2026-10-08 09:25:10
ᠤᠢᠷ᠎ᠠ ᠳ᠋ᠤ᠂ ᠪᠠᠶᠠᠨᠨᠠᠭᠤᠷ ᠬᠣᠲᠠ᠎ᠶ᠋ᠢᠨ ᠦᠶᠤᠸᠠᠨ ᠰᠢᠶᠠᠨ᠎ᠤ᠋ ᠹᠦ ᠰᠢᠩ ᠪᠠᠯᠭᠠᠰᠤᠨ᠎ᠤ᠋ ᠴᠢᠩ ᠱᠧᠩ ᠲᠣᠰᠬᠣᠨ ᠳ᠋ᠡᠬᠢ 500 ᠮᠦ᠍ ᠠᠷᠤ ᠤᠯᠠᠭᠠᠨ ᠵᠢᠮᠢᠰ ᠦ᠋ᠨ ᠵᠢᠱ᠌ᠢᠶ᠎ᠡ ᠦᠵᠡᠭᠦᠯᠬᠦ ᠬᠦᠷᠢᠶᠡᠯᠡᠩᠳ᠋ᠦ᠍᠂ ᠰᠤᠷᠭᠤᠭ ᠤᠯᠠᠭᠠᠨ ᠵᠢᠮᠢᠰ ᠨᠢ ᠬᠠᠷᠠᠭ᠎ᠠ᠎ᠶ᠋ᠢ ᠪᠠᠶᠠᠰᠬᠠᠵᠦ᠂ ᠲᠠᠷᠢᠶᠠᠴᠢᠨ ᠱᠢ ᠫᠧᠢ ᠶᠠᠨ᠄ 《ᠥᠨᠥᠳᠥᠷ ᠲᠠ ᠨᠠᠷ᠎ᠲᠤ ᠮᠠᠨ᠎ᠤ᠋ ᠦᠶᠤᠸᠠᠨ ᠰᠢᠶᠠᠨ᠎ᠤ᠋ ᠲᠠᠷᠢᠭᠰᠠᠨ ᠠᠷᠤ ᠤᠯᠠᠭᠠᠨ ᠵᠢᠮᠢᠰ ᠢ ᠲᠠᠨᠢᠯᠴᠠᠭᠤᠯᠤᠶ᠎ᠠ᠂ ᠮᠠᠨ ᠤ᠋ ᠡᠨᠡ ᠵᠢᠮᠢᠰ ᠶᠢᠰᠦᠨ ᠬᠤᠪᠢ ᠠᠮᠲᠠᠯᠢᠭ ᠨᠢᠭᠡ ᠬᠤᠪᠢ ᠬᠦᠴᠢᠯᠯᠢᠭ ᠪᠠᠢᠵᠤ᠂ ᠢᠳᠡᠬᠦ ᠳᠤ ᠮᠠᠰᠢ ᠰᠠᠢᠬᠠᠨ᠂ ᠵᠢᠮᠢᠰ ᠦ᠋ᠨ ᠦᠨᠦᠷ ᠨᠢ ᠮᠠᠰᠢ ᠬᠠᠩᠬᠤᠯᠤᠭᠤᠨ ᠁》 ᠭᠡᠮᠡᠨ ᠵᠢᠮᠢᠰ ᠦ᠋ᠨ ᠮᠣᠳᠣᠨᠤ᠋ ᠬᠠᠵᠠᠭᠤᠳ᠋ᠤ᠌ ᠵᠣᠭᠰᠣᠨ ᠰᠢᠭᠤᠳ ᠨᠡᠪᠲᠡᠷᠡᠭᠦᠯᠭᠡ ᠪᠡᠷ ᠲᠠᠮᠵᠢᠭᠤᠯᠤᠨ ᠵᠢᠮᠢᠰ᠎ᠢᠶᠡᠨ ᠪᠤᠷᠤᠯᠠᠭᠤᠯᠤᠨ᠎ᠠ᠃
ᠵᠢᠮᠢᠰ᠎ᠤᠨ ᠬᠦᠷᠢᠶᠡᠯᠡᠩ᠎ᠳᠤ ᠪᠠᠰᠠ 50 ᠭᠠᠷᠤᠢ ᠠᠵᠢᠯᠴᠢᠨ ᠠᠵᠢᠯ ᠬᠤᠪᠢᠶᠠᠷᠢᠯᠠᠨ ᠶᠠᠭᠠᠷᠠᠯᠳᠤᠵᠤ᠂ ᠵᠢᠮᠢᠰ ᠲᠡᠭᠦᠬᠦ᠂ ᠬᠤᠪᠢᠶᠠᠨ ᠢᠯᠭᠠᠬᠤ᠂ ᠬᠠᠢᠷᠴᠠᠭᠯᠠᠨ ᠪᠤᠭᠤᠳᠠᠯᠯᠠᠬᠤ᠎ᠵᠢ ᠱᠠᠯᠠᠪᠳᠠᠨ ᠪᠡᠶᠡᠯᠡᠭᠦᠯᠦᠨ᠎ᠡ᠃ ᠨᠢᠭᠡᠨ ᠲᠣᠮᠣᠬᠠᠨ ᠲᠡᠭᠡᠭᠡᠪᠦᠷᠢ ᠶ᠋ᠢᠨ ᠮᠠᠰᠢᠨ ᠬᠥᠮᠥᠷᠭᠡ᠎ᠶ᠋ᠢᠨ ᠡᠭᠦᠳᠡᠨᠳ᠋ᠦ᠍ ᠵᠣᠭᠰᠣᠵᠤ᠂ ᠬᠠᠢᠷᠴᠠᠭ ᠲᠦᠭᠦᠷᠡᠩ ᠰᠣᠷᠭᠣᠭ ᠵᠢᠮᠢᠰ ᠢ᠋ ᠪᠦᠬᠦ ᠤᠯᠤᠰ᠎ᠤ᠋ᠨ ᠡᠯ᠎ᠡ ᠭᠠᠵᠠᠷ᠎ᠲᠤ᠌ ᠭᠤᠪᠢᠭᠤᠯᠬᠤ᠎ᠪᠠᠷ ᠪᠡᠯᠡᠳᠬᠡᠵᠦ ᠪᠠᠢᠯ᠎ᠠ᠃
《ᠮᠠᠨ ᠤ᠋ ᠵᠢᠮᠢᠰ ᠦ᠋ᠨ ᠬᠦᠷᠢᠶᠡᠯᠡᠩ ᠨᠢᠭᠡᠨᠲᠡ ᠠᠭᠠᠵᠢᠮᠢ᠋ᠶ᠋ᠠᠷ ᠡᠯᠪᠡᠭ ᠵᠢᠮᠢᠰᠯᠡᠬᠦ ᠬᠤᠭᠤᠴᠠᠭᠠᠳ᠋ᠠᠭᠠᠨ ᠣᠷᠣᠵᠤ᠂ ᠡᠨᠡ ᠵᠢᠯ᠎ᠦ᠋ᠨ ᠭᠠᠷᠤᠯᠲᠠ᠎ᠶ᠋ᠢᠨ ᠬᠡᠮᠵᠢᠶ᠎ᠡ 70 ᠲᠦᠮᠡ᠎ᠡᠴᠡ 80 ᠲᠦᠮᠡᠨ ᠵᠢᠩᠳ᠋ᠦ᠍ ᠬᠦᠷᠴᠦ᠂ ᠵᠢᠱ᠌ᠢᠯᠲᠡ᠎ᠪᠡᠷ ᠳᠠᠷᠠᠭ᠎ᠠ ᠵᠢᠯ᠎ᠤᠨ ᠭᠠᠷᠤᠯᠲᠠ 120 ᠲᠦᠮᠡᠨ ᠵᠢᠩ᠎ᠡᠴᠡ ᠳᠡᠭᠡᠭᠰᠢ ᠬᠦᠷᠦᠨ᠎ᠡ》 ᠬᠡᠵᠦ ᠱᠢ ᠫᠧᠢ ᠶᠠᠨ ᠬᠡᠯᠡᠪᠡ᠃ ᠲᠡᠬᠦᠨᠤ᠋ ᠲᠠᠨᠢᠯᠴᠠᠭᠤᠯᠤᠭᠰᠠᠨᠢ᠋ᠶ᠋ᠠᠷ᠂ 《ᠡᠨᠡ ᠬᠡᠰᠡᠭ ᠭᠠᠵᠠᠷ ᠤᠤᠯ ᠨᠢ ᠬᠤᠵᠢᠷᠯᠢᠭ ᠭᠠᠵᠠᠷ ᠪᠠᠢᠭᠰᠠᠨ ᠶᠤᠮ᠂ ᠠᠷᠤ ᠤᠯᠠᠭᠠᠨ ᠵᠢᠮᠢᠰ ᠦ᠋ᠨ ᠮᠣᠳᠣ ᠨᠢ ᠭᠠᠩ ᠬᠠᠭᠰᠠᠷᠠᠭᠠᠨᠳ᠋ᠤ᠌ ᠳᠠᠭᠠᠭᠠᠮᠠᠭᠠᠢ᠂ ᠬᠦᠢᠲᠡᠨᠳ᠋ᠦ᠍ ᠲᠡᠰᠪᠦᠷᠢᠲᠡᠢ᠂ ᠬᠤᠵᠢᠷᠲᠤ᠌ ᠲᠡᠰᠪᠦᠷᠢᠲᠡᠢ ᠪᠤᠯᠬᠤᠷ ᠲᠤᠬᠠᠢ᠎ᠶᠢᠨ ᠭᠠᠵᠠᠷ᠎ᠤᠨ ᠲᠠᠷᠢᠬᠤ ᠨᠥᠬᠥᠴᠡᠯᠳ᠋ᠦ᠍ ᠮᠠᠰᠢ ᠲᠣᠬᠢᠷᠠᠵᠤ᠂ ᠣᠳᠣ ᠬᠥᠷᠥᠰᠥ ᠰᠢᠷᠣᠢ᠎ᠶ᠋ᠢᠨ ᠴᠢᠨᠠᠷ ᠨᠢ ᠢᠯᠡᠳᠲᠡ ᠰᠠᠢᠵᠢᠷᠠᠪᠠ》 ᠭᠡᠵᠡᠢ᠃
ᠱᠢ ᠫᠧᠢ ᠶᠠᠨᠤ᠋ ᠭᠡᠷ᠎ᠦ᠋ᠨ ᠠᠷᠤ ᠤᠯᠠᠭᠠᠨ ᠵᠢᠮᠢᠰ᠎ᠦ᠋ᠨ ᠬᠦᠷᠢᠶᠡᠯᠡᠩ ᠨᠢ ᠨᠢᠭᠡᠨᠲᠡ ᠳᠥᠷᠪᠡᠳᠡᠬᠢ ᠵᠢᠯ᠎ᠦ᠋ᠨ ᠲᠣᠭᠲᠠᠭᠤᠨ ᠭᠠᠷᠤᠯᠲᠠ ᠪᠠᠨ ᠤᠭᠲᠤᠵᠤ᠂ ᠣᠯᠠᠨ ᠵᠢᠯ᠎ᠦ᠋ᠨ ᠨᠠᠷᠢᠨ ᠰᠦᠪᠡᠭᠴᠢᠯᠡᠨ ᠰᠢᠨᠵᠢᠯᠡᠬᠦ ᠤᠬᠠᠭᠠᠨᠴᠢ ᠪᠡᠷ ᠬᠠᠮᠠᠭᠠᠯᠠᠬᠤ ᠪᠡᠷ ᠲᠠᠮᠵᠢᠨ᠂ ᠵᠢᠮᠢᠰ᠎ᠤᠨ ᠠᠮᠳᠠ ᠰᠢᠮ᠎ᠡ᠂ ᠦᠩᠭᠡ ᠲᠦᠷᠬᠦ ᠨᠢ ᠵᠢᠯ ᠡᠴᠡ ᠵᠢᠯ ᠰᠠᠢᠵᠢᠷᠠᠵᠤ᠂ ᠰᠢᠯᠢᠳᠡᠭ ᠰᠠᠢᠨ ᠴᠢᠨᠠᠷ ᠴᠢᠨᠰᠠᠭ᠎ᠠ ᠨᠢ ᠵᠠᠬ᠎ᠠ ᠳᠡᠯᠭᠡᠭᠦᠷ᠎ᠦ᠋ᠨ ᠰᠠᠢᠨ ᠦᠨᠡᠯᠡᠯᠲᠡ᠎ᠵᠢ ᠠᠮᠵᠢᠯᠲᠠ ᠲᠠᠢ ᠬᠤᠷᠠᠮᠳᠤᠭᠤᠯᠪᠠ᠃ ᠣᠳᠣᠬᠠᠨ᠎ᠳ᠋ᠤ᠌᠂ ᠵᠢᠮᠢᠰ᠎ᠦ᠋ᠨ ᠬᠦᠷᠢᠶᠡᠯᠡᠩᠦ᠋ᠨ ᠪᠣᠷᠣᠯᠠᠭᠤᠯᠭ᠎ᠠ ᠶ᠋ᠢᠨ ᠰᠢᠰᠲ᠋ᠧᠮ ᠡᠳᠦᠷ ᠢᠷᠡᠬᠦᠶ᠎ᠡ ᠪᠣᠯᠪᠠᠰᠤᠷᠠᠩᠭᠤᠢ ᠪᠣᠯᠵᠤ᠂ ᠬᠣᠷᠰᠢᠨ ᠠᠵᠢᠯᠯᠠᠭᠴᠢ ᠶ᠋ᠢᠨ ᠢᠷᠡᠯᠲᠡ ᠲᠣᠭᠲᠠᠭᠤᠨ ᠪᠠᠢᠵᠤ᠂ ᠵᠠᠬ᠎ᠠ ᠳᠡᠯᠭᠡᠭᠦᠷ᠎ᠦ᠋ᠨ ᠨᠥᠯᠥᠭᠡᠯᠡᠬᠦ ᠬᠦᠷᠢᠶ᠎ᠡ ᠬᠡᠪᠴᠢᠶ᠎ᠡ ᠦᠷᠭᠦᠯᠵᠢᠯᠡᠨ ᠥᠷᠭᠡᠳᠴᠦ᠂ ᠰᠦᠯᠵᠢᠶᠡᠨ᠎ᠡᠴᠡ ᠭᠠᠳᠠᠨ᠎ᠠ ᠪᠥᠭᠡᠮᠢ᠋ᠶ᠋ᠡᠷ ᠪᠤᠷᠤᠯᠠᠭᠤᠯᠬᠤ᠂ ᠰᠦᠯᠵᠢᠶᠡᠨ ᠳᠡᠭᠡᠷᠡᠬᠢ ᠡᠯᠧᠺᠲ᠋ᠷᠣᠨ ᠬᠤᠳᠠᠯᠳᠤᠭ᠎ᠠ᠎ᠶ᠋ᠢᠨ ᠵᠢᠵᠢᠭᠯᠡᠨ ᠪᠣᠷᠣᠯᠠᠭᠤᠯᠬᠤ ᠬᠣᠣᠰ ᠪᠣᠷᠣᠯᠠᠭᠤᠯᠭ᠎ᠠ᠎ᠶ᠋ᠢᠨ ᠵᠠᠭᠪᠤᠷᠢ᠋ᠶ᠋ᠠᠷ ᠳᠠᠮᠵᠢᠨ᠂ ᠦᠢᠯᠡᠳᠬᠦᠨ᠎ᠦ᠌ ᠪᠣᠷᠣᠯᠠᠭᠤᠯᠭ᠎ᠠ᠎ᠶ᠋ᠢᠨ ᠵᠠᠮ᠎ᠢ᠋ ᠪᠦᠲᠦᠮᠵᠢᠲᠡᠢ ᠥᠷᠭᠡᠳᠬᠡᠵᠦ᠂ ᠪᠣᠷᠣᠯᠠᠭᠤᠯᠭ᠎ᠠ᠎ᠶ᠋ᠢᠨ ᠡᠭᠡᠯᠵᠢᠲᠦ ᠬᠤᠭᠤᠴᠠᠭ᠎ᠠ᠎ᠶ᠋ᠢ ᠤᠷᠲᠤᠳᠬᠠᠵᠤ᠂ ᠤᠷᠤᠨ ᠨᠤᠲᠤᠭ᠎ᠤ᠋ᠨ ᠰᠢᠯᠢᠳᠡᠭ ᠠᠷᠤ ᠤᠯᠠᠭᠠᠨ ᠵᠢᠮᠢᠰᠢ᠋ ᠪᠦᠬᠦ ᠤᠯᠤᠰ᠎ᠲᠤ᠌ ᠰᠠᠭᠠᠳ ᠦᠭᠡᠢ ᠪᠣᠷᠣᠯᠠᠭᠤᠯᠤᠨ᠎ᠠ᠃
《ᠡᠳᠦᠭᠡ᠂ ᠮᠠᠨ᠎ᠤ᠋ ᠰᠢᠶᠠᠨ ᠨᠢᠭᠡᠨᠲᠡ 21 ᠠᠵᠤ ᠠᠬᠤᠢ᠎ᠶ᠋ᠢᠨ ᠣᠢ᠎ᠶ᠋ᠢᠨ ᠵᠢᠱ᠌ᠢᠶ᠎ᠡ ᠦᠵᠡᠭᠦᠯᠬᠦ ᠰᠠᠭᠤᠷᠢᠨ ᠢ ᠪᠠᠢᠭᠤᠯᠵᠤ᠂ ᠶᠡᠷᠦᠩᠬᠡᠢ ᠲᠠᠯᠠᠪᠠᠢ᠎ᠶ᠋ᠢ 1 ᠲᠦᠮᠡ ᠭᠠᠷᠤᠢ ᠮᠦ᠍ᠳ᠋ᠦ᠍ ᠲᠣᠭᠲᠠᠪᠤᠷᠢᠵᠢᠭᠤᠯᠵᠤ᠂ ᠲᠥᠷᠥ᠎ᠶ᠋ᠢᠨ ᠪᠣᠳᠣᠯᠭ᠎ᠠ᠎ᠪᠠᠷ ᠬᠥᠲᠥᠯᠦᠨ ᠵᠢᠯᠣᠭᠣᠳᠬᠤ᠂ ᠬᠦᠷᠢᠶᠡᠯᠡᠩ ᠲᠣᠭᠣᠷᠢᠭᠢ᠋ᠶ᠋ᠠᠷ ᠬᠥᠲᠥᠯᠦᠨ ᠳᠠᠭᠠᠭᠤᠯᠬᠤ᠂ ᠲᠠᠷᠢᠶᠠᠴᠢᠳ ᠣᠷᠣᠯᠴᠠᠬᠤ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯᠢ᠋ᠶ᠋ᠡᠷ ᠲᠤᠯᠭᠠᠭᠤᠷᠢᠯᠠᠬᠤ᠂ ᠲᠥᠷᠥᠯ ᠲᠡᠮᠳᠡᠭ᠎ᠢ᠋ ᠡᠭᠦᠳᠦᠨ ᠪᠠᠢᠭᠤᠯᠬᠤ ᠬᠥᠭᠵᠢᠯᠲᠡ᠎ᠶ᠋ᠢᠨ ᠰᠢᠨ᠎ᠡ ᠬᠡᠪ ᠵᠠᠭᠪᠤᠷ᠎ᠢ᠋ ᠪᠣᠢ ᠪᠣᠯᠭᠠᠵᠠᠢ》 ᠬᠡᠵᠦ ᠦᠶᠤᠸᠠᠨ ᠰᠢᠶᠠᠨ᠎ᠤ᠋ ᠣᠢ ᠰᠢᠭᠤᠢ ᠨᠤᠲᠤᠭ ᠪᠡᠯᠴᠢᠭᠡᠷᠦ᠋ᠨ ᠲᠣᠪᠴᠢᠶ᠎ᠠ᠎ᠶ᠋ᠢᠨ ᠳᠡᠳ᠋ ᠳᠠᠷᠤᠭ᠎ᠠ ᠯᠢ ᠵᠢᠶᠠᠨ ᠰᠢᠨ ᠬᠡᠯᠡᠪᠡ᠃ ᠲᠡᠷᠡ 《ᠳᠠᠷᠠᠭᠠᠴᠢ᠎ᠶ᠋ᠢᠨ ᠠᠯᠬᠤᠮᠳ᠋ᠤ᠌ ᠪᠢᠳᠡ ᠲᠦᠷᠦᠯ ᠲᠡᠮᠳᠡᠭ᠎ᠢᠶᠡᠷ ᠵᠢᠮᠢᠰ᠎ᠤᠨ ᠦᠢᠯᠡᠰ᠎ᠢ ᠬᠦᠴᠦᠷᠭᠡᠭᠵᠢᠭᠦᠯᠬᠦ ᠪᠠᠢᠯᠳᠤᠬᠤ ᠪᠣᠳᠣᠯᠭᠠᠳ᠋ᠤ᠌ ᠠᠩᠬᠠᠷᠤᠯᠢ᠋ᠶ᠋ᠠᠨ ᠲᠥᠪᠯᠡᠷᠡᠭᠦᠯᠵᠦ᠂ ᠣᠢ ᠵᠢᠮᠢᠰ᠎ᠦ᠋ᠨ ᠠᠵᠤ ᠦᠢᠯᠡᠰ᠎ᠦ᠋ᠨ 〈ᠭᠠᠷᠤᠯᠲᠠ᠎ᠶ᠋ᠢ ᠴᠢᠬᠤᠯᠠᠴᠢᠯᠠᠵᠤ᠂ ᠶᠠᠰᠤ ᠴᠢᠨᠠᠷ᠎ᠢ᠋ ᠳᠡᠭᠡᠭᠰᠢᠯᠡᠭᠦᠯᠬᠦ〉 ᠲᠠᠷᠢᠶᠠᠨ ᠦᠵᠦᠭᠦᠷ᠎ᠡᠴᠡ 〈ᠵᠠᠬ᠎ᠠ ᠳᠡᠯᠭᠡᠭᠦᠷ ᠢ᠋ ᠥᠷᠭᠡᠳᠬᠡᠵᠦ᠂ ᠰᠠᠢᠨ ᠦᠨᠡᠯᠡᠯᠲᠡ᠎ᠶ᠋ᠢ ᠱᠤᠭᠤᠬᠤ〉 ᠪᠣᠷᠣᠯᠠᠭᠤᠯᠤᠯᠲᠠ᠎ᠶ᠋ᠢᠨ ᠦᠵᠦᠭᠦᠷᠯᠢᠭ ᠳᠠᠢᠰᠢ ᠬᠡᠯᠪᠡᠷᠢ᠎ᠪᠡᠨ ᠬᠤᠪᠢᠷᠠᠭᠤᠯᠵᠤ᠂ ᠣᠨᠴᠠᠯᠢᠭᠲᠤ ᠣᠢ ᠵᠢᠮᠢᠰ ᠦ᠋ᠨ ᠠᠵᠤ ᠦᠢᠯᠡᠰ ᠢ᠋ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠬᠦᠴᠦᠲᠡᠢ ᠭᠠᠷᠳᠠᠴᠠ ᠪᠣᠯᠭᠠᠨ᠎ᠠ》 ᠭᠡᠪᠡ ᠃
ᠣᠢᠷ᠎ᠠ ᠶ᠋ᠢᠨ ᠵᠢᠯ᠎ᠡᠴᠡ᠂ ᠪᠠᠶᠠᠨᠨᠠᠭᠤᠷ ᠬᠣᠲᠠ ᠠᠵᠤ ᠠᠬᠤᠢ᠎ᠶ᠋ᠢᠨ ᠣᠢ᠎ᠶ᠋ᠢᠨ ᠠᠵᠤ ᠦᠢᠯᠡᠰ᠎ᠢ᠋ ᠢᠳᠡᠪᠬᠢᠲᠡᠢ ᠬᠥᠭᠵᠢᠭᠦᠯᠵᠦ᠂ ᠠᠮᠢ ᠠᠬᠤᠢ᠎ᠶ᠋ᠢᠨ ᠳᠠᠪᠠᠭᠤᠯᠢᠭᠢ᠋ᠶ᠋ᠠᠨ ᠠᠵᠤ ᠠᠬᠤᠢ᠎ᠶ᠋ᠢᠨ ᠳᠠᠪᠠᠭᠤᠯᠢᠭ ᠪᠣᠯᠭᠠᠨ ᠬᠤᠪᠢᠷᠠᠭᠤᠯᠬᠤ᠎ᠶ᠋ᠢ ᠦᠷᠭᠦᠯᠵᠢᠯᠡᠨ ᠠᠬᠢᠭᠤᠯᠵᠤ ᠪᠣᠢ᠃ ᠤᠷᠠᠳ᠎ᠤ᠋ᠨ ᠡᠮᠦᠨᠡᠲᠦ ᠬᠤᠰᠢᠭᠤᠨ᠎ᠤ᠋ ᠮᠤᠨᠢ ᠠᠭᠤᠯᠠ᠎ᠶ᠋ᠢᠨ ᠡᠮᠦᠨ᠎ᠡ ᠬᠣᠷᠮᠣᠢᠳ᠋ᠤ᠌᠂ ᠲᠤᠬᠠᠢ᠎ᠶ᠋ᠢᠨ ᠭᠠᠵᠠᠷ᠎ᠤ᠋ᠨ ᠬᠢᠨ ᠭᠡᠭᠡᠷ᠎ᠡ᠎ᠶᠢᠨ ᠲᠣᠭᠣᠷ᠂ ᠬᠡᠭᠡᠷ᠎ᠡ᠎ᠶ᠋ᠢᠨ ᠭᠦᠢᠯᠡᠰᠦ ᠵᠡᠷᠭᠡ ᠤᠷᠤᠨ ᠨᠤᠳᠤᠭ᠎ᠤᠨ ᠵᠢᠮᠢᠰ᠎ᠤᠨ ᠮᠤᠳᠤᠨ᠎ᠤ ᠵᠠᠯᠭᠠᠭᠠᠳᠠᠰᠤ᠎ᠳᠤ ᠲᠦᠰᠢᠭᠯᠡᠨ ᠳᠣᠣᠷ᠎ᠠ ᠦᠷ᠎ᠠ ᠠᠰᠢᠭ᠎ᠲᠤ ᠣᠢᠳ᠋ᠤ᠌ ᠰᠠᠢᠨ ᠡᠭᠦᠯᠳᠡᠷ᠎ᠤᠨ ᠮᠦᠴᠢᠷ ᠵᠠᠯᠭᠠᠬᠤ᠎ᠶ᠋ᠢ ᠬᠡᠷᠡᠭᠵᠢᠭᠦᠯᠵᠦ᠂ ᠤᠤᠯ᠎ᠤᠨ ᠠᠮᠢ ᠠᠬᠤᠢ᠎ᠶ᠋ᠢᠨ ᠬᠠᠮᠠᠭᠠᠯᠠᠯᠲᠠ᠎ᠪᠠᠷ ᠭᠣᠣᠯ ᠪᠣᠯᠭᠠᠭᠰᠠᠨ ᠣᠢᠲᠤ ᠭᠠᠵᠠᠷ ᠣᠳᠣ ᠠᠮᠢ ᠠᠬᠤᠢ᠎ᠶ᠋ᠢᠨ ᠦᠷ᠎ᠡ ᠠᠰᠢᠭ ᠪᠣᠯᠤᠨ ᠠᠵᠤ ᠠᠬᠤᠢ᠎ᠶ᠋ᠢᠨ ᠦᠷ᠎ᠡ ᠠᠰᠢᠭ᠎ᠢ ᠵᠡᠷᠭᠡ ᠪᠡᠷ ᠬᠥᠭᠵᠢᠬᠦᠯᠬᠦ ᠵᠠᠮ᠎ᠢ᠋ᠶ᠋ᠠᠷ ᠵᠠᠮᠨᠠᠭᠰᠠᠨ ᠪᠠᠢᠨ᠎ᠠ᠃
ᠰᠤᠷᠪᠤᠯᠵᠢᠯᠠᠭᠴᠢ ᠪᠠᠶᠠᠨᠬᠤᠸᠠ ᠪᠠᠯᠭᠠᠰᠤᠨ᠎ᠤ᠋ ᠲᠠᠢ ᠡᠩᠭᠡᠷ ᠭᠠᠴᠠᠭᠠᠨᠤ᠋ ᠠᠮᠢ ᠠᠬᠤᠢ᠎ᠶ᠋ᠢᠨ ᠣᠢ᠎ᠶ᠋ᠢᠨ ᠲᠤᠷᠰᠢᠯᠲᠠ᠎ᠶ᠋ᠢᠨ ᠰᠠᠭᠤᠷᠢᠨ ᠳ᠋ᠤ᠌ ᠬᠦᠷᠬᠦ᠎ᠳᠤ᠂ ᠮᠦᠴᠢᠷ ᠵᠠᠯᠭᠠᠭᠰᠠᠨᠤ᠋ ᠳᠠᠷᠠᠭᠠᠬᠢ ᠴᠢᠬᠢ ᠮᠣᠳᠣᠠ᠋ᠴᠠ ᠰᠢᠨ᠎ᠡ ᠰᠣᠷᠭᠣᠭ ᠰᠠᠯᠠᠭ᠎ᠠ ᠤᠷᠭᠤᠵᠤ ᠠᠮᠢᠵᠢᠷᠠᠯ ᠪᠢᠯᠬᠠᠵᠦ ᠲᠡᠯᠭᠡᠷᠡᠨ᠎ᠡ᠃ ᠣᠢ ᠰᠢᠭᠤᠢ ᠨᠤᠳᠤᠭ ᠪᠡᠯᠴᠢᠭᠡᠷ᠎ᠤᠨ ᠲᠣᠪᠴᠢᠶᠠᠨ᠎ᠤ᠋ ᠮᠡᠷᠭᠡᠵᠢᠯᠲᠡᠳ ᠣᠢ ᠮᠤᠳᠤᠨ ᠳᠤᠮᠳᠠᠭᠤᠷ ᠲᠤᠭᠤᠷᠢᠨ ᠶᠠᠪᠤᠵᠤ᠂ ᠰᠢᠨ᠎ᠡ ᠮᠦᠴᠢᠷ ᠵᠠᠯᠭᠠᠭᠰᠠᠨᠤ᠋ ᠲᠠᠷᠠᠭᠠᠬᠢ ᠡᠳᠡᠭᠡᠷᠡᠯᠲᠡ᠎ᠶᠢᠨ ᠪᠠᠢᠳᠠᠯ᠎ᠢ᠋ ᠪᠠᠢᠴᠠᠭᠠᠨ ᠦᠵᠡᠵᠦ᠂ ᠰᠠᠯᠠᠭ᠎ᠠ ᠨᠠᠮᠠᠭ᠎ᠠ ᠵᠢ ᠵᠠᠰᠠᠬᠤ᠂ ᠵᠠᠯᠭᠠᠭᠤᠯᠵᠤ ᠪᠡᠬᠢᠯᠡᠬᠦ ᠵᠡᠷᠭᠡ ᠠᠷᠠᠴᠢᠯᠠᠯᠲᠠ᠎ᠶ᠋ᠢᠨ ᠠᠵᠢᠯ᠎ᠢ᠋ ᠨᠠᠷᠢᠨ ᠨᠢᠮᠪᠠᠢ ᠥᠷᠨᠢᠭᠦᠯᠵᠦ᠂ ᠴᠢᠬᠢ ᠮᠤᠳᠤ ᠨᠢᠭᠡ ᠪᠦᠷᠢ᠎ᠶ᠋ᠢ ᠬᠠᠢᠷᠠᠯᠠᠨ ᠬᠠᠮᠠᠭᠠᠯᠠᠵᠤ ᠢᠳᠡᠷᠡᠭᠦᠨ ᠤᠷᠭᠤᠭᠤᠯᠬᠤ ᠪᠡᠷ ᠴᠢᠷᠮᠠᠢᠨ᠎ᠠ᠃
《ᠡᠨᠡ ᠬᠡᠰᠡᠭ ᠭᠠᠵᠠᠷ᠎ᠤ᠋ᠨ ᠶᠡᠷᠦᠩᠬᠡᠢ ᠲᠠᠯᠠᠪᠠᠢ ᠨᠢ 840 ᠮᠦ᠍ ᠪᠠᠢᠵᠤ᠂ ᠡᠨᠡ ᠤᠳᠠᠭ᠎ᠠ᠎ᠶ᠋ᠢᠨ ᠲᠤᠷᠰᠢᠨ ᠮᠦᠴᠢᠷ ᠵᠠᠯᠭᠠᠬᠤ ᠲᠠᠯᠠᠪᠠᠢ ᠨᠢ 60 ᠮᠦ᠍ ᠪᠤᠯᠤᠨ᠎ᠠ᠂ ᠭᠣᠣᠯᠳᠠᠭᠤ ᠲᠦᠪᠡᠳ ᠭᠦᠢᠯᠡᠰᠦ᠂ ᠤᠯᠠᠭᠠᠨ ᠭᠦᠢᠯᠡᠰᠦ᠂ ᠭᠧᠷᠮᠠᠨᠤ᠋ ᠬᠠᠷ᠎ᠠ ᠭᠦᠢᠯᠡᠰᠦ ᠵᠡᠷᠭᠡ ᠲᠥᠷᠥᠯ ᠵᠦᠢᠯ᠎ᠢ ᠮᠦᠴᠢᠷ ᠵᠠᠯᠭᠠᠨ᠂ ᠡᠳᠡᠭᠡᠷᠡᠯᠲᠡ᠎ᠶ᠋ᠢᠨ ᠨᠣᠷᠮ᠎ᠠ ᠨᠢ ᠦᠨᠳᠦᠰᠦᠨ᠎ᠳ᠋ᠡᠭᠡᠨ 95% ᠠ᠋ᠴᠠ ᠳᠡᠭᠡᠭᠰᠢ ᠪᠠᠢᠵᠤ᠂ ᠲᠤᠷᠰᠢᠯᠲᠠ᠎ᠶ᠋ᠢᠨ ᠦᠷ᠎ᠡ ᠪᠦᠲᠦᠮᠵᠢ ᠨᠢ ᠲᠤᠢᠯ᠎ᠤ᠋ᠨ ᠰᠠᠢᠨ ᠪᠠᠢᠨ᠎ᠠ》 ᠭᠡᠵᠦ ᠤᠷᠠᠳ᠎ᠤ᠋ᠨ ᠡᠮᠦᠨᠡᠲᠦ ᠬᠤᠰᠢᠭᠤᠨ᠎ᠤ᠋ ᠣᠢ ᠰᠢᠭᠤᠢ ᠨᠤᠲᠤᠭ ᠪᠡᠯᠴᠢᠭᠡᠷᠦ᠋ᠨ ᠲᠣᠪᠴᠢᠶ᠎ᠠ᠎ᠶ᠋ᠢᠨ ᠠᠵᠤ ᠦᠢᠯᠡᠰ᠎ᠦ᠋ᠨ ᠠᠯᠪᠠᠨ ᠭᠡᠷ᠎ᠦ᠋ᠨ ᠡᠷᠬᠢᠯᠡᠭᠴᠢ ᠡᠦ᠍ ᠬᠠᠢ ᠲᠤᠤ ᠬᠡᠯᠡᠨ᠎ᠡ᠃
ᠣᠢᠯᠠᠭᠠᠭᠰᠠᠨ᠎ᠢ᠋ᠶ᠋ᠠᠷ᠂ ᠰᠠᠭᠤᠷᠢᠨ ᠳ᠋ᠤ ᠣᠷᠣᠭᠤᠯᠤᠭᠰᠠᠨ ᠨᠢ ᠪᠦᠷ ᠳᠡᠭᠡᠳᠦ ᠳᠡᠰ᠎ᠦ᠋ᠨ ᠵᠢᠮᠢᠰ᠎ᠦ᠋ᠨ ᠲᠥᠷᠥᠯ ᠵᠦᠢᠯ ᠪᠣᠯᠤᠨ᠎ᠠ᠂ ᠪᠣᠯᠪᠠᠰᠤᠷᠠᠭᠰᠠᠨ ᠵᠢᠮᠢᠰ᠎ᠦ᠋ᠨ ᠪᠡᠶ᠎ᠡ ᠨᠢ ᠲᠤᠮᠤ᠂ ᠰᠢᠬᠢᠷ ᠨᠢ ᠭᠦᠢᠴᠡᠳ᠂ ᠠᠮᠠᠷᠬᠠᠨ ᠬᠠᠭᠠᠷᠠᠬᠤ ᠦᠭᠡᠢ᠂ ᠵᠠᠬ᠎ᠠ ᠳᠡᠯᠭᠡᠭᠦᠷ᠎ᠦ᠋ᠨ ᠬᠦᠯᠢᠶᠡᠨ ᠠᠪᠬᠤ ᠬᠡᠮᠵᠢᠶ᠎ᠡ ᠨᠢ ᠮᠠᠰᠢ ᠥᠨᠳᠥᠷ ᠪᠠᠢᠳᠠᠭ᠃ ᠠᠳᠠᠯᠢ ᠪᠤᠰᠤ ᠲᠥᠷᠥᠯ ᠵᠦᠢᠯ ᠨᠢ ᠬᠤᠭᠤᠴᠠᠭ᠎ᠠ ᠰᠤᠯᠪᠢᠴᠠᠨ ᠵᠠᠬ᠎ᠠ ᠲᠡᠯᠭᠡᠭᠦᠷ᠎ᠲᠤ ᠭᠠᠷᠴᠤ᠂ ᠶᠠᠭ ᠣᠯᠠᠨ ᠡᠰᠢᠲᠦ ᠵᠠᠬ᠎ᠠ ᠵᠡᠭᠡᠯᠢ᠎ᠶ᠋ᠢᠨ ᠬᠡᠷᠡᠭᠯᠡᠭᠡᠨ᠎ᠦ᠌ ᠠᠢᠵᠠᠮ᠎ᠲᠠᠢ ᠨᠡᠢᠴᠡᠨ᠎ᠡ᠃ ᠤᠯᠠᠭᠠᠨ ᠭᠦᠢᠯᠡᠰᠦ᠂ ᠭᠧᠷᠮᠠᠨ᠎ᠤ ᠬᠠᠷ᠎ᠠ ᠭᠦᠢᠯᠡᠰᠦ ᠵᠡᠷᠭᠡ ᠨᠢ 7 ᠰᠠᠷ᠎ᠠ᠎ᠶ᠋ᠢᠨ ᠳᠤᠮᠳᠠᠴᠢ ᠡᠴᠡ 8 ᠰᠠᠷ᠎ᠠ ᠪᠣᠯᠲᠠᠯ᠎ᠠ ᠲᠥᠪᠯᠡᠷᠡᠩᠭᠦᠢ ᠪᠣᠯᠪᠠᠰᠤᠷᠠᠵᠤ᠂ ᠲᠤᠰ ᠭᠠᠵᠠᠷ᠎ᠤ᠋ᠨ ᠣᠢᠷ᠎ᠠ ᠬᠠᠪᠢ᠎ᠳ᠋ᠠᠭᠠᠨ ᠪᠣᠷᠣᠯᠠᠭᠤᠯᠤᠭᠳᠠᠵᠤ᠂ ᠬᠠᠮᠤᠭ᠎ᠤ᠋ᠨ ᠶᠡᠬᠡ ᠬᠡᠮᠵᠢᠶ᠎ᠡ᠎ᠪᠡᠷ ᠰᠢᠨ᠎ᠡ ᠰᠣᠷᠭᠣᠭ ᠵᠢᠮᠢᠰ ᠦ᠋ᠨ ᠶᠠᠰᠤ ᠴᠢᠨᠠᠷ᠎ᠢ᠋ ᠬᠠᠰᠢᠨᠠ᠃ ᠲᠦᠪᠡᠳ ᠭᠦᠢᠯᠡᠰᠦ ᠨᠢ 9 ᠰᠠᠷ᠎ᠠ᠎ᠶ᠋ᠢᠨ ᠰᠡᠭᠦᠯᠴᠢ᠎ᠪᠡᠷ ᠪᠣᠯᠪᠠᠰᠤᠷᠠᠵᠤ᠂ ᠬᠠᠳᠠᠭᠠᠯᠠᠵᠤ ᠵᠥᠭᠡᠭᠡᠪᠦᠷᠢᠯᠡᠬᠦ ᠶ᠋ᠢ ᠳᠠᠭᠠᠭᠠᠬᠤ ᠴᠢᠨᠠᠷ ᠨᠢ ᠳᠣᠪᠣᠢᠮ᠎ᠠ ᠪᠠᠢᠵᠤ᠂ ᠭᠣᠣᠯᠳᠠᠭᠤ ᠭᠠᠳᠠᠷ ᠣᠷᠣᠨ᠎ᠳ᠋ᠤ᠌ ᠪᠣᠷᠣᠯᠠᠭᠤᠯᠳᠠᠭ᠃ ᠣᠢᠷ᠎ᠠ ᠤᠷᠴᠢᠮ᠂ ᠠᠯᠤᠰ ᠬᠤᠯᠠ᠎ᠶᠢᠨ ᠬᠣᠣᠰ ᠴᠢᠭᠯᠡᠯᠢ᠋ᠶ᠋ᠡᠷ ᠬᠦᠴᠦᠯᠡᠵᠦ᠂ ᠵᠠᠬ᠎ᠠ ᠳᠡᠯᠭᠡᠭᠦᠷ᠎ᠲᠦ᠍ ᠴᠢᠨᠠᠷ ᠰᠠᠢᠲᠠᠢ ᠵᠢᠮᠢᠰ᠎ᠢ ᠦᠷᠭᠦᠯᠵᠢᠯᠡᠭᠰᠡᠨ ᠴᠢᠨᠠᠷᠲᠠᠢ ᠬᠠᠩᠭᠠᠵᠤ᠂ ᠣᠨᠴᠠᠯᠢᠭᠲᠤ ᠣᠢ ᠵᠢᠮᠢᠰ᠎ᠦ᠋ᠨ ᠠᠵᠤ ᠦᠢᠯᠡᠰ᠎ᠦ᠋ᠨ ᠲᠣᠭᠲᠠᠭᠤᠨ ᠬᠥᠭᠵᠢᠯᠲᠡ᠎ᠳᠤ ᠬᠦᠴᠦᠨ ᠨᠡᠮᠡᠷᠢᠯᠡᠬᠦ ᠪᠤᠯᠤᠨ᠎ᠠ᠃
ᠡᠭᠦᠨ᠎ᠡᠴᠡ ᠭᠠᠳᠠᠨ᠎ᠠ᠂ ᠤᠷᠠᠳ ᠤ᠋ᠨ ᠬᠣᠢᠲᠤ ᠬᠤᠰᠢᠭᠤᠨ᠎ᠤ᠋ ᠬᠦᠬᠡᠡᠦ᠋ᠨᠳᠦᠷ ᠪᠠᠯᠭᠠᠰᠤᠨ᠎ᠤ᠋ ᠤᠯᠠᠭᠠᠨᠬᠤᠰᠢᠭᠤ ᠭᠠᠴᠠᠭᠠᠨᠤ᠋ ᠴᠢᠪᠠᠭ᠎ᠠ᠎ᠶ᠋ᠢᠨ ᠮᠣᠳᠣ᠎ᠪᠠᠷ ᠭᠣᠣᠯ ᠪᠣᠯᠭᠠᠭᠰᠠᠨ ᠠᠮᠢ ᠠᠬᠤᠢ᠎ᠶ᠋ᠢᠨ ᠠᠵᠤ ᠠᠬᠤᠢ᠎ᠶ᠋ᠢᠨ ᠣᠢᠵᠢᠭᠤᠯᠤᠯᠲᠠ᠎ᠶ᠋ᠢᠨ ᠲᠠᠯᠠᠪᠠᠢ 2400 ᠭᠠᠷᠤᠢ ᠮᠦ᠍ ᠳ᠋ᠤ ᠬᠦᠷᠴᠦ᠂ ᠦᠷᠭᠦᠯᠵᠢᠯᠡᠭᠰᠡᠨ ᠠᠮᠢ ᠠᠬᠤᠢ᠎ᠶ᠋ᠢᠨ ᠣᠢᠵᠢᠭᠤᠯᠤᠯᠲᠠ᠎ᠶ᠋ᠢᠨ ᠣᠢ ᠮᠣᠳᠣ ᠨᠢᠭᠡᠨᠲᠡ ᠬᠡᠪᠰᠢᠪᠡ᠃ ᠥᠩᠭᠡᠷᠡᠭᠰᠡᠨᠦ᠌ ᠡᠯᠡᠰᠦᠨ ᠴᠦᠯ ᠪᠠᠢᠭᠠᠯᠢᠯᠢᠭ ᠣᠢ ᠪᠣᠯᠵᠤ᠂ ᠣᠷᠣᠨ ᠪᠦᠰᠡ᠎ᠶ᠋ᠢᠨ ᠤᠷᠭᠤᠮᠠᠯ᠎ᠤ᠋ᠨ ᠪᠦᠷᠬᠦᠴᠡ ᠦᠷᠭᠦᠯᠵᠢᠯᠡᠨ ᠳᠡᠭᠡᠭᠰᠢᠯᠡᠵᠦ᠂ ᠡᠯᠡᠰᠦᠨ ᠰᠢᠭᠤᠷᠭ᠎ᠠ᠎ᠶ᠋ᠢᠨ ᠭᠠᠮᠰᠢᠭ ᠪᠦᠲᠦᠮᠵᠢᠲᠡᠢ ᠬᠣᠷᠢᠭᠯᠠᠭᠳᠠᠵᠤ᠂ ᠭᠣᠪᠢ᠎ᠶ᠋ᠢᠨ ᠠᠮᠢ ᠠᠬᠤᠢ᠎ᠶ᠋ᠢᠨ ᠪᠠᠢᠳᠠᠯ ᠴᠤ᠌ ᠰᠢᠨ᠎ᠡ ᠬᠤᠪᠢᠷᠠᠯᠲᠠ᠎ᠲᠠᠢ ᠪᠣᠯᠪᠠ᠃
《ᠤᠤᠯ ᠨᠢ ᠡᠯᠡᠰᠦᠷᠬᠡᠭ ᠭᠠᠵᠠᠷ᠎ᠢ᠋ ᠰᠠᠬᠢᠭᠠᠳ ᠭᠦᠭᠵᠢᠯᠲᠡ᠎ᠶᠢᠨ ᠵᠠᠮ᠎ᠢᠶᠡᠨ ᠤᠯᠬᠤ ᠦᠭᠡᠢ ᠪᠠᠢᠵᠠᠢ᠂ ᠣᠳᠣ ᠴᠢᠪᠠᠭ᠎ᠠ᠎ᠶ᠋ᠢᠨ ᠮᠣᠳᠣᠳ᠋ᠤ᠌ ᠲᠦᠰᠢᠭᠯᠡᠨ᠂ ᠭᠡᠷ᠎ᠦ᠋ᠨ ᠬᠠᠶᠠᠭᠠᠨ᠎ᠳᠠᠭᠠᠨ ᠤᠷᠤᠯᠭ᠎ᠠ ᠣᠯᠵᠤ᠂ ᠠᠮᠢᠳᠤᠷᠠᠯ ᠶᠠᠪᠤᠬᠤ ᠲᠤᠲᠤᠮ ᠲᠣᠭᠲᠠᠭᠤᠨ ᠪᠣᠯᠵᠠᠢ》 ᠭᠡᠰᠡᠨ ᠲᠤᠬᠠᠢ᠎ᠶ᠋ᠢᠨ ᠭᠠᠵᠠᠷ᠎ᠤ᠋ᠨ ᠲᠣᠰᠬᠣᠨ᠎ᠤ᠋ ᠠᠷᠠᠳ᠎ᠤ᠋ᠨ ᠦᠨᠡᠨᠴᠢ ᠪᠣᠷᠣᠭᠵᠢᠭᠤᠨ ᠶᠠᠷᠢᠶ᠎ᠠ ᠨᠢ ᠠᠮᠢ ᠠᠬᠤᠢ᠎ᠶ᠋ᠢᠨ ᠠᠵᠤ ᠦᠢᠯᠡᠰ᠎ᠦ᠋ᠨ ᠠᠪᠴᠢᠷᠠᠭᠰᠠᠨ ᠠᠷᠠᠳ ᠤ᠋ᠨ ᠠᠮᠢᠳᠤᠷᠠᠯ᠎ᠤ᠋ᠨ ᠯᠤᠲᠤ ᠬᠤᠪᠢᠷᠠᠯᠲᠠ᠎ᠶ᠋ᠢ ᠭᠦᠢᠴᠡᠳ ᠬᠠᠷᠠᠭᠤᠯᠤᠭᠰᠠᠨ ᠪᠠᠢᠨ᠎ᠠ ᠃
ᠠᠵᠤ ᠠᠬᠤᠢ᠎ᠶᠢᠨ ᠣᠢ᠎ᠶ᠋ᠢᠨ ᠦᠢᠯᠡᠳᠪᠦᠷᠢᠯᠡᠯ᠎ᠦ᠋ᠨ ᠦᠶᠡᠯᠡᠯ᠎ᠦ᠋ᠨ ᠬᠤᠭᠤᠴᠠᠭ᠎ᠠ ᠤᠷᠲᠤ᠂ ᠡᠮᠦᠨᠡᠬᠢ ᠬᠤᠭᠤᠴᠠᠭᠠᠨ᠎ᠤ᠋ ᠪᠡᠯᠡ ᠣᠷᠣᠭᠤᠯᠤᠯᠲᠠ᠎ᠶ᠋ᠢᠨ ᠥᠪᠡᠷ᠎ᠦ᠋ᠨ ᠥᠷᠲᠡᠭ ᠥᠨᠳᠥᠷ ᠵᠡᠷᠭᠡ ᠡᠮᠵᠡᠭ ᠲᠠᠯ᠎ᠠ᠎ᠶ᠋ᠢ ᠰᠢᠢᠳᠪᠦᠷᠢᠯᠡᠬᠦ᠎ᠶ᠋ᠢᠨ ᠲᠥᠯᠥᠭᠡ᠂ ᠪᠠᠶᠠᠨᠨᠠᠭᠤᠷ ᠬᠣᠲᠠ ᠣᠢ ᠰᠢᠭᠤᠢ ᠵᠢᠮᠢᠰ᠂ ᠣᠢ ᠰᠢᠭᠤᠢ ᠡᠪᠡᠰᠦᠨ ᠡᠮ᠂ ᠤᠢ ᠰᠢᠭᠤᠢ ᠲᠡᠵᠢᠭᠡᠯ ᠡᠪᠡᠰᠦ ᠵᠡᠷᠭᠡ ᠪᠣᠰᠤᠭ᠎ᠠ ᠴᠣᠭᠴᠠᠲᠤ ᠨᠡᠢᠯᠡᠮᠡᠯ ᠡᠵᠡᠩᠨᠡᠯᠲᠡ᠎ᠶ᠋ᠢᠨ ᠵᠠᠭᠪᠤᠷ᠎ᠢ᠋ ᠶᠡᠬᠡ ᠪᠡᠷ ᠬᠡᠷᠡᠭᠵᠢᠭᠦᠯᠵᠦ᠂ ᠣᠢ᠎ᠶ᠋ᠢᠨ ᠲᠤᠮᠳᠠ ᠴᠢᠪᠠᠭ᠎ᠠ᠂ ᠰᠢᠬᠢᠷ ᠡᠪᠡᠰᠦ᠂ ᠴᠠᠨ᠎ᠠ ᠴᠡᠴᠡᠭ᠂ ᠬᠦᠮᠡᠯᠢ ᠵᠡᠷᠭᠡ ᠲᠣᠬᠢᠷᠠᠬᠤ ᠤᠷᠭᠤᠮᠠᠯᠢ᠋ ᠲᠣᠬᠣᠨ ᠲᠠᠷᠢᠵᠤ᠂ 《ᠨᠢᠭᠡ ᠭᠠᠵᠠᠷ᠎ᠢ ᠣᠯᠠᠨ ᠶᠠᠩᠵᠤ ᠪᠡᠷ ᠬᠡᠷᠡᠭᠯᠡᠬᠦ᠂ ᠨᠢᠭᠡ ᠬᠦᠷᠢᠶᠡᠯᠡᠩ᠎ᠡᠴᠡ ᠣᠯᠠᠨ ᠬᠤᠷᠢᠶᠠᠯᠲᠠ ᠤᠯᠬᠤ》 ᠶ᠋ᠢ ᠪᠡᠶᠡᠯᠡᠭᠦᠯᠪᠡ᠃ ᠡᠭᠦᠨ᠎ᠦ᠌ ᠬᠠᠮᠲᠤ᠂ ᠪᠥᠬᠥ ᠬᠣᠲᠠ᠎ᠶ᠋ᠢᠨ 73 ᠠᠵᠤ ᠠᠬᠤᠢ᠎ᠶ᠋ᠢᠨ ᠣᠢ᠎ᠶ᠋ᠢᠨ ᠵᠢᠱ᠌ᠢᠶ᠎ᠡ ᠦᠵᠡᠭᠦᠯᠬᠦ ᠬᠦᠷᠢᠶᠡᠯᠡᠩᠢ᠋ᠶ᠋ᠡᠷ ᠵᠢᠭᠰᠠᠭᠠᠯ᠎ᠤ᠋ᠨ ᠭᠠᠵᠠᠷ ᠪᠣᠯᠭᠠᠵᠤ᠂ ᠲᠤᠰᠬᠠᠢ ᠮᠡᠷᠭᠡᠵᠢᠯᠲᠡᠨᠦ᠌ ᠦᠢᠯᠡᠴᠢᠯᠡᠭᠡᠨ᠎ᠦ᠌ ᠪᠦᠯᠬᠦᠮ ᠪᠠᠢᠭᠤᠯᠤᠨ᠂ 《ᠳᠥᠷᠪᠡᠨ ᠱᠠᠲᠤ ᠬᠣᠯᠪᠣᠭᠠᠯᠠᠨ ᠳᠠᠭᠠᠭᠠᠴᠢᠯᠠᠬᠤ》 ᠵᠠᠭᠪᠤᠷ᠎ᠢ᠋ ᠬᠡᠷᠡᠭᠵᠢᠭᠦᠯᠵᠦ᠂ ᠮᠡᠷᠭᠡᠵᠢᠯ᠎ᠦ᠋ᠨ ᠬᠦᠴᠦᠨ᠎ᠢ᠋ ᠭᠦᠳᠡᠭᠡ ᠲᠣᠰᠬᠣᠨ᠂ ᠠᠵᠤ ᠠᠬᠤᠢᠯᠠᠯ᠂ ᠵᠢᠮᠢᠰ᠎ᠤᠨ ᠬᠦᠷᠢᠶᠡᠯᠡᠩ᠂ ᠲᠠᠷᠢᠮᠠᠯ᠎ᠤᠨ ᠲᠠᠯᠠᠪᠠᠢ᠎ᠳᠤ ᠤᠷᠤᠭᠤᠯᠵᠤ᠂ ᠨᠡᠢᠲᠡ 200 ᠭᠠᠷᠤᠢ ᠲᠠᠯᠠᠪᠤᠷ ᠲᠤᠬᠠᠢ᠎ᠶ᠋ᠢᠨ ᠲᠠᠯᠠᠪᠤᠷ᠎ᠤᠨ ᠪᠣᠯᠪᠠᠰᠤᠷᠠᠯ᠎ᠤᠨ ᠠᠩᠬᠢ ᠡᠷᠭᠢᠯᠡᠵᠦ᠂ 20 ᠭᠠᠷᠤᠢ ᠲᠦᠮᠡᠨ ᠮᠦ᠍ ᠭᠠᠵᠠᠷ᠎ᠢ ᠪᠦᠷᠭᠦᠭᠦᠯᠦᠨ ᠦᠢᠯᠡᠴᠢᠯᠡᠭᠡ ᠬᠠᠩᠭᠠᠪᠠ᠃
《ᠣᠳᠣᠬᠠᠨ᠎ᠳ᠋ᠤ᠌᠂ ᠮᠠᠨ᠎ᠤ᠋ ᠬᠣᠲᠠᠳ᠋ᠤ᠌ ᠣᠢ ᠰᠢᠭᠤᠢ᠎ᠶ᠋ᠢᠨ ᠠᠵᠤ ᠦᠢᠯᠡᠰᠵᠢᠭᠰᠡᠨ ᠠᠵᠤ ᠠᠬᠤᠢᠯᠠᠯ ᠨᠡᠢᠲᠡ 200 ᠭᠠᠷᠤᠢ᠂ ᠲᠤᠰᠬᠠᠢ ᠬᠣᠷᠰᠢᠶ᠎ᠠ 50 ᠭᠠᠷᠤᠢ ᠪᠠᠢᠵᠤ᠂ 〈ᠠᠵᠤ〉 ᠶ᠋ᠢᠨ ᠠᠰᠢᠭ ᠲᠤᠰᠠ᠎ᠶ᠋ᠢᠨ ᠬᠣᠯᠪᠣᠭᠠᠨ᠎ᠤ ᠲᠣᠭᠲᠠᠴᠠ᠎ᠪᠠᠷ ᠳᠠᠮᠵᠢᠨ᠂ ᠮᠠᠯᠴᠢᠨ ᠲᠠᠷᠢᠶᠠᠴᠢᠨ᠎ᠢ ᠪᠦᠲᠦᠮᠵᠢᠲᠡᠢ ᠲᠠᠢᠴᠢᠯᠡᠵᠦ ᠬᠥᠮᠦᠨ ᠪᠦᠷᠢ᠎ᠶ᠋ᠢᠨ ᠳᠤᠮᠳᠠᠴᠢ ᠣᠷᠣᠯᠭ᠎ᠠ᠎ᠶ᠋ᠢ 3000᠎ᠡᠴᠡ 5000 ᠲᠥᠭᠥᠷᠢᠭ ᠨᠡᠮᠡᠭᠳᠡᠭᠦᠯᠪᠡ᠃ ᠡᠨᠡ ᠵᠢᠯ ᠮᠠᠨ᠎ᠤ᠋ ᠬᠣᠲᠠ ᠴᠠᠭᠠᠨ ᠭᠣᠶᠣᠣ᠂ ᠴᠢᠪᠠᠭ᠎ᠠ ᠵᠡᠷᠭᠡ ᠲᠠᠷᠢᠮᠠᠯ᠎ᠤᠨ ᠰᠠᠭᠤᠷᠢᠨ᠎ᠤ ᠬᠡᠪᠴᠢᠶ᠎ᠡ᠎ᠶ᠋ᠢ ᠦᠷᠭᠦᠯᠵᠢᠯᠡᠨ ᠥᠷᠭᠡᠳᠬᠡᠵᠦ᠂ ᠰᠢᠨ᠎ᠡ ᠪᠡᠷ 2.09 ᠲᠦᠮᠡᠨ ᠮᠦ᠍ ᠠᠵᠤ ᠠᠬᠤᠢ᠎ᠶ᠋ᠢᠨ ᠣᠢ᠎ᠶ᠋ᠢᠨ ᠪᠦᠲᠦᠭᠡᠨ ᠪᠠᠢᠭᠤᠯᠤᠯᠲᠠ᠎ᠵᠢ ᠪᠡᠶᠡᠯᠡᠭᠦᠯᠪᠡ》 ᠭᠡᠵᠦ ᠪᠠᠶᠠᠨᠨᠠᠭᠤᠷ ᠬᠣᠲᠠ᠎ᠶ᠋ᠢᠨ ᠣᠢ ᠰᠢᠭᠤᠢ ᠨᠤᠲᠤᠭ ᠪᠡᠯᠴᠢᠭᠡᠷᠦ᠋ᠨ ᠲᠣᠪᠴᠢᠶ᠎ᠠ᠎ᠶ᠋ᠢᠨ ᠠᠵᠢᠯᠲᠠᠨ ᠦᠷᠭᠡᠨᠬᠠᠳᠠ ᠬᠡᠯᠡᠨ᠎ᠡ᠃
[ ᠰᠤᠷᠪᠤᠯᠵᠢᠯᠠᠭᠴᠢ ᠶ᠋ᠢᠨ ᠡᠪᠦᠷ ᠲᠡᠮᠳᠡᠭᠯᠡᠯ]
ᠦᠶᠦᠸᠠᠨ ᠰᠢᠶᠠᠨ᠎ᠤ ᠴᠢᠩ ᠱᠧᠩ ᠲᠣᠰᠬᠣᠨ᠎ᠤ᠋ ᠠᠷᠤ ᠤᠯᠠᠭᠠᠨ ᠵᠢᠮᠢᠰ᠎ᠤᠨ ᠬᠦᠷᠢᠶᠡᠯᠡᠩᠳ᠋ᠦ᠍᠂ ᠱᠢ ᠫᠧᠢ ᠶᠠᠨ ᠨᠠᠳᠠᠳ᠋ᠤ᠌ ᠨᠢᠭᠡ ᠵᠢᠮᠢᠰ ᠥᠭᠭᠦᠭᠡᠳ ᠄ 《 ᠳᠡᠭᠡᠷᠡᠬᠢ ᠲᠤᠭᠤᠰᠤ᠎ᠶ᠋ᠢ ᠨᠢ ᠵᠦᠯᠭᠦᠪᠡᠯ ᠰᠢᠭᠤᠳ ᠢᠳᠡᠵᠦ ᠪᠣᠯᠤᠨ᠎ᠠ᠂ ᠠᠮᠲᠠ ᠨᠢ ᠮᠠᠰᠢ ᠰᠠᠢᠬᠠᠨ ᠰᠢᠦ︕》 ᠭᠡᠵᠦ ᠢᠨᠢᠶᠡᠮᠰᠦᠭᠯᠡᠨ ᠬᠡᠯᠡᠪᠡ᠃ ᠠᠮᠳᠠᠯᠠᠵᠤ ᠦᠵᠡᠪᠠᠯ ᠶᠠᠭ ᠯᠡ ᠱᠢ ᠫᠧᠢ ᠶᠠᠨᠤ᠋ ᠬᠡᠯᠡᠭᠰᠡᠨ ᠰᠢᠭ ᠶᠢᠰᠦᠨ ᠬᠤᠪᠢ ᠰᠢᠬᠢᠷᠯᠢᠭ ᠨᠢᠭᠡ ᠬᠤᠪᠢ ᠬᠦᠴᠢᠯᠯᠢᠭ ᠪᠠᠢᠯ᠎ᠠ᠃ ᠤᠷᠠᠳ᠎ᠤ᠋ᠨ ᠡᠮᠦᠨᠡᠲᠦ ᠬᠤᠰᠢᠭᠤᠨᠳ᠋ᠤ᠌᠂ ᠮᠡᠷᠭᠡᠵᠢᠯᠲᠡᠳ ᠠᠮᠵᠢᠯᠲᠠ ᠲᠠᠢ ᠮᠦᠴᠢᠷ ᠵᠠᠯᠭᠠᠭᠰᠠᠨ ᠵᠢᠮᠢᠰ᠎ᠦ᠋ᠨ ᠮᠣᠳᠣ᠎ᠪᠠᠨ ᠬᠠᠷᠠᠭᠠᠳ ᠮᠠᠰᠢ ᠪᠠᠶᠠᠷᠲᠠᠢ ᠪᠠᠢᠯ᠎ᠠ᠃ ᠪᠢ ᠴᠦ᠍ ᠲᠡᠳᠡᠨᠦ᠌ ᠡᠮᠦᠨ᠎ᠡ ᠡᠴᠡ ᠪᠠᠶᠠᠷᠯᠠᠵᠤ ᠪᠠᠢᠨ᠎ᠠ᠃ ᠣᠢ ᠰᠢᠭᠤᠢ ᠡᠪᠡᠰᠦ ᠪᠡᠯᠴᠢᠭᠡᠷᠢ᠋ ᠭᠣᠣᠯᠯᠠᠨ ᠬᠠᠮᠠᠭᠠᠯᠠᠬᠤ ᠠᠵᠢᠯᠲᠠᠳ ᠲᠠᠯᠠᠭᠠᠷ ᠴᠢᠷᠮᠠᠢᠭᠰᠠᠨ ᠥᠬᠡᠢ᠂ ᠬᠡᠳᠦᠨ ᠵᠢᠯ ᠦ᠋ᠨ ᠳᠠᠷᠠᠭ᠎ᠠ᠂ ᠲᠤᠬᠠᠢ᠎ᠶ᠋ᠢᠨ ᠭᠠᠵᠠᠷ᠎ᠤ᠋ᠨ ᠠᠷᠠᠳ ᠣᠯᠠᠨ ᠰᠢᠨ᠎ᠡ ᠰᠣᠷᠭᠣᠭ ᠳᠡᠭᠡᠳᠦ ᠳᠡᠰ ᠦ᠋ᠨ ᠵᠢᠮᠢᠰ ᠣᠯᠵᠤ ᠢᠳᠡᠬᠦ᠎ᠪᠠᠷ ᠪᠠᠷᠠᠬᠤ ᠥᠬᠡᠢ ᠣᠷᠣᠯᠭ᠎ᠠ᠎ᠪᠠᠨ ᠲᠣᠭᠲᠠᠭᠤᠨᠢ᠋ᠶ᠋ᠠᠷ ᠨᠡᠮᠡᠭᠳᠡᠭᠦᠯᠵᠦ ᠴᠢᠳᠠᠬᠤ ᠪᠤᠯᠤᠨ᠎ᠠ᠃ ᠤᠷᠠᠳ᠎ᠤ᠋ᠨ ᠬᠣᠢᠲᠤ ᠬᠤᠰᠢᠭᠤᠨ᠎ᠤ᠋ ᠤᠯᠠᠭᠠᠨᠬᠤᠰᠢᠭᠤ ᠭᠠᠴᠠᠭᠠᠨᠤ᠋ ᠴᠢᠪᠠᠭ᠎ᠠ᠎ᠶ᠋ᠢᠨ ᠮᠣᠳᠣ ᠨᠢ ᠡᠯᠡᠰᠦᠷᠬᠡᠭᠵᠢᠯ ᠢ ᠰᠡᠷᠭᠡᠢᠯᠡᠵᠦ ᠡᠯᠡᠰᠦ᠎ᠶ᠋ᠢ ᠵᠠᠰᠠᠵᠤ ᠴᠢᠳᠠᠬᠤ᠎ᠪᠠᠷ ᠪᠠᠷᠠᠬᠤ ᠦᠭᠡᠢ ᠪᠠᠰᠠ ᠲᠣᠰᠬᠣᠨ ᠤ᠋ ᠠᠷᠠᠳ᠎ᠲᠤ᠌ ᠪᠣᠳᠠᠲᠠᠢ ᠠᠰᠢᠭ ᠲᠤᠰᠠ ᠬᠦᠷᠲᠡᠭᠡᠵᠡᠢ᠃
ᠪᠣᠷᠣᠲᠣᠬᠣᠢ᠎ᠶ᠋ᠢᠨ ᠠᠷᠠᠳ ᠲᠦᠮᠡᠨ ᠠᠵᠢᠯᠴᠢ ᠬᠥᠳᠡᠯᠮᠦᠷᠢᠴᠢ ᠬᠣᠶᠠᠷ ᠭᠠᠷᠢ᠋ᠶ᠋ᠠᠷᠢ᠋ᠶ᠋ᠠᠨ ᠠᠮᠢᠳᠤᠷᠠᠯ ᠤ᠋ᠨ ᠣᠷᠴᠢᠨ ᠨᠦᠬᠦᠴᠡᠯᠵᠢᠡᠨ ᠰᠠᠢᠵᠢᠷᠠᠭᠤᠯᠤᠨ᠂ ᠭᠠᠩ ᠬᠠᠭᠤᠷᠠᠢ᠎ᠳᠤ ᠲᠡᠰᠪᠦᠷᠢᠲᠡᠢ᠂ ᠬᠤᠵᠢᠷᠯᠠᠭ ᠭᠠᠵᠠᠷ᠎ᠲᠤ ᠲᠡᠰᠪᠦᠷᠢᠲᠡᠢ ᠣᠯᠠᠨ ᠲᠥᠷᠥᠯ ᠦ᠋ᠨ ᠵᠢᠮᠢᠰ ᠦ᠋ᠨ ᠮᠣᠳᠣ ᠶ᠋ᠢ ᠲᠠᠷᠢᠨ ᠪᠤᠢᠵᠢᠭᠤᠯᠵᠤ᠂ ᠡᠯᠡᠰᠦᠷᠬᠡᠭᠵᠢᠯ ᠢᠰᠡᠷᠭᠡᠢᠯᠡᠵᠦ ᠡᠯᠡᠰᠦ ᠵᠢ ᠵᠠᠰᠠᠬᠤ ᠪᠠ ᠣᠷᠣᠯᠭ᠎ᠠ᠎ᠪᠠᠨ ᠨᠡᠮᠡᠭᠳᠡᠭᠦᠯᠦᠨ ᠪᠠᠶᠠᠵᠢᠬᠤ ᠠᠵᠤ ᠠᠬᠤᠢ᠎ᠶ᠋ᠢᠨ ᠣᠢ ᠪᠣᠯᠭᠠᠨ ᠬᠤᠪᠢᠷᠠᠭᠤᠯᠵᠤ᠂ ᠠᠮᠢᠳᠤᠷᠠᠯ ᠨᠢ ᠤᠯᠠᠮ ᠡᠴᠡ ᠤᠯᠠᠮ ᠰᠠᠢᠨ ᠰᠠᠢᠬᠠᠨ ᠪᠣᠯᠤᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃