2026-10-26 11:32:04
ᠦᠩᠬᠡᠷᠡᠬᠦ ᠵᠤᠨᠢᠶᠡᠷ᠂ ᠰᠤᠷᠪᠤᠯᠵᠢᠯᠠᠭᠴᠢ ᠮᠠᠰᠢᠨ ᠲᠡᠷᠭᠡ ᠪᠠᠨ ᠵᠢᠯᠤᠭᠤᠳᠴᠤ ᠳᠠᠯᠠᠨ ᠬᠠᠷ᠎ᠠ ᠠᠭᠤᠯᠠ ᠶ᠋ᠢᠨ ᠡᠮᠦᠨ᠎ᠡ ᠬᠣᠷᠮᠣᠶ ᠳ᠋ᠤ ᠪᠠᠶ᠋ᠢᠷᠢᠯᠠᠵᠤ ᠪᠠᠶ᠋ᠢᠭ᠎ᠠ ᠬᠥᠬᠡᠬᠣᠲᠠ ᠶ᠋ᠢᠨ ᠬᠣᠲᠣᠩ ᠠᠷᠠᠳ ᠤ᠋ᠨ ᠲᠣᠭᠣᠷᠢᠭ ᠤ᠋ᠨ ᠶᠦᠮ ᠤ᠋ᠨ ᠪᠠᠢᠰᠢᠩ ᠪᠠᠯᠭᠠᠰᠤᠨ ᠤ᠋ ᠬᠣᠭᠣᠯᠠᠶ ᠭᠤᠤ ᠲᠣᠰᠬᠣᠨ ᠳ᠋ᠤ ᠬᠦᠷᠪᠠ᠃ ᠲᠣᠰᠬᠣᠨᠳᠤ ᠤᠷᠤᠬᠤᠯᠠᠷ᠂ ᠴᠢᠷᠠᠢ ᠲᠦᠬᠦᠷᠡᠡᠭ ᠢᠨᠢᠶᠠᠳᠤ ᠪᠢᠯᠬᠠᠭᠤᠯᠤᠭᠰᠠᠨ ᠪᠠᠯᠭᠠᠰᠤᠨ ᠤ᠋ ᠨᠠᠮ ᠤ᠋ᠨ ᠬᠣᠷᠢᠶᠠᠨ ᠤ᠋ ᠨᠢᠭᠡᠳᠦᠮᠡᠯ ᠹᠷᠣᠨᠲ ᠤ᠋ᠨ ᠭᠡᠰᠢᠭᠦᠨ ᠾᠧ ᠰᠢᠶᠤᠤ ᠵᠢᠶᠠᠨ ᠪᠢᠳᠠᠨᠢ ᠤᠭᠳᠤᠨ ᠠᠪᠤᠯ᠎ᠠ᠃
《ᠬᠤᠭᠤᠯᠠᠢ ᠭᠤᠤ ᠲᠣᠰᠬᠣᠨ ᠪᠣᠯ ᠵᠠᠭᠤ ᠭᠠᠷᠤᠢ ᠵᠢᠯ ᠤ᠋ᠨ ᠲᠡᠦᠬᠡᠲᠡᠶ ᠡᠷᠳᠡᠨᠤ ᠲᠣᠰᠬᠣᠨ ᠪᠠᠢᠵᠤ᠂ ᠴᠢᠩ ᠤᠯᠤᠰ ᠤ᠋ᠨ ᠦᠶ᠎ᠠ ᠵᠢᠨ ᠡᠷᠲᠡᠨ ᠤ᠋ ᠵᠠᠮ᠂ ᠡᠷᠲᠡᠨ ᠤ᠋ ᠰᠦᠮ᠎ᠡ ᠶ᠋ᠢᠨ ᠦᠯᠡᠳᠡᠭᠳᠡᠯ ᠤᠳᠤ ᠪᠣᠯᠲᠠᠯ᠎ᠠ ᠪᠦᠷᠢᠨ ᠪᠦᠲᠦᠨ ᠬᠠᠳᠠᠭᠠᠯᠠᠭᠳᠠᠵᠤ᠂ ᠬᠤᠪᠢᠰᠬᠠᠯᠲᠤ᠌ ᠰᠣᠶᠣᠯ ᠦᠶ᠎ᠡ ᠤᠯᠠᠷᠢᠨ ᠤᠯᠠᠮᠵᠢᠯᠠᠭᠳᠠᠨ᠂ ᠠᠷᠠᠳ ᠤ᠋ᠨ ᠵᠠᠩ ᠦᠢᠯᠡ ᠤᠤᠯ ᠬᠡᠪ ᠢ᠋ᠶ᠋ᠡᠷ ᠢ᠋ᠶ᠋ᠡᠨ ᠬᠠᠳᠠᠭᠠᠯᠠᠬᠳᠠᠵᠤ᠂ ᠦᠵᠡᠰᠭᠦᠯᠡᠨᠭᠲᠦ ᠰᠠᠢᠬᠠᠨ ᠠᠭᠤᠯᠠ ᠤᠰᠤ ᠲᠠᠢ ᠪᠦᠭᠡᠳ ᠭᠦᠨ ᠵᠤᠵᠠᠭᠠᠨ ᠰᠣᠶᠣᠯ ᠢᠷᠭᠡᠨᠰᠢᠯ ᠤ᠋ᠨ ᠠᠭᠤᠷ ᠠᠮᠢᠰᠬᠤᠯ ᠲᠠᠢ ᠪᠠᠢᠳᠠᠭ ᠡᠴᠡ ᠤᠳᠤ ᠬᠣᠲᠣᠩ ᠠᠷᠠᠳ ᠤ᠋ᠨ ᠲᠣᠭᠣᠷᠢᠭ ᠤ᠋ᠨ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ᠂ ᠲᠠᠷᠢᠶᠠᠯᠠᠩ ᠪᠠ ᠰᠣᠶᠣᠯ ᠵᠢᠭᠤᠯᠴᠢᠯᠠᠯ ᠢ᠋ ᠠᠭᠤᠰᠤᠯᠴᠠᠭᠤᠯᠬᠤ ᠭᠣᠣᠯᠳᠠᠯᠭ᠎ᠠ ᠲᠠᠢ ᠵᠢᠱ᠌ᠢᠢᠡ ᠦᠵᠡᠭᠦᠯᠬᠦ᠌ ᠲᠣᠰᠬᠣᠨ ᠪᠣᠯᠵᠠᠢ》 ᠭᠡᠵᠦ᠍ ᠾᠧ ᠰᠢᠶᠤᠤ ᠵᠢᠶᠠᠨ ᠬᠤᠭᠤᠯᠠᠢ ᠭᠤᠤ ᠲᠣᠰᠬᠣᠨ ᠤ᠋ ᠲᠤᠬᠠᠢ ᠲᠠᠨᠢᠯᠴᠠᠭᠤᠯᠪᠠ᠃
ᠲᠠᠷᠳᠠᠡᠭ ᠰᠠᠢᠬᠨᠨ ᠲᠣᠰᠬᠣᠨ ᠤ᠋ ᠵᠠᠮ ᠢ᠋ᠶ᠋ᠡᠷ ᠠᠯᠬᠤᠨ ᠶᠠᠪᠤᠬᠤᠯᠠᠷ ᠵᠠᠮᠲᠠᠭᠠᠤ ᠵᠢᠨ ᠬᠦᠭᠡᠷᠡᠨ ᠨᠤᠭᠤᠭᠠᠷᠠᠬᠤ ᠡᠪᠡᠰᠤ ᠮᠤᠳᠤ᠂ ᠬᠤᠶᠠᠷ ᠬᠠᠪᠢᠵᠢᠨ ᠲᠠᠷᠢ ᠲᠡᠭᠰᠢ ᠵᠢᠭᠳᠡᠷᠡᠭᠰᠡᠨ ᠬᠣᠶᠠᠷ ᠳᠠᠪᠬᠤᠷ ᠠᠰᠠᠷ ᠤ᠋ᠳ ᠲᠠᠷᠳᠡᠭᠡ ᠬᠤᠯᠡᠵᠢᠨ ᠬᠦᠬᠡᠷᠡᠨ ᠵᠠᠯᠭᠠᠯᠳᠤᠬᠰᠠᠨ ᠠᠭᠤᠯᠠᠰ ᠲᠠᠢ ᠦᠩᠭᠡ ᠢᠯᠭᠠᠷᠠᠨ ᠬᠠᠷᠠᠭᠳᠠᠵᠤ᠂ ᠵᠢᠷᠤᠭ ᠴᠦ᠍ ᠭᠡᠮᠡᠷᠭᠡᠨ ᠭᠤᠶᠤᠬᠠᠨ ᠪᠠᠢᠯ᠎ᠠ᠃
ᠬᠤᠭᠤᠯᠠᠢ ᠭᠤᠤ ᠲᠣᠰᠬᠣᠨ ᠤ᠋ ᠬᠣᠶ᠋ᠢᠲᠤ᠌ ᠵᠠᠬ᠎ᠠ ᠳ᠋ᠤ᠂ ᠠᠭᠤᠯᠠ ᠲᠦᠰᠢᠵᠦ᠍ ᠪᠠᠷᠢᠬᠰᠠᠨ ᠬᠡᠳᠦᠨ ᠬᠡᠷ ᠪᠠᠭᠤᠳᠠᠯᠤᠨ ᠬᠦᠷᠢᠶᠡᠨ ᠳ᠋ᠤ ᠣᠷᠣᠪᠠᠯ᠂ ᠬᠦᠬᠡ ᠴᠢᠯᠠᠭᠤ ᠪᠠᠷ ᠲᠠᠪᠢᠰᠦᠭᠰᠡᠨ ᠴᠤᠪᠤᠭ᠎ᠠ ᠵᠠᠮ ᠨᠣᠭᠣᠭᠠᠨ ᠵᠦᠯᠭᠡ ᠵᠢᠨ ᠲᠤᠮᠳᠠᠭᠤᠷ ᠰᠦᠯᠵᠢᠯᠳᠤᠵᠤ ᠂ ᠵᠦᠯᠭᠡ ᠶ᠋ᠢᠨ ᠬᠠᠵᠠᠭᠤ ᠪᠠᠷ ᠬᠤᠸᠠᠷ ᠴᠡᠴᠡᠭ ᠪᠠᠳᠠᠷᠠᠨ ᠲᠠᠯᠭᠡᠷᠡᠨᠠ᠃ ᠭᠡᠷ ᠳᠣᠲᠣᠷᠡᠬᠢ ᠵᠠᠰᠠᠯ ᠴᠢᠮᠡᠭᠯᠡᠯ ᠭᠡᠵᠤ ᠦᠪᠡᠷᠮᠢᠴᠠ ᠭᠤᠶᠤ᠂ ᠡᠪᠯᠢᠭ ᠲᠠᠭᠠᠳᠠᠢ ᠬᠠᠷᠠᠭᠳᠠᠨ᠎ᠠ᠃ ᠴᠣᠩᠬᠣ ᠪᠡᠷ ᠭᠠᠳᠠᠭᠰᠢ ᠪᠠᠷᠠᠯᠠᠪᠠᠯ ᠬᠦᠭᠡᠷᠡᠨ ᠰᠦᠨᠳᠠᠷᠯᠠᠬᠦ ᠠᠭᠤᠯᠠᠨ ᠤ᠋ ᠦᠵᠡᠮᠵᠢ ᠤᠨᠴᠠᠵᠢᠨ ᠭᠤᠶᠤᠬᠠᠨ ᠪᠠᠢᠵᠤ᠂ ᠰᠡᠨᠠᠭ᠎ᠠ ᠰᠡᠳᠬᠢᠯᠢ ᠪᠠᠶᠠᠰᠬᠠᠬᠤ ᠰᠠᠨ᠃
ᠬᠡᠬᠦᠳᠦ᠂ ᠬᠡᠳᠦᠨ ᠵᠢᠯ ᠤ᠋ᠨ ᠡᠮᠦᠨᠡᠬᠢ ᠬᠤᠭᠤᠯᠠᠢ ᠭᠤᠤ ᠲᠣᠰᠬᠣᠨ ᠬᠠᠷᠢᠨ ᠦᠭᠡᠷ᠎ᠠ ᠨᠢᠭᠡᠨ ᠦᠵᠡᠮᠵᠢ ᠲᠠᠢ ᠪᠠᠢᠭᠰᠠᠨ ᠶᠤᠮ᠃
ᠾᠧ ᠰᠢᠶᠤᠤ ᠵᠢᠶᠠᠨ᠄《ᠬᠤᠭᠤᠯᠠᠢ ᠭᠤᠤ ᠲᠣᠰᠬᠣᠨ ᠤ᠋ ᠬᠣᠶ᠋ᠢᠲᠤ᠌ ᠪᠡᠶ᠎ᠡ ᠨᠢ ᠳ᠋ᠤᠸᠠᠨ ᠵᠢᠶᠠ ᠶᠣᠣ ᠲᠣᠰᠬᠣᠨ ᠲᠠᠢ ᠵᠠᠬ᠎ᠠ ᠨᠡᠶ᠋ᠢᠯᠡᠵᠦ᠍᠂ ᠵᠡᠭᠦᠨ ᠲᠠᠯ᠎ᠠ ᠪᠡᠷ ᠢ᠋ᠶ᠋ᠡᠨ ᠶᠤᠸᠠᠨ ᠱᠠᠨ ᠽᠢ ᠲᠣᠰᠬᠣᠨ ᠲᠠᠢ ᠬᠦᠷᠰᠢᠯᠡᠵᠦ᠍᠂ ᠪᠠᠷᠠᠭᠤᠨ ᠡᠮᠦᠨ᠎ᠡ ᠲᠠᠯ᠎ᠠ ᠪᠡᠷ ᠢ᠋ᠶ᠋ᠡᠨ ᠵᠡᠭᠦᠨ ᠤᠰᠤᠲᠤ᠌ ᠲᠣᠰᠬᠣᠨ ᠲᠠᠢ ᠬᠥᠷᠰᠢᠯᠡᠵᠦ᠍᠂ ᠮᠤᠬᠤᠷ ᠭᠤᠤ ᠳ᠋ᠤ ᠪᠠᠢᠷᠢᠯᠠᠬᠰᠠᠨ ᠲᠤᠰᠬᠤᠨ ᠪᠤᠯᠤᠨ᠎ᠠ᠃ ᠬᠡᠳᠦᠶ᠋ᠢᠪᠡᠷ ᠲᠣᠰᠬᠣᠨ ᠤ᠋ ᠰᠣᠶᠣᠯ ᠤ᠋ᠨ ᠠᠭᠤᠯᠤᠬᠳᠠᠬᠤᠨ ᠭᠦᠨ ᠵᠤᠵᠠᠭᠠᠨ᠂ ᠤᠷᠭᠤᠮᠠᠯᠤᠨ ᠬᠤᠴᠢᠯᠭ᠎ᠠ ᠢᠭᠴᠤ᠌ ᠰᠠᠬᠤᠯᠢᠭ᠂ ᠥᠩᠭᠡ ᠦᠵᠡᠮᠵᠢ ᠭᠤᠶᠤ ᠪᠣᠯᠪᠠᠴᠤ᠌ ᠰᠣᠶᠣᠯ ᠵᠢᠭᠤᠯᠴᠢᠯᠠᠯ ᠤ᠋ᠨ ᠠᠵᠤ ᠦᠢᠯᠡᠰ ᠤ᠋ᠨ ᠢᠵᠢ ᠪᠥᠷᠢᠳᠦᠭᠦᠯᠦᠭᠰᠡᠨ ᠲᠥᠬᠥᠭᠡᠷᠦᠮᠵᠢ ᠲᠡᠭᠦᠯᠳᠡᠷ ᠪᠤᠰᠤ᠂ ᠵᠠᠮ ᠬᠠᠷᠢᠯᠴᠠᠭ᠎ᠠ ᠳᠥᠭᠥᠮ ᠦᠭᠡᠢ ᠵᠡᠷᠭᠡ ᠰᠢᠯᠳᠠᠭᠠᠨ ᠡᠴᠡ ᠪᠤᠯᠵᠤ ᠵᠢᠭᠤᠯᠴᠢᠯᠠᠬᠴᠢ ᠴᠥᠭᠡᠨ ᠪᠠᠶ᠋ᠢᠪᠠ》 ᠭᠡᠵᠤ ᠰᠤᠷᠪᠤᠯᠵᠢᠯᠠᠭᠴᠢ ᠳ᠋ᠤ ᠲᠤᠰᠬᠤᠨᠤ ᠦᠡᠭᠭᠡᠷᠡᠭᠰᠡᠨ ᠤ ᠪᠠᠢᠳᠠᠯᠢᠶᠡᠨ ᠲᠠᠨᠢᠯᠴᠠᠭᠤᠯᠵᠤ ᠭᠠᠷᠤᠯ᠎ᠠ᠃
ᠡᠬᠢ ᠪᠠᠶᠠᠯᠢᠭ ᠤ᠋ᠨ ᠳᠠᠪᠠᠭᠤᠯᠢᠭ ᠢ᠋ᠶ᠋ᠡᠨ ᠠᠵᠤ ᠦᠢᠯᠡᠰ ᠤ᠋ᠨ ᠳᠠᠪᠠᠭᠤᠯᠢᠭ ᠪᠤᠯᠭᠠᠨ ᠬᠤᠪᠢᠷᠠᠭᠤᠯᠬᠤ ᠠᠰᠠᠭᠤᠳᠠᠯ ᠢ᠋ ᠬᠡᠷᠬᠢᠨ ᠰᠢᠢᠳᠪᠦᠷᠢᠯᠡᠪᠠ?2025 ᠣᠨ ᠡᠴᠡ ᠡᠬᠢᠯᠡᠵᠦ᠍᠂ ᠬᠣᠲᠣᠩ ᠠᠷᠠᠳ ᠤ᠋ᠨ ᠲᠣᠭᠣᠷᠢᠭ ᠤ᠋ᠨ ᠬᠢᠨ ᠬᠤᠭᠤᠯᠠᠢ ᠭᠤᠤᠯ ᠲᠣᠰᠬᠣᠨᠤ ᠰᠤᠯᠠ ᠲᠠᠯᠪᠢᠭᠳᠠᠵᠤ ᠪᠠᠶ᠋ᠢᠭ᠎ᠠ ᠡᠬᠢ ᠪᠠᠶᠠᠯᠢᠭ ᠢ᠋ ᠵᠠᠬ᠎ᠠ ᠳᠡᠯᠭᠡᠭᠦᠷᠴᠢᠯᠡᠨ ᠠᠰᠢᠬᠯᠠᠬᠤ᠂ ᠬᠥᠳᠡᠭᠡ ᠲᠣᠰᠬᠣᠨ ᠤ᠋ ᠣᠬᠢ ᠰᠢᠯᠢᠳᠡᠭ ᠭᠡᠷ ᠪᠠᠭᠤᠳᠠᠯᠢ ᠴᠣᠭᠴᠠᠯᠠᠨ ᠪᠠᠶ᠋ᠢᠭᠤᠯᠬᠤ᠂ ᠪᠦᠬᠦᠢᠯᠡ ᠲᠤᠰᠬᠤᠨ ᠳ᠋ᠤ ᠡᠷᠡᠭᠦᠯᠵᠢᠯ ᠰᠤᠪᠢᠯᠠᠯᠲᠠ ᠶ᠋ᠢᠨ ᠬᠥᠳᠡᠭᠡ ᠲᠣᠰᠬᠣᠨ ᠤ᠋ ᠪᠥᠲᠥᠭᠡᠨ ᠪᠠᠶ᠋ᠢᠭᠤᠯᠤᠯᠲᠠ ᠶ᠋ᠢᠨ ᠲᠥᠷᠥᠯ ᠵᠦᠢᠯ ᠢ᠋ ᠠᠬᠢᠭᠤᠯᠬᠤ ᠵᠡᠷᠭᠡ ᠠᠵᠢᠯᠢ ᠡᠷᠴᠢᠮᠳᠠᠢ ᠦᠷᠨᠢᠬᠦᠯᠵᠤ᠂ ᠡᠨᠡ ᠬᠦ᠌ ᠵᠠᠭᠤᠨ ᠵᠢᠯ ᠤ᠋ᠨ ᠡᠷᠲᠡᠨ ᠤ᠋ ᠲᠣᠰᠬᠣᠨ ᠳ᠋ᠤ ᠬᠥᠭᠵᠢᠯᠲᠡ ᠶ᠋ᠢᠨ ᠠᠵᠠ ᠲᠣᠬᠢᠶᠠᠯ ᠢ᠋ ᠠᠪᠴᠢᠷᠠᠪᠠ᠃
《 ᠪᠦᠬᠦ᠌ ᠲᠣᠰᠬᠣᠨ ᠤ᠋ ᠰᠤᠯᠠ ᠲᠠᠯᠪᠢᠭᠳᠠᠵᠤ ᠪᠠᠢᠭ᠎ᠠ 45 ᠤᠷᠤᠨ ᠰᠠᠭᠤᠴᠠ ᠪᠠ ᠬᠦᠷᠢᠶ᠎ᠡ ᠬᠠᠰᠢᠶ᠎ᠠ ᠵᠢ ᠠᠰᠢᠬᠯᠠᠵᠤ᠂ ᠬᠡᠷ ᠪᠠᠭᠤᠳᠠᠯᠢ ᠤᠷᠤᠭᠤᠯᠤᠨ ᠠᠪᠴᠢᠷᠠᠵᠤ᠂ ᠠᠮᠲᠠᠲᠤ᠌ ᠢᠳᠡᠭᠡᠨ ᠤ᠋ ᠵᠡᠭᠡᠯᠢ ᠪᠣᠯᠤᠨ 12 ᠺᠢᠯᠤᠮᠸᠲᠷ ᠤ᠋ᠨ ᠠᠮᠢ ᠠᠬᠤᠢ ᠶ᠋ᠢᠨ ᠵᠢᠭᠤᠯᠴᠢᠯᠠᠯ ᠤ᠋ᠨ ᠪᠦᠰᠡ ᠵᠢ ᠪᠠᠶ᠋ᠢᠭᠤᠯᠵᠤ᠂〈ᠬᠠᠪᠤᠷ ᠭᠦᠢᠯᠡᠰᠦᠨ ᠴᠡᠴᠡᠭ ᠰᠣᠨᠢᠷᠬᠠᠬᠤ᠂ ᠵᠤᠨ ᠰᠣᠷᠭᠣᠭ ᠵᠢᠮᠢᠰ ᠲᠡᠭᠦᠬᠦ᠌᠂ ᠲᠦᠷᠪᠡᠨ ᠤᠯᠠᠷᠢᠯ ᠳ᠋ᠤ ᠰᠡᠯᠡᠭᠦᠴᠡᠨ ᠲᠤᠭᠤᠷᠢᠬᠤ〉 ᠪᠦᠬᠦ᠌ ᠤᠯᠠᠷᠢᠯ ᠤ᠋ᠨ ᠪᠦᠬᠦ᠌ ᠡᠵᠡᠩᠨᠡᠯᠲᠡ ᠶ᠋ᠢᠨ ᠬᠡᠯᠪᠡᠷᠢ ᠶ᠋ᠢᠨ ᠵᠢᠭᠤᠯᠴᠢᠯᠠᠯ ᠤ᠋ᠨ ᠪᠠᠶ᠋ᠢᠷᠢᠰᠢᠯ ᠢ᠋ ᠪᠦᠷᠢᠯᠳᠦᠭᠦᠯᠵᠡᠢ᠃ ᠲᠣᠰᠬᠣᠨ ᠤ᠋ ᠡᠶ᠎ᠡ ᠵᠤᠬᠢᠴᠠᠨᠭᠭᠤᠢ ᠦᠵᠡᠰᠬᠦᠯᠡᠩᠲᠦ᠍ ᠰᠠᠶ᠋ᠢᠬᠠᠨ ᠬᠥᠳᠡᠭᠡ ᠲᠣᠰᠬᠣᠨ ᠤ᠋ ᠵᠢᠱ᠌ᠢᠢᠡ ᠦᠵᠡᠭᠦᠯᠬᠦ᠌ ᠲᠦᠷᠦᠯ ᠵᠦᠢᠯ ᠤ᠋ᠨ ᠪᠦᠳᠦᠭᠡᠨ ᠪᠠᠶ᠋ᠢᠭᠤᠯᠤᠯᠲᠠ ᠲᠠᠢ ᠤᠶᠠᠯᠳᠤᠭᠤᠯᠵᠤ᠂ ᠲᠣᠰᠬᠣᠨ ᠤ᠋ ᠳᠣᠲᠣᠷᠠᠬᠢ 37 ᠣᠷᠣᠨ ᠰᠠᠭᠤᠴᠠ ᠶ᠋ᠢᠨ ᠭᠠᠵᠠᠷ ᠲᠦ᠍ ᠰᠢᠰᠲᠸᠮ ᠲᠠᠢ ᠥᠭᠡᠷᠡᠴᠢᠯᠡᠯᠲᠡ ᠬᠢᠵᠦ᠍᠂ ᠡᠷᠲᠡᠨ ᠤ᠋ ᠪᠠᠷᠢᠯᠭ᠎ᠠ ᠶ᠋ᠢᠨ ᠬᠡᠪ ᠨᠠᠮᠪᠠ ᠲᠠᠢ ᠬᠡᠷ ᠪᠠᠭᠤᠳᠠᠯᠤᠨ ᠪᠦᠯᠦᠭᠵᠢᠯ ᠢ᠋ ᠪᠤᠢ ᠪᠣᠯᠭᠠᠵᠤ᠂ ᠡᠷᠡᠭᠦᠯᠵᠢᠯ ᠰᠤᠪᠢᠯᠠᠯᠲᠠ ᠶ᠋ᠢᠨ ᠬᠦᠷᠢᠶᠡᠯᠡᠩ ᠲᠣᠭᠣᠷᠢᠭ ᠲᠠᠢ ᠬᠣᠯᠪᠣᠭᠠᠯᠠᠨ ᠬᠥᠳᠡᠯᠦᠯᠴᠡᠵᠦ᠍᠂ ᠬᠡᠷ ᠪᠠᠭᠤᠳᠠᠯ ᠳ᠋ᠤ ᠠᠮᠠᠷᠠᠯᠲᠠ ᠪᠠᠨ ᠦᠨᠭᠭᠡᠷᠡᠭᠦᠯᠬᠦ᠂ ᠬᠢᠲᠠᠳ ᠡᠮᠨᠡᠯᠭᠡ ᠶ᠋ᠢᠨ ᠡᠷᠡᠭᠦᠯᠵᠢᠯ ᠰᠤᠪᠢᠯᠠᠯᠲᠠ᠂ ᠲᠠᠷᠢᠶᠠᠯᠠᠭ᠎ᠠ ᠶ᠋ᠢ ᠪᠡᠶᠡᠴᠢᠯᠡᠨ ᠤᠢᠯᠠᠭᠠᠬᠤ᠂ ᠠᠷᠠᠳ ᠤ᠋ᠨ ᠵᠠᠩ ᠦᠢᠯᠡ ᠶ᠋ᠢᠨ ᠰᠡᠯᠡᠭᠦᠴᠡᠯ ᠤ᠋ᠨ ᠪᠦᠷᠢᠨ ᠪᠦᠲᠦᠨ ᠡᠵᠡᠩᠨᠡᠯᠲᠡ ᠶ᠋ᠢᠨ ᠬᠡᠯᠪᠡᠷᠢ ᠵᠢ ᠪᠦᠷᠢᠯᠳᠦᠭᠦᠯᠵᠡᠢ》 ᠭᠡᠵᠦ᠍ ᠾᠧ ᠰᠢᠶᠤᠤ ᠵᠢᠶᠠᠨ ᠲᠠᠨᠢᠯᠴᠠᠭᠤᠯᠪᠠ᠃
ᠴᠠᠩ ᠯᠢᠨ ᠬᠡᠷ ᠪᠠᠭᠤᠳᠠᠯᠤᠨ 2 ᠳ᠋ᠤᠭᠠᠷ ᠬᠦᠷᠢᠶᠡᠨ ᠳ᠋ᠤ ᠰᠤᠷᠪᠤᠯᠵᠢᠯᠠᠭᠴᠢ ᠳ᠋ᠠᠯᠢᠶᠠᠨ ᠬᠤᠲᠠ ᠡᠴᠡ ᠢᠷᠡᠭᠰᠡᠨ ᠵᠢᠭᠤᠯᠴᠢᠯᠠᠬᠴᠢ ᠹᠠᠩ ᠠᠪᠠᠬᠠᠢ ᠲᠠᠢ ᠲᠠᠭᠠᠷᠠᠯᠳᠤᠪᠠ᠃ 《ᠮᠢᠨᠦ᠍ ᠬᠠᠮᠲᠤ᠌ ᠰᠤᠷᠤᠯᠭᠠᠲᠠᠨ ᠡᠨᠡ ᠭᠠᠵᠠᠷ ᠢ᠋ ᠲᠠᠨᠢᠯᠴᠠᠭᠤᠯᠵᠤ ᠥᠭᠴᠡᠢ᠃ ᠡᠨᠳᠠᠬᠢ ᠰᠢᠨ᠎ᠡ ᠰᠣᠷᠭᠣᠭ ᠠᠭᠤᠷ ᠠᠮᠢᠰᠬᠤᠯ᠂ ᠢᠭᠴᠤ᠌ ᠰᠠᠬᠤᠯᠢᠭ ᠤᠢ ᠮᠤᠳᠤ᠂ ᠦᠪᠡᠷᠮᠢᠴᠠ ᠭᠤᠶᠤ ᠠᠢᠯ ᠲᠣᠰᠬᠣᠨ᠂ ᠦᠳᠡᠰᠢ ᠶ᠋ᠢᠨ ᠤᠬᠲᠠᠷᠭᠤᠢ ᠶ᠋ᠢᠨ ᠭᠢᠯᠠᠯᠵᠠᠭᠰᠠᠨ ᠣᠳᠣᠨ ᠮᠡᠴᠢᠳ ᠵᠡᠷᠭᠡ ᠨᠢ ᠮᠢᠨᠤ ᠬᠦᠰᠡᠨ ᠬᠦᠭᠡᠭᠡᠴᠡᠯᠳᠤᠵᠤ ᠪᠠᠢᠭᠰᠠᠨ ᠦᠵᠡᠮᠵᠢ ᠪᠣᠯᠤᠨ᠎ᠠ》 ᠭᠡᠵᠦ ᠲᠡᠷᠡ ᠪᠠᠶᠠᠷᠲᠠᠢ ᠬᠡᠯᠡᠨ᠎ᠠ᠃
ᠤᠢ᠌ᠷ᠎ᠠ ᠶ᠋ᠢᠨ ᠵᠢᠯ ᠡᠴᠡ ᠨᠠᠭᠠᠰᠢ ᠂ ᠬᠣᠲᠣᠩ ᠠᠷᠠᠳ ᠤ᠋ᠨ ᠲᠣᠭᠣᠷᠢᠭᠤᠨ ᠬᠢᠨ ᠥᠪᠡᠷᠮᠢᠴᠡ ᠬᠥᠳᠡᠭᠡ ᠲᠣᠰᠬᠣᠨ ᠤ᠋ ᠡᠬᠢ ᠪᠠᠶᠠᠯᠢᠭ ᠤ᠋ᠨ ᠳᠠᠪᠠᠭᠤᠯᠢᠭ ᠢ᠋ᠶ᠋ᠡᠨ ᠭᠦᠢᠴᠡᠳ ᠪᠠᠳᠠᠷᠠᠭᠤᠯᠵᠤ ᠂ ᠭᠠᠵᠠᠷ ᠣᠷᠣᠨ ᠤ᠋ ᠪᠠᠶ᠋ᠢᠳᠠᠯ ᠳ᠋ᠠᠭᠠᠨ ᠲᠤᠬᠢᠷᠠᠭᠤᠯᠤᠨ ᠰᠤᠯᠠ ᠲᠠᠯᠪᠢᠭᠳᠠᠵᠤ ᠪᠠᠶ᠋ᠢᠭ᠎ᠠ ᠡᠳ᠋ ᠬᠦᠷᠦᠩᠭᠡ ᠪᠠᠨ ᠠᠰᠢᠬᠯᠠᠯᠳᠠᠳᠤ ᠤᠷᠤᠭᠤᠯᠵᠤ ᠂ ᠲᠠᠷᠢᠶᠠᠯᠠᠩ ᠪᠠ ᠰᠤᠶᠤᠯ ᠵᠢᠭᠤᠯᠴᠢᠯᠠᠯ ᠤ᠋ᠨ ᠠᠭᠤᠰᠤᠯᠴᠠᠯ ᠂ ᠡᠷᠡᠭᠦᠯᠵᠢᠯ ᠰᠤᠪᠢᠯᠠᠯᠲᠠ ᠵᠡᠷᠭᠡ ᠤᠯᠠᠨ ᠲᠠᠯ᠎ᠠ ᠶ᠋ᠢᠨ ᠪᠡᠶᠡᠴᠢ ᠣᠶ᠋ᠢᠯᠠᠭᠠᠯᠲᠠ ᠳ᠋ᠤ ᠠᠩᠬᠠᠷᠤᠯ ᠢ᠋ᠶ᠋ᠡᠨ ᠲᠥᠪᠯᠡᠷᠡᠭᠦᠯᠵᠦ᠍᠂ 《ᠭᠡᠷ ᠪᠠᠭᠤᠳᠠᠯ + ᠰᠤᠳᠤᠯᠤᠨ ᠰᠤᠷᠤᠯᠴᠠᠬᠤ》᠂ 《ᠬᠡᠷ ᠪᠠᠭᠤᠳᠠᠯ + ᠰᠤᠶᠤᠯᠤᠨ ᠪᠦᠲᠦᠭᠡᠭᠳᠡᠬᠦᠨ》᠂ 《ᠬᠡᠷ ᠪᠠᠭᠤᠳᠠᠯ + ᠡᠷᠡᠭᠦᠯᠵᠢᠯ ᠰᠤᠪᠢᠯᠠᠯᠲᠠ》᠂ 《ᠬᠡᠷ ᠪᠠᠭᠤᠳᠠᠯ + ᠪᠣᠳᠠᠰ ᠤ᠋ᠨ ᠪᠤᠰᠤ ᠰᠣᠶᠣᠯ ᠤ᠋ᠨ ᠥᠪ》 ᠵᠡᠷᠭᠡ ᠬᠣᠯᠪᠣᠯᠳᠤᠭᠰᠠᠨ ᠬᠥᠭᠵᠢᠯᠲᠡ ᠶ᠋ᠢᠨ ᠵᠠᠭᠪᠤᠷ ᠢ᠋ ᠬᠠᠶ᠋ᠢᠨ ᠰᠦᠪᠡᠭᠴᠢᠯᠡᠪᠡ᠃ ᠡᠲᠡᠭᠡᠷ ᠳᠠᠯᠠᠨ ᠬᠠᠷ᠎ᠠ ᠠᠭᠤᠯᠠᠵᠢᠨ ᠬᠤᠷᠮᠤᠢᠳᠤ ᠪᠠᠢᠭ᠎ᠠ ᠥᠪᠡᠷᠮᠢᠴᠡ ᠤᠨᠴᠠᠯᠢᠬᠳᠤ ᠭᠡᠷ ᠪᠠᠭᠤᠳᠠᠯ ᠨᠢ ᠵᠥᠪᠬᠡᠨ ᠲᠠᠭᠠᠯᠠᠮᠵᠢᠲᠠᠶ ᠣᠷᠣ ᠬᠠᠩᠭᠠᠬᠤ ᠭᠠᠵᠠᠷ ᠪᠢᠰᠢ᠂ ᠬᠠᠷᠢᠨ ᠰᠣᠶᠣᠯ ᠤ᠋ᠨ ᠳᠤᠷᠠᠳᠬᠠᠯ ᠢ᠋ ᠠᠴᠢᠶᠠᠯᠠᠭᠰᠠᠨ᠂ ᠥᠪᠡᠷᠮᠢᠴᠡ ᠤᠨᠴᠠᠯᠢᠭ ᠢ᠋ ᠢᠯᠡᠷᠡᠭᠦᠯᠦᠭᠰᠡᠨ 《ᠣᠶᠤᠨ ᠰᠠᠨᠠᠭᠠᠨ ᠤ᠋ ᠣᠷᠣᠰᠢᠨ ᠠᠮᠢᠳᠤᠷᠠᠬᠤ ᠭᠠᠵᠠᠷ》 ᠢ᠋ ᠴᠤᠬᠴᠠᠯᠠᠬᠤ ᠪᠠᠷ ᠴᠢᠷᠮᠠᠢᠵᠤ᠂ ᠨᠠᠩ ᠴᠦ᠍ ᠲᠣᠰᠬᠣᠨ ᠤ᠋ ᠠᠷᠠᠳ ᠤ᠋ᠨ ᠣᠷᠣᠯᠭ᠎ᠠ ᠵᠢ ᠨᠡᠮᠡᠭᠳᠡᠭᠦᠯᠬᠦ᠌ ᠂ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠵᠢ ᠠᠬᠢᠭᠤᠯᠬᠤ 《 ᠬᠦᠳᠡᠯᠭᠡᠭᠦᠷ》 ᠪᠣᠯᠤᠬᠰᠠᠨ ᠪᠠᠢᠨ᠎ᠠ᠃
《ᠵᠢᠭᠤᠯᠴᠢᠯᠠᠬᠰᠠᠳ ᠭᠡᠷ ᠪᠠᠭᠤᠳᠠᠯ ᠳ᠋ᠤ ᠪᠠᠭᠤᠳᠠᠯᠯᠠᠭᠰᠠᠨᠤ ᠳᠠᠷᠠᠭ᠎ᠠ᠂ ᠲᠣᠰᠬᠣᠨ ᠢ᠋ᠶ᠋ᠡᠷ ᠲᠣᠭᠣᠷᠢᠨ᠂ ᠠᠭᠤᠯᠠᠨ ᠦᠵᠡᠮᠵᠢ ᠵᠢ ᠰᠤᠨᠢᠷᠬᠠᠨ᠂ ᠰᠢᠯᠢᠮᠳᠡᠭ ᠤ᠋ᠨ ᠴᠡᠴᠡᠭ ᠰᠣᠨᠢᠷᠬᠠᠵᠤ᠂ ᠪᠡᠶᠡᠴᠢᠯᠡᠨ ᠣᠶ᠋ᠢᠯᠠᠭᠠᠬᠤ ᠵᠦᠢᠯᠡᠰ ᠣᠯᠠᠨ ᠪᠠᠢᠵᠤ᠂ ᠬᠡᠷᠡᠭᠯᠡᠭᠡ ᠠᠶᠠᠨᠳᠠᠭᠠᠨ ᠳᠡᠭᠡᠭᠰᠢᠯᠡᠨ᠎ᠡ᠃ ᠭᠡᠷ ᠪᠠᠭᠤᠳᠠᠯᠤᠨ ᠪᠦᠯᠦᠭᠵᠢᠯ ᠵᠠᠭᠤ ᠭᠠᠷᠤᠶ ᠠᠵᠢᠯ ᠤ᠋ᠨ ᠪᠠᠶ᠋ᠢᠷᠢ ᠬᠠᠩᠭᠠᠵᠤ᠂ ᠲᠣᠰᠬᠣᠨ ᠤ᠋ ᠬᠠᠮᠲᠤ᠌ ᠶ᠋ᠢᠨ ᠵᠢᠯ ᠳᠤᠮᠳᠠᠴᠢ ᠵᠢᠨ ᠣᠷᠣᠯᠭ᠎ᠠ ᠶ᠋ᠢᠨ ᠨᠡᠮᠡᠭᠳᠡᠯ ᠢ᠋ 50 ᠲᠦᠮᠡᠨ ᠲᠥᠭᠥᠷᠢᠭ ᠳᠠᠶ᠋ᠢᠴᠢᠯᠠᠪᠠ》 ᠭᠡᠵᠦ ᠾᠧ ᠰᠢᠶᠤᠤ ᠵᠢᠶᠠᠨ ᠡᠨᠡ ᠬᠦ᠌ ᠠᠵᠤ ᠠᠬᠤᠢ ᠶ᠋ᠢᠨ ᠳᠠᠨᠭᠰᠠ ᠶ᠋ᠢᠨ ᠲᠤᠬᠠᠢ ᠰᠤᠷᠪᠤᠯᠵᠢᠯᠠᠬᠴᠢ ᠳ᠋ᠤ ᠲᠤᠭᠠᠴᠢᠵᠤ ᠦᠭᠪᠡ ᠃
ᠰᠤᠷᠪᠤᠯᠵᠢᠯᠠᠭᠴᠢ ᠶ᠋ᠢᠨ ᠣᠶ᠋ᠢᠯᠠᠭᠠᠭᠰᠠᠨ ᠢ᠋ᠶ᠋ᠡᠷ᠂ ᠲᠠᠷᠠᠭᠠᠴᠢ ᠪᠠᠷ ᠬᠤᠭᠤᠯᠠᠢ ᠭᠤᠤ ᠲᠣᠰᠬᠣᠨᠤ ᠬᠢᠨ ᠳᠠᠯᠠᠨ ᠬᠠᠷ᠎ᠠ ᠠᠭᠤᠯᠠ ᠶ᠋ᠢᠨ ᠠᠮᠢ ᠠᠬᠤᠶ ᠶ᠋ᠢᠨ ᠡᠬᠢ ᠪᠠᠶᠠᠯᠢᠭ᠂ ᠬᠤᠪᠢᠰᠬᠠᠯ ᠤ᠋ᠨ ᠰᠣᠶᠣᠯ ᠤ᠋ᠨ ᠡᠬᠢ ᠪᠠᠶᠠᠯᠢᠭ᠂ ᠡᠷᠲᠡᠨ ᠤ᠋ ᠲᠣᠰᠬᠣᠨ ᠤ᠋ ᠡᠬᠢ ᠪᠠᠶᠠᠯᠢᠭ ᠵᠡᠷᠭᠡ ᠭᠤᠷᠪᠠᠨ ᠶᠡᠬᠡ ᠭᠤᠤᠯᠯᠠᠬᠤ ᠳᠠᠪᠠᠭᠤᠯᠢᠭ ᠲᠠᠭᠠᠨ ᠲᠦᠰᠢᠭᠯᠡᠨ᠂ ᠠᠮᠢ ᠠᠬᠤᠶ ᠶ᠋ᠢᠨ ᠨᠣᠭᠣᠭᠠᠷᠠᠭᠤᠯᠤᠯᠲᠠ ᠪᠠ ᠣᠷᠣᠰᠢᠨ ᠰᠠᠭᠤᠷᠢᠰᠢᠬᠤ ᠣᠷᠴᠢᠨ ᠨᠥᠬᠥᠴᠡᠯ ᠤ᠋ᠨ ᠶᠠᠰᠤ ᠴᠢᠨᠠᠷ ᠢ᠋ ᠳᠡᠭᠡᠭᠰᠢᠯᠡᠭᠦᠯᠬᠦ᠌ ᠵᠢ ᠦᠷᠭᠦᠯᠵᠢᠯᠡᠨ ᠠᠬᠢᠭᠤᠯᠵᠤ ᠂ ᠠᠷᠠᠳ ᠤ᠋ᠨ ᠰᠠᠭᠤᠴᠠ ᠶ᠋ᠢᠨ ᠰᠣᠶᠣᠯ ᠵᠢᠭᠤᠯᠴᠢᠯᠠᠯ ᠤ᠋ᠨ ᠠᠵᠤ ᠦᠢᠯᠡᠰ ᠢ᠋ ᠲᠠᠰ ᠳᠡᠪᠰᠢᠭᠦᠯᠦᠨ᠂ ᠥᠪᠡᠷᠲᠡᠭᠡᠨ ᠵᠠᠰᠠᠬᠤ ᠣᠷᠣᠨ ᠤ᠋ ᠲᠠᠰ ᠤ᠋ᠨ ᠣᠶ ᠰᠢᠭᠤᠶ ᠶ᠋ᠢᠨ ᠬᠥᠳᠡᠭᠡ ᠲᠣᠰᠬᠣᠨ ᠪᠠ ᠬᠥᠳᠡᠭᠡ ᠲᠣᠰᠬᠣᠨ ᠢ᠋ ᠴᠢᠨᠠᠷ ᠰᠠᠶ᠋ᠢᠲᠠᠶ ᠬᠥᠭᠵᠢᠭᠦᠯᠦᠨ ᠮᠠᠨᠳᠤᠭᠤᠯᠬᠤ ᠵᠢᠱ᠌ᠢᠶ᠎ᠡ ᠦᠵᠡᠭᠦᠯᠬᠦ᠌ ᠲᠣᠰᠬᠣᠨ ᠢ᠋ ᠪᠥᠬᠥ᠌ ᠬᠦᠴᠦᠨ ᠢ᠋ᠶ᠋ᠡᠷ ᠢ᠋ᠶ᠋ᠡᠨ ᠴᠤᠬᠴᠠᠯᠠᠬᠤ ᠪᠤᠯᠤᠨ᠎ᠠ᠃
[ᠰᠤᠷᠪᠤᠯᠵᠢᠯᠠᠭᠴᠢ ᠶ᠋ᠢᠨ ᠡᠪᠦᠷ ᠲᠡᠮᠳᠡᠭᠯᠡᠯ]
ᠰᠤᠶᠤᠯ ᠵᠢᠭᠤᠯᠴᠢᠯᠠᠯ ᠤ᠋ᠨ ᠠᠵᠤ ᠦᠢᠯᠡᠰ ᠤ᠋ᠨ ᠬᠦᠭᠵᠢᠯᠲᠡ ᠵᠢ ᠳᠠᠭᠠᠯᠳᠤᠨ᠂ ᠬᠤᠭᠤᠯᠠᠢ ᠭᠤᠤ ᠲᠣᠰᠬᠣᠨ ᠤ᠋ ᠠᠷᠠᠳ ᠥᠩᠭᠡᠷᠡᠭᠰᠡᠨ ᠤ᠋ 《ᠶᠠᠳᠠᠭᠤ》ᠮᠠᠯᠠᠭᠠᠢ ᠪᠠᠨ ᠠᠪᠴᠤ᠂ ᠤᠳᠤ ᠪᠠᠶᠠᠨ ᠴᠢᠨᠡᠭᠡᠯᠢᠭ ᠠᠮᠢᠳᠤᠷᠠᠯ ᠢ᠋ ᠡᠳ᠋ᠯᠡᠬᠦ ᠪᠤᠯᠵᠠᠢ᠃
ᠬᠤᠭᠤᠯᠠᠢ ᠭᠤᠤ ᠲᠣᠰᠬᠣᠨ ᠤ᠋ ᠬᠤᠪᠢᠷᠠᠯᠲᠠ ᠨᠢ ᠬᠣᠲᠣᠩ ᠠᠷᠠᠳ ᠤ᠋ᠨ ᠲᠣᠭᠣᠷᠢᠭ ᠤ᠋ᠨ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠶ᠋ᠢᠨ ᠠᠮᠢᠳᠤᠯᠢᠭ ᠬᠤᠷᠢᠶᠠᠩᠭᠤᠢ ᠵᠢᠷᠤᠭᠯᠠᠯ ᠪᠠᠢᠵᠤ᠂ ᠰᠣᠶᠣᠯ ᠤ᠋ᠨ ᠰᠤᠳᠠᠰᠤ ᠵᠢ ᠪᠠᠲᠤ᠌ ᠰᠠᠬᠢᠭᠰᠠᠨ ᠰᠠᠭᠤᠷᠢᠨ ᠳᠡᠭᠡᠷ᠎ᠡ᠂ ᠠᠮᠢ ᠠᠬᠤᠢ ᠶ᠋ᠢᠨ ᠳᠠᠪᠠᠭᠤᠯᠢᠭ ᠢ᠋ ᠬᠥᠭᠵᠢᠯᠲᠡ ᠶ᠋ᠢᠨ ᠳᠠᠪᠠᠭᠤᠯᠢᠭ ᠪᠤᠯᠭᠠᠬᠰᠠᠨ ᠠᠷᠠᠳ ᠢ᠋ ᠪᠠᠶᠠᠵᠢᠭᠤᠯᠬᠤ ᠦᠯᠢᠭᠡᠷ ᠲᠠᠭᠤᠷᠢᠶᠠᠯ ᠪᠣᠯᠬᠤ ᠶᠤᠮ᠃
ᠰᠤᠷᠪᠤᠯᠵᠢᠯᠠᠭ᠎ᠠ ᠳᠤᠮᠳᠠ᠂ ᠦᠨᠳᠦᠰᠦᠨ ᠱᠠᠲᠤᠨ ᠤ᠋ ᠺᠠᠳ᠋ᠷᠴᠤᠳ ᠤ᠋ᠨ ᠡᠶ᠎ᠡ ᠵᠤᠬᠢᠴᠠᠨᠭᠭᠤᠢ ᠦᠵᠡᠰᠬᠦᠯᠡᠩᠲᠦ᠍ ᠰᠠᠶ᠋ᠢᠬᠠᠨ ᠬᠥᠳᠡᠭᠡ ᠲᠣᠰᠬᠣᠨ ᠤ᠋ ᠪᠥᠲᠥᠭᠡᠨ ᠪᠠᠶ᠋ᠢᠭᠤᠯᠤᠯᠲᠠ ᠶ᠋ᠢᠨ ᠲᠤᠬᠠᠶ ᠲᠠᠨᠢᠯᠴᠠᠭᠤᠯᠬᠤ ᠦᠶ᠎ᠡ ᠶ᠋ᠢᠨ ᠴᠣᠭ ᠵᠢᠪᠬᠤᠭ᠎ᠠ ᠵᠢᠴᠢ ᠵᠢᠭᠤᠯᠴᠢᠯᠠᠭᠰᠠᠳ ᠤ᠋ᠨ ᠲᠤᠰᠬᠤᠨᠤ ᠦᠡᠭᠭᠡ ᠦᠵᠡᠮᠵᠢ ᠬᠡᠷ ᠪᠠᠭᠤᠳᠠᠯᠤᠨ ᠲᠤᠬᠠᠶ ᠪᠠᠶᠠᠴᠢᠯᠠᠨ ᠤᠢᠯᠠᠭᠠᠯᠳᠠᠵᠢᠨ ᠪᠠᠶᠠᠷ ᠪᠠᠬᠠᠳᠤᠯ ᠨᠢ ᠴᠦᠮ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠳᠦ ᠡᠷᠬᠡᠪᠰᠢ ᠪᠣᠳᠠᠲᠤ᠌ ᠪᠠᠶ᠋ᠢᠳᠠᠯ ᠳᠦ ᠰᠠᠭᠤᠷᠢᠯᠠᠨ᠂ ᠭᠠᠵᠠᠷ ᠣᠷᠣᠨ ᠤ᠋ ᠪᠠᠶ᠋ᠢᠳᠠᠯ ᠳ᠋ᠠᠭᠠᠨ ᠲᠣᠬᠢᠷᠠᠭᠤᠯᠬᠤ ᠬᠡᠷᠡᠭᠲᠡᠶ ᠭᠡᠳᠡᠭ ᠤᠴᠢᠷ ᠶᠤᠰᠤ ᠵᠢ ᠪᠢᠳᠡᠨ ᠳ᠋ᠤ ᠭᠦᠨ ᠤᠢᠯᠠᠭᠠᠭᠤᠯᠪᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃