᠯ ᠱᠠᠭᠠᠷᠳᠠᠯᠭ᠎ᠠ᠎ᠳᠤ ᠬᠠᠷᠢᠭᠤ ᠥᠭᠴᠦ᠍ ᠴᠢᠳᠠᠨ᠎ᠠ 》 ᠬᠡᠵᠦ ᠸᠠᠩ ᠴᠦᠨ ᠲᠢᠩ ᠭᠠᠴᠠᠭᠠᠨ᠎ᠤ ᠠᠷᠠᠳ᠎ᠲᠠᠢ ᠵᠢᠷᠬᠢᠶ᠎ᠡ ᠪᠡᠷ ᠵᠤᠭᠤᠬᠳᠠᠬᠰᠠᠨ ᠲᠡᠮᠳᠡᠭᠯᠡᠯ ᠵᠢᠡᠨ ᠤᠷᠪᠠᠭᠤᠯᠬᠤ ᠵᠢᠨ ᠲᠠᠭᠠᠤ ᠬᠦᠨ ᠲᠥᠷᠦᠭᠳᠡᠯ᠎ᠲᠡᠢ ᠬᠡᠯᠡᠯ᠎ᠡ᠃

ᠲᠦᠩᠯᠢᠶᠤᠣ ᠬᠤᠲᠠ᠎ᠶ᠋ᠢᠨ ᠵᠠᠬᠢᠳᠠᠯ ᠰᠤᠷᠪᠤᠯᠵᠢᠯᠠᠯ᠎ᠤᠨ ᠲᠣᠪᠴᠢᠶ᠎ᠠ ᠵᠢᠨ ᠳᠡᠳ᠋ ᠳᠠᠷᠤᠭ᠎ᠠ ᠵᠣᠤ ᠬᠠᠢ ᠹᠧᠩ ᠄ ᠺᠠᠳ᠋ᠷ᠎ᠤᠨ ᠵᠢᠷᠬᠢᠶ᠎ᠡ ᠵᠢ ᠢᠯᠡ ᠪᠣᠯᠭᠠᠬᠰᠠᠨ᠎ᠨᠢ ᠵᠥᠪᠬᠡᠨ ᠰᠦᠯᠵᠢᠶᠡᠨ ᠳᠡᠭᠡᠷ᠎ᠡ ᠲᠤᠰᠭᠠᠬᠤ ᠠᠷᠭ᠎ᠠ ᠵᠠᠮ᠎ᠢ ᠦᠷᠭᠡᠳᠭᠡᠭᠰᠡᠨ ᠲᠡᠳᠦᠢ᠎ᠪᠢᠰᠢ᠂ ᠨᠠᠩ᠎ᠴᠤ᠌ ᠰᠤᠷᠲᠠᠯ᠎ᠢ ᠬᠤᠪᠢᠷᠠᠭᠤᠯᠬᠤ᠂ ᠵᠥᠷᠢᠴᠡᠯ᠎ᠢ ᠡᠬᠢ ᠡᠭᠦᠰᠦᠯ᠎ᠠᠴᠠ᠎ᠨᠢ ᠰᠢᠢᠳᠪᠦᠷᠢᠯᠡᠬᠦ᠌ ᠨᠢᠭᠡ ᠤᠳᠠᠭᠠᠨ᠎ᠤ ᠦᠢᠯᠡᠳᠦᠯᠭᠡ ᠪᠣᠯᠤᠨ᠎ᠠ ᠬᠡᠪᠡ᠃ 《ᠥᠩᠭᠡᠷᠡᠭᠰᠡᠨ᠎ᠳᠤ ᠣᠯᠠᠨ ᠲᠦᠮᠡᠨ ᠬᠠᠮᠢᠶ᠎ᠠ ᠪᠦᠬᠦᠢ ᠺᠠᠳ᠋ᠷ᠎ᠲᠠᠢ ᠠᠭᠤᠯᠵᠠᠬᠤ ᠪᠡᠷ ᠨᠠᠭᠠᠰᠢ ᠴᠠᠭᠠᠰᠢ ᠭᠦᠶᠦᠵᠦ᠍᠂ ᠠᠰᠠᠭᠤᠳᠠᠯ᠎ᠢ ᠲᠤᠰᠬᠠᠬᠤ ᠳ᠋ᠦ ᠲᠠᠰ ᠳᠠᠪᠬᠤᠷᠭ᠎ᠠ ᠣᠯᠠᠨ᠂ ᠡᠷᠭᠢᠯᠲᠡ ᠤᠳᠠᠭᠠᠨ᠂ ᠪᠠᠭ᠎ᠠ ᠶᠠᠪᠤᠳᠠᠯ᠎ᠢ ᠶᠡᠬᠡᠰᠬᠡᠵᠦ᠍᠂ ᠵᠥᠷᠢᠴᠡᠯ᠎ᠢ ᠬᠤᠷᠴᠠᠳᠬᠠᠵᠤ ᠪᠠᠢᠵᠠᠢ᠂ ᠣᠲᠤ᠌ ᠰᠢᠶᠠᠩ ᠪᠠᠯᠭᠠᠰᠤ᠂ ᠠᠵᠢᠯ ᠲᠥᠷᠦᠯ᠎ᠤᠨ ᠬᠠᠷᠢᠭᠤᠴᠠᠯᠭᠠᠲᠠᠨ ᠪᠦᠬᠦᠨ ᠵᠢᠡᠷ ᠵᠢᠡᠨ ᠵᠢᠷᠬᠢᠶ᠎ᠡ ᠪᠡᠨ ᠢᠯᠡ ᠪᠣᠯᠭᠠᠵᠤ᠂ ᠣᠯᠠᠨ ᠲᠦᠮᠡᠨ ᠺᠣᠳ᠋ ᠰᠢᠷᠪᠢᠵᠦ᠍ ᠰᠢᠭᠤᠳ ᠬᠠᠮᠢᠶ᠎ᠠ ᠪᠦᠬᠦᠢ ᠬᠦᠮᠦᠰ ᠲᠠᠢ ᠬᠠᠷᠢᠯᠴᠠᠵᠤ ᠲᠡᠢᠯᠬᠦ ᠪᠤᠯᠤᠭᠰᠠᠨ ᠵᠢᠡᠷ ᠠᠰᠠᠭᠤᠳᠠᠯ᠎ᠢ ᠲᠤᠬᠠᠢ ᠵᠢᠨ ᠭᠠᠵᠠᠷ ᠲᠤᠨᠢ ᠲᠤᠰᠬᠠᠵᠤ᠌᠂ ᠲᠤᠬᠠᠢ᠎ᠶ᠋ᠢᠨ ᠭᠠᠵᠠᠷ᠎ᠲᠤᠨᠢ ᠰᠢᠢᠳᠪᠦᠷᠢᠯᠡᠵᠦ᠍᠂ ᠵᠥᠷᠢᠴᠡᠯ᠎ᠢ ᠦᠨᠳᠦᠰᠦᠨ ᠱᠠᠲᠤᠨ᠎ᠳᠤ ᠰᠢᠩᠭᠡᠭᠡᠵᠦ᠍᠂ ᠡᠬᠦᠰᠦᠯ᠎ᠤᠨ ᠱᠠᠳᠤᠨ ᠳ᠋ᠤ ᠨᠢ ᠰᠢᠢᠳᠪᠦᠷᠢᠯᠡᠬᠦ ᠪᠤᠯᠪᠠ》 ᠭᠡᠵᠦ᠍ ᠵᠤᠤ ᠬᠠᠢ ᠹᠧᠩ ᠬᠡᠯᠡᠪᠡ᠃

ᠲᠣᠭᠲᠠᠴᠠ᠎ᠵᠢᠨ ᠦᠷ᠎ᠡ ᠠᠰᠢᠭᠳᠠᠢ ᠪᠠᠶ᠋ᠢᠬᠤ ᠡᠰᠡᠭᠦ ᠵᠢᠨ ᠵᠠᠩᠭᠢᠯᠠᠭ᠎ᠠ᠎ᠨᠢ ᠪᠣᠳᠠᠲᠠᠢ᠎ᠳᠤ ᠨᠠᠶ᠋ᠢᠳᠠᠪᠤᠷᠢᠵᠢᠭᠤᠯᠤᠭᠳᠠᠨ ᠬᠡᠷᠡᠭᠵᠢᠭᠦᠯᠦᠭᠳᠡᠵᠦ ᠪᠠᠢᠭ᠎ᠠ ᠡᠰᠡᠬᠦ ᠳ᠋ᠤ ᠪᠤᠢ᠃ ᠵᠢᠷᠬᠢᠶ᠎ᠡ ᠪᠡᠷ ᠠᠷᠠᠳ᠎ᠲᠤ᠌ ᠲᠥᠬᠦᠮ ᠦᠵᠡᠭᠦᠯᠬᠦ ᠦᠢᠯᠡᠴᠢᠯᠡᠭᠡᠨ᠎ᠤ ᠲᠣᠭᠲᠠᠴᠠ ᠨᠢ ᠲᠥᠬᠦᠮ ᠬᠦᠰᠡᠯ ᠱᠠᠭᠠᠷᠳᠠᠯᠭ᠎ᠠ᠎ᠶ᠋ᠢ ᠳᠠᠷᠦ᠋ᠢᠬᠠᠨ ᠭᠦᠢᠴᠡᠳᠬᠡᠵᠦ᠍᠂ ᠨᠢᠭᠡ ᠭᠠᠷᠠᠭ᠎ᠠᠴᠠ ᠬᠡᠲᠦᠷᠡᠭᠦᠯᠬᠦ ᠥᠬᠡᠢ; ᠪᠤᠳᠤᠯᠢᠶᠠᠨᠲᠠᠢ ᠭᠤᠮᠤᠳᠠᠯ ᠱᠠᠭᠠᠷᠳᠠᠯᠭ᠎ᠠ ᠎ᠶ᠋ᠢ ᠳᠠᠩᠰᠠᠨ ᠳ᠋ᠦ ᠲᠡᠮᠳᠡᠭᠯᠡᠵᠦ᠍᠂ ᠠᠷᠭ᠎ᠠ ᠬᠡᠮᠵᠢᠶ᠎ᠡ᠂ ᠴᠠᠭ᠎ᠤᠨ ᠬᠢᠵᠠᠭᠠᠷ ᠂ ᠬᠠᠷᠢᠭᠤᠴᠠᠯᠭᠠᠲᠠᠨ ᠎ᠢ ᠲᠣᠳᠤᠷᠬᠠᠶ᠋ᠢᠯᠠᠵᠤ᠂ ᠭᠦᠢᠴᠡᠳᠬᠡᠬᠦ᠌ ᠴᠠᠭ᠎ᠤᠨ ᠬᠢᠵᠠᠭᠠᠷ᠎ᠢ 15— 30 ᠡᠳᠦᠷ᠎ᠲᠤ᠌ ᠬᠢᠵᠠᠭᠠᠷᠯᠠᠨ᠂ ᠬᠦᠢᠴᠡᠳᠭᠡᠬᠦ ᠠᠬᠢᠴᠠ᠎ᠶ᠋ᠢ ᠴᠠᠭ ᠲᠤᠬᠠᠢ᠎ᠳᠤᠨᠢ ᠬᠠᠷᠢᠭᠤ ᠲᠤᠰᠭᠠᠵᠤ᠂ ᠠᠰᠠᠭᠤᠭᠰᠠᠨ ᠪᠦᠬᠦᠨ ᠳ᠋ᠤ ᠬᠠᠷᠢᠭᠤ ᠥᠭᠴᠦ᠍᠂ ᠶᠠᠪᠤᠳᠠᠯ ᠪᠦᠬᠦᠨ᠎ᠢ ᠨᠠᠶ᠋ᠢᠳᠠᠪᠤᠷᠢᠵᠢᠭᠤᠯᠬᠤ ᠶ᠋ᠢ ᠪᠠᠲᠤᠯᠠᠪᠠ᠃

ᠡᠯ᠎ᠡ ᠬᠤᠰᠢᠭᠤ ᠰᠢᠶᠠᠨ᠎ᠤ ᠵᠠᠬᠢᠳᠠᠯ ᠰᠤᠷᠪᠤᠯᠵᠢᠯᠠᠯ᠎ᠤᠨ ᠲᠣᠪᠴᠢᠶ᠎ᠠ ᠪᠠᠰᠠ ᠬᠢᠨᠠᠯᠲᠠ ᠲᠠᠯᠪᠢᠵᠤ ᠢᠯᠡᠴᠢᠯᠡᠨ ᠮᠡᠳᠡᠭᠦᠯᠬᠦ᠌ ᠠᠷᠭ᠎ᠠ ᠵᠠᠮ ᠎ᠢ ᠲᠤᠰᠭᠠᠶ᠋ᠢᠯᠠᠨ ᠪᠠᠶ᠋ᠢᠭᠤᠯᠵᠤ᠂ ᠲᠣᠭᠲᠠᠴᠠ᠎ᠶ᠋ᠢ ᠨᠠᠶ᠋ᠢᠳᠠᠪᠤᠷᠢᠵᠢᠭᠤᠯᠬᠤ᠎ᠳᠤ ᠪᠠᠰᠠ ᠨᠢᠭᠡ 《 ᠠᠮᠤᠷ ᠲᠦᠪᠰᠢᠨ᠎ᠤ ᠨᠡᠭᠡᠯᠡᠬᠡᠢ 》 ᠨᠡᠮᠡᠪᠡ ᠃ 《ᠺᠠᠳ᠋ᠷᠴᠤᠳ᠎ᠤᠨ ᠬᠠᠷᠢᠭᠤᠴᠠᠯᠭ᠎ᠠ ᠪᠡᠨ ᠬᠠᠷᠢᠯᠴᠠᠨ ᠲᠦᠯᠬᠢᠬᠦ᠂ ᠤᠳᠠᠭᠠᠰᠢᠷᠠᠭᠤᠯᠤᠨ ᠬᠤᠶ᠋ᠢᠷᠭᠤᠰᠢᠬᠤ᠂ ᠵᠢᠷᠬᠢᠶ᠎ᠡ ᠨᠡᠮᠡᠭᠡᠳ ᠠᠵᠢᠯ ᠬᠢᠬᠦ᠎ᠦᠭᠡᠢ ᠪᠠᠶ᠋ᠢᠬᠤ ᠵᠡᠷᠭᠡ ᠤᠯᠠᠨ ᠲᠦᠮᠡᠨ᠎ᠤ ᠲᠤᠰᠬᠠᠭᠰᠠᠨ ᠬᠡᠯᠪᠡᠷᠢᠴᠢ ᠦᠵᠡᠯ᠎ᠤᠨ ᠠᠰᠠᠭᠤᠳᠠᠯ᠎ᠢ ᠲᠤᠰᠬᠠᠢ ᠬᠦᠮᠦᠨ ᠭᠠᠷᠭᠠᠨ ᠪᠠᠶ᠋ᠢᠴᠠᠭᠠᠨ ᠲᠤᠳᠤᠯᠠᠵᠤ᠂ ᠴᠠᠭ ᠬᠢᠵᠠᠭᠠᠷᠯᠠᠨ ᠴᠡᠭᠴᠡᠯᠡᠨ ᠰᠠᠶ᠋ᠢᠵᠢᠷᠠᠭᠤᠯᠬᠤ ᠵᠢ ᠱᠠᠯᠠᠪᠳᠠᠨ᠂ ᠴᠡᠭᠴᠡᠯᠡᠨ ᠰᠠᠶ᠋ᠢᠵᠢᠷᠠᠭᠤᠯᠤᠯᠲᠠ᠎ᠨᠢ ᠬᠦᠴᠦᠨ᠎ᠦᠭᠡᠢ ᠂ ᠠᠯᠪᠠ ᠬᠠᠰᠢᠵᠤ ᠠᠮᠠ ᠪᠥᠭᠯᠡᠬᠦ ᠂ ᠬᠤᠳᠠᠯ ᠬᠡᠯᠡᠵᠦ᠍ ᠬᠠᠭᠤᠷᠮᠠᠭ᠎ᠢᠶᠠᠷ ᠵᠣᠬᠢᠶᠠᠭᠰᠠᠨ ᠪᠠᠶ᠋ᠢᠪᠠᠯ ᠴᠢᠩᠭ᠎ᠠ ᠬᠠᠷᠢᠭᠤᠴᠠᠯᠭ᠎ᠠ ᠨᠡᠬᠡᠮᠵᠢᠯᠡᠨ᠎ᠡ 》 ᠭᠡᠵᠦ᠍ ᠵᠤᠤ ᠬᠠᠢ ᠹᠧᠩ ᠬᠡᠯᠡᠪᠡ᠃

[ᠰᠤᠷᠪᠤᠯᠵᠢᠯᠠᠭᠴᠢ᠎ᠶ᠋ᠢᠨ ᠡᠪᠤᠷ ᠲᠡᠮᠳᠡᠭᠯᠡᠯ]

ᠤᠴᠢᠷ᠎ᠲᠠᠢ ᠪᠣᠯ 《 ᠨᠢᠭᠡᠳᠦᠭᠡᠷ ᠭᠠᠷ 》 ᠤ᠋ᠨ ᠵᠢᠷᠬᠢᠶ᠎ᠡ ᠵᠢ ᠨᠡᠮᠡᠬᠦ ᠨᠢ ᠨᠡᠩ᠎ᠴᠤ᠌ ᠨᠢᠭᠡ ᠬᠤᠪᠢ ᠵᠢᠨ ᠬᠦᠨᠳᠦ ᠨᠠᠢᠳᠠᠯᠭ᠎ᠠ ᠪᠤᠯᠤᠨ᠎ᠠ᠃ ᠥᠩᠭᠡᠷᠡᠭᠰᠡᠨ ᠳ᠋ᠦ ᠵᠠᠷᠢᠮ ᠺᠠᠳ᠋ᠷ ᠬᠤᠪᠢ ᠬᠥᠮᠦᠨ᠎ᠦ ᠬᠠᠷᠢᠯᠴᠠᠬᠤ ᠠᠷᠭ᠎ᠠ ᠮᠠᠶᠢᠬ ᠵᠢᠡᠨ ᠢᠯᠡ ᠪᠣᠯᠭᠠᠪᠠᠯ ᠬᠡᠪ᠎ᠦᠨ ᠠᠵᠢᠯ ᠪᠠ ᠠᠮᠢᠳᠤᠷᠠᠯ ᠨᠢ ᠨᠦᠯᠦᠭᠡᠯᠡᠭᠳᠡᠬᠦ ᠡᠴᠡ ᠰᠠᠨᠠᠭᠠᠰᠢᠷᠠᠵᠤ ᠪᠠᠢᠵᠠᠢ᠃ ᠤᠳᠤ ᠰᠠᠨᠠᠭᠠᠴᠢᠯᠠᠭ᠎ᠠ ᠡᠴᠡ ᠪᠡᠨ ᠬᠤᠪᠢ ᠬᠥᠮᠦᠨ ᠎ᠦ ᠵᠢᠷᠬᠢᠶ᠎ᠡ ᠵᠢᠨ ᠬᠣᠶᠠᠷ ᠬᠡᠮᠵᠢᠯᠳᠦ ᠺᠣᠳ᠋ ᠵᠢᠡᠨ ᠢᠯᠡ ᠪᠤᠯᠭᠠᠬᠰᠠᠨ ᠵᠢᠵᠢᠭᠭᠡᠨ ᠬᠤᠪᠢᠷᠠᠯᠲᠠ ᠨᠢ ᠦᠨᠡᠨ ᠳ᠋ᠡᠭᠡᠨ ᠦᠵᠡᠯ ᠰᠠᠨᠠᠭ᠎ᠠ ᠣᠢᠯᠠᠭᠠᠭᠳᠠᠬᠤᠨ᠎ᠤ ᠲᠠᠯ᠎ᠠ ᠪᠡᠷ ᠬᠢ ᠶᠡᠭᠡ ᠬᠤᠪᠢᠷᠠᠯᠲᠠ ᠪᠤᠯᠤᠨ᠎ᠠ᠃ ᠡᠨᠡ ᠨᠢ ᠵᠥᠪᠬᠡᠨ ᠠᠷᠠᠳ ᠤᠯᠠᠨ᠎ᠤ ᠬᠦᠰᠡᠯ ᠱᠠᠭᠠᠷᠳᠠᠯᠭ᠎ᠠ᠎ᠪᠠᠨ ᠲᠤᠰᠬᠠᠬᠤ ᠠᠷᠭ᠎ᠠ ᠵᠠᠮ ᠎ᠢ ᠨᠡᠮᠡᠭᠳᠡᠬᠦᠯᠦᠭᠰᠡᠨ ᠲᠡᠳᠦᠢ ᠪᠢᠰᠢ᠃ ᠲᠡᠷᠡ᠎ᠨᠢ ᠳᠠᠩᠰᠠ ᠵᠢ ᠴᠢᠬᠤᠯᠠᠴᠢᠯᠠᠵᠤ ᠂ ᠣᠷᠤ ᠮᠥᠷ ᠦᠯᠡᠳᠡᠭᠡᠬᠦ ᠰᠡᠳᠭᠢᠬᠦᠢ ᠵᠢ ᠬᠤᠪᠢᠷᠠᠭᠤᠯᠵᠤ᠂ ᠣᠯᠠᠨ ᠲᠦᠮᠡᠨ᠎ᠦ ᠪᠠᠴᠢᠮᠳᠠᠵᠦ ᠬᠦᠴᠢᠷᠳᠡᠵᠦ ᠵᠤᠪᠠᠨᠢᠵᠤ ᠬᠦᠰᠡᠵᠦ ᠪᠠᠢᠭ᠎ᠠ ᠠᠰᠠᠭᠤᠳᠠᠯ ᠳ᠋ᠤ ᠰᠢᠭᠤᠳ ᠬᠠᠨᠳᠤᠵᠤ᠂ ᠪᠤᠳᠠᠳᠠᠢ ᠠᠰᠠᠭᠤᠳᠠᠯ᠎ᠢ ᠰᠢᠢᠳᠪᠦᠷᠢᠯᠡᠨ᠂ ᠪᠣᠳᠠᠲᠠᠢ ᠠᠵᠢᠯᠯᠠᠬᠤ ᠎ᠪᠠᠷ ᠤᠯᠠᠨ ᠲᠦᠮᠡᠨ ᠎ᠤ ᠬᠦᠰᠡᠯ ᠡᠷᠡᠮᠡᠯᠵᠡᠯ ᠎ᠳᠤ ᠬᠠᠷᠢᠭᠤᠯᠳᠠ ᠥᠭᠪᠡ᠃ ᠡᠨᠡ᠎ᠬᠦ᠌ ᠬᠤᠶᠠᠷ ᠬᠡᠮᠵᠢᠯᠳᠦ ᠺᠣᠳ᠋ ᠪᠣᠯ ᠳᠠᠷᠤᠢ ᠦᠨᠳᠦᠰᠦᠨ ᠱᠠᠲᠤᠨ᠎ᠤ ᠺᠠᠳ᠋ᠷ᠎ᠤᠨ ᠰᠤᠷᠲᠠᠯ ᠎ᠢᠶᠠᠨ ᠬᠤᠪᠢᠷᠠᠭᠤᠯᠵᠤ᠂ ᠵᠠᠰᠠᠭ᠎ᠤᠨ ᠠᠵᠢᠯ ᠎ᠤᠨ ᠪᠦᠲᠦᠮᠵᠢ ᠵᠢᠨ ᠲᠤᠬᠠᠢ ᠵᠦᠪ ᠦᠵᠡᠯᠲᠡ᠎ᠶ᠋ᠢ ᠪᠣᠢ ᠪᠣᠯᠭᠠᠵᠤ ᠂ ᠦᠢᠯᠡᠴᠢᠯᠡᠭᠡᠨ᠎ᠤ ᠬᠡᠯᠪᠡᠷᠢ᠎ᠶ᠋ᠢᠨ ᠵᠠᠰᠠᠭ᠎ᠤᠨ ᠣᠷᠳᠤᠨ᠎ᠢ ᠪᠠᠶ᠋ᠢᠭᠤᠯᠬᠤ ᠬᠠᠮᠤᠭ ᠎ᠤᠨ ᠠᠮᠢᠳᠤᠯᠢᠭ ᠭᠡᠷᠡᠴᠢᠯᠡᠯ ᠪᠣᠯᠤᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面