2026-10-05 12:32:17
9 ᠰᠠᠷ᠎ᠠ᠎ᠶᠢᠨ 23 ᠤ᠋ ᠦᠳᠡ᠎ᠶᠢᠨ ᠡᠮᠦᠨ᠎ᠡ᠂ ᠪᠦᠯᠬᠦᠮᠳᠡᠯ ᠭᠤᠳᠤᠮᠵᠢ ᠨᠡᠢᠭᠡᠮ ᠲᠣᠭᠣᠷᠢᠭ᠋᠎ᠤᠨ ᠠᠭᠤᠳᠠᠮ ᠲᠠᠯᠠᠪᠠᠢ᠎ᠳᠤ ᠠᠹᠷᠢᠺᠠ ᠬᠡᠩᠭᠡᠷᠭᠡ᠎ᠶᠢᠨ ᠠᠶᠠᠰ ᠴᠤᠤᠷᠢᠶᠠᠲᠤᠬᠤ ᠪᠡᠷ ᠰᠠᠭᠤᠭᠠᠯᠢ ᠠᠷᠠᠳ ᠬᠣᠢᠨ᠎ᠠ ᠬᠣᠢᠨ᠎ᠠ᠎ᠠᠴᠠ᠎ᠪᠠᠨ ᠴᠤᠪᠤᠷᠠᠯᠳᠤᠨ ᠲᠤᠭᠯᠠᠯᠳᠠ ᠵᠢᠨ ᠲᠠᠢᠰᠠᠨ᠎ᠤ ᠬᠠᠵᠠᠭᠤ ᠳ᠋ᠤ ᠬᠦᠷᠦᠯᠴᠡᠨ ᠢᠷᠡᠵᠡᠬᠡᠪᠡ᠃ ᠠᠯᠪᠠᠨ ᠵᠢᠷᠤᠮ᠎ᠤᠨ ᠡᠮᠴᠢᠯᠡᠭᠡᠨ᠎ᠦ ᠲᠠᠢᠰᠠᠨ᠎ᠤ ᠡᠮᠦᠨ᠎ᠡ ᠬᠥᠮᠥᠨ ᠬᠠᠷ᠎ᠠ ᠴᠤᠪᠤᠵᠤ᠂ ᠶᠧᠪᠡᠩ ᠬᠢᠵᠦ ᠪᠠᠢᠭ᠎ᠠ ᠣᠷᠳᠣ᠌ ᠰᠢᠷᠡᠭᠡ᠎ᠶᠢ ᠬᠦᠮᠦᠰ ᠳᠠᠪᠬᠤᠷ ᠳᠠᠪᠬᠤᠷ ᠬᠦᠷᠢᠶᠡᠯᠡᠨ ᠵᠤᠭᠰᠤᠵᠠᠢ᠃ ᠡᠨᠡ ᠪᠣᠯ《ᠠᠨᠠᠷ ᠤᠨ ᠴᠡᠴᠡᠬᠡᠰ ᠲᠡᠯᠭᠡᠷᠡᠨ ᠤᠯᠤᠰ᠎ᠤᠨ ᠪᠠᠶᠠᠷ᠎ᠢ ᠤᠭᠲᠤᠵᠤ᠂ ᠲᠡᠷᠭᠡᠯ ᠰᠠᠷᠠᠨᠳᠡᠷᠬᠡᠯᠰᠢᠵᠦ ᠠᠢᠯ ᠬᠤᠳᠠᠯᠠᠭᠠᠷ ᠲᠦᠬᠦᠷᠡᠩ》 ᠠᠷᠠᠳ᠎ᠲᠤ ᠠᠰᠢᠭ᠋ ᠬᠦᠷᠲᠡᠭᠡᠬᠦ ᠤᠷᠠᠨ ᠰᠠᠢᠬᠠᠨ ᠤ ᠲᠣᠭᠯᠠᠯᠲᠠ᠎ᠶᠢᠨ ᠠᠬᠤᠢ ᠲᠠᠯᠠᠪᠠᠢ ᠪᠣᠯᠣᠨ᠎ᠠ᠃
ᠪᠦᠯᠬᠦᠮᠳᠡᠯ ᠭᠤᠳᠤᠮᠵᠢ ᠨᠡᠢᠭᠡᠮ ᠲᠣᠭᠣᠷᠢᠭ᠋᠎ᠤᠨ ᠨᠠᠮ᠎ᠤᠨ ᠬᠣᠷᠢᠶᠠᠨ᠎ᠤ ᠱᠦᠵᠢ ᠵᠢᠢ ᠵᠢᠶᠦ᠋ᠨ ᠶᠢᠩ ᠲᠠᠢᠰᠠᠨ ᠳᠡᠭᠡᠷᠡᠬᠢ ᠠᠹᠷᠢᠺᠠ ᠬᠡᠩᠭᠡᠷᠭᠡ᠂ ᠪᠡᠭᠡᠵᠢᠩ ᠵᠦᠴᠦᠭᠡ᠂ ᠮᠠᠨᠵᠤ ᠲᠡᠷᠯᠢᠭ᠎ᠤᠨ ᠦᠵᠡᠬᠦᠯᠭᠡ᠂《ᠤᠯᠠᠭᠠᠨ ᠲᠣᠭ ᠬᠠᠳᠬᠤᠮᠠᠯᠯᠠᠭᠰᠠᠨ ᠨᠢ》 ᠵᠡᠷᠭᠡ ᠲᠣᠭᠯᠠᠯᠲᠠ ᠶ᠋ᠢ ᠴᠥᠮ ᠬᠥᠷᠰᠢ ᠵᠡᠷᠭᠡᠯᠡᠳᠡᠭᠡ ᠶ᠋ᠢᠨ ᠬᠢᠨ ᠥᠪᠡᠷ ᠢ᠋ᠶ᠋ᠡᠨ ᠲᠣᠭᠯᠠᠵᠤ ᠪᠠᠢᠭ᠎ᠠ ᠨᠢ ᠡᠨᠡ ᠰᠢᠤ ᠬᠡᠵᠦ ᠶᠠᠷᠢᠨ᠎ᠠ᠃
ᠪᠦᠯᠬᠦᠮᠳᠡᠯ ᠭᠤᠳᠤᠮᠵᠢ ᠪᠤᠯ ᠬᠥᠬᠡᠬᠣᠲᠠ᠎ᠶᠢᠨ ᠰᠢᠨ᠎ᠡ ᠬᠤᠲᠠ ᠲᠣᠭᠣᠷᠢᠭ᠋᠎ᠤᠨ ᠰᠢᠯᠢ᠎ᠶᠢᠨ ᠭᠣᠣᠯ ᠬᠣᠢᠲᠤ ᠵᠠᠮ᠎ᠤᠨ ᠵᠡᠭᠡᠯᠢ ᠭᠤᠳᠤᠮᠵᠢ᠎ᠳᠤ ᠪᠠᠢᠷᠢᠯᠠᠵᠤ᠂ ᠠᠷᠠᠳ ᠵᠠᠮ᠎ᠲᠠᠢ ᠬᠠᠪᠢᠳᠠᠵᠤ ᠪᠠᠢᠳᠠᠭ᠃ ᠠᠷᠠᠳ ᠲᠦᠮᠡᠨ᠂ ᠪᠦᠯᠬᠦᠮᠳᠡᠯ ᠡᠨᠡ ᠬᠤᠶᠠᠷ ᠨᠡᠷᠡᠢᠳᠦᠯ ᠨᠢ ᠶᠠᠭ ᠯᠡ ᠡᠨᠡ ᠬᠤᠳᠠ ᠵᠢᠨ ᠪᠦᠳᠦᠬᠡᠨ ᠪᠠᠢᠭᠤᠯᠤᠯᠳᠠ ᠵᠢᠨ ᠵᠡᠭᠦᠯᠲᠡ ᠰᠢᠭ ᠰᠠᠨᠠᠭᠳᠠᠨ᠎ᠠ᠃
1984 ᠣᠨ᠎ᠳᠤ᠂ ᠨᠢᠭᠡ ᠪᠦᠯᠦᠭ ᠪᠠᠢᠭᠤᠯᠭ᠎ᠠ᠎ᠶᠢᠨ ᠬᠤᠷᠢᠶᠠᠯᠠᠯ᠎ᠢ ᠡᠨᠳᠡ ᠪᠠᠢᠭᠤᠯᠬᠤ ᠵᠢ ᠲᠠᠭᠠᠯᠳᠤᠨ ᠪᠦᠯᠬᠦᠮᠳᠡᠯ ᠨᠢᠭᠡᠳᠦᠭᠡᠷ ᠬᠦᠷᠢᠶ᠎ᠡ ᠰᠦᠨᠳᠡᠷᠯᠡᠨ ᠪᠣᠰᠴᠤ᠂ 《ᠪᠦᠯᠬᠦᠮᠳᠡᠯ》 ᠭᠡᠮᠡᠬᠦ ᠦᠰᠦᠭ ᠢ ᠭᠠᠵᠠᠷ᠎ᠤᠨ ᠨᠡᠷᠡᠳᠦ ᠪᠢᠴᠢᠵᠦ ᠣᠷᠣᠭᠤᠯᠪᠠ᠃ ᠡᠨᠡ ᠬᠦ᠌ ᠨᠡᠷ᠎ᠡ ᠵᠢ ᠦᠨᠡᠬᠡᠷ ᠰᠠᠢᠬᠠᠨ ᠦᠭᠴᠡᠢ᠄ ᠰᠢᠨ᠎ᠡ ᠠᠰᠠᠷ᠎ᠲᠤ ᠰᠠᠭᠤᠭᠰᠠᠨ ᠦᠨᠳᠦᠰᠦᠲᠡᠨ᠎ᠨᠦᠭᠦᠳ᠎ᠦᠨ ᠰᠠᠭᠤᠭᠠᠯᠢ ᠠᠷᠠᠳ ᠬᠠᠮᠲᠤ᠎ᠪᠠᠷ ᠤᠷᠤᠰᠢᠨ ᠰᠠᠭᠤᠵᠤ ᠬᠠᠮᠲᠤ᠎ᠪᠠᠷ ᠰᠤᠷᠤᠯᠴᠠᠵᠤ᠂ ᠬᠠᠮᠲᠤ᠎ᠪᠠᠷ ᠪᠠᠢᠭᠤᠯᠵᠤ ᠬᠠᠮᠲᠤ᠎ᠪᠠᠷ ᠡᠳ᠋ᠯᠡᠵᠦ᠂ ᠬᠠᠮᠲᠤ᠎ᠪᠠᠷ ᠠᠵᠢᠯᠯᠠᠵᠤ ᠬᠠᠮᠲᠤ᠎ᠪᠠᠷ ᠵᠢᠷᠭᠠᠬᠤ ᠨᠢ ᠯᠠᠪᠳᠠᠢ ᠬᠡᠵᠦ ᠪᠤᠳᠤᠭᠰᠠᠨ ᠪᠠᠢᠬᠤ ᠡ᠃ ᠠᠩᠬ᠎ᠠ ᠡᠬᠢᠨ ᠳ᠋ᠡᠭᠡᠨ ᠠᠰᠠᠷᠤᠳᠤᠨ ᠬᠣᠭᠣᠷᠣᠨᠳᠣ ᠰᠢᠷᠣᠢ᠎ᠶᠢᠨ ᠵᠠᠮ ᠪᠠᠢᠭᠰᠠᠨ ᠪᠤᠯᠬᠤᠷ ᠪᠣᠷᠣᠭᠠᠨ᠎ᠲᠠᠢ ᠡᠳᠦᠷ ᠰᠢᠪᠠᠷ ᠱᠠᠯᠴᠢᠭ ᠳᠠᠢ᠂ ᠰᠠᠯᠬᠢᠨ᠎ᠲᠠᠢ ᠡᠳᠦᠷ ᠰᠢᠷᠣᠢ ᠪᠤᠳᠠᠷᠠᠵᠤ ᠪᠠᠢᠯ᠎ᠠ ᠴᠤ᠌ ᠬᠡᠰᠡᠨ ᠬᠦᠮᠦᠰ ᠬᠠᠯᠠᠭᠤᠨ ᠳᠤᠯᠠᠭᠠᠨ ᠠᠮᠢᠳᠤᠷᠠᠯ᠎ᠢ ᠦᠩᠬᠡᠷᠡᠬᠡᠨ᠎ᠡ᠃ ᠮᠣᠩᠭᠣᠯ ᠦᠨᠳᠦᠰᠦᠳᠡᠨ᠎ᠤ ᠠᠢᠯᠰᠠᠭᠠᠬᠠᠯᠳᠠ ᠵᠢᠨ ᠬᠢᠨ ᠴᠢᠨᠠᠭᠰᠠᠨ ᠮᠢᠬ᠎ᠠ ᠪᠠᠨ ᠠᠪᠴᠢᠷᠠᠵᠤ᠂ ᠬᠣᠲᠣᠩ ᠦᠨᠳᠦᠰᠦᠲᠡᠨ᠎ᠦ ᠰᠠᠭᠤᠭᠠᠯᠢ ᠠᠷᠠᠳ᠎ᠤᠨ ᠬᠢᠨ ᠰᠡᠮ ᠪᠣᠭᠣᠷᠰᠣᠭ ᠬᠦᠷᠭᠡᠵᠦ ᠢᠷᠡᠨ᠂ ᠬᠢᠲᠠᠳ ᠦᠨᠳᠦᠰᠦᠲᠡᠨ᠎ᠦ ᠠᠨᠢᠶ᠎ᠠ ᠮᠠᠨᠲᠠᠤ ᠵᠢᠩᠨᠡᠵᠦ ᠠᠢᠯ ᠪᠣᠯᠭᠠᠨ᠎ᠳᠤ ᠬᠦᠷᠭᠡᠳᠡᠭ ᠪᠠᠢᠵᠠᠢ᠃ ᠳᠡᠷᠡ ᠵᠢᠯ ᠡᠸᠡᠩᠬᠢ ᠦᠨᠳᠦᠰᠦᠲᠡᠨ᠎ᠦ ᠱᠠᠳᠠᠶᠢᠨ ᠬᠢᠨ ᠰᠢᠨ᠎ᠡ ᠪᠡᠷᠢ ᠪᠠᠭᠤᠯᠭᠠᠬᠤ᠎ᠳᠤ ᠪᠦᠬᠦ ᠬᠦᠷᠢᠶᠡᠨ᠎ᠦ ᠠᠢᠯ ᠵᠡᠷᠬᠡᠯᠡᠳᠡᠬᠡ ᠵᠢᠨ ᠬᠢᠨ ᠴᠥᠮ ᠬᠦᠷᠦᠯᠴᠡᠨ ᠢᠷᠡᠵᠦ ᠬᠠᠪᠰᠤᠷᠤᠨ᠂ ᠬᠦᠷ ᠬᠥᠭᠵᠢᠶᠡᠨᠪᠢᠯᠬᠠᠭᠰᠠᠨ ᠡᠸᠡᠩᠬᠢᠦᠨᠳᠦᠰᠦᠳᠡᠨᠤ ᠤᠯᠠᠮᠵᠢᠯᠠᠯᠲᠤ ᠬᠤᠷᠢᠮ᠎ᠤᠨ ᠶᠣᠰᠣᠯᠠᠯᠬᠢᠵᠡᠢ᠃ ᠲᠡᠷᠡ ᠦᠶ᠎ᠡ ᠳᠦ ᠭᠤᠳᠤᠮᠵᠢᠨ᠎ᠳᠤ ᠤᠷᠢᠶ᠎ᠠ ᠯᠣᠽᠦ᠋ᠩ᠎ᠦᠨ ᠫᠠᠢᠰᠠ ᠡᠯᠬᠦᠬᠡ ᠦᠬᠡᠢ ᠪᠠᠢᠭᠰᠠᠨ ᠴᠤ᠌ ᠬᠥᠮᠥᠰ 《ᠨᠢᠭᠡ ᠬᠦᠷᠢᠶᠡᠨ᠎ᠳᠦ ᠰᠠᠭᠤᠪᠠᠯ ᠳᠠᠷᠤᠢ ᠨᠢᠭᠡ ᠭᠡᠷ᠎ᠦᠨ ᠬᠥᠮᠥᠨ ᠰᠢᠭ》 ᠬᠡᠵᠦ ᠪᠤᠳᠤᠳᠠᠭ ᠪᠠᠢᠵᠠᠢ᠃
ᠰᠡᠭᠦᠯᠡᠷ ᠨᠢ ᠪᠠᠢᠰᠢᠩ ᠭᠡᠷ᠎ᠢ ᠨᠡᠭᠦᠯᠭᠡᠵᠦ᠂ ᠰᠢᠤᠳᠠᠨ᠎ᠤ ᠶᠠᠪᠤᠳᠠᠯ᠎ᠤᠨ 24 ᠳ᠋ᠤᠭᠡᠷ ᠨᠣᠮᠧᠷᠲᠤ ᠬᠦᠷᠢᠶᠡᠯᠡᠩ ᠵᠡᠷᠭᠡ ᠪᠠᠢᠭᠤᠯᠭ᠎ᠠ ᠵᠢᠨ ᠬᠤᠷᠢᠶᠠᠯᠠᠯ᠎ᠢ ᠵᠠᠯᠭᠠᠭ᠎ᠠ᠎ᠪᠠᠷ ᠪᠠᠢᠭᠤᠯᠤᠨ᠂ ᠲᠤᠰ ᠬᠡᠰᠡᠭ ᠭᠠᠵᠠᠷ ᠲᠸ᠋ ᠪᠠᠢᠩᠭᠤ ᠰᠠᠭᠤᠭ᠎ᠠ ᠬᠥᠮᠥᠨ ᠠᠮᠠ ᠮᠢᠩᠭ᠎ᠠ ᠭᠠᠷᠤᠢ ᠪᠣᠯᠣᠨ ᠨᠡᠮᠡᠭᠳᠡᠵᠦ᠂ 9 ᠦᠨᠳᠦᠰᠦᠲᠡᠨ᠎ᠢ ᠬᠠᠮᠤᠷᠴᠠᠢ᠃ 2023 ᠣᠨ᠎ᠳᠤ᠂ ᠬᠠᠭᠤᠴᠢᠨ ᠰᠠᠭᠤᠭᠠᠯᠢ ᠠᠷᠠᠳ᠎ᠤᠨ ᠲᠣᠭᠣᠷᠢᠭ᠋᠎ᠤᠨ ᠥᠭᠡᠷᠡᠴᠢᠯᠡᠯᠲᠡ᠎ᠶᠢ ᠰᠢᠤᠳᠠᠨ᠎ᠤ ᠶᠠᠪᠤᠳᠠᠯ᠎ᠤᠨ 24 ᠳ᠋ᠤᠭᠡᠷ ᠨᠣᠮᠧᠷᠲᠤ ᠬᠦᠷᠢᠶᠡᠯᠡᠩ ᠪᠠ ᠪᠦᠯᠬᠦᠮᠳᠡᠯ ᠨᠢᠭᠡᠳᠦᠭᠡᠷ ᠨᠣᠮᠧᠷᠲᠤ ᠬᠦᠷᠢᠶᠡᠯᠡᠩ᠎ᠳᠦ ᠬᠦᠷᠲᠡᠯ᠎ᠡ ᠠᠬᠢᠭᠤᠯᠪᠠ᠃ ᠠᠰᠠᠷ᠎ᠤᠨ ᠬᠣᠩᠭᠢᠯ᠎ᠳᠤ ᠡᠯᠳᠡᠪ ᠶᠠᠭᠤᠮ᠎ᠠ ᠣᠪᠣᠭᠠᠯᠠᠵᠤ ᠂ ᠵᠠᠮ᠎ᠤᠨ ᠳ᠋ᠧᠩ ᠨᠣᠴᠣᠬᠤ ᠦᠭᠡᠢ᠂ ᠲᠡᠷᠭᠡᠨ ᠵᠣᠭᠰᠣᠭᠠᠯ ᠣᠯᠬᠤ᠎ᠳᠤ ᠪᠡᠷᠬᠡ ᠁ ᠡᠳᠡᠭᠡᠷ ᠰᠠᠭᠤᠭᠠᠯᠢ ᠠᠷᠠᠳ᠎ᠤᠨ ᠬᠠᠮᠤᠭ ᠠ᠋ᠴᠠ ᠢᠯᠡᠭᠦᠦ ᠶᠠᠷᠢᠳᠠᠭ ᠶᠠᠪᠤᠳᠠᠯ ᠢ᠋ ᠴᠥᠮ ᠥᠭᠡᠷᠡᠴᠢᠯᠡᠬᠦ ᠳᠠᠩᠰᠠᠨ᠎ᠳᠤ ᠣᠷᠣᠭᠤᠯᠵᠤ ᠂ ᠥᠭᠡᠷᠡᠴᠢᠯᠡᠬᠦ ᠠᠵᠢᠯ ᠢ᠋ ᠨᠢᠭᠡᠳ ᠨᠢᠭᠡ᠎ᠪᠡᠷ ᠪᠡᠶᠡᠯᠡᠭᠦᠯᠵᠡᠢ ᠃
《ᠬᠦᠷᠢᠶ᠎ᠡ ᠬᠠᠰᠢᠶ᠎ᠠ᠎ᠵᠢ ᠰᠢᠷᠳᠡᠵᠦ᠂ ᠲᠡᠷᠭᠡᠨ ᠵᠤᠭᠰᠤᠭᠠᠯᠢ ᠵᠢᠷᠤᠮᠵᠢᠭᠤᠯᠵᠤ᠂ ᠠᠰᠠᠷ᠎ᠤᠨ ᠬᠣᠩᠭᠢᠯ ᠢ᠋ ᠴᠡᠪᠡᠷᠯᠡᠭᠰᠡᠨ ᠵᠢᠡᠷ ᠰᠠᠭᠤᠭᠠᠯᠢ ᠠᠷᠠᠳ᠎ᠤᠨ ᠲᠣᠭᠣᠷᠢᠭ᠋᠎ᠤᠨ ᠣᠷᠴᠢᠨ ᠲᠣᠭᠣᠷᠢᠨ ᠤᠯᠠᠮ ᠠ᠋ᠴᠠ ᠤᠯᠠᠮ ᠭᠤᠶᠤᠵᠢᠵᠠᠢ᠃ ᠦᠨᠡᠬᠡᠷ ᠪᠠᠶᠠᠷᠯᠠᠵᠤ ᠪᠠᠢᠨ᠎ᠠ》 ᠬᠡᠵᠦ ᠰᠢᠤᠳᠠᠨ᠎ᠤ ᠶᠠᠪᠤᠳᠠᠯ᠎ᠤᠨ 24 ᠳ᠋ᠤᠭᠡᠷ ᠨᠣᠮᠧᠷᠲᠤ ᠬᠦᠷᠢᠶᠡᠯᠡᠩ᠎ᠤᠨ ᠰᠠᠭᠤᠭᠠᠯᠢ ᠠᠷᠠᠳ ᠭᠧᠨ ᠸᠠᠩ ᠡᠳᠡᠭᠡᠷ ᠵᠢᠯ᠎ᠦᠳ᠎ᠦᠨ ᠰᠠᠭᠤᠭᠠᠯᠢ ᠠᠷᠠᠳ᠎ᠤᠨ ᠲᠣᠭᠣᠷᠢᠭ᠋᠎ᠤᠨ ᠬᠤᠪᠢᠷᠠᠯᠲᠠ᠎ᠶᠢ ᠬᠤᠷᠤᠭᠤ ᠳᠠᠷᠤᠨ ᠰᠡᠳᠬᠢᠯ ᠬᠠᠨᠤᠮᠵᠢᠳᠠᠢ ᠶᠠᠷᠢᠵᠤ ᠰᠠᠭᠤᠨ᠎ᠠ᠃
ᠬᠠᠲᠠᠭᠤ ᠲᠤᠨᠤᠭ ᠲᠦᠬᠦᠭᠡᠷᠦᠮᠵᠢ ᠵᠢ ᠳᠡᠬᠦᠯᠳᠡᠷᠵᠢᠬᠦᠯᠴᠢᠬᠡᠯᠡ᠂ ᠵᠠᠰᠠᠯᠳᠠ ᠵᠢᠨ ᠠᠵᠢᠯ᠎ᠢ ᠴᠤ᠌ ᠳᠠᠭᠠᠵᠤ ᠰᠠᠢᠲᠤᠷ ᠬᠢᠬᠦ ᠬᠡᠷᠡᠭᠳᠡᠢ᠃ ᠨᠡᠢᠭᠡᠮ ᠲᠣᠭᠣᠷᠢᠭ᠎ᠤᠨ ᠬᠢᠨ《ᠨᠡᠢᠭᠡᠮ ᠲᠣᠭᠣᠷᠢᠭ᠋᠎ᠤᠨ ᠨᠠᠮ᠎ᠤᠨ ᠬᠣᠷᠢᠶ᠎ᠠ ︱ ᠳᠤᠤᠷᠵᠢᠯ᠎ᠤᠨ ᠠᠵᠢᠯᠳᠠᠨ᠎ᠤ ᠨᠠᠮ᠎ᠤᠨ ᠡᠭᠦᠷ ︱ ᠠᠰᠠᠷ᠎ᠤᠨ ᠨᠠᠮ᠎ᠤᠨ ᠠᠵᠢᠯ ᠤᠨ ᠳᠤᠭᠤᠢᠯᠠᠩ》 ᠭᠡᠬᠦ ᠭᠤᠷᠪᠠᠨ ᠱᠠᠲᠤᠨ᠎ᠤ ᠬᠡᠯᠬᠢᠶ᠎ᠡ᠎ᠶᠢ ᠪᠠᠢᠭᠤᠯᠵᠤ᠂ ᠦᠨᠳᠦᠰᠦᠲᠡᠨ ᠱᠠᠰᠢᠨ ᠰᠤᠷᠲᠠᠬᠤᠨ᠎ᠤ ᠬᠡᠷᠡᠭ ᠶᠠᠪᠤᠳᠠᠯ᠎ᠢ ᠳᠤᠤᠷᠵᠢᠯ᠎ᠤᠨ ᠬᠠᠮᠢᠶᠠᠷᠤᠯᠲᠠ᠎ᠳᠤ ᠣᠷᠣᠭᠤᠯᠪᠠ᠃ ᠠᠵᠢᠯ ᠡᠴᠡ ᠪᠠᠨ ᠠᠮᠠᠷᠠᠭᠰᠠᠨ ᠨᠠᠮ᠎ᠤᠨ ᠭᠡᠰᠢᠭᠦᠨ ᠪᠠ ᠬᠠᠯᠠᠭᠤᠨ ᠰᠡᠳᠬᠢᠯᠲᠦ ᠰᠠᠭᠤᠭᠠᠯᠢ ᠠᠷᠠᠳ ᠡᠴᠡ 《ᠬᠤᠪᠢᠰᠬᠠᠯᠲᠤ ᠵᠥᠪᠯᠡᠯ》 ᠢ᠋ ᠵᠣᠬᠢᠶᠠᠨ ᠪᠠᠢᠭᠤᠯᠵᠤ᠂ ᠰᠡᠳᠬᠢᠯ ᠵᠣᠪᠠᠭᠠᠬᠤ ᠶᠠᠷᠰᠢᠭ ᠲᠦᠪᠡᠭ ᠳᠠᠢ ᠶᠠᠪᠤᠳᠠᠯ᠎ᠢ ᠴᠥᠮ ᠨᠡᠢᠭᠡᠮ ᠲᠣᠭᠣᠷᠢᠭ᠋᠎ᠲᠤ ᠠᠪᠴᠢᠷᠠᠵᠤ ᠵᠥᠪᠳᠡᠯᠴᠡᠬᠦ ᠪᠤᠯᠪᠠ᠃
ᠨᠠᠮ᠎ᠤᠨ ᠬᠡᠰᠢᠬᠦᠨ ᠪᠠ ᠣᠯᠠᠨ ᠲᠦᠮᠡᠨ᠎ᠦ ᠦᠢᠯᠡᠴᠢᠯᠡᠭᠡᠨ᠎ᠦ ᠲᠥᠪ᠎ᠦᠨ ᠬᠠᠮᠤᠭ᠎ᠤᠨ ᠬᠥᠭᠵᠢᠶᠡᠨ᠎ᠲᠠᠢ ᠨᠢᠭᠡ ᠲᠠᠰᠤᠯᠭ᠎ᠠ ᠭᠡᠷ᠎ᠢ 《ᠠᠨᠠᠷ ᠤᠨ ᠦᠷ᠎ᠡ 》 ᠬᠡᠷᠡᠭ ᠵᠥᠪᠯᠡᠬᠦ ᠲᠢᠩᠬᠢᠮᠪᠤᠯᠭᠠᠵᠤ᠂ ᠳᠤᠯᠠᠭᠠᠯᠠᠭ᠎ᠠ᠎ᠶᠢ ᠥᠭᠡᠷᠡᠴᠢᠯᠡᠬᠦ ᠡᠰᠡᠬᠦ᠂ ᠲᠡᠷᠭᠡᠨ ᠵᠣᠭᠰᠣᠭᠠᠯ ᠢ ᠬᠡᠷᠬᠢᠨ ᠬᠤᠪᠢᠶᠠᠷᠢᠯᠠᠬᠤ᠂ ᠨᠣᠭᠣᠭᠠᠷᠠᠭᠤᠯᠤᠯᠲᠠ ᠵᠢ ᠬᠡᠳᠦᠢ ᠦᠯᠡᠳᠡᠭᠡᠬᠦᠲᠤᠬᠠᠢ ᠦᠨᠳᠦᠰᠦᠲᠡᠨ᠎ᠨᠦᠭᠦᠳ᠎ᠦᠨ ᠰᠠᠭᠤᠭᠠᠯᠢ ᠠᠷᠠᠳ᠎ᠤᠨ ᠲᠥᠯᠥᠭᠡᠯᠡᠭᠴᠢᠳ ᠰᠠᠭᠤᠵᠤ ᠵᠥᠪᠳᠡᠯᠴᠡᠬᠦ ᠪᠤᠯᠪᠠ᠃ ᠰᠠᠭᠤᠭᠠᠯᠢ ᠠᠷᠠᠳ ᠤᠨ ᠲᠣᠭᠣᠷᠢᠭ᠋᠎ᠢ ᠥᠭᠡᠷᠡᠴᠢᠯᠡᠨ ᠪᠠᠶ᠋ᠢᠭᠤᠯᠬᠤ ᠬᠤᠭᠤᠴᠠᠭᠠᠨ᠎ᠳᠤ ᠠᠷᠪᠠᠭᠠᠳ ᠤᠳᠠᠭᠠᠨ᠎ᠤ ᠵᠦᠪᠳᠡᠯᠴᠡᠬᠦ ᠬᠤᠷᠠᠯ ᠬᠢᠵᠦ᠂ ᠪᠠᠷᠢᠯᠭ᠎ᠠ᠎ᠶᠢᠨ ᠠᠩᠭᠢ ᠵᠢᠨ ᠠᠵᠢᠯ ᠡᠬᠢᠯᠡᠬᠦ ᠡᠴᠡ ᠡᠮᠦᠨ᠎ᠡ᠂ ᠦᠬᠡᠷᠡᠴᠢᠯᠡᠬᠦ ᠲᠥᠰᠥᠯ ᠨᠢ ᠤᠷᠢᠳ᠎ᠢᠶᠠᠷ ᠰᠠᠭᠤᠭᠠᠯᠢ ᠠᠷᠠᠳ᠎ᠤᠨ ᠡᠨᠡ ᠬᠦ᠌ ᠪᠣᠭᠣᠮᠲᠠ᠎ᠶᠢ ᠦᠩᠬᠡᠷᠡᠪᠡ᠃
ᠦᠨᠳᠦᠰᠦᠲᠡᠨ᠎ᠦ ᠪᠦᠯᠬᠦᠮᠳᠡᠯ ᠬᠡᠭᠴᠢ ᠬᠥᠮᠥᠨ ᠬᠥᠮᠥᠨ᠎ᠦ ᠬᠣᠭᠣᠷᠣᠨᠳᠣᠬᠢ ᠪᠦᠯᠬᠦᠮᠳᠡᠯ ᠮᠥᠨ᠃ ᠨᠡᠢᠭᠡᠮ ᠲᠣᠭᠣᠷᠢᠭ᠋᠎ᠲᠤ ᠨᠢᠭᠡᠨ ᠮᠣᠩᠭᠣᠯ ᠨᠠᠰᠤᠲᠠᠨ ᠪᠤᠢ᠂ ᠦᠷ᠎ᠡ ᠬᠡᠦᠬᠡᠳ ᠨᠢ ᠵᠢᠯ ᠲᠤᠷᠰᠢ ᠭᠠᠳᠠᠨ᠎ᠠ ᠤᠷᠤᠨ ᠳ᠋ᠤ ᠪᠠᠢᠭ᠎ᠠ ᠪᠣᠯᠬᠣᠷ ᠵᠡᠷᠭᠡᠯᠡᠳᠡᠭᠡ ᠬᠢᠳᠠᠳ ᠠᠢᠯ᠎ᠤᠨ ᠬᠢᠨ ᠰᠠᠨᠠᠭᠠᠴᠢᠯᠠᠭ᠎ᠠ᠎ᠠᠴᠠ᠎ᠪᠠᠨ ᠬᠠᠯᠠᠮᠵᠢᠯᠠᠨ ᠬᠠᠷᠠᠭᠠᠯᠵᠠᠵᠤ᠂ ᠥᠷᠯᠥᠭᠡ ᠪᠦᠷᠢ ᠡᠭᠦᠳᠡ ᠲᠣᠭᠰᠢᠨ ᠠᠮᠤᠷ ᠢ ᠨᠢ ᠠᠰᠠᠭᠤᠵᠤ᠂ ᠬᠡᠳᠦᠨ ᠡᠳᠦᠷ ᠪᠤᠯᠬᠤ ᠦᠬᠡᠢ ᠬᠠᠯᠠᠭᠤᠨ ᠬᠤᠭᠤᠯᠠ ᠤᠮᠳᠠ ᠬᠦᠷᠬᠡᠨ᠂ ᠰᠠᠯᠬᠢ ᠪᠣᠷᠣᠭᠠᠨ ᠲᠠᠢ ᠡᠳᠦᠷ ᠡᠬᠦᠳᠡ ᠴᠤᠩᠬᠤ ᠵᠢ ᠨᠢ ᠪᠠᠢᠴᠠᠭᠠᠵᠤ ᠦᠭᠳᠡᠭ᠃ 《ᠬᠣᠯᠠ᠎ᠶᠢᠨ ᠲᠥᠷᠥᠯ᠎ᠡᠴᠡ ᠤᠢᠷ᠎ᠠ᠎ᠶᠢᠨ ᠬᠥᠷᠰᠢ ᠬᠡᠳᠡᠭᠴᠢᠯᠡᠨ᠂ ᠡᠨᠡ ᠦᠭᠡ᠎ᠶᠢ ᠪᠦᠯᠬᠦᠮᠳᠡᠯ ᠭᠤᠳᠤᠮᠵᠢ᠎ᠳᠤ ᠠᠪᠴᠦ ᠬᠡᠯᠡᠬᠦ᠎ᠳᠤ ᠥᠴᠥᠬᠡᠨ ᠴᠦ᠍ ᠠᠬᠠᠳᠠᠬᠤ ᠦᠭᠡᠢ!》ᠭᠡᠵᠦ ᠨᠠᠰᠤᠲᠠᠨ ᠦᠷᠭᠦᠯᠵᠢ ᠶᠠᠢᠳᠠᠭ᠃
ᠪᠦᠯᠬᠦᠮᠳᠡᠯ ᠭᠤᠳᠤᠮᠵᠢ᠎ᠶᠢᠨ ᠬᠠᠷᠢᠶ᠎ᠠ ᠣᠷᠣᠨ᠎ᠤ 60 ᠨᠠᠰᠤᠨ᠎ᠠᠴᠠ ᠳᠡᠭᠡᠭᠰᠢᠬᠢ ᠰᠠᠭᠤᠭᠠᠯᠢ ᠠᠷᠠᠳ᠎ᠤᠨ ᠡᠵᠡᠯᠡᠬᠦ ᠬᠠᠷᠢᠴᠠᠯ 20% ᠶ᠋ᠢ ᠳᠠᠪᠠᠵᠤ ᠂ ᠨᠡᠢᠭᠡᠮ ᠲᠣᠭᠣᠷᠢᠭ᠋ ᠡᠴᠡ ᠨᠠᠩ ᠠᠩᠬᠠᠷᠤᠨ ᠬᠠᠯᠠᠮᠵᠢᠯᠠᠬᠤᠴᠢᠬᠤᠯᠠᠲᠠᠢ ᠪᠠᠢᠳᠠᠭ᠃ ᠪᠦᠯᠬᠦᠮᠳᠡᠯ ᠨᠢᠭᠡᠳᠦᠭᠡᠷ ᠨᠤᠮᠸᠷᠳᠤ ᠬᠦᠷᠢᠶᠡᠯᠡᠩ᠎ᠳᠦ 70 ᠨᠠᠰᠤᠲᠠᠢ ᠦ᠋ ᠠᠨᠢᠶ᠎ᠠ ᠭᠠᠭᠴᠠᠭᠠᠷ ᠰᠠᠭᠤᠵᠦ ᠪᠤᠢ᠂ ᠲᠤᠤᠷᠵᠢᠯ᠎ᠤᠨ ᠠᠵᠢᠯᠲᠠᠨ ᠡᠳᠦᠷ ᠪᠦᠷᠢ ᠲᠡᠬᠦᠨ᠎ᠤ ᠭᠡᠷ ᠲᠦ᠍ᠨᠢ ᠬᠦᠷᠴᠦ ᠡᠨᠡ ᠲᠡᠷᠡ ᠵᠢ ᠨᠢ ᠠᠰᠠᠭᠤᠨ ᠵᠤᠭᠤᠭᠳᠠᠬᠤ ᠵᠢᠨ ᠬᠠᠮᠳᠤ ᠤᠰᠤ ᠴᠠᠬᠢᠯᠭᠠᠨ ᠡᠭᠦᠳᠡ ᠴᠣᠩᠬᠣ᠌᠎ᠵᠢ ᠨᠢ ᠪᠠᠢᠴᠠᠭᠠᠨ ᠦᠵᠡᠳᠡᠭ᠃《ᠪᠢᠳᠡ ᠢᠯᠡᠭᠦᠦ ᠬᠡᠳᠦ ᠤᠳᠠᠭ᠎ᠠ ᠭᠦᠶᠦᠪᠡᠯ᠂ ᠨᠠᠰᠤᠲᠠᠨ᠎ᠤ ᠰᠡᠳᠬᠢᠯ ᠢᠯᠡᠬᠦᠦ ᠬᠡᠳᠦᠨ ᠬᠤᠪᠢ ᠠᠭᠤᠵᠢᠷᠠᠨ᠎ᠠ》 ᠭᠡᠵᠦ ᠲᠤᠤᠷᠵᠢᠯ᠎ᠤᠨ ᠠᠵᠢᠯᠲᠠᠨ ᠬᠡᠯᠡᠨ᠎ᠠ᠃
ᠪᠦᠯᠬᠦᠮᠳᠡᠯ ᠭᠤᠳᠤᠮᠵᠢ᠎ᠵᠢᠨ ᠨᠡᠢᠭᠡᠮ ᠲᠣᠭᠣᠷᠢᠭ᠋ ᠲᠣᠭᠲᠠᠮᠠᠯ ᠬᠤᠭᠤᠴᠠᠭ᠎ᠠ᠎ᠲᠠᠢ᠎ᠪᠠᠷ ᠠᠷᠠᠳ᠎ᠲᠤ ᠲᠥᠬᠥᠮ ᠦᠵᠡᠭᠦᠯᠬᠦ ᠦᠢᠯᠡᠴᠢᠯᠡᠭᠡᠨ᠎ᠦ ᠡᠳᠦᠷ᠎ᠦᠨ ᠠᠵᠢᠯᠯᠠᠭ᠎ᠠ ᠥᠷᠨᠢᠭᠦᠯᠵᠦ᠂ ᠡᠨᠡᠬᠦ ᠠᠵᠢᠯᠯᠠᠭ᠎ᠠ ᠵᠢ ᠪᠠᠢᠩᠭᠤᠵᠢᠭᠤᠯᠪᠠ᠃ ᠦᠢᠯᠡᠴᠢᠯᠡᠬᠡᠨ᠎ᠤ ᠡᠳᠦᠷ ᠪᠣᠯᠬᠤ ᠪᠦᠷᠢ ᠲᠤᠤᠷᠵᠢᠯ᠎ᠤᠨ ᠦᠢᠯᠡᠴᠢᠯᠡᠭᠡ᠂ ᠲᠦᠷᠦ᠎ᠶᠢᠨ ᠪᠣᠳᠣᠯᠭ᠎ᠠ᠎ᠶᠢᠨ ᠤᠬᠠᠭᠤᠯᠭ᠎ᠠ᠂ ᠠᠯᠪᠠᠨ ᠵᠢᠷᠤᠮ᠎ᠤᠨ ᠡᠮᠴᠢᠯᠡᠭᠡᠨ᠎ᠦ ᠠᠵᠢᠯᠯᠠᠭ᠎ᠠ᠂ ᠰᠡᠳᠬᠢᠯ᠎ᠢ ᠳᠤᠯᠠᠭᠠᠴᠠᠭᠤᠯᠬᠤ ᠦᠢᠯᠡᠴᠢᠯᠡᠭᠡ ᠵᠡᠷᠭᠡ 4 ᠵᠦᠢᠯ᠎ᠤᠨ ᠦᠢᠯᠡᠴᠢᠯᠡᠬᠡ᠎ᠵᠢ ᠵᠡᠷᠭᠡ ᠪᠡᠷ ᠦᠷᠨᠢᠬᠦᠯᠳᠡᠭ᠃ ᠲᠤᠤᠷᠵᠢᠯ᠎ᠤᠨ ᠠᠵᠢᠯᠲᠠᠨ ᠬᠥᠳᠡᠯᠭᠡᠭᠡᠨ᠎ᠦ ᠲᠤᠨᠤᠭ ᠲᠥᠬᠦᠭᠡᠷᠦᠮᠵᠢ᠎ᠶᠢ ᠨᠡᠮᠡᠵᠦ ᠪᠠᠶ᠋ᠢᠭᠤᠯᠬᠤ᠂ ᠭᠠᠵᠠᠷ ᠳᠣᠣᠷᠠᠬᠢ ᠤᠰᠤᠨ ᠬᠤᠭᠤᠯᠠᠢ ᠵᠢ ᠰᠡᠯᠪᠢᠨ ᠵᠠᠰᠠᠬᠤ ᠮᠡᠳᠦ ᠵᠢᠨ ᠣᠯᠠᠨ ᠲᠦᠮᠡᠨ ᠦ ᠬᠦᠰᠡᠯ ᠱᠠᠭᠠᠷᠳᠠᠯᠭ᠎ᠠ᠎ᠶᠢ ᠰᠤᠨᠤᠰᠬᠤ᠎ᠶᠢᠨ ᠬᠠᠮᠲᠤ ᠵᠦᠢᠯ ᠳᠠᠷᠠᠭᠠᠯᠠᠨ ᠳᠡᠩᠰᠡᠯᠡᠨ ᠲᠡᠮᠳᠡᠭᠯᠡᠵᠦ᠂ ᠬᠤᠭᠤᠴᠠᠭ᠎ᠠ ᠲᠣᠭᠲᠠᠭᠠᠨ ᠰᠢᠢᠳᠪᠦᠷᠢᠯᠡᠵᠦ ᠥᠭᠬᠦᠨ᠎ᠠ᠃ ᠠᠯᠪᠠᠨ ᠵᠢᠷᠤᠮ᠎ᠤᠨ ᠡᠮᠴᠢᠯᠡᠭᠡ᠎ᠳᠤ᠂ ᠨᠡᠢᠭᠡᠮ ᠲᠣᠭᠣᠷᠢᠭ᠋᠎ᠤᠨ ᠡᠷᠡᠭᠦᠯ ᠬᠠᠮᠠᠭᠠᠯᠠᠯ᠎ᠤᠨ ᠬᠣᠷᠢᠶᠠᠨ᠎ᠤ ᠡᠮᠴᠢ ᠡᠴᠡ ᠰᠠᠭᠤᠭᠠᠯᠢ ᠠᠷᠠᠳ᠎ᠤᠨ ᠴᠢᠰᠤᠨ ᠳᠠᠷᠤᠯᠲᠠ᠎ᠶᠢ ᠬᠡᠮᠵᠢᠵᠦ᠂ ᠡᠮ ᠬᠡᠷᠡᠭᠯᠡᠬᠦ᠎ᠳᠦ ᠠᠩᠬᠠᠷᠬᠤ ᠵᠦᠢᠯᠡᠰ᠎ᠢ ᠨᠠᠷᠢᠨ ᠨᠢᠮᠪᠠᠢ ᠰᠠᠨᠠᠭᠤᠯᠤᠨ᠎ᠠ᠃
ᠪᠠᠶᠠᠷ ᠳᠤᠷᠠᠰᠬᠠᠯ᠎ᠤᠨ ᠡᠳᠦᠷ ᠪᠣᠯᠬᠤ ᠪᠦᠷᠢ ᠡᠯ᠎ᠡ ᠦᠨᠳᠦᠰᠦᠲᠡᠨ᠎ᠦ ᠰᠠᠭᠤᠭᠠᠯᠢ ᠠᠷᠠᠳ ᠬᠠᠮᠳᠤ ᠴᠤᠭᠯᠠᠷᠠᠨ ᠨᠠᠢᠷᠯᠠᠯᠳᠤᠨ ᠬᠦᠭᠡᠷᠦᠯᠳᠦᠳᠡᠭ᠃ ᠡᠨᠡ ᠵᠢᠯ᠎ᠦᠨ 1 ᠰᠠᠷ᠎ᠠ ᠳ᠋ᠤ ᠦᠷᠨᠢᠬᠦᠯᠦᠰᠭᠰᠡᠨ 《ᠠᠨᠠᠷ᠎ᠤᠨ ᠴᠡᠴᠡᠭᠡᠰ ᠪᠠᠳᠠᠷᠠᠨ ᠳᠡᠯᠭᠡᠷᠡᠨ᠎ᠡ᠂ ᠴᠠᠭᠠᠨ ᠰᠠᠷ᠎ᠠ᠎ᠪᠠᠨ ᠬᠠᠮᠳᠤ ᠪᠠᠶᠠᠷᠯᠠᠨ ᠤᠭᠲᠤᠶ᠎ᠠ》 ᠭᠡᠬᠦ ᠭᠤᠤᠯ ᠰᠡᠳᠦᠪᠲᠦ ᠠᠵᠢᠯᠯᠠᠭᠠᠨ᠎ᠤ ᠠᠬᠤᠢ ᠲᠠᠯᠠᠪᠠᠶ᠎ᠳᠤ ᠤᠷᠠᠨ ᠪᠢᠴᠢᠯᠭᠡᠲᠡᠨ ᠪᠢᠷ ᠬᠤᠷᠴᠠᠯᠠᠵᠤ᠂ ᠰᠠᠭᠤᠭᠠᠯᠢ ᠠᠷᠠᠳ ᠤᠨ ᠵᠠᠬᠢᠶᠠᠯᠠᠭ᠎ᠠ ᠪᠡᠷ ᠬᠤᠤᠰ ᠤᠶᠠᠩᠭ᠎ᠠ ᠪᠢᠴᠢᠵᠦ᠂ ᠬᠡᠦᠬᠡᠳ᠎ᠦᠳ ᠶᠡᠭᠡᠴᠦᠦᠯ᠎ᠦᠨ ᠵᠠᠢ ᠵᠠᠪᠰᠠᠷᠵᠢᠡᠷ ᠰᠢᠬᠠᠯᠳᠤᠨ ᠤᠷᠠᠨ ᠪᠢᠴᠢᠯᠭᠡ᠎ᠵᠢᠨ ᠷᠢᠳᠢ ᠰᠢᠳᠢ ᠵᠢ ᠰᠤᠨᠢᠷᠬᠠᠨ᠎ᠠ᠃ ᠪᠢᠯᠢᠭ᠎ᠤᠨ ᠤᠯᠠᠷᠢᠯ᠎ᠤᠨ ᠲᠠᠪᠤᠨ ᠰᠠᠷ᠎ᠠ᠎ᠵᠢᠨ ᠰᠢᠨ᠎ᠠ᠎ᠵᠢᠨ ᠲᠠᠪᠤᠨ ᠤ᠋ ᠤᠯᠠᠮᠵᠢᠯᠠᠯᠳᠤ ᠪᠠᠶᠠᠷ ᠲᠤᠷᠠᠰᠬᠠᠯ᠎ᠤᠨ ᠡᠳᠦᠷ᠂ ᠤᠷᠳᠤ ᠰᠢᠷᠡᠭᠡᠨ ᠳᠡᠭᠡᠷ᠎ᠡ ᠬᠢᠲᠠᠳ ᠡᠵᠢ ᠡᠴᠡ ᠮᠣᠩᠭᠣᠯ ᠵᠠᠯᠠᠭᠤ᠎ᠳᠤ ᠽᠦᠩᠽᠢ ᠪᠠᠷᠢᠬᠤ᠎ᠶᠢ ᠵᠢᠭᠠᠵᠤ᠂ ᠨᠠᠢ᠍ᠮᠠᠨ ᠰᠠᠷ᠎ᠠ᠎ᠶᠢᠨ ᠲᠡᠷᠭᠡᠯ ᠪᠠᠶᠠᠷ᠎ᠤᠨ ᠲᠣᠭᠯᠠᠯᠲᠠ ᠳᠡᠭᠡᠷ᠎ᠡ᠂ 《ᠭᠡᠷ ᠪᠦᠯᠢ ᠡᠶ᠎ᠡ ᠨᠠᠶ᠋ᠢᠷᠠᠮᠳᠠᠭᠤ ᠪᠤᠯ ᠲᠦᠮᠡᠨ ᠬᠡᠷᠡᠭ ᠲᠡᠭᠦᠰ ᠬᠥᠭᠵᠢᠯ ᠲᠠᠢ》 ᠭᠡᠬᠦ ᠦᠵᠡᠭᠳᠡᠯᠲᠦ ᠵᠦᠴᠦᠭᠡ ᠨᠢ ᠬᠦᠷᠰᠢ ᠵᠡᠷᠭᠡᠯᠡᠳᠡᠭᠡ ᠠᠢᠯ ᠰᠠᠭᠠᠬᠠᠯᠳᠠ ᠵᠢᠨ ᠡᠩ᠎ᠤᠨ ᠠᠮᠢᠳᠤᠷᠠᠯ ᠲᠤᠮᠳᠠᠬᠢ ᠦᠯᠢᠭᠡᠷ᠎ᠢ ᠲᠣᠭᠯᠠᠵᠦ᠂ ᠪᠡᠭᠡᠵᠢᠩ ᠰᠢᠬᠦᠮᠦᠰᠤᠨ ᠰᠡᠳᠬᠢᠯ᠎ᠤᠨ ᠬᠦᠪᠴᠢ ᠵᠢ ᠲᠤᠷᠬᠢᠭᠤᠯᠤᠨᠠ᠃ ᠬᠦᠰᠡᠯ ᠡᠷᠡᠮᠡᠯᠵᠡᠯ ᠵᠢᠡᠨ ᠪᠢᠴᠢᠨ ᠦᠯᠡᠳᠡᠭᠡᠬᠦ ᠬᠡᠷᠡᠮ ᠳᠡᠭᠡᠷ᠎ᠡ ᠂ ᠵᠠᠷᠢᠮ ᠬᠥᠮᠥᠨ 《 ᠪᠦᠯᠬᠦᠮᠳᠡᠯ ᠭᠤᠳᠤᠮᠵᠢ ᠨᠢᠭᠡ ᠭᠡᠷ ᠮᠡᠳᠦ》 ᠭᠡᠵᠦ ᠪᠢᠴᠢᠵᠦ᠂ ᠵᠠᠷᠢᠮ ᠬᠥᠮᠥᠨ ᠠᠨᠠᠷ᠎ᠤᠨ ᠴᠡᠴᠡᠭ᠎ᠢ ᠵᠢᠷᠤᠨ᠎ᠠ᠃ ᠲᠣᠭᠯᠠᠯᠲᠠ ᠳᠠᠭᠤᠰᠤᠭᠰᠠᠨ᠎ᠤ ᠲᠠᠷᠠᠭ᠎ᠠ ᠪᠦᠬᠦᠳᠡᠭᠡᠷ ᠵᠢᠡᠨ《ᠡᠪ ᠬᠠᠮᠲᠤ ᠨᠠᠮ ᠪᠠᠢᠬᠤ ᠦᠭᠡᠢ ᠪᠣᠯ ᠰᠢᠨ᠎ᠡ ᠳᠤᠮᠳᠠᠳᠤ ᠤᠯᠤᠰ ᠪᠠᠢᠵᠤ ᠴᠢᠳᠠᠬᠤ ᠦᠭᠡᠢ》᠂ 《ᠡᠬᠡ ᠤᠯᠤᠰ᠎ᠢᠶᠠᠨ ᠮᠠᠭᠲᠠᠨ ᠳᠠᠭᠤᠯᠠᠶ᠎ᠠ》 ᠵᠡᠷᠭᠡ ᠲᠠᠭᠤᠤ᠎ᠵᠢ ᠬᠠᠮᠳᠦ ᠪᠡᠷ ᠳᠠᠭᠤᠯᠠᠵᠦ᠂ ᠠᠶ᠎ᠠ ᠲᠠᠭᠤᠤ ᠠᠭᠤᠳᠠᠮ ᠲᠠᠯᠠᠪᠠᠢ᠎ᠠᠴᠠ ᠨᠡᠢᠭᠡᠮ ᠲᠤᠭᠤᠷᠢᠭ ᠲᠸ᠋ ᠴᠤᠤᠷᠢᠶᠠᠲᠤᠨ᠎ᠠ᠃
ᠮᠣᠩᠭᠣᠯ ᠦᠨᠳᠦᠰᠦᠲᠡᠨ᠎ᠦ ᠰᠠᠭᠤᠭᠠᠯᠢ ᠠᠷᠠᠳ ᠶᠦᠨ ᠳ᠋ᠦᠩ ᠮᠧᠶ ᠡᠨᠳᠡ ᠰᠠᠭᠤᠬᠰᠠᠨ 40 ᠵᠢᠯ᠎ᠤᠨ ᠬᠤᠭᠤᠴᠠᠭᠠᠨ᠎ᠳᠤ᠂ ᠰᠢᠷᠣᠢ᠎ᠶᠢᠨ ᠵᠠᠮ ᠨᠢ ᠱᠦᠢᠨᠢ ᠵᠢᠨ ᠵᠠᠮ ᠪᠣᠯᠵᠤ ᠂ ᠪᠠᠢᠰᠢᠩ ᠭᠡᠷ ᠨᠢ ᠠᠰᠠᠷ ᠲᠠᠭᠳᠤ ᠪᠣᠯᠵᠤ ᠂ ᠵᠡᠷᠭᠡᠯᠡᠳᠡᠭᠡ ᠠᠢᠯ ᠵᠠᠯᠭ᠎ᠠ ᠵᠠᠯᠭ᠎ᠠ ᠪᠠᠷ ᠰᠣᠯᠢᠭ᠍ᠳᠠᠭᠰᠠᠨᠢ ᠨᠢᠳᠦ ᠪᠡᠷ ᠵᠢᠡᠨ ᠦᠵᠡᠵᠦ ᠦᠩᠭᠡᠷᠡᠬᠦᠯᠵᠡᠢ᠃ 《ᠮᠠᠨ ᠤ ᠡᠨᠳᠡ ᠶᠠᠭᠤ ᠪᠦᠬᠦᠨ ᠴᠥᠮ ᠰᠢᠨᠡᠳᠦᠨ ᠬᠤᠪᠢᠷᠠᠵᠠᠢ᠂ ᠵᠦᠪᠬᠡᠨ 〈ᠪᠦᠯᠬᠦᠮᠳᠡᠯ〉 ᠭᠡᠰᠡᠨ ᠦᠭᠡ ᠶᠡᠷᠦ᠎ᠡᠴᠡ ᠬᠤᠪᠢᠷᠠᠵᠤ ᠥᠩᠭᠡᠷᠡᠭᠰᠡᠨ ᠦᠭᠡᠢ》 ᠭᠡᠵᠦ ᠶᠦᠨ ᠳ᠋ᠦᠩ ᠮᠧᠢ ᠶᠠᠷᠢᠨ᠎ᠠ᠃
1984 ᠣᠨ᠎ᠠᠴᠠ ᠤᠳᠤ ᠪᠣᠯᠲᠠᠯ᠎ᠠ ᠂ ᠪᠦᠯᠬᠦᠮᠳᠡᠯ ᠭᠤᠳᠤᠮᠵᠢ ᠬᠥᠬᠡᠬᠣᠲᠠ᠎ᠶᠢᠨ ᠬᠠᠭᠤᠴᠢᠨ ᠬᠤᠳᠠ ᠲᠣᠭᠣᠷᠢᠭ᠎ᠤᠨ ᠣᠳᠣᠬᠢᠴᠢᠯᠠᠭᠰᠠᠨ ᠰᠢᠨ᠎ᠡ ᠬᠤᠳᠠ ᠲᠡᠢᠰᠢ ᠤᠷᠤᠭᠰᠢᠯᠠᠭᠰᠠᠨ ᠳᠤᠷᠠᠰᠤᠮᠵᠢ᠎ᠶᠢ ᠲᠡᠮᠳᠡᠭᠯᠡᠵᠦ᠂ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠦ 《ᠬᠠᠮᠲᠤ ᠰᠠᠭᠤᠷᠢᠰᠢᠵᠤ》 ᠪᠠᠢᠭᠰᠠᠨ᠎ᠠᠴᠠ᠎ᠪᠠᠨ 《ᠬᠠᠮᠲᠤ ᠪᠠᠷ ᠠᠭᠤᠰᠤᠯᠴᠠᠵᠤ》᠂ 《ᠬᠠᠷᠢᠯᠴᠠᠨ ᠲᠠᠨᠢᠯᠴᠠᠵᠤ》 ᠪᠠᠢᠭᠰᠠᠨ᠎ᠠᠴᠠ᠎ᠪᠠᠨ 《ᠬᠠᠷᠢᠯᠴᠠᠨ ᠳᠣᠲᠣᠨᠣᠴᠢᠯᠠᠬᠤ》 ᠪᠣᠯᠤᠭᠰᠠᠨ ᠬᠠᠢᠷ᠎ᠠ ᠰᠡᠳᠬᠢᠯᠭᠡ᠎ᠶᠢ ᠲᠡᠮᠳᠡᠭᠯᠡᠪᠡ᠃
ᠪᠦᠬᠦ ᠤᠯᠤᠰ᠎ᠤᠨ ᠦᠨᠳᠦᠰᠦᠲᠡᠨ᠎ᠦ ᠪᠦᠯᠬᠦᠮᠳᠡᠯ ᠲᠠᠪᠰᠢᠯᠳᠠ᠎ᠶᠢᠨ ᠵᠢᠱ᠌ᠢᠶ᠎ᠡ ᠦᠵᠡᠭᠦᠯᠬᠦ ᠲᠤᠭᠤᠷᠢᠭ ᠪᠣᠯᠤᠭᠰᠠᠨ ᠰᠢᠨ᠎ᠡ ᠬᠤᠳᠠ ᠲᠣᠭᠣᠷᠢᠭ᠋ᠲᠸ᠋ ᠠᠪᠴᠤ ᠬᠡᠯᠡᠪᠡᠯ ᠡᠢᠮᠦᠷᠬᠦᠦ ᠦᠢᠯᠡᠳᠦᠯᠭᠡ ᠨᠢ ᠦᠨᠡᠨ ᠳ᠋ᠡᠭᠡᠨ ᠲᠡᠭᠦᠨ᠎ᠦ ᠭᠦᠨ ᠵᠤᠵᠠᠭᠠᠨ ᠬᠥᠷᠥᠰᠥᠨ᠎ᠳᠦ ᠦᠨᠳᠦᠰᠦᠯᠡᠭᠰᠡᠨ ᠡᠡᠩᠤᠨ ᠦᠵᠡᠭᠳᠡᠯ ᠪᠣᠯᠣᠨ᠎ᠠ᠃
ᠰᠤᠷᠪᠤᠯᠵᠢᠯᠠᠭ᠍ᠴᠢ᠎ᠶᠢᠨ ᠡᠪᠦᠷ ᠲᠡᠮᠳᠡᠭᠯᠡᠯ ᠄
《ᠪᠦᠯᠬᠦᠮᠳᠡᠯ》ᠭᠡᠬᠦ ᠨᠡᠷ᠎ᠡ ᠨᠢ ᠡᠨᠡᠬᠦ ᠭᠤᠳᠤᠮᠵᠢ᠎ᠳᠤ ᠲᠤᠰᠬᠠᠢ ᠵᠡᠭᠦᠯᠲᠡ ᠬᠠᠳᠠᠭᠰᠠᠨ ᠪᠠᠢᠵᠠᠢ᠄ ᠨᠢᠭᠡᠳᠦᠭᠡᠷ ᠳᠠᠪᠬᠤᠷᠯᠢᠭ᠋᠎ᠤᠨ ᠠᠰᠠᠷ᠎ᠤᠨ ᠭᠤᠳᠤᠮᠵᠢ᠎ᠳᠡᠬᠢ 《ᠠᠭᠠᠵᠢᠭᠤ ᠶᠠᠪᠤᠭᠠᠷᠠᠢ》 ᠭᠡᠬᠦ ᠰᠠᠨᠠᠭᠤᠯᠤᠮᠵᠢ᠂ ᠬᠡᠷᠡᠭ ᠵᠥᠪᠯᠡᠬᠦ ᠲᠢᠩᠬᠢᠮ ᠳ᠋ᠡᠬᠢ ᠡᠶ᠎ᠠ ᠨᠠᠢᠷᠠᠮᠳᠠᠭᠤ ᠪᠠᠢᠳᠠᠯ᠂ ᠪᠠᠶᠠᠷ᠎ᠤᠨ ᠡᠳᠦᠷ᠎ᠦᠨ ᠬᠣᠭᠣᠯᠠ ᠤᠮᠳᠠ᠂ ᠲᠤᠤᠷᠵᠢᠯ᠎ᠤᠨ ᠠᠵᠢᠯᠲᠠᠨ᠎ᠤ ᠠᠷᠠᠳ᠎ᠤᠨ ᠪᠠᠢᠳᠠᠯᠤᠨᠲᠤᠬᠠᠢ ᠲᠡᠮᠳᠡᠭᠯᠡᠯ ᠵᠡᠷᠭᠡ ᠨᠢ ᠡᠬᠦᠨ᠎ᠤ ᠬᠡᠷᠡᠴᠢᠯᠡᠯ ᠪᠤᠯᠤᠨ᠎ᠠ᠃ 《ᠠᠷᠠᠳ ᠲᠦᠮᠡᠨ》ᠪᠣᠯᠣᠨ《ᠪᠦᠯᠬᠦᠮᠳᠡᠯ ᠨᠢᠭᠳᠠᠷᠠᠯ》ᠠᠭᠤᠰᠤᠯᠴᠠᠨ᠂ ᠡᠳᠦᠷ ᠬᠤᠨᠤᠭ ᠦᠩᠭᠡᠷᠡᠬᠦ ᠲᠤᠰᠤᠮ ᠡᠨᠡ ᠬᠦ᠌ ᠬᠤᠳᠠ᠎ᠶᠢᠨ ᠬᠠᠮᠤᠭ᠎ᠤᠨ ᠬᠦᠨ ᠳᠡᠪᠢᠰᠬᠡᠷ ᠥᠩᠭᠡ ᠪᠣᠯᠤᠭᠰᠠᠨ ᠪᠠᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃