ᠭᠣᠣᠯ ᠰᠡᠳᠦᠪᠲᠦ ᠮᠡᠳᠡᠭᠡᠯᠡᠯ > ᠮᠣᠩᠭᠣᠯ ᠮᠣᠷᠢᠨ᠎ᠤ᠋ ᠵᠣᠷᠢᠭ ᠰᠠᠨᠠᠭ᠎ᠠ᠎ᠶ᠋ᠢ ᠪᠠᠳᠠᠷᠠᠭᠤᠯᠤᠶ᠎ᠠ

2026-10-28 10:28:40

ᠵᠣᠬᠢᠶᠠᠭ᠍ᠴᠢ᠄ ᠵᠢᠶᠠ ᠰᠢᠤᠸᠠᠢ ᠣᠩᠱᠢᠭ᠍ᠰᠠᠨ ᠣᠳᠠᠭ᠎ᠠ᠄ 3

《ᠨᠢᠳᠤᠨᠤᠨ ᠡᠪᠦᠯ ᠮᠠᠨ᠎ᠦ ᠬᠢᠨ 100 ᠭᠠᠷᠤᠢ ᠦᠬᠡᠷ ᠢ᠋ᠶ᠋ᠡᠨ ᠵᠥᠩ ᠺᠧ ᠬᠢᠶᠠᠭ ᠡᠪᠡᠰᠦ ᠪᠠᠷ ᠲᠡᠵᠢᠭᠡᠭᠡᠳ  ᠡᠳᠦᠷ   ᠪᠦᠷᠢ   ᠶ᠋ᠢᠨ   ᠲᠡᠵᠢᠭᠡᠯ   ᠪᠤᠷᠳᠤᠭ᠎ᠠ  ᠶ᠋ᠢᠨ ᠵᠣᠭᠤᠰ ᠢ᠋ 600 ᠭᠠᠷᠤᠢ ᠲᠥᠭᠦᠷᠢᠭ ᠠᠷᠪᠢᠯᠠᠵᠠᠢ》᠃ ᠡᠮᠦᠨᠡᠬᠡᠨ᠂ ᠳᠤᠮᠳᠠᠳᠤ ᠤᠯᠤᠰ ᠤ᠋ᠨ ᠣᠢ ᠰᠢᠭᠤᠢ ᠶ᠋ᠢᠨ ᠰᠢᠨᠵᠢᠯᠡᠬᠦ᠌ ᠤᠬᠠᠭᠠᠨ ᠤ᠋ ᠬᠦᠷᠢᠶᠡᠯᠡᠩ ᠤ᠋ᠨ ᠤᠮᠠᠷᠠᠲᠤ ᠶ᠋ᠢᠨ ᠣᠢ ᠰᠢᠭᠤᠢ ᠶ᠋ᠢᠨ ᠲᠤᠷᠰᠢᠯᠲᠠ ᠶ᠋ᠢᠨ ᠲᠥᠪ ᠤ᠋ᠨ ᠬᠢᠨ ᠲᠤᠰᠭᠠᠢ ᠮᠡᠷᠭᠡᠵᠢᠯᠲᠡᠨ ᠢ᠋ ᠵᠣᠬᠢᠶᠠᠨ ᠪᠠᠶ᠋ᠢᠭᠤᠯᠵᠤ ᠲᠦᠩᠯᠢᠶᠤᠣ ᠬᠤᠲᠠ ᠶ᠋ᠢᠨ ᠺᠠᠶ᠋ᠢᠯᠦ᠍ ᠰᠢᠶᠠᠨ ᠤ᠋ ᠰᠢᠶᠤᠤ ᠵᠢᠶᠧ ᠵᠶ᠋ᠢ ᠪᠠᠯᠭᠠᠰᠤᠨ ᠳ᠋ᠤ ᠬᠦᠷᠴᠦ᠍᠂《ᠨᠤᠲᠤᠭ ᠪᠡᠯᠴᠢᠭᠡᠷ ᠤ᠋ᠨ ᠬᠠᠮᠠᠭᠠᠯᠠᠯᠲᠠ ᠪᠠ ᠮᠠᠯ ᠠᠵᠤ ᠠᠬᠤᠢ ᠶ᠋ᠢᠨ ᠬᠦᠭᠵᠢᠯᠲᠡ ᠵᠢ ᠬᠠᠮᠲᠤ ᠪᠠᠷ ᠵᠠᠰᠠᠬᠤ》 ᠨᠡᠶ᠋ᠢᠲᠡᠯᠢᠭ ᠲᠤᠷᠰᠢᠯᠭ᠎ᠠ ᠠᠷᠭ᠎ᠠ ᠬᠢᠳᠡᠯ ᠢ᠋ ᠲᠣᠭᠤᠷᠢᠨ ᠦᠵᠡᠵᠦ᠍᠂ ᠮᠠᠯ ᠠᠵᠤ ᠠᠬᠤᠢ ᠶ᠋ᠢᠨ ᠲᠤᠰᠭᠠᠢ ᠮᠡᠷᠭᠡᠵᠢᠯᠲᠡᠨ ᠭᠤᠷᠪᠠᠨᠮᠣᠳᠤ ᠲᠣᠰᠭᠤᠨ ᠤ᠋ ᠲᠡᠵᠢᠭᠡᠨ ᠦᠷᠡᠵᠢᠭᠦᠯᠬᠦ᠌ ᠡᠷᠦᠬᠡ ᠵᠠᠩ ᠱᠤᠸᠠᠩ ᠰᠢ ᠶ᠋ᠢᠨ ᠶᠠᠷᠢᠬᠰᠠᠨ ᠬᠢᠶᠠᠭ ᠡᠪᠡᠰᠦ ᠶ᠋ᠢᠨ ᠠᠵᠤ ᠠᠬᠤᠢ ᠶ᠋ᠢᠨ ᠦᠷ᠎ᠡ  ᠠᠰᠢᠭ ᠤ᠋ᠨ ᠲᠤᠬᠠᠢ ᠳᠠᠨᠭᠰᠠ ᠵᠢ ᠰᠤᠨᠤᠰᠤᠬᠰᠠᠨ ᠤ᠋ ᠳᠠᠷᠠᠭ᠎ᠠ ᠄《ᠡᠨᠡ ᠬᠢᠶᠠᠭ ᠡᠪᠡᠰᠦ ᠵᠢ ᠮᠠᠯ ᠤᠨᠤᠭ᠎ᠠ ᠢᠳᠡᠬᠦ ᠳᠤᠷᠠᠲᠠᠢ ᠪᠦᠭᠡᠳ ᠲᠡᠭᠦᠨ ᠤ᠋ ᠤᠭᠤᠷᠠᠭ ᠤ᠋ᠨ ᠠᠭᠤᠯᠤᠭᠳᠠᠴᠠ ᠮᠠᠰᠢ  ᠦᠨᠳᠦᠷ ᠪᠠᠢᠳᠠᠭ 》 ᠭᠡᠵᠦ ᠲᠡᠭᠦᠨ᠎ᠳᠦ ᠵᠥᠩ ᠺᠧ ᠬᠢᠶᠠᠭ ᠡᠪᠡᠰᠦ ᠶ᠋ᠢᠨ ᠰᠢᠮ᠎ᠡ  ᠲᠡᠵᠢᠭᠡᠯ ᠤ᠋ᠨ ᠦᠷ᠎ᠡ  ᠠᠰᠢᠭ ᠤ᠋ᠨ  ᠲᠤᠬᠠᠢ  ᠲᠠᠢᠯᠪᠤᠷᠢᠯᠠᠵᠤ  ᠦᠭᠪᠡ᠃

《 ᠮᠠᠨ ᠤ᠋ ᠬᠢᠨ ᠤ᠋ ᠲᠡᠵᠢᠭᠡᠵᠦ ᠪᠠᠢᠭ᠎ᠠ ᠡᠳᠡᠭᠡᠷ  ᠰᠠᠭᠤᠷᠢ  ᠡᠬᠡ  ᠮᠠᠯ ᠰᠢᠮ᠎ᠡ ᠰᠠᠢᠲᠠᠢ ᠲᠡᠵᠢᠭᠡᠯ ᠡᠪᠡᠰᠦ ᠢᠳᠡᠳᠡᠭ ᠪᠤᠯᠬᠤᠷ ᠪᠡᠶ᠎ᠡ ᠪᠢᠯᠳᠡᠷ ᠲᠤᠮᠤ᠂ ᠲᠤᠭᠤᠯᠯᠠᠬᠤ ᠳ᠋ᠠᠭᠠᠨ ᠪᠡᠷᠬᠡᠲᠡᠬᠦ ᠦᠭᠡᠢ ᠪᠠᠢᠳᠠᠭ᠃ ᠲᠡᠵᠢᠭᠡᠯ ᠪᠤᠷᠳᠤᠭ᠎ᠠ ᠠᠷᠪᠢᠯᠠᠵᠤ ᠭᠠᠷᠭᠠᠬᠰᠠᠨ ᠵᠤᠭᠤᠰ ᠢ᠋ᠶ᠋ᠡᠷ ᠢ᠋ᠶ᠋ᠡᠨ ᠪᠢᠳᠡ ᠪᠠᠰᠠ ᠬᠡᠳᠦᠨ ᠲᠤᠯᠤᠭᠠᠢ  ᠦᠬᠡᠷ  ᠬᠤᠳᠠᠯᠳᠤᠨ ᠠᠪᠴᠦ᠂ ᠣᠳᠤ 130 ᠦᠬᠡᠷ ᠲᠡᠵᠢᠭᠡᠵᠦ᠍᠂ ᠵᠠᠬ᠎ᠠ ᠳᠡᠯᠭᠡᠭᠦᠷ ᠤ᠋ᠨ ᠦᠨ᠎ᠡ ᠪᠡᠷ  ᠪᠤᠳᠤᠪᠠᠯ 100 ᠭᠠᠷᠤᠢ  ᠲᠦᠮᠡᠨ ᠲᠥᠭᠦᠷᠢᠭ ᠲᠦ᠍  ᠬᠦᠷᠴᠦ ᠪᠤᠢ》 ᠭᠡᠵᠦ ᠵᠠᠩ ᠱᠤᠸᠠᠩ ᠰᠢ  ᠪᠠᠶᠠᠷᠲᠠᠢ  ᠬᠡᠯᠡᠨ᠎ᠠ᠃

《 ᠡᠨᠡ ᠬᠡᠰᠡᠭ ᠭᠠᠵᠠᠷ᠎ᠲᠤ᠌ ᠤᠤᠯ᠎ᠨᠢ  ᠦᠷᠭᠡᠰᠦᠲᠦ ᠨᠤᠬᠠᠢ ᠦᠵᠦᠮ ᠮᠡᠲᠦ ᠶ᠋ᠢᠨ ᠭᠠᠳᠠᠨ᠎ᠠ ᠡᠴᠡ ᠤᠷᠤᠵᠤ ᠢᠷᠡᠭᠰᠡᠨ ᠬᠤᠤᠷᠲᠦ  ᠡᠪᠡᠰᠦ  ᠤᠷᠭᠤᠵᠤ᠂ ᠣᠯᠠᠨ ᠵᠦᠢᠯ ᠤ᠋ᠨ ᠵᠠᠰᠠᠯᠳᠠ᠎ᠵᠢᠨ ᠠᠷᠭ᠎ᠠ ᠠᠪᠴᠤ ᠲᠤᠷᠰᠢᠭᠰᠡᠨ ᠪᠤᠯᠪᠠᠴᠤ  ᠪᠦᠲᠦᠭᠰᠡᠨ ᠦᠭᠡᠢ᠃ 2023 ᠣᠨ ᠡᠴᠡ ᠡᠬᠢᠯᠡᠵᠤ ᠡᠨᠳᠡ ᠵᠥᠩ  ᠺᠧ ᠬᠢᠶᠠᠭ ᠡᠪᠡᠰᠦ ᠲᠠᠷᠢᠭᠰᠠᠨ᠎ᠤ ᠲᠠᠷᠠᠭ᠎ᠠ᠂ ᠦᠷᠭᠡᠰᠦᠲᠦ ᠨᠤᠬᠠᠢ  ᠦᠵᠦᠮ ᠤᠷᠭᠤᠬᠤ ᠨᠢ ᠵᠢᠯ ᠳᠠᠷᠠᠭᠠᠯᠠᠨ ᠪᠠᠭᠠᠰᠴᠤ᠌᠂ ᠣᠳᠤᠬᠠᠨ ᠳ᠋ᠤ ᠵᠥᠪᠬᠡᠨ ᠭᠠᠵᠠᠷ ᠤ᠋ᠨ ᠵᠠᠬ᠎ᠠ ᠬᠥᠪᠡᠭᠡᠨ ᠳ᠋ᠤ ᠬᠡᠳᠦᠨ ᠰᠠᠭᠤᠷᠢ  ᠯᠡ  ᠬᠡᠰᠡᠭ  ᠪᠤᠰᠠᠭ ᠬᠠᠷᠠᠬᠳᠠᠳᠠᠭ 》 ᠭᠡᠵᠦ ᠰᠢᠨᠵᠢᠯᠡᠬᠦ᠌ ᠤᠬᠠᠭᠠᠨ ᠤ᠋ ᠰᠤᠳᠤᠯᠭᠠᠨ ᠤ᠋  ᠪᠦᠯᠬᠦᠮ ᠤ᠋ᠨ ᠬᠢᠨ ᠬᠢᠶᠠᠭ  ᠡᠪᠡᠰᠦ  ᠶ᠋ᠢᠨ ᠠᠮᠢ  ᠠᠬᠤᠢ  ᠶ᠋ᠢᠨ ᠦᠷ᠎ᠡ   ᠠᠰᠢᠭ ᠢ᠋  ᠲᠠᠨᠢᠯᠴᠠᠭᠤᠯᠪᠠ᠃

《 ᠵᠥᠩ ᠺᠧ ᠬᠢᠶᠠᠭ ᠡᠪᠡᠰᠦ ᠳᠠᠷᠢᠬᠤ ᠡᠴᠡ ᠡᠮᠦᠨ᠎ᠡ᠂ ᠪᠡᠯᠴᠢᠭᠡᠷᠯᠡᠭᠦᠯᠬᠦ ᠵᠢ ᠵᠤᠬᠰᠤᠭᠠᠬᠤ ᠪᠣᠯ ᠮᠠᠨ ᠳ᠋ᠤ ᠲᠤᠯᠭᠠᠷᠠᠬᠰᠠᠨ ᠬᠦᠴᠢᠷ ᠠᠰᠠᠭᠤᠳᠠᠯ ᠪᠠᠢᠵᠠᠢ᠃ ᠬᠤᠵᠢᠷᠯᠢᠭ ᠭᠠᠵᠠᠷ᠂ ᠬᠤᠤᠷᠲᠦ ᠡᠪᠡᠰᠦᠲᠦ ᠭᠠᠵᠠᠷ ᠢ᠋ ᠰᠢᠮ᠎ᠡ ᠰᠠᠢᠲᠠᠢ ᠲᠡᠵᠢᠭᠡᠯ ᠡᠪᠡᠰᠦᠨ ᠤ᠋ ᠭᠠᠵᠠᠷ ᠪᠣᠯᠭᠠᠵᠤ᠂ ᠠᠵᠤ ᠠᠬᠤᠶ᠋ᠢᠯᠠᠯ᠎ᠨᠢ ᠲᠣᠰᠭᠤᠨ ᠤ᠋ ᠠᠷᠠᠳ ᠲᠦ᠍ ᠭᠠᠵᠠᠷ ᠰᠢᠷᠤᠢ  ᠶ᠋ᠢᠨ ᠲᠦᠷᠢᠶᠡᠰᠦᠨ ᠮᠦᠨᠭᠭᠦ  ᠥᠭᠬᠦ ᠪᠡᠷ  ᠪᠠᠷᠠᠬᠤ  ᠦᠭᠡᠢ᠂ ᠪᠠᠰᠠ ᠵᠢᠯ ᠤ᠋ᠨ ᠠᠰᠢᠭ ᠣᠷᠤᠯᠭ᠎ᠠ ᠵᠢᠨ ᠬᠠᠷᠢᠴᠠᠯ ᠢ᠋ᠶ᠋ᠡᠷ ᠣᠯᠠᠨ ᠳ᠋ᠤ ᠠᠰᠢᠭ ᠬᠤᠪᠢᠶᠠᠵᠤ ᠪᠠᠢᠨ᠎ᠠ᠃ ᠡᠪᠡᠰᠦ ᠬᠠᠳᠤᠵᠤ ᠬᠤᠷᠢᠶᠠᠭᠰᠠᠨ ᠤ᠋ ᠰᠡᠭᠦᠯᠡᠷ᠂ ᠦᠯᠡᠳᠡᠭᠰᠡᠨ ᠡᠪᠡᠰᠦᠨ ᠤ᠋ ᠭᠤᠤᠷᠰᠤ ᠵᠢ ᠳᠣᠤᠷ᠎ᠠ ᠦᠨ᠎ᠡ ᠪᠡᠷ ᠲᠣᠰᠭᠤᠨ ᠤ᠋ ᠠᠷᠠᠳ ᠲᠦ᠍ ᠬᠤᠳᠠᠯᠳᠤᠨ ᠦᠭᠴᠦ ᠦᠬᠡᠷ  ᠬᠣᠨᠢ  ᠲᠡᠵᠢᠭᠡᠯᠭᠡᠵᠦ ᠪᠤᠢ᠃ ᠲᠣᠰᠭᠤᠨ ᠤ᠋  ᠠᠷᠠᠳ ᠤ᠋ᠳ  ᠡᠨᠡ ᠭᠠᠵᠠᠷ ᠢ᠋  ᠥᠪᠡᠷ ᠤ᠋ᠨ ᠭᠠᠵᠠᠷ ᠢ᠋ᠶ᠋ᠡᠨ ᠰᠢᠬ ᠨᠠᠷᠢᠨ ᠨᠢᠮᠪᠠᠢ ᠬᠠᠷᠠᠵᠤ ᠬᠠᠮᠠᠭᠠᠯᠠᠵᠤ᠂ ᠪᠡᠯᠴᠢᠭᠡᠷᠯᠡᠭᠦᠯᠬᠦ ᠵᠢ ᠵᠤᠬᠰᠤᠭᠠᠬᠤ ᠬᠦᠴᠢᠷ ᠠᠰᠠᠭᠤᠳᠠᠯ ᠢ᠋ ᠠᠶᠠᠨᠳᠠᠭᠠᠨ ᠰᠢ᠌ᠳᠪᠦᠷᠢᠯᠡᠪᠡ》 ᠭᠡᠵᠦ ᠰᠢᠶᠤᠤ ᠵᠢᠶᠧ ᠵᠶ᠋ᠢ  ᠪᠠᠯᠭᠠᠰᠤᠨ ᠤ᠋ ᠨᠠᠮ ᠤ᠋ᠨ ᠬᠤᠷᠢᠶ᠎ᠠ᠂ ᠵᠠᠰᠠᠭ ᠤ᠋ᠨ ᠣᠷᠳᠤᠨ ᠤ᠋ ᠺᠠᠳ᠋ᠷ ᠪᠠᠰᠠ ᠬᠢᠶᠠᠭ  ᠡᠪᠡᠰᠦ  ᠶ᠋ᠢᠨ ᠨᠡᠶ᠋ᠢᠭᠡᠮ ᠤ᠋ᠨ ᠦᠷ᠎ᠡ  ᠠᠰᠢᠭ ᠤ᠋ᠨ ᠲᠤᠬᠠᠢ  ᠲᠠᠢᠯᠪᠤᠷᠢᠯᠠᠪᠠ ᠃

ᠨᠢᠭᠡ ᠬᠡᠰᠡᠭ ᠬᠢᠶᠠᠭ ᠡᠪᠡᠰᠦ ᠨᠢ ᠳᠦᠷᠪᠡᠨ ᠵᠦᠢᠯ ᠤ᠋ᠨ ᠦᠷ᠎ᠡ ᠠᠰᠢᠭ ᠢ᠋ ᠪᠡᠶᠡᠯᠡᠭᠦᠯᠪᠡ᠃ ᠰᠢᠶᠤᠤ ᠵᠢᠶᠧ ᠵᠶ᠋ᠢ ᠪᠠᠯᠭᠠᠰᠤ ᠪᠥᠬᠦ᠌ ᠤᠯᠤᠰ ᠤ᠋ᠨ ᠠᠩᠬᠠᠳᠠᠭᠴᠢ 《ᠬᠢᠶᠠᠭ ᠡᠪᠡᠰᠦ ᠶ᠋ᠢᠨ ᠵᠢᠵᠢᠭ  ᠪᠠᠯᠭᠠᠰᠤ》 ᠵᠢ ᠪᠠᠶ᠋ᠢᠭᠤᠯᠤᠭᠰᠠᠨ ᠡᠴᠡ ᠨᠠᠭᠠᠰᠢ᠂ 《ᠰᠢᠨᠵᠢᠯᠡᠬᠦ ᠤᠬᠠᠭᠠᠨ ᠤ᠋ ᠰᠤᠳᠤᠯᠭᠠᠨ + ᠺᠣᠮᠫᠠᠨᠢ + ᠲᠣᠰᠭᠤᠨ ᠤ᠋ ᠬᠠᠮᠲᠤ᠌ ᠨᠡᠢᠲᠡ + ᠲᠠᠷᠢᠶᠠᠯᠠᠬᠤ ᠡᠷᠦᠬᠡ》 ᠶ᠋ᠢᠨ ᠳᠥᠷᠪᠡᠨ ᠲᠠᠯ᠎ᠠ ᠶ᠋ᠢᠨ ᠬᠠᠮᠲᠤᠷᠠᠨ ᠬᠥᠳᠡᠯᠦᠯᠴᠡᠬᠦ᠌ ᠲᠣᠭᠲᠠᠴᠠ ᠵᠢ ᠪᠠᠶ᠋ᠢᠭᠤᠯᠵᠤ᠂ ᠬᠢᠶᠠᠭ ᠡᠪᠡᠰᠦ ᠶ᠋ᠢᠨ ᠡᠭᠦᠯᠳᠡᠷ ᠢ᠋ ᠦᠷᠡᠵᠢᠭᠦᠯᠦᠨ ᠪᠣᠶ᠋ᠢᠵᠢᠭᠤᠯᠬᠤ᠂ ᠠᠮᠢ ᠠᠬᠤᠢ ᠵᠢ ᠰᠡᠷᠭᠦᠭᠡᠬᠦ᠂ ᠲᠡᠵᠢᠭᠡᠯ ᠡᠪᠡᠰᠦ ᠤᠶ᠋ᠢᠯᠡᠤᠡᠪᠤᠷᠢᠯᠡᠬᠦ ᠵᠢ ᠮᠠᠯ ᠠᠵᠤ ᠠᠬᠤᠢ  ᠶ᠋ᠢᠨ ᠲᠡᠵᠢᠭᠡᠨ ᠦᠷᠡᠵᠢᠭᠦᠯᠬᠦ᠌  ᠲᠠᠢ  ᠨᠢᠭᠡ ᠴᠣᠭᠴᠠᠵᠢᠭᠤᠯᠵᠤ᠂ ᠠᠮᠢ ᠠᠬᠤᠢ ᠵᠢ ᠰᠡᠷᠭᠦᠭᠡᠬᠦ᠂ ᠠᠵᠤ ᠦᠢᠯᠡᠰ ᠢ᠋  ᠬᠥᠭᠵᠢᠭᠦᠯᠦᠨ ᠮᠠᠨᠳᠤᠭᠤᠯᠬᠤ ᠪᠠ  ᠮᠠᠯᠴᠢᠨ  ᠲᠠᠷᠢᠶᠠᠴᠢᠨ ᠤ᠋  ᠣᠷᠤᠯᠭ᠎ᠠ ᠵᠢ  ᠨᠡᠮᠡᠭᠳᠡᠭᠦᠯᠬᠦ᠌  ᠬᠠᠮᠲᠤ ᠪᠡᠷ ᠠᠰᠢᠭ ᠭᠥᠷᠳᠡᠬᠦ᠌ ᠵᠠᠮ ᠢ᠋ ᠨᠡᠭᠡᠭᠡᠪᠡ᠃ ᠡᠨᠡ᠎ᠬᠦ᠌ ᠰᠢᠨ᠎ᠡ ᠵᠢ ᠡᠭᠦᠳᠬᠦ᠌ ᠵᠠᠭᠪᠤᠷ ᠨᠢ ᠠᠵᠢᠯ ᠲᠥᠷᠦᠯ ᠤ᠋ᠨ ᠬᠢᠨ ᠤ᠋ ᠠᠨᠭᠬᠠᠷᠤᠯ ᠢ᠋ ᠲᠠᠲᠠᠵᠤ᠂ 《ᠨᠤᠲᠤᠭ ᠪᠡᠯᠴᠢᠭᠡᠷ ᠤ᠋ᠨ ᠬᠠᠮᠠᠭᠠᠯᠠᠯᠲᠠ ᠪᠠ  ᠮᠠᠯ  ᠠᠵᠤ ᠠᠬᠤᠢ ᠶ᠋ᠢᠨ ᠬᠦᠭᠵᠢᠯᠲᠡ ᠵᠢ ᠬᠠᠮᠲᠤ ᠪᠠᠷ  ᠵᠠᠰᠠᠬᠤ》  ᠦᠯᠢᠭᠡᠷ  ᠵᠢᠱᠶ᠋ᠶ᠎ᠠ  ᠪᠣᠯᠪᠠ᠃

ᠲᠣᠰ ᠪᠠᠯᠭᠠᠰᠤ ᠵᠦᠩ ᠺᠧ ᠬᠢᠶᠠᠭ  ᠡᠪᠡᠰᠦ ᠶ᠋ᠢᠨ ᠪᠦᠯᠬᠦᠮ ᠤ᠋ᠨ ᠮᠡᠷᠭᠡᠵᠢᠯ ᠳ᠋ᠤ ᠲᠦᠰᠢᠭᠯᠡᠨ᠂ ᠬᠤᠵᠢᠷᠯᠢᠭ ᠭᠠᠵᠠᠷ ᠤ᠋ᠨ ᠭᠦᠢᠭᠡᠨ ᠪᠤᠯᠠᠵᠤ ᠳᠤᠰᠤᠯᠠᠭᠠᠨ ᠤᠰᠤᠯᠠᠬᠤ᠂ ᠡᠯᠡᠰᠦᠨ ᠭᠠᠵᠠᠷ ᠢ᠋ ᠲᠠᠬᠰᠢᠷᠠᠭᠤᠯᠬᠤ᠂ ᠴᠢᠬᠢ ᠪᠤᠶ᠋ᠢᠵᠢᠭᠤᠯᠤᠨ ᠰᠢᠯᠵᠢᠭᠦᠯᠦᠨ ᠰᠠᠭᠤᠯᠭᠠᠵᠤ ᠲᠠᠴᠢᠷᠳᠠᠭᠰᠠᠨ ᠨᠤᠲᠤᠭ ᠪᠡᠯᠴᠢᠭᠡᠷ ᠢ᠋ ᠵᠠᠰᠠᠬᠤ ᠭᠤᠷᠪᠠᠨ ᠵᠦᠢᠯ ᠤ᠋ᠨ ᠵᠠᠰᠠᠯᠲᠠ ᠶ᠋ᠢᠨ ᠵᠠᠭᠪᠤᠷ ᠢ᠋ ᠪᠦᠷᠢᠯᠳᠦᠭᠦᠯᠪᠡ᠃ ᠪᠣᠳᠠᠲᠠᠢ ᠬᠡᠮᠵᠢᠭᠰᠡᠨ ᠲᠤᠭ᠎ᠠ ᠪᠠᠷᠢᠮᠲᠠ ᠡᠴᠡ ᠦᠵᠡᠪᠡᠯ᠂ ᠵᠥᠩ ᠺᠧ ᠬᠢᠶᠠᠭ ᠡᠪᠡᠰᠦ ᠵᠢ ᠲᠠᠷᠢᠬᠰᠠᠨ ᠤ᠋ ᠳᠠᠷᠠᠭ᠎ᠠ᠂ ᠲᠣᠰ ᠵᠢᠯ ᠳ᠋ᠡᠭᠡᠨ  ᠰᠠᠯᠬᠢᠨ ᠤ᠋  ᠢᠳᠡᠭᠳᠡᠯ ᠢ᠋  ᠪᠠᠷᠤᠭ 20% ᠪᠡᠷ ᠪᠠᠭᠤᠷᠠᠭᠤᠯᠵᠤ ᠂ ᠭᠤᠷᠪᠠᠨ ᠵᠢᠯ ᠤ᠋ᠨ ᠳᠠᠷᠠᠭ᠎ᠠ ᠰᠠᠯᠬᠢᠨ ᠤ᠋  ᠢᠳᠡᠭᠳᠡᠯ ᠢ᠋ 95% ᠡᠴᠡ ᠳᠡᠭᠡᠭᠰᠢ ᠪᠠᠭᠤᠷᠠᠭᠤᠯᠪᠠ; ᠬᠤᠵᠢᠷᠯᠢᠭ ᠭᠠᠵᠠᠷ ᠤ᠋ᠨ ᠬᠥᠷᠦᠰᠦᠨ ᠤ᠋ pH ᠬᠡᠮᠵᠢᠭᠳᠡᠯ ᠨᠢ ᠤᠤᠯ ᠤ᠋ᠨ 9.2 ᠡᠴᠡ ᠪᠠᠭᠤᠷᠠᠭᠠᠳ 8.5 — 8.8᠎ᠵᠢᠨ ᠬᠣᠭᠤᠷᠤᠨᠳᠤ ᠬᠦᠷᠴᠦ᠍᠂ ᠬᠥᠷᠦᠰᠦᠨ ᠤ᠋ ᠳᠠᠪᠤᠰᠤᠨ ᠤ᠋ ᠠᠭᠤᠯᠤᠭᠳᠠᠴᠠ ᠪᠠᠭᠤᠷᠠᠵᠤ᠂ᠣᠷᠭᠠᠨᠢᠭ ᠪᠣᠳᠠᠰ ᠤ᠋ᠨ ᠠᠭᠤᠯᠤᠬᠳᠠᠴᠠ5% ᠪᠡᠷ ᠳᠡᠭᠡᠭᠰᠢᠯᠡᠪᠡ; ᠬᠤᠤᠷᠲᠤ᠌ ᠡᠪᠡᠰᠦ ᠵᠢ ᠵᠠᠰᠠᠭᠰᠠᠨ ᠦᠷ᠎ᠡ ᠪᠦᠲᠦᠮᠵᠢ ᠳᠤᠪᠤᠢᠮ᠎ᠠ ᠪᠠᠶ᠋ᠢᠵᠤ᠂ ᠦᠷᠭᠡᠰᠦᠲᠦ ᠨᠤᠬᠠᠢ ᠦᠵᠦᠮ ᠤ᠋ᠨ ᠪᠦᠷᠬᠦᠴᠡ ᠶ᠋ᠢᠨ ᠬᠡᠮᠵᠢᠶ᠎ᠡ 80% ᠪᠠᠢᠬᠰᠠᠨ ᠡᠴᠡ ᠪᠠᠭᠤᠷᠠᠭᠠᠳ 5% ᠡᠴᠡ ᠳᠤᠷᠤᠬᠰᠢ ᠪᠤᠯᠵᠤ᠂ ᠣᠷᠤᠨ ᠪᠦᠰᠡ ᠶ᠋ᠢᠨ ᠤᠷᠭᠤᠮᠠᠯ ᠤ᠋ᠨ ᠬᠤᠴᠢᠯᠭ᠎ᠠ ᠶ᠋ᠢᠨ ᠪᠦᠷᠬᠦᠴᠡ 5% ᠬᠦᠷᠬᠦ  ᠦᠭᠡᠢ  ᠪᠠᠢᠬᠰᠠᠨ ᠡᠴᠡ95% ᠳ᠋ᠤ ᠬᠦᠷᠪᠡ᠃

ᠤᠤᠯ᠎ᠨᠢ ᠢᠮᠠᠬᠤ ᠡᠪᠡᠰᠦ ᠤᠷᠭᠤᠬᠤ ᠥᠬᠡᠢ ᠬᠤᠵᠢᠷᠯᠢᠭ ᠭᠠᠵᠠᠷ ᠪᠠ ᠬᠣᠤᠷᠲᠤ᠌ ᠡᠪᠡᠰᠦ ᠪᠡᠷ ᠲᠦᠭᠦᠷᠡᠭᠰᠡᠨ ᠭᠠᠵᠠᠷ ᠢ᠋ ᠠᠰᠢᠬᠯᠠᠯᠳᠠ᠎ᠳᠤ ᠤᠷᠤᠭᠤᠯᠵᠤ᠂ ᠠᠷᠠᠳ ᠤᠯᠠᠨ ᠳ᠋ᠤ ᠰᠢᠭᠤᠳ ᠠᠰᠢᠭ ᠬᠦᠷᠲᠡᠭᠡᠵᠡᠢ᠃ ᠰᠢᠶᠤᠤ ᠵᠢᠶᠧ ᠵᠶ᠋ᠢ ᠪᠠᠯᠭᠠᠰᠤᠨ ᠤ᠋ 35 ᠲᠣᠰᠭᠤᠨ ᠤ᠋ ᠬᠠᠮᠲᠤ ᠶ᠋ᠢᠨ ᠬᠤᠷᠰᠢᠶ᠎ᠠ ᠬᠢᠶᠠᠭ ᠡᠪᠡᠰᠦ ᠶ᠋ᠢᠨ ᠠᠵᠤ ᠦᠢᠯᠡᠰ ᠤ᠋ᠨ ᠬᠡᠯᠬᠢᠶ᠎ᠡ ᠳ᠋ᠤ ᠠᠭᠤᠰᠤᠯᠴᠠᠨ ᠤᠷᠤᠵᠤ᠂ ᠠᠵᠤ ᠠᠬᠤᠶ᠋ᠢᠯᠠᠯ ᠬᠥᠭᠵᠢᠨ ᠪᠤᠵᠠᠭᠠᠶ᠋ᠢᠷᠠᠭᠰᠠᠨ ᠤ᠋ ᠳᠠᠷᠠᠭ᠎ᠠ ᠬᠠᠷᠢᠴᠠᠯ ᠢ᠋ᠶ᠋ᠡᠷ ᠠᠰᠢᠭ ᠬᠤᠪᠢᠶᠠᠵᠤ᠂ ᠡᠯ᠎ᠡ  ᠲᠣᠰᠭᠤᠨ ᠤ᠋ ᠨᠠᠮ ᠤ᠋ᠨ ᠡᠭᠦᠷ ᠵᠢᠯ ᠳᠤᠮᠳᠠᠴᠢ ᠪᠡᠷ 60 — 70 ᠲᠦᠮᠡᠨ ᠲᠥᠭᠦᠷᠢᠭ ᠬᠤᠪᠢᠶᠠᠵᠤ᠂ ᠣᠯᠠᠨ ᠲᠦᠮᠡᠨ ᠠᠮᠢ ᠠᠬᠤᠢ ᠶ᠋ᠢᠨ ᠭᠠᠮᠰᠢᠭᠳᠠᠭᠰᠠᠨ ᠡᠷᠦᠬᠡ ᠡᠴᠡ ᠠᠵᠤ ᠦᠢᠯᠡᠰ ᠤ᠋ᠨ ᠠᠰᠢᠭ ᠬᠦᠷᠲᠡᠭᠰᠡᠨ ᠡᠷᠦᠬᠡ ᠪᠣᠯᠤᠨ ᠬᠤᠪᠢᠷᠠᠪᠠ᠃ ᠡᠭᠦᠨ ᠤ᠋ ᠬᠠᠮᠲᠤ᠌᠂ ᠺᠠᠶ᠋ᠢᠯᠦ᠍ ᠰᠢᠶᠠᠨ ᠤ᠋ ᠡᠪᠡᠰᠦᠨ ᠤ᠋ ᠦᠢᠯᠡᠰ ᠤ᠋ᠨ ᠨᠡᠶ᠋ᠢᠭᠡᠮᠯᠢᠭ ᠬᠤᠯᠪᠤᠭᠠᠰᠤ ᠶ᠋ᠢᠨ ᠦᠢᠯᠡᠳᠦᠯ ᠢ᠋ᠶ᠋ᠡᠨ ᠪᠠᠳᠠᠷᠠᠭᠤᠯᠵᠤ᠂ 2020 ᠣᠨ ᠡᠴᠡ ᠡᠬᠢᠯᠡᠨ᠂  ᠵᠢᠯ   ᠪᠦᠷᠢ   ᠵᠥᠩ ᠺᠧ ᠬᠢᠶᠠᠭ ᠡᠪᠡᠰᠦ ᠶ᠋ᠢᠨ ᠲᠤᠬᠠᠢ ᠶ᠋ᠢᠨ ᠲᠠᠯᠠᠪᠠᠢ ᠶ᠋ᠢᠨ ᠦᠵᠡᠭᠦᠯᠭᠡ ᠶ᠋ᠢᠨ ᠬᠤᠷᠠᠯ᠂ ᠰᠤᠳᠤᠯᠤᠨ ᠶᠠᠷᠢᠯᠴᠠᠬᠤ ᠬᠤᠷᠠᠯ ᠢ᠋ ᠡᠷᠭᠢᠯᠡᠵᠦ᠍᠂ 100 ᠭᠠᠷᠤᠢ ᠠᠵᠢᠯ ᠲᠥᠷᠦᠯ ᠤ᠋ᠨ ᠳᠣᠲᠤᠷᠠᠬᠢ ᠲᠤᠰᠭᠠᠢ ᠮᠡᠷᠭᠡᠵᠢᠯᠲᠡᠨ᠂ ᠠᠵᠤ ᠠᠬᠤᠶ᠋ᠢᠯᠠᠯᠲᠠᠨ ᠬᠤᠷᠠᠯ ᠳ᠋ᠤ ᠣᠷᠤᠯᠴᠠᠵᠤ᠂ ᠦᠢᠯᠡᠳᠪᠦᠷᠢᠯᠡᠯ ᠵᠢᠭᠠᠨ ᠰᠤᠷᠭᠠᠯᠲᠠ ᠰᠤᠳᠤᠯᠭᠠᠨ ᠤ᠋  ᠲᠠᠪᠴᠠᠩ ᠢ᠋  ᠪᠠᠶ᠋ᠢᠭᠤᠯᠵᠤ᠂ ᠵᠥᠩ ᠺᠧ ᠬᠢᠶᠠᠭ ᠡᠪᠡᠰᠦ ᠶ᠋ᠢᠨ ᠠᠵᠤ ᠦᠢᠯᠡᠰ ᠤ᠋ᠨ ᠬᠥᠭᠵᠢᠯᠲᠡ ᠳ᠋ᠤ ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠲᠤᠯᠭᠠᠭᠤᠷᠢᠯᠠᠯ ᠬᠠᠩᠭᠠᠪᠠ᠃

ᠬᠠᠮ ᠢᠳᠡᠭᠡᠨ ᠤ᠋ ᠦᠵᠡᠯᠲᠡ ᠵᠢ ᠦᠢᠯᠡᠳᠦᠯᠭᠡᠵᠢᠭᠦᠯᠬᠦ ᠂ ᠨᠤᠲᠤᠭ ᠪᠡᠯᠴᠢᠭᠡᠷ ᠤ᠋ᠨ ᠠᠮᠢ ᠠᠬᠤᠢ ᠶ᠋ᠢᠨ ᠬᠠᠮᠠᠭᠠᠯᠠᠯᠲᠠ ᠪᠠ ᠡᠪᠡᠰᠦᠨ ᠤ᠋ ᠠᠵᠤ ᠦᠢᠯᠡᠰ ᠤ᠋ᠨ ᠴᠢᠨᠠᠷ ᠰᠠᠶ᠋ᠢᠲᠠᠢ ᠬᠥᠭᠵᠢᠯᠲᠡ ᠵᠢ ᠨᠢᠭᠡᠳᠦᠯᠲᠡᠢ ᠲᠥᠯᠦᠪᠵᠢᠭᠦᠯᠬᠦ ᠵᠡᠷᠭᠡ ᠤᠯᠤᠰ ᠤ᠋ᠨ ᠪᠠᠶ᠋ᠢᠯᠳᠤᠬᠤ ᠪᠣᠳᠤᠯᠭ᠎ᠠ ᠶ᠋ᠢᠨ ᠠᠬᠤᠢ ᠪᠠᠶ᠋ᠢᠳᠠᠯ ᠳᠣᠣᠷ᠎ᠠ᠂ ᠰᠢᠶᠤᠤ ᠵᠢᠶᠧ ᠵᠶ᠋ᠢ ᠪᠠᠯᠭᠠᠰᠤ 《 ᠬᠢᠶᠠᠭ ᠡᠪᠡᠰᠦ ᠶ᠋ᠢᠨ ᠵᠢᠵᠢᠭ ᠪᠠᠯᠭᠠᠰᠤ 》 ᠳ᠋ᠤ ᠲᠦᠰᠢᠭᠯᠡᠨ᠂ 2026 ᠣᠨ ᠳ᠋ᠤ ᠬᠤᠶᠠᠷ ᠵᠤᠷᠪᠤᠰ ᠬᠢᠶᠠᠭ ᠡᠪᠡᠰᠦ ᠶ᠋ᠢᠨ ᠮᠥᠬᠦᠯᠢᠭᠲᠦ ᠲᠡᠵᠢᠭᠡᠯ ᠪᠤᠷᠳᠤᠭ᠎ᠠ ᠡᠳ᠋ᠰᠢᠭᠦᠯᠬᠦ᠌ ᠦᠢᠯᠡᠳᠪᠦᠷᠢᠯᠡᠯ ᠤ᠋ᠨ ᠱᠤᠭᠤᠮ ᠢ᠋ ᠰᠢᠨ᠎ᠡ ᠪᠡᠷ ᠪᠠᠶ᠋ᠢᠭᠤᠯᠵᠤ᠂ ᠰᠢᠨᠵᠢᠯᠡᠬᠦ᠌ ᠤᠬᠠᠭᠠᠨ ᠤ᠋ ᠨᠠᠶ᠋ᠢᠷᠠᠯᠭ᠎ᠠ ᠪᠡᠷ ᠠᠳᠠᠯᠢ ᠪᠤᠰᠤ ᠲᠡᠵᠢᠭᠡᠨ ᠦᠷᠡᠵᠢᠭᠦᠯᠬᠦ᠌ ᠱᠠᠲᠤᠨ ᠳ᠋ᠤ ᠴᠢᠭᠯᠡᠭᠦᠯᠦᠨ ᠮᠥᠬᠦᠯᠢᠭᠲᠦ᠍ ᠲᠡᠵᠢᠭᠡᠯ ᠪᠣᠷᠳᠤᠭ᠎ᠠ ᠦᠢᠯᠡᠳᠪᠦᠷᠢᠯᠡᠵᠦ᠍᠂ ᠬᠢᠶᠠᠭ ᠡᠪᠡᠰᠦ ᠶ᠋ᠢᠨ ᠨᠡᠮᠡᠯᠲᠡ ᠥᠷᠲᠡᠭ ᠢ᠋ ᠳᠡᠭᠡᠭᠰᠢᠯᠡᠭᠦᠯᠦᠨ᠂ ᠬᠢᠶᠠᠭ ᠡᠪᠡᠰᠦ ᠶ᠋ᠢᠨ ᠠᠵᠤ ᠦᠢᠯᠡᠰ ᠤ᠋ᠨ ᠬᠥᠭᠵᠢᠯᠲᠡ ᠶ᠋ᠢᠨ ᠵᠠᠮ ᠢ᠋ ᠥᠷᠭᠡᠳᠬᠡᠪᠡ ᠃

《ᠳᠠᠷᠠᠭ᠎ᠠ ᠵᠢᠯ ᠪᠢ ᠵᠦᠩ ᠺᠧ ᠬᠢᠶᠠᠭ ᠡᠪᠡᠰᠦ ᠲᠠᠷᠢᠵᠤ᠂ ᠪᠠᠰᠠ ᠬᠡᠳᠦᠨ ᠦᠬᠡᠷ ᠨᠡᠮᠡᠵᠦ ᠲᠡᠵᠢᠭᠡᠶ᠎ᠡ ᠭᠡᠵᠦ᠍ ᠪᠣᠳᠤᠵᠤ ᠪᠠᠶ᠋ᠢᠨ᠎ᠠ》 ᠭᠡᠵᠦ ᠲᠤᠬᠠᠢ ᠶ᠋ᠢᠨ ᠲᠠᠯᠠᠪᠠᠢ ᠳ᠋ᠤ ᠰᠢᠨᠵᠢᠯᠡᠬᠦ᠌ ᠤᠬᠠᠭᠠᠨ ᠤ᠋ ᠰᠤᠳᠤᠯᠭᠠᠨ ᠤ᠋ ᠪᠦᠯᠭᠦᠮ ᠤ᠋ᠨ ᠵᠠᠳᠠᠯᠤᠯᠲᠠ ᠪᠠ  ᠪᠠᠯᠭᠠᠰᠤᠨ ᠤ᠋  ᠲᠥᠯᠦᠪᠵᠢᠭᠦᠯᠭᠡ ᠵᠢ ᠰᠣᠨᠤᠰᠤᠬᠰᠠᠨ ᠤ᠋ ᠳᠠᠷᠠᠭ᠎ᠠ ᠵᠠᠩ ᠱᠤᠸᠠᠩ ᠰᠢ ᠢᠷᠡᠬᠦ  ᠵᠢᠯ ᠤ᠋ᠨ ᠬᠦᠰᠡᠯ ᠲᠦᠯᠦᠪᠯᠡᠭᠡ ᠪᠠᠨ ᠬᠤᠪᠢᠶᠠᠯᠴᠠᠯ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠲᠤᠮᠳᠠᠳᠦ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ ᠎ᠤ ᠰᠦᠯᠵᠢᠶ᠎ᠡ
兼容浏览器的HTML页面