2026-09-30 10:40:38
ᠳᠠᠯᠠᠨ ᠬᠠᠷ᠎ᠠ ᠠᠭᠤᠯᠠ᠎ᠶᠢᠨ ᠡᠩᠭᠡᠷ ᠲᠡᠬᠢ 《ᠪᠡᠶ᠎ᠡ᠎ᠶᠢᠨ ᠲᠠᠮᠢᠷ᠎ᠤᠨ ᠵᠢᠵᠢᠭ ᠪᠠᠯᠭᠠᠰᠤ》
8 ᠰᠠᠷ᠎ᠠ᠎ᠶᠢᠨ 9 ᠤ᠋ ᠡᠳᠦᠷ᠎ᠦᠨ 19 ᠴᠠᠭ 30 ᠮᠢᠨᠦ᠋ᠲ᠎ᠲᠦ᠂ ᠤᠯᠤᠰ᠎ᠤᠨ ᠤᠮᠠᠷᠠᠲᠤ᠎ᠶᠢᠨ ᠬᠥᠯ ᠪᠥᠮᠪᠥᠭᠡ᠎ᠶᠢᠨ ᠪᠣᠯᠪᠠᠰᠤᠷᠠᠯ᠎ᠤᠨ ᠰᠠᠭᠤᠷᠢᠨ᠎ᠳᠤ 2026 ᠣᠨ᠎ᠤ ᠵᠡᠭᠦᠨ ᠬᠣᠢᠲᠤ ᠣᠷᠣᠨ᠎ᠤ ᠬᠣᠲᠠ᠎ᠶᠢᠨ ᠬᠥᠯ ᠪᠥᠮᠪᠥᠭᠡ᠎ᠶᠢᠨ ᠬᠣᠯᠪᠣᠭᠠᠲᠤ ᠤᠷᠤᠯᠳᠤᠭᠠᠨ (《 ᠵᠡᠭᠦᠨ ᠬᠣᠢᠲᠤ᠎ᠶᠢᠨ ᠬᠡᠲᠦ ᠳᠡᠰ᠎ᠤᠨ ᠤᠷᠤᠯᠳᠤᠭᠠᠨ 》)᠎ᠤ᠋ ᠵᠢᠷᠭᠤᠳᠤᠭᠠᠷ ᠡᠭᠡᠯᠵᠢ᠎ᠶᠢᠨ ᠤᠷᠤᠯᠳᠤᠭᠠᠨ ᠡᠬᠢᠯᠡᠵᠦ᠂ ᠬᠥᠬᠡᠬᠣᠲᠠ ᠶᠢᠨ ᠠᠩᠭᠢ ᠡᠵᠡᠨ ᠲᠠᠯᠠᠪᠤᠷ ᠲᠦ᠍ ᠮᠥᠭᠳᠡᠨ ᠤ ᠠᠩᠭᠢ᠎ᠲᠠᠢ ᠤᠷᠤᠯᠳᠤᠪᠠ᠃
ᠰᠥᠨᠢ᠎ᠶᠢᠨ ᠬᠥᠰᠢᠭᠡ ᠪᠠᠭᠤᠵᠤ᠂ ᠤᠷᠤᠯᠳᠤᠭᠠᠨ᠎ᠤ ᠲᠠᠯᠠᠪᠠᠢ᠎ᠳᠤ ᠳ᠋ᠧᠩ᠎ᠦᠨ ᠭᠡᠷᠡᠯ ᠳᠤᠸᠠᠯᠠᠵᠤ᠂ ᠡᠵᠡᠨ ᠲᠠᠯᠠᠪᠤᠷ ᠤᠨ ᠪᠥᠮᠪᠥᠭᠡᠨ ᠪᠠᠬᠠᠳᠠᠳ᠎ᠦᠨ ᠤᠤᠬᠠᠢᠯᠠᠨ ᠬᠠᠰᠬᠢᠷᠬᠤ ᠳᠠᠭᠤᠨ ᠪᠠᠢᠨ ᠳᠠᠬᠢᠨ ᠴᠤᠤᠷᠢᠶᠠᠲᠤᠵᠤ᠂ ᠬᠣᠯᠠ᠎ᠡᠴᠡ ᠢᠷᠡᠭᠰᠡᠨ ᠮᠥᠭᠳᠡᠨᠤ ᠪᠥᠮᠪᠥᠭᠡᠨ ᠪᠠᠬᠠᠳᠠᠳ ᠴᠤ᠌ ᠲᠡᠷᠢ ᠲᠡᠭᠰᠢ ᠵᠢᠭ᠍ᠰᠠᠵᠤ ᠤᠤᠬᠠᠢᠯᠠᠨ᠎ᠠ᠃ ᠤᠷᠤᠯᠳᠤᠭᠠᠨ᠎ᠡᠴᠡ ᠡᠮᠦᠨ᠎ᠡ ᠦᠨᠳᠦᠰᠦᠲᠡᠨ᠎ᠦ ᠣᠨᠴᠠᠯᠢᠭ᠍ᠲᠤ ᠤᠷᠠᠨ ᠰᠠᠢᠬᠠᠨ ᠤ ᠲᠣᠭᠯᠠᠯᠲᠠ᠎ᠶᠢ ᠡᠭᠡᠯᠵᠢᠯᠡᠨ ᠲᠣᠭᠯᠠᠵᠤ᠂ ᠤᠯᠠᠮᠵᠢᠯᠠᠯᠲᠤ ᠠᠷᠠᠳ᠎ᠤᠨ ᠬᠥᠭᠵᠢᠮ᠂ ᠦᠨᠳᠦᠰᠦᠲᠡᠨ᠎ᠦ ᠳᠠᠭᠤᠤ ᠪᠥᠵᠢᠭ ᠢ ᠵᠠᠯᠭᠠᠭ᠎ᠠ᠎ᠪᠠᠷ ᠲᠣᠭᠯᠠᠵᠤ᠂ ᠤᠷᠤᠯᠳᠤᠭᠠᠨ᠎ᠤ ᠲᠠᠯᠠᠪᠠᠢ᠎ᠶᠢ ᠰᠣᠶᠣᠯ᠎ᠤᠨ ᠨᠡᠭᠦᠳᠡᠯ ᠦᠵᠡᠭᠦᠯᠭᠡ᠎ᠶᠢᠨ ᠴᠣᠩᠬᠣᠪᠴᠢ ᠪᠣᠯᠭᠠᠪᠠ᠃
ᠵᠢᠯ᠎ᠦᠨ ᠡᠬᠢᠨ᠎ᠡᠴᠡ ᠨᠠᠭᠠᠰᠢ᠂ ᠤᠯᠠᠨ ᠤᠳᠠᠭᠠᠨ᠎ᠤ ᠤᠷᠤᠯᠳᠤᠭᠠᠨ ᠦᠷᠭᠦᠯᠵᠢᠯᠡᠨ ᠶᠠᠪᠤᠭᠳᠠᠵᠤ᠂ ᠤᠯᠤᠰ᠎ᠤᠨ ᠤᠮᠠᠷᠠᠲᠤ᠎ᠶᠢᠨ ᠬᠥᠯ ᠪᠥᠮᠪᠥᠭᠡ᠎ᠶᠢᠨ ᠪᠣᠯᠪᠠᠰᠤᠷᠠᠯ᠎ᠤᠨ ᠰᠠᠭᠤᠷᠢᠨ᠎ᠤ ᠳ᠋ᠧᠩ᠎ᠦᠨ ᠬᠡᠷᠡᠯ ᠪᠠᠷᠤᠭ ᠤᠨᠲᠠᠷᠠᠭ᠎ᠠ ᠦᠭᠡᠢ᠃
ᠠᠷᠪᠠᠨ ᠬᠡᠳᠦᠨ ᠵᠢᠯ᠎ᠦᠨ ᠡᠮᠦᠨ᠎ᠡ᠂ ᠡᠨᠳᠡᠬᠢ ᠨᠢ 《 ᠬᠥᠯ ᠪᠥᠮᠪᠥᠭᠡ 》 ᠲᠠᠢ ᠬᠠᠮᠢᠶ᠎ᠠ ᠦᠬᠡᠢ ᠪᠠᠢᠪᠠ᠃
9 ᠰᠠᠷ᠎ᠠ᠎ᠶᠢᠨ 7 ᠤ᠋ ᠡᠳᠦᠷ᠂ ᠰᠤᠷᠪᠤᠯᠵᠢᠯᠠᠭ᠍ᠴᠢ ᠬᠠᠷᠠᠭᠠᠴᠢᠨ ᠲᠣᠰᠬᠣᠨ᠎ᠳᠤ ᠬᠦᠷᠴᠦ᠂ ᠬᠠᠭᠤᠴᠢᠨ ᠬᠡᠷᠡᠯ ᠵᠢᠷᠤᠭ᠎ᠢ ᠤᠷᠪᠠᠭᠤᠯᠵᠤ ᠦᠵᠡᠬᠦ᠎ᠳᠦ᠂ ᠳᠠᠯᠠᠨ ᠬᠠᠷ᠎ᠠ ᠠᠭᠤᠯᠠ᠎ᠶᠢᠨ ᠡᠮᠦᠨ᠎ᠡ ᠬᠥᠲᠥᠯ ᠳᠡᠭᠡᠷ᠎ᠡ ᠬᠠᠢᠷ ᠴᠢᠯᠠᠭᠤ ᠮᠠᠯᠲᠠᠬᠤ ᠨᠦᠬᠡ ᠡᠨᠳᠡ ᠲᠡᠨᠳᠡ ᠦᠭᠡᠢ ᠬᠠᠷᠠᠭᠳᠠᠵᠤ᠂ ᠨᠢᠴᠦᠭᠦᠨ ᠡᠯᠡᠰᠦ ᠦᠷᠬᠦᠯᠵᠢᠯᠡᠵᠦ ᠪᠠᠢᠯ᠎ᠠ᠃ ᠲᠣᠰᠬᠣᠨ᠎ᠳᠤ ᠨᠢᠭᠡ ᠦᠶ᠎ᠡ 40 ᠭᠠᠷᠤᠢ ᠴᠣᠬᠣᠢ᠎ᠶᠢᠨ ᠦᠢᠯᠡᠳᠪᠦᠷᠢ᠂ ᠴᠢᠯᠠᠭᠤᠨ ᠬᠡᠮᠬᠡᠳᠡᠭ ᠦᠨ ᠲᠠᠯᠠᠪᠠᠢ ᠪᠠ ᠵᠢᠭᠤᠷᠠᠬᠤ ᠥᠷᠲᠡᠭᠡ ᠪᠠᠢᠵᠠᠢ᠃ ᠰᠠᠯᠬᠢᠯᠠᠬᠤ᠎ᠲᠠᠢ ᠵᠡᠷᠭᠡ᠂ ᠴᠠᠭᠠᠨ ᠴᠤᠬᠤᠢ ᠰᠢᠷᠣᠢ ᠬᠣᠯᠢᠵᠤ ᠨᠢᠭᠤᠷ ᠨᠢᠳᠦ ᠦᠭᠡᠢ ᠰᠢᠭᠤᠷᠳᠠᠬ ᠪᠠᠢᠯ᠎ᠠ᠃ ᠡᠷᠭᠢᠨ ᠲᠣᠭᠣᠷᠢᠨ᠎ᠤ ᠲᠣᠰᠬᠣᠨ᠎ᠤ ᠠᠷᠠᠳ᠄ 《ᠡᠨᠡ ᠭᠠᠵᠠᠷ ᠦᠵᠡᠬᠦ᠎ᠳᠦ ᠲᠣᠯᠪᠣᠲᠤ ᠬᠠᠯᠴᠠᠷᠬᠠᠢ ᠡᠪᠡᠳᠴᠢᠨ ᠣᠯᠣᠭᠰᠠᠨ ᠰᠢᠭ᠋》 ᠭᠡᠵᠦ ᠪᠠᠢᠪᠠ᠃
2012 ᠣᠨ᠎ᠳᠤ᠂ ᠬᠥᠬᠡᠬᠣᠲᠠ ᠳᠠᠯᠠᠨ ᠬᠠᠷ᠎ᠠ ᠠᠭᠤᠯᠠ᠎ᠶᠢᠨ ᠡᠮᠦᠨ᠎ᠡ ᠬᠦᠲᠦᠯᠤᠨ ᠠᠮᠢ ᠠᠬᠤᠢ᠎ᠶᠢᠨ ᠶᠡᠷᠦᠩᠬᠡᠢᠯᠡᠭᠰᠡᠨ ᠵᠠᠰᠠᠯᠲᠠ᠎ᠶᠢ ᠡᠬᠢᠯᠡᠭᠦᠯᠵᠦ᠂ 292 ᠪᠣᠬᠢᠷᠲᠤᠯ᠎ᠲᠠᠢ ᠠᠵᠤ ᠠᠬᠤᠢᠯᠠᠯ᠎ᠢ ᠦᠨᠳᠦᠰᠦ᠎ᠪᠡᠷ ᠨᠢ ᠠᠷᠢᠯᠭᠠᠪᠠ᠃ ᠪᠠᠷᠢᠯᠭ᠎ᠠ᠎ᠶᠢᠨ ᠠᠩᠭᠢ ᠡᠯᠡᠰᠦ ᠮᠠᠯᠲᠠᠬᠤ ᠨᠦᠬᠡ᠎ᠶᠢᠨ ᠭᠠᠵᠠᠷ᠎ᠤᠨ ᠪᠠᠢᠴᠠ᠎ᠶᠢ᠎ᠲᠠᠭᠠᠨ ᠬᠥᠲᠥᠯ ᠪᠤᠰᠬᠠᠵᠦ᠂ ᠤᠰᠤ ᠬᠠᠳᠠᠭᠠᠯᠠᠨ᠂ ᠮᠣᠳᠣ᠌ ᠵᠠᠢᠯᠠᠵᠤ᠂ ᠬᠠᠭᠤᠴᠢᠨ ᠪᠠᠭᠤᠷᠢ ᠳᠡᠭᠡᠷ᠎ᠡ 1.2 ᠲᠦᠮᠡᠨ ᠮᠦ᠍᠎ᠶᠢᠨ ᠬᠠᠷᠠᠭᠠᠴᠢᠨ ᠠᠮᠢ ᠠᠬᠤᠢ᠎ᠶᠢᠨ ᠴᠡᠴᠡᠷᠯᠢᠭ᠎ᠢ ᠪᠠᠢᠭᠤᠯᠪᠠ᠃
ᠳᠠᠯᠠᠨ ᠬᠠᠷ᠎ᠠ ᠠᠭᠤᠯᠠ᠎ᠶᠢᠨ ᠡᠮᠦᠨ᠎ᠡ ᠬᠦᠲᠦᠯ᠎ᠳᠤ ᠨᠡᠢ᠍ᠢᠳᠡ 1000 ᠲᠦᠮᠡᠨ ᠳᠤᠷᠤᠭ ᠮᠤᠳᠤ ᠪᠤᠳᠠ ᠮᠣᠳᠣ᠌ ᠵᠠᠢᠯᠠᠵᠤ᠂ ᠰᠢᠨ᠎ᠡ᠎ᠪᠡᠷ 7 ᠲᠦᠮᠡᠨ ᠮᠦ᠍ ᠰᠢᠭᠤᠢᠲᠤ ᠭᠠᠵᠠᠷ ᠨᠡᠮᠡᠭᠳᠡᠭᠦᠯᠵᠦ᠂ 10 ᠭᠠᠷᠤᠢ ᠲᠦᠮᠡᠨ ᠲᠡᠭᠰᠢ ᠳᠥᠷᠪᠡᠯᠵᠢᠨ ᠮᠸᠲᠷ ᠨᠢᠴᠦᠭᠦᠨ ᠠᠭᠤᠯᠠ ᠵᠢ ᠲᠠᠬᠢᠨ ᠨᠣᠭᠣᠭᠠᠷᠠᠭᠤᠯᠪᠠ᠃
ᠭᠡᠷᠡᠯ ᠵᠢᠷᠤᠭ᠍ᠴᠢᠨ ᠴᠧᠨ ᠹᠦ ᠴᠢᠶᠠᠩ᠄《ᠠᠷᠪᠠᠨ ᠵᠢᠯ᠎ᠦᠨ ᠡᠮᠦᠨ᠎ᠡ ᠡᠨᠳᠡ ᠰᠡᠭᠦᠳᠡᠷᠯᠡᠭᠰᠡᠨ ᠵᠢᠷᠤᠭᠲᠤ ᠪᠦᠷ ᠰᠢᠷ᠎ᠠ ᠬᠥᠷᠥᠰᠥᠲᠦ ᠨᠦᠬᠡ ᠪᠠᠢᠯ᠎ᠠ᠂ ᠣᠳᠣ᠌ ᠬᠠᠷᠢᠨ ᠪᠦᠷ ᠨᠣᠮᠢᠨ ᠨᠣᠭᠣᠭᠠᠨ ᠪᠤᠯᠵᠠᠢ》 ᠭᠡᠯᠡ᠃
ᠠᠮᠢ ᠠᠬᠤᠢ᠎ᠶᠢᠨ ᠰᠠᠭᠤᠷᠢ᠎ᠶᠢ ᠰᠠᠢᠲᠤᠷ ᠲᠠᠯᠪᠢᠵᠤ᠂ ᠤᠯᠤᠰ᠎ᠤᠨ ᠤᠮᠠᠷᠠᠲᠤ᠎ᠶᠢᠨ ᠬᠥᠯ ᠪᠥᠮᠪᠥᠭᠡ᠎ᠶᠢᠨ ᠪᠣᠯᠪᠠᠰᠤᠷᠠᠯ᠎ᠤᠨ ᠰᠠᠭᠤᠷᠢᠨ᠎ᠢ ᠠᠭᠤᠯᠠ᠎ᠶᠢ ᠲᠦᠰᠢᠵᠦ ᠪᠦᠲᠦᠭᠡᠨ ᠪᠠᠢᠭᠤᠯᠵᠤ᠂ ᠬᠥᠬᠡᠮᠳᠦᠭ ᠨᠣᠭᠣᠭᠠᠨ ᠠᠭᠤᠯᠠ ᠨᠢᠷᠤᠭᠤᠳ ᠨᠣᠮᠢᠨ ᠨᠣᠭᠣᠭᠠᠨ ᠬᠦᠯ ᠪᠦᠮᠪᠦᠬᠡ ᠵᠢᠨ ᠲᠠᠯᠠᠪᠠᠢ᠎ᠶᠢᠨ ᠠᠶᠠᠨᠳᠠᠭᠠᠨ᠎ᠤ ᠠᠷᠤ ᠦᠵᠡᠭᠳᠡᠯ ᠪᠣᠯᠪᠠ᠃ 2026 ᠣᠨ ᠪᠣᠯᠲᠠᠯ᠎ᠠ᠂ ᠲᠤᠰ ᠰᠠᠭᠤᠷᠢᠨ ᠨᠢ ᠨᠢᠭᠡᠨᠲᠡ ᠳᠤᠮᠳᠠᠳᠤ ᠤᠯᠤᠰ᠎ᠤᠨ ᠬᠥᠯ ᠪᠥᠮᠪᠥᠭᠡ᠎ᠶᠢᠨ ᠨᠡᠢᠭᠡᠮᠯᠢᠭ᠎ᠦᠨ U - 21 ᠬᠣᠯᠪᠣᠭᠠᠲᠤ ᠤᠷᠤᠯᠳᠤᠭᠠᠨ᠂ CFA ᠳᠤᠮᠳᠠᠳᠤ ᠤᠯᠤᠰ᠎ᠤᠨ ᠠᠩᠭᠢ᠎ᠶᠢᠨ 《ᠰᠢᠩ᠎ᠲᠠᠢ ᠬᠤᠨᠳᠠᠭᠠᠲᠤ 》 ᠣᠯᠠᠨ ᠤᠯᠤᠰ᠎ᠤᠨ ᠬᠥᠯ ᠪᠥᠮᠪᠥᠭᠡ᠎ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ᠂ ᠵᠡᠭᠦᠨ ᠬᠣᠢᠲᠤ ᠣᠷᠣᠨ᠎ᠤ ᠬᠣᠲᠠ᠎ᠶᠢᠨ ᠬᠥᠯ ᠪᠥᠮᠪᠥᠭᠡ᠎ᠶᠢᠨ ᠬᠣᠯᠪᠣᠭᠠᠲᠤ ᠤᠷᠤᠯᠳᠤᠭᠠᠨ ᠵᠡᠷᠭᠡ ᠤᠷᠤᠯᠳᠤᠭᠠᠨ᠎ᠢ ᠳᠠᠭᠠᠭᠠᠨ ᠡᠷᠭᠢᠯᠡᠵᠦ᠂ ᠭᠠᠭᠴᠠ ᠲᠠᠯᠠᠪᠤᠷ᠎ᠲᠦ ᠬᠠᠮᠤᠭ᠎ᠤᠨ ᠤᠯᠠᠨ᠎ᠳᠠᠭᠠᠨ 5 ᠲᠦᠮᠡᠨ ᠬᠥᠮᠥᠨ ᠤᠳᠠᠭ᠎ᠠ ᠤᠷᠤᠯᠳᠤᠭᠠᠨ ᠦᠵᠡᠪᠡ᠃
ᠤᠷᠤᠯᠳᠤᠭᠠᠨ ᠡᠷᠬᠢᠯᠡᠬᠦ ᠪᠦᠷᠢ᠂ ᠬᠡᠳᠦᠨ ᠺᠢᠯᠣᠮᠧᠲᠷ᠎ᠦᠨ ᠭᠠᠳᠠᠨᠠᠬᠢ ᠬᠠᠷᠠᠭᠠᠴᠢᠨ ᠲᠣᠰᠬᠣᠨ ᠵᠤᠴᠢᠳ᠎ᠤᠨ ᠣᠷᠭᠢᠯ᠎ᠤᠨ ᠬᠤᠭᠤᠴᠠᠭ᠎ᠠ ᠪᠠᠨ ᠤᠭᠲᠤᠨ ᠠᠪᠴᠢᠷᠠᠳᠠᠭ᠃ ᠣᠢᠷ᠎ᠠ ᠬᠠᠪᠢ᠎ᠶᠢᠨ 12 ᠲᠠᠷᠢᠶᠠᠴᠢᠨ ᠠᠢᠯ᠎ᠤᠨ ᠵᠢᠭᠤᠯᠴᠢᠯᠠᠯ᠎ᠤᠨ ᠭᠠᠵᠠᠷ᠎ᠲᠤ ᠬᠦᠮᠦᠨ ᠬᠠᠷ᠎ᠠ ᠲᠦᠭᠦᠷᠴᠤ᠂ ᠲᠡᠮᠦᠷ ᠲᠣᠭᠣᠭ᠎ᠠ᠎ᠲᠤ ᠶᠤᠤᠮᠠᠢ᠎ᠶᠢᠨ ᠭᠤᠯᠢᠷ᠎ᠤᠨ ᠬᠠᠯᠠᠭᠤᠨ ᠠᠭᠤᠷ ᠪᠠᠭᠠᠭᠢᠵᠤ᠂ ᠲᠠᠷᠢᠶᠠᠴᠢᠨ ᠠᠢᠯ᠎ᠤᠨ ᠪᠤᠤᠵᠠ᠎ᠶᠢ ᠵᠢᠨᠭᠨᠡᠭᠦᠷᠡᠴᠡ ᠨᠢ ᠭᠠᠷᠭᠠᠮᠠᠬᠴᠠ ᠬᠤᠳᠠᠯᠳᠤᠵᠦ ᠲᠠᠭᠤᠰᠬᠤ ᠨᠢ ᠡᠩ᠎ᠤᠨ ᠶᠠᠪᠤᠳᠠᠯ ᠪᠤᠯᠵᠦ᠂ ᠵᠠᠷᠢᠮ ᠬᠣᠭᠣᠯᠠᠨ ᠭᠡᠷ᠎ᠦᠨ ᠡᠵᠡᠩᠨᠡᠯᠲᠡ᠎ᠶᠢᠨ ᠤᠷᠤᠯᠭ᠎ᠠ ᠨᠢ ᠳᠠᠬᠢᠨ᠎ᠢᠶᠠᠷ ᠨᠡᠮᠡᠭᠳᠡᠪᠡ᠃
ᠭᠡᠪᠡᠴᠦ ᠬᠠᠷᠠᠭᠠᠴᠢᠨ᠎ᠳᠤ ᠠᠪᠴᠤ ᠬᠡᠯᠡᠪᠡᠯ᠂ ᠲᠣᠰᠬᠣᠨ᠎ᠢ ᠦᠨᠡᠨ ᠬᠦ᠌ ᠬᠦᠭᠵᠢᠶᠡᠨ ᠳᠠᠢ ᠪᠤᠯᠭᠠᠭᠰᠠᠨ ᠨᠢ ᠪᠠᠰᠠ ᠨᠢᠭᠡᠨ ᠰᠢᠯᠲᠠᠭᠠᠨ ᠲᠠᠢ ᠶᠤᠮ᠃
2019 ᠣᠨ᠎ᠤ ᠨᠠᠮᠤᠷ᠎ᠤᠨ ᠡᠬᠢ᠎ᠪᠡᠷ᠂ ᠲᠣᠰᠬᠣᠨ᠎ᠤ ᠠᠷᠠᠳ᠎ᠤᠨ ᠵᠥᠪᠯᠡᠯ ᠪᠠᠷᠠᠭᠤᠨ ᠲᠠᠯ᠎ᠠ᠎ᠶᠢᠨ ᠰᠤᠯᠠ ᠲᠠᠯᠪᠢᠬᠳᠠᠵᠦ ᠪᠠᠢᠬᠰᠠᠨ ᠭᠠᠵᠠᠷ᠎ᠲᠠᠭᠠᠨ ᠱᠦᠢᠨᠢ ᠳᠡᠪᠢᠰᠴᠦ᠂ ᠴᠠᠭᠠᠨ ᠱᠤᠭᠤᠮ ᠵᠢᠷᠤᠵᠤ᠂ ᠰᠠᠭᠰᠤᠨ ᠪᠥᠮᠪᠥᠭᠡ᠎ᠶᠢᠨ ᠵᠢᠶᠠᠰᠠ ᠪᠣᠰᠬᠠᠪᠠ᠃ 5 ᠡᠩᠨᠡᠭᠡ᠂ 60 ᠬᠥᠮᠥᠨ᠂ ᠠᠩᠬᠠᠳᠤᠭᠠᠷ ᠬᠤᠭᠤᠴᠠᠭᠠᠨ ᠤ 《ᠲᠣᠰᠬᠣᠨ᠎ᠤ ᠰᠠᠭᠰᠤᠨ ᠪᠦᠮᠪᠦᠭᠡ᠎ᠵᠢᠨ ᠤᠷᠤᠯᠳᠤᠭᠠᠨ》 ᠬᠥᠷ ᠬᠥᠭᠵᠢᠶᠡᠨ᠎ᠲᠠᠢ ᠶᠠᠪᠤᠭᠳᠠᠪᠠ᠃
ᠨᠢᠭᠡ ᠮᠡᠳᠡᠬᠦ ᠳᠤ ᠡᠨᠡ ᠰᠠᠭᠰᠤᠨ ᠪᠥᠮᠪᠥᠭᠡᠨ ᠤᠷᠤᠯᠳᠤᠭᠠᠨ ᠳᠣᠯᠣᠭᠠᠨ ᠵᠢᠯ ᠶᠠᠪᠤᠭᠳᠠᠯ᠎ᠠ᠃
ᠣᠳᠣ᠌ ᠬᠠᠷᠠᠭᠠᠴᠢᠨ᠎ᠳᠤ ᠬᠦᠷᠬᠦ᠎ᠳᠦ᠂ ᠵᠢᠯ ᠲᠤᠷᠰᠢ ᠪᠥᠮᠪᠥᠭᠡ ᠨᠠᠭᠠᠳᠳᠠᠭ ᠲᠣᠰᠬᠣᠨ᠎ᠤ ᠠᠷᠠᠳ 400 ᠭᠠᠷᠤᠢ ᠬᠥᠮᠥᠨ ᠪᠤᠯᠵᠤ᠂ ᠶᠡᠬᠡ ᠪᠠᠭ᠎ᠠ ᠤᠷᠤᠯᠳᠤᠭᠠᠨ᠎ᠢ 150 ᠭᠠᠷᠤᠢ ᠲᠠᠯᠠᠪᠤᠷ ᠡᠷᠬᠢᠯᠡᠪᠡ᠃
ᠠᠭᠠᠬᠢᠮ᠎ᠠ ᠵᠤᠨ᠎ᠤ ᠪᠦᠷᠦᠢ ᠪᠡᠷ᠂ ᠰᠠᠭᠰᠤᠨ ᠪᠥᠮᠪᠥᠭᠡ᠎ᠶᠢᠨ ᠲᠠᠯᠠᠪᠤᠷ ᠪᠦᠬᠦ ᠲᠣᠰᠬᠣᠨ᠎ᠤ ᠬᠠᠮᠤᠭ ᠬᠥᠭᠵᠢᠶᠡᠨ᠎ᠲᠠᠢ ᠭᠠᠵᠠᠷ ᠪᠣᠯᠳᠠᠭ᠃ ᠪᠤᠭᠤᠷᠤᠯ ᠨᠠᠰᠤᠳᠠᠨ ᠲᠠᠯᠠᠪᠠᠢ᠎ᠶᠢᠨ ᠬᠠᠵᠠᠭᠤ᠎ᠳᠤ ᠤᠷᠠᠢ ᠬᠠᠰᠬᠢᠷᠴᠦ᠂ ᠵᠠᠯᠠᠭᠤᠴᠤᠳ ᠲᠠᠯᠠᠪᠠᠢ ᠪᠡᠷ ᠭᠦᠶᠦᠯᠳᠤᠵᠦ᠂ ᠬᠡᠦᠬᠡᠳ᠎ᠤᠳ ᠪᠥᠮᠪᠥᠭᠡ ᠬᠦᠬᠡᠬᠡᠵᠦ ᠨᠠᠭᠠᠰᠢ ᠴᠠᠭᠠᠰᠢ ᠬᠦᠶᠦᠯᠳᠤᠨᠡ᠃
《ᠠᠩᠬᠠᠳᠤᠭᠠᠷ ᠬᠤᠭᠤᠴᠠᠭᠠᠨ᠎ᠳᠤ ᠪᠢ ᠲᠠᠢᠰᠠᠨ ᠳᠣᠣᠷ᠎ᠠ ᠠᠯᠠᠭ᠎ᠠ ᠲᠠᠰᠢᠵᠤ ᠪᠠᠢᠭᠰᠠᠨ᠂ ᠣᠳᠣ᠌ ᠪᠦᠷ ᠠᠬᠠᠮᠠᠳ ᠭᠡᠰᠢᠭᠦᠨ ᠪᠣᠯᠵᠠᠢ!》 ᠭᠡᠵᠦ ᠰᠠᠭᠰᠤᠨ ᠪᠥᠮᠪᠥᠭᠡ᠎ᠶᠢᠨ ᠲᠠᠮᠢᠷᠴᠢᠨ ᠯᠢ ᠳ᠋ᠥᠸᠧ ᠬᠥᠯᠥᠰᠦ᠎ᠪᠡᠨ ᠠᠷᠴᠢᠵᠤ ᠢᠨᠢᠶᠡᠨ ᠬᠡᠯᠡᠪᠡ᠃
《 ᠦᠨᠡᠨ᠎ᠳᠡᠭᠡᠨ ᠮᠠᠨ᠎ᠤ ᠡᠨᠳᠡ ᠪᠥᠮᠪᠥᠭᠡ ᠨᠠᠭᠠᠳᠴᠤ ᠪᠠᠢᠬᠤ᠎ᠪᠠᠷ ᠪᠠᠷᠠᠬᠤ ᠦᠭᠡᠢ᠂ ᠬᠠᠵᠠᠭᠤ ᠳ᠋ᠤᠨᠢ ᠪᠠᠰᠠ ᠵᠠᠳᠠᠭᠠᠢ ᠺᠢᠨᠣ᠋ ᠲᠠᠯᠪᠢᠵᠤ᠂ ᠲᠣᠭᠯᠠᠯᠲᠠ ᠭᠠᠷᠭᠠᠵᠤ ᠪᠠᠢᠨ᠎ᠠ᠃ ᠪᠦᠭᠦᠳᠡᠭᠡᠷ᠎ᠢᠶᠡᠨ ᠨᠢᠭᠡ ᠳᠣᠣᠷ᠎ᠠ ᠴᠤᠭᠯᠠᠷᠠᠨ ᠨᠠᠷᠬᠢᠯᠳᠤᠵᠦ᠂ ᠴᠠᠭᠠᠨ ᠰᠠᠷ᠎ᠠ᠎ᠡᠴᠡ ᠪᠠᠰᠠ ᠬᠥᠭᠵᠢᠶᠡᠨ᠎ᠲᠠᠢ ᠪᠤᠯᠳᠠᠭ!》 ᠭᠡᠵᠦ ᠲᠡᠷᠡ ᠬᠡᠯᠡᠪᠡ᠃
ᠡᠨᠡ ᠵᠢᠯ᠎ᠦᠨ 8 ᠰᠠᠷ᠎ᠠ᠎ᠳᠤ᠂ ᠳᠣᠯᠣᠳᠤᠭᠠᠷ ᠬᠤᠭᠤᠴᠠᠭᠠᠨ᠎ᠤ 《ᠲᠣᠰᠬᠣᠨ᠎ᠤ ᠰᠠᠭᠰᠤᠨ ᠪᠦᠮᠪᠦᠭᠡ᠎ᠵᠢᠨ ᠤᠷᠤᠯᠳᠤᠭᠠᠨ》 ᠡᠬᠢᠯᠡᠪᠡ᠃ 24 ᠠᠩᠬᠢ ᠵᠢᠨ 200 ᠰᠢᠬᠠᠮ ᠲᠠᠮᠢᠷᠴᠢᠨ᠂ ᠲᠠᠷᠢᠶᠠᠴᠢᠨ᠎ᠡᠴᠡ ᠠᠵᠤ ᠠᠬᠤᠢᠯᠠᠯ᠎ᠤᠨ ᠠᠵᠢᠯᠲᠠᠨ ᠠᠵᠢᠯᠴᠢᠨ ᠬᠦᠷᠲᠡᠯ᠎ᠡ᠂ ᠨᠤᠲᠤᠭ᠎ᠲᠠᠭᠠᠨ ᠪᠤᠴᠠᠭᠰᠠᠨ ᠵᠠᠯᠠᠭᠤᠴᠤᠳ᠎ᠡᠴᠡ ᠰᠤᠷᠤᠬ᠍ᠴᠢ ᠬᠦᠷᠲᠡᠯ᠎ᠡ ᠴᠥᠮ ᠤᠷᠤᠯᠴᠠᠪᠠ᠃
《ᠲᠡᠳᠡᠭᠡᠷ ᠬᠡᠦᠬᠡᠳ᠎ᠦᠨ ᠭᠦᠶᠦᠵᠦ ᠦᠰᠦᠷᠬᠦ᠎ᠶᠢ ᠦᠵᠡᠭᠡᠳ᠂ ᠰᠡᠳᠬᠢᠯ ᠳᠣᠲᠣᠷ᠎ᠠ ᠬᠠᠯᠠᠭᠤᠨ ᠰᠠᠨᠠᠭᠳᠠᠳᠠᠭ᠃ ᠤᠤᠯ ᠨᠢ ᠲᠠᠷᠢᠶᠠᠯᠠᠩ᠎ᠤᠨ ᠰᠡᠯᠡᠭᠦᠦ ᠴᠠᠭ᠎ᠲᠤ ᠬᠥᠵᠥᠷ ᠨᠠᠭᠠᠳᠬᠤ ᠦᠭᠡᠢ ᠪᠣᠯ ᠠᠷᠢᠬᠢ ᠤᠤᠭᠤᠨ᠎ᠠ᠃ ᠤᠳᠤ ᠪᠦᠷ ᠪᠥᠮᠪᠥᠭᠡᠨ ᠲᠠᠯᠠᠪᠠᠢ ᠤᠷᠤᠭᠤ ᠭᠦᠶᠦᠬᠦ ᠪᠤᠯᠵᠠᠢ》 ᠭᠡᠵᠦ ᠲᠣᠰᠬᠣᠨ᠎ᠤ ᠠᠷᠠᠳ᠎ᠤᠨ ᠵᠥᠪᠯᠡᠯ᠎ᠦᠨ ᠭᠡᠰᠢᠭᠦᠨ ᠷᠧᠨ ᠰᠢᠶᠣᠣ ᠬᠤᠸᠠ ᠰᠤᠷᠪᠤᠯᠵᠢᠯᠠᠭ᠍ᠴᠢ᠎ᠳᠤ ᠬᠡᠯᠡᠪᠡ᠃
ᠲᠣᠰᠬᠣᠨ᠎ᠤ ᠤᠷᠤᠯᠳᠤᠭᠠᠨ᠎ᠢ ᠨᠠᠩ ᠵᠢᠷᠤᠮᠵᠢᠭᠤᠯᠬᠤ᠎ᠶᠢᠨ ᠲᠥᠯᠥᠭᠡ᠂ ᠲᠣᠰᠬᠣᠨ᠎ᠤ ᠬᠢᠨ 《ᠤᠷᠤᠯᠳᠤᠭᠠᠨ᠎ᠤ ᠶᠠᠪᠤᠳᠠᠯ᠎ᠤᠨ ᠬᠤᠷᠠᠮᠳᠤᠯ ᠬᠤᠪᠢ — ᠪᠣᠯᠪᠠᠰᠤᠨ᠎ᠤ ᠬᠤᠷᠠᠮᠳᠤᠯ ᠬᠤᠪᠢ — ᠬᠡᠷᠡᠭᠯᠡᠭᠡᠨ᠎ᠦ ᠬᠤᠷᠠᠮᠳᠤᠯ ᠬᠤᠪᠢ 》 ᠵᠢᠨ ᠭᠤᠷᠪᠠᠨ ᠬᠤᠷᠠᠮᠳᠤᠯ ᠬᠤᠪᠢ ᠵᠢ ᠬᠠᠷᠢᠯᠴᠠᠨ ᠨᠠᠪᠲᠠᠷᠡᠭᠦᠯᠵᠦ᠂ ᠬᠢᠨᠠᠭ᠍ᠴᠢ ᠪᠤᠯᠬᠤ᠂ ᠡᠮᠬᠢ ᠳᠢᠭ᠌ᠯᠢᠮ᠎ᠢ ᠬᠠᠮᠠᠭᠠᠯᠠᠬᠤ᠂ ᠣᠷᠴᠢᠨ ᠲᠣᠭᠣᠷᠢᠨ᠎ᠤ ᠬᠠᠮᠠᠭᠠᠯᠠᠯᠲᠠ᠎ᠶᠢᠨ ᠤᠬᠠᠭᠤᠯᠭ᠎ᠠ ᠬᠢᠬᠦ᠎ᠳᠦ ᠴᠥᠮ ᠬᠤᠪᠢ ᠬᠤᠷᠠᠮᠳᠤᠭᠤᠯᠵᠤ᠂ ᠬᠤᠪᠴᠠᠰᠤ ᠤᠬᠢᠶᠠᠬᠤ ᠡᠳ᠋᠂ ᠢᠳᠡᠭᠡᠨ᠎ᠦ ᠲᠣᠰᠣ᠌ ᠰᠣᠯᠢᠵᠤ ᠪᠣᠯᠣᠨ᠎ᠠ᠃
ᠬᠥᠯ ᠪᠥᠮᠪᠥᠭᠡ ᠶᠢᠨ ᠰᠠᠭᠤᠷᠢᠨ᠎ᠡᠴᠡ 《ᠲᠣᠰᠬᠣᠨ᠎ᠤ ᠰᠠᠭᠰᠤᠨ ᠪᠦᠮᠪᠦᠭᠡ᠎ᠵᠢᠨ ᠤᠷᠤᠯᠳᠤᠭᠠᠨ 》 ᠬᠦᠷᠲᠡᠯ᠎ᠡ᠂ ᠬᠠᠷᠠᠭᠠᠴᠢᠨ ᠲᠣᠰᠬᠣᠨ ᠤᠷᠤᠯᠳᠤᠭᠠᠨ᠎ᠢᠶᠠᠷ ᠬᠣᠯᠪᠣᠭᠠᠰᠤ ᠪᠣᠯᠭᠠᠵᠤ᠂ ᠪᠡᠶ᠎ᠡ᠎ᠶᠢᠨ ᠲᠠᠮᠢᠷ᠎ᠤᠨ 《ᠤᠷᠤᠰᠴᠠ》 ᠵᠢ ᠬᠡᠷᠡᠭᠯᠡᠭᠡᠨ᠎ᠦ 《ᠨᠥᠭᠡᠴᠡ 》 ᠪᠣᠯᠭᠠᠪᠠ᠃
ᠡᠨᠡ ᠵᠢᠯ᠎ᠦᠨ 5 ᠰᠠᠷ᠎ᠠ᠎ᠳᠤ᠂ ᠬᠠᠷᠠᠭᠠᠴᠢᠨ ᠲᠣᠰᠬᠣᠨ᠎ᠤ ᠰᠢᠨ᠎ᠡ᠎ᠪᠡᠷ ᠪᠠᠢᠭᠤᠯᠤᠭᠰᠠᠨ ᠺᠠᠷᠲ᠋ᠢᠨ ᠲᠡᠷᠭᠡ᠎ᠶᠢ ᠪᠡᠶᠡᠴᠢᠯᠡᠨ ᠣᠢᠯᠠᠭᠠᠬᠤ ᠰᠠᠭᠤᠷᠢᠨ ᠠᠰᠢᠭ᠍ᠯᠠᠯᠲᠠ᠎ᠳᠤ ᠣᠷᠣᠵᠤ᠂ ᠮᠠᠰᠢ ᠤᠯᠠᠨ ᠵᠢᠭᠤᠯᠴᠢᠯᠠᠭᠰᠠᠳ᠎ᠢ ᠲᠠᠲᠠᠵᠠᠢ᠃
12 ᠮᠦ᠍ ᠰᠢᠬᠠᠮ ᠲᠠᠯᠠᠪᠠᠢ᠎ᠲᠠᠢ ᠬᠡᠭᠡᠷ᠎ᠡ ᠪᠠᠭᠤᠳᠠᠯᠯᠠᠬᠤ ᠰᠠᠭᠤᠷᠢᠨ ᠨᠢ ᠨᠣᠮᠢᠨ ᠨᠣᠭᠣᠭᠠᠨ ᠪᠠᠢᠵᠤ᠂ ᠰᠤᠯᠠ ᠲᠠᠯᠪᠢᠬᠳᠠᠵᠤ ᠪᠠᠢᠬᠰᠠᠨ ᠴᠣᠬᠣᠢ᠎ᠶᠢᠨ ᠲᠠᠯᠠᠪᠠᠢ᠎ᠵᠢ ᠥᠭᠡᠷᠡᠴᠢᠯᠡᠨ ᠪᠠᠢᠭᠤᠯᠤᠭᠠᠳ ᠲᠤᠰ ᠰᠠᠭᠤᠷᠢᠨ ᠪᠤᠯᠭᠠᠵᠦ᠂ ᠨᠤᠲᠤᠭ᠎ᠲᠠᠭᠠᠨ ᠪᠤᠴᠠᠭᠰᠠᠨ ᠣᠶᠤᠲᠠᠳ᠎ᠤᠨ ᠪᠦᠯᠬᠦᠮ᠎ᠢᠶᠡᠷ ᠡᠵᠡᠩᠨᠡᠯᠲᠡ ᠬᠢᠯᠭᠡᠵᠦ ᠪᠠᠢᠨ᠎ᠠ᠃ ᠲᠣᠰᠬᠣᠨ᠎ᠤ ᠬᠢᠨ ᠤᠷᠳᠤ ᠴᠠᠭᠠᠨ ᠬᠡᠷᠡᠮ᠎ᠦᠨ ᠰᠣᠶᠣᠯ᠎ᠤᠨ ᠮᠦᠽᠧᠢ᠂ ᠯᠤᠤ ᠶᠸ ᠰᠦᠮ᠎ᠡ᠂ ᠬᠡᠭᠡᠷ᠎ᠡ ᠪᠠᠭᠤᠳᠠᠯᠯᠠᠬᠤ ᠰᠠᠭᠤᠷᠢᠨ᠎ᠢ ᠬᠣᠯᠪᠣᠵᠤ᠂ 《ᠦᠳᠡ᠎ᠶᠢᠨ ᠡᠮᠦᠨ᠎ᠡ ᠤᠷᠤᠯᠳᠤᠭᠠᠨ ᠰᠣᠨᠢᠷᠬᠠᠬᠤ᠂ ᠦᠳᠡ᠎ᠶᠢᠨ ᠬᠣᠢᠨ᠎ᠠ ᠠᠭᠤᠯᠠ᠎ᠪᠠᠷ ᠵᠤᠭᠠᠴᠡᠬᠤ᠂ ᠰᠥᠨᠢ ᠬᠡᠭᠡᠷ᠎ᠡ ᠪᠠᠭᠤᠳᠠᠯᠯᠠᠬᠤ 》 ᠪᠦᠬᠦᠯᠢ ᠡᠳᠦᠷ᠎ᠤᠨ ᠬᠡᠷᠡᠭᠯᠡᠭᠡᠨ᠎ᠦ ᠬᠡᠯᠬᠢᠶ᠎ᠡ᠎ᠶᠢ ᠪᠠᠢᠭᠤᠯᠪᠠ᠃
ᠣᠳᠣ᠌᠂ ᠬᠠᠷᠠᠭᠠᠴᠢᠨ ᠲᠣᠰᠬᠣᠨ᠎ᠤ ᠰᠣᠶᠣᠯ ᠵᠢᠭᠤᠯᠴᠢᠯᠠᠯ᠎ᠤᠨ ᠲᠥᠷᠥᠯ ᠵᠦᠢᠯ ᠵᠢᠯ ᠳᠤᠮᠳᠠᠴᠢ᠎ᠪᠠᠷ 50 ᠲᠦᠮᠡᠨ ᠬᠥᠮᠥᠨ ᠤᠳᠠᠭ᠎ᠠ᠎ᠵᠢᠨ ᠵᠢᠭᠤᠯᠴᠢᠯᠠᠭᠴᠢ ᠵᠢ ᠬᠦᠯᠢᠶᠡᠨ ᠠᠪᠴᠤ ᠪᠠᠢᠨ᠎ᠠ᠃ ᠤᠷᠤᠯᠳᠤᠭᠠᠨ᠎ᠤ ᠬᠤᠭᠤᠴᠠᠭᠠᠨ᠎ᠳᠤ᠂ ᠲᠠᠷᠢᠶᠠᠴᠢᠨ ᠠᠢᠯ᠎ᠤᠨ ᠵᠢᠭᠤᠯᠴᠢᠯᠠᠯ᠎ᠤᠨ ᠭᠠᠵᠠᠷ᠎ᠤᠨ ᠭᠠᠭᠴᠠ ᠡᠳᠦᠷ᠎ᠦᠨ ᠬᠦᠯᠢᠶᠡᠨ ᠠᠪᠬᠤ ᠵᠢᠭᠤᠯᠴᠢᠯᠠᠭᠰᠠᠳ᠎ᠤᠨ ᠲᠣᠭ᠎ᠠ 800 ᠬᠥᠮᠥᠨ ᠤᠳᠠᠭ᠎ᠠ᠎ᠳᠤ ᠬᠦᠷᠴᠤ ᠪᠠᠢᠬᠤ ᠠᠵᠢ᠃
【ᠰᠤᠷᠪᠤᠯᠵᠢᠯᠠᠭ᠍ᠴᠢ᠎ᠶᠢᠨ ᠡᠪᠦᠷ ᠲᠡᠮᠳᠡᠭᠯᠡᠯ】
ᠡᠨᠡ ᠬᠦ᠌ ᠳᠠᠯᠠᠨ ᠬᠠᠷ᠎ᠠ ᠠᠭᠤᠯᠠ᠎ᠶᠢᠨ ᠡᠩᠬᠡᠷ ᠲᠡᠬᠢ ᠵᠢᠵᠢᠭ ᠲᠣᠰᠬᠣᠨ ᠨᠢᠬᠡ ᠰᠠᠭᠰᠤᠨ ᠪᠥᠮᠪᠥᠭᠡ᠂ ᠬᠡᠰᠡᠭ ᠨᠣᠭᠣᠭᠠᠨ ᠵᠦᠯᠭᠡ᠂ ᠮᠠᠢᠬᠠᠨ ᠨᠤᠭᠤᠳ ᠵᠢᠡᠷ 《 ᠪᠡᠶ᠎ᠡ᠎ᠶᠢᠨ ᠲᠠᠮᠢᠷ᠎ᠤᠨ ᠵᠢᠵᠢᠭ ᠪᠠᠯᠭᠠᠰᠤ 》 ᠵᠢᠨ ᠲᠣᠮᠣ᠌ ᠵᠣᠬᠢᠶᠠᠯ᠎ᠢ ᠪᠢᠴᠢᠵᠦ ᠪᠠᠢᠨ᠎ᠠ᠃
ᠠᠭᠤᠯᠠ ᠮᠠᠯᠲᠠᠵᠤ ᠴᠢᠯᠠᠭᠤ ᠬᠤᠳᠠᠯᠳᠤᠵᠤ ᠪᠠᠢᠬᠰᠠᠨ᠎ᠡᠴᠡ ᠠᠪᠤᠭᠠᠳ ᠮᠣᠳᠣ᠌ ᠲᠠᠷᠢᠬᠤ ᠤᠷᠤᠯᠳᠤᠭᠠᠠ ᠡᠷᠬᠢᠯᠡᠬᠦ ᠬᠦᠷᠲᠡᠯ᠎ᠡ᠂ ᠰᠢᠷᠬ᠎ᠠ ᠰᠤᠷᠪᠢ ᠰᠢᠬ ᠬᠠᠷᠠᠭᠳᠠᠬᠤ ᠬᠠᠢᠷ ᠴᠢᠯᠠᠭᠤ ᠮᠠᠯᠳᠠᠬᠰᠠᠨ ᠨᠦᠬᠡ ᠡᠴᠡ ᠠᠪᠤᠭᠠᠳ ᠨᠣᠭᠣᠭᠠᠨ ᠵᠦᠯᠭᠡ ᠬᠦᠷᠲᠡᠯ᠎ᠡ᠂ ᠬᠠᠷᠠᠭᠠᠴᠢᠨ ᠠᠷᠪᠠᠨ ᠬᠡᠳᠦᠨ ᠵᠢᠯ ᠬᠡᠷᠡᠭᠰᠡᠵᠦ ᠡᠨᠡ ᠶᠡᠬᠡ ᠬᠤᠪᠢᠷᠠᠯᠲᠠ᠎ᠶᠢ ᠪᠡᠶᠡᠯᠡᠭᠦᠯᠪᠡ᠃ ᠲᠣᠰᠬᠣᠨ᠎ᠤ ᠨᠠᠮ᠎ᠤᠨ ᠡᠭᠦᠷ᠎ᠦᠨ ᠱᠦᠵᠢ ᠶᠠᠩ ᠢ᠄ 《 ᠪᠥᠮᠪᠥᠭᠡᠨ ᠲᠠᠯᠠᠪᠠᠢ ᠨᠡᠮᠡᠭᠳᠡᠬᠦ ᠲᠤᠳᠤᠮ ᠵᠤᠭᠤᠰ ᠮᠦᠷᠦᠢᠴᠡᠬᠦ ᠬᠦᠮᠦᠨ ᠴᠦᠬᠡᠷᠡᠨᠠ᠂ ᠪᠥᠮᠪᠥᠭᠡᠨ ᠤᠷᠤᠯᠳᠤᠭᠠᠨ ᠤᠯᠠᠰᠢᠷᠠᠬᠤ ᠲᠤᠳᠤᠮ ᠠᠷᠢᠬᠢ ᠤᠤᠭᠤᠬᠤ ᠬᠦᠮᠦᠨ ᠪᠠᠭᠠᠰᠤᠨ᠎ᠠ》 ᠭᠡᠪᠡ᠃
ᠡᠨᠡ ᠨᠢ ᠠᠵᠤ ᠦᠢᠯᠡᠰ᠎ᠦᠨ ᠰᠣᠯᠢᠭ᠍ᠳᠠᠯ ᠲᠡᠳᠦᠢ ᠦᠬᠡᠢ ᠨᠡᠩ ᠴᠤ᠌ ᠲᠣᠰᠬᠣᠨ ᠤ ᠤᠶᠤᠨ ᠰᠠᠨᠠᠭᠠᠨ᠎ᠤ ᠳᠦᠷᠰᠦ ᠪᠠᠢᠳᠠᠯ᠎ᠢ ᠲᠠᠬᠢᠨ ᠱᠤᠭᠤᠭᠰᠠᠨ ᠶᠠᠪᠤᠳᠠᠯ ᠪᠣᠯᠣᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃