2026-07-27 17:33:50
ᠲᠡᠯᠭᠡᠷ ᠵᠤᠨ ᠢᠶᠡᠷ ᠪᠣᠷᠣᠲᠣᠬᠣᠢ᠎ᠶ᠋ᠢᠨ ᠲᠠᠯ᠎ᠠ ᠨᠤᠳᠤᠭ ᠲᠤ᠌ ᠭᠤᠸ᠎ᠠ ᠵᠢᠮᠢᠰ᠎ᠤᠨ ᠰᠠᠢᠬᠠᠨ ᠦᠨᠦᠷ ᠬᠠᠩᠬᠤᠯᠤᠨ᠎ᠠ᠃ ᠪᠠᠶᠠᠨᠨᠠᠭᠤᠷ ᠬᠣᠲᠠ ᠶ᠋ᠢᠨ ᠤᠷᠠᠳ ᠤ᠋ᠨ ᠡᠮᠦᠨᠡᠲᠦ ᠬᠤᠰᠢᠭᠤᠨ᠎ᠤ᠋ ᠰᠢᠶᠠᠨᠹᠧᠩ ᠪᠠᠯᠭᠠᠰᠤᠨ᠎ᠤ᠋ ᠰᠢᠶᠠᠨᠹᠧᠩ ᠲᠣᠰᠬᠣᠨ ᠤ᠋ ᠤᠷᠤᠨ ᠨᠤᠳᠤᠭ ᠤᠨ ᠤᠨᠴᠠ ᠭᠠᠷᠤᠯᠲᠠ ᠶᠢᠨ ᠠᠵᠤ ᠦᠢᠯᠡᠰ ᠦ᠋ᠨ ᠬᠦᠷᠢᠶᠡᠯᠡᠩ ᠳ᠋ᠦ᠍ ᠲᠠᠷᠢᠶᠠᠯᠠᠩ᠎ᠤ᠋ᠨ ᠪᠦᠲᠦᠭᠡᠭᠳᠡᠭᠦᠨ ᠤ ᠭᠠᠵᠠᠷ ᠵᠦᠢ ᠶ᠋ᠢᠨ ᠢᠯᠡᠷᠬᠡᠢᠯᠡᠯ᠎ᠲᠤ ᠲᠠᠸᠠᠷ ᠤᠨ ᠲᠡᠮᠳᠡᠭᠪᠦᠬᠦᠢ ᠪᠦᠲᠦᠭᠡᠭᠳᠡᠭᠦᠨ ᠪᠣᠯᠬᠤ ᠾᠧᠢ ᠯᠢᠦ ᠽᠢ ᠪᠠᠢ ᠯᠢ ᠼᠦᠢ ᠠᠮᠲᠠᠲᠤ ᠬᠡᠮᠬᠡ ᠡᠯᠪᠡᠭ ᠬᠤᠷᠢᠶᠠᠯᠲᠠ᠎ᠶ᠋ᠢᠨ ᠤᠯᠠᠷᠢᠯᠢ᠋ᠶ᠋ᠠᠨ ᠤᠭᠲᠤᠯ᠎ᠠ᠃
7 ᠰᠠᠷ᠎ᠠ᠎ᠶ᠋ᠢᠨ 20᠎ᠤ᠋ ᠡᠳᠦᠷ᠂ ᠰᠤᠷᠪᠤᠯᠵᠢᠯᠠᠭᠴᠢ ᠰᠢᠶᠠᠨᠹᠧᠩ ᠲᠣᠰᠬᠣᠨ᠎ᠤ᠋ ᠤᠷᠤᠨ ᠨᠤᠳᠤᠭ᠎ᠤᠨ ᠤᠨᠴᠠ ᠭᠠᠷᠤᠯᠲᠠ᠎ᠶᠢᠨ ᠠᠵᠤ ᠦᠢᠯᠡᠰ᠎ᠦ᠋ᠨ ᠬᠦᠷᠢᠶᠡᠯᠡᠩ᠎ᠤᠨ ᠲᠠᠷᠢᠮᠠᠯ᠎ᠤᠨ ᠬᠦᠯᠡᠮᠵᠢᠨ᠎ᠳᠤ ᠬᠦᠷᠬᠦ᠎ᠳᠤ ᠠᠮᠲᠠᠲᠤ ᠬᠡᠮᠬᠡ᠎ᠶ᠋ᠢᠨ ᠦᠨᠦᠷ ᠰᠡᠩᠭᠢᠨᠡᠵᠦ᠂ ᠠᠯᠢᠮ᠎ᠠ ᠰᠢᠭ᠋ ᠬᠡᠯᠪᠡᠷᠢ ᠲᠠᠢ ᠪᠠᠢ ᠯᠢ ᠼᠦᠢ ᠠᠮᠲᠠᠲᠤ ᠬᠡᠮᠬᠡ ᠵᠡᠯ᠎ᠡ ᠳᠦᠭᠦᠷᠡᠩ ᠪᠠᠢᠯ᠎ᠠ᠃ ᠭᠤᠸᠠ᠎ᠶ᠋ᠢᠨ ᠲᠠᠷᠢᠶᠠᠴᠢᠳ ᠬᠦᠯᠦᠰᠦᠨ ᠠᠵᠢᠯᠴᠢᠳᠢ᠋ ᠵᠢᠯᠤᠭᠤᠳᠤᠨ ᠳᠠᠭᠠᠭᠤᠯᠵᠤ᠂ ᠪᠤᠯᠪᠠᠰᠤᠷᠠᠭᠰᠠᠨ ᠠᠮᠳᠠᠳᠤ ᠬᠡᠮᠬᠡ᠎ᠵᠢ ᠲᠡᠭᠦᠵᠦ ᠢᠯᠭᠠᠨ᠂ ᠲᠡᠷᠭᠡᠨᠳ᠋ᠦ᠍ ᠰᠠᠪᠠᠯᠠᠵᠤ ᠶᠠᠭᠠᠷᠠᠯᠳᠤᠨ᠎ᠠ᠃ ᠡᠳᠡᠭᠡᠷ ᠰᠣᠷᠭᠣᠭ ᠠᠮᠲᠠᠲᠤ ᠬᠡᠮᠬᠡ ᠬᠡᠳᠦᠨ ᠺᠢᠯᠣᠮᠧᠲ᠋ᠷᠦ᠋ᠨ ᠴᠠᠭᠠᠨᠠᠬᠢ ᠭᠤᠸ᠎ᠠ ᠵᠢᠮᠢᠰ ᠠᠷᠠᠯᠵᠢᠶᠠᠯᠠᠬᠤ ᠵᠠᠬ᠎ᠠ ᠳᠡᠯᠭᠡᠭᠦᠷ᠎ᠲᠦ᠍ ᠠᠯᠢ ᠲᠦᠷᠭᠡᠨᠢ᠋ᠶ᠋ᠡᠷ ᠵᠥᠭᠡᠭᠡᠪᠦᠷᠢᠯᠡᠭᠳᠡᠬᠦ ᠪᠤᠯᠤᠨ᠎ᠠ᠃ ᠵᠢᠯ ᠪᠦᠷᠢ᠎ᠶ᠋ᠢᠨ 5 ᠰᠠᠷ᠎ᠠ᠎ᠶ᠋ᠢᠨ ᠰᠡᠭᠦᠯᠴᠢ᠎ᠡᠴᠡ 8 ᠰᠠᠷ᠎ᠠ᠎ᠶ᠋ᠢᠨ ᠳᠤᠮᠳᠠᠴᠢ ᠪᠤᠯᠲᠠᠯᠠᠬᠢ ᠬᠤᠭᠤᠴᠠᠭ᠎ᠠ ᠪᠤᠯ ᠾᠧᠢ ᠯᠢᠦ ᠽᠢ ᠪᠠᠢ ᠯᠢ ᠼᠦᠢ ᠠᠮᠲᠠᠲᠤ ᠬᠡᠮᠬᠡ ᠵᠢᠨ ᠢᠳᠡᠭ ᠢᠳᠡᠭ᠎ᠢᠶᠡᠷ ᠪᠤᠯᠪᠠᠰᠤᠷᠠᠵᠤ ᠵᠠᠬ᠎ᠠ ᠲᠡᠯᠭᠡᠭᠦᠷ᠎ᠲᠤ ᠭᠠᠷᠬᠤ ᠬᠠᠮᠤᠭ᠎ᠤ᠋ᠨ ᠰᠠᠢᠨ ᠦᠶ᠎ᠡ ᠪᠣᠯᠤᠨ᠎ᠠ᠃ ᠡᠨᠡ ᠦᠶ᠎ᠡ᠎ᠳᠤ ᠪᠦᠬᠦ ᠤᠯᠤᠰ᠎ᠤ᠋ᠨ ᠡᠯ᠎ᠡ ᠭᠠᠵᠠᠷ᠎ᠤ᠋ᠨ ᠠᠷᠠᠯᠵᠢᠶᠠᠴᠢᠳ ᠰᠢᠶᠠᠨᠹᠧᠩ ᠪᠠᠯᠭᠠᠰᠤᠨ᠎ᠤ ᠭᠤᠸ᠎ᠠ ᠵᠢᠮᠢᠰ ᠠᠷᠠᠯᠵᠢᠶᠠᠯᠠᠬᠤ ᠵᠠᠬ᠎ᠠ ᠳᠡᠯᠭᠡᠭᠦᠷ᠎ᠲᠦ᠍ ᠴᠤᠭᠯᠠᠷᠠᠵᠦ᠂ ᠡᠨᠡ ᠬᠦ᠌ ᠦᠪᠡᠷᠮᠢᠴᠡ ᠠᠮᠲᠠᠲᠠᠢ ᠭᠤᠸ᠎ᠠ ᠵᠢ ᠲᠠᠰᠤᠷᠠᠯᠲᠠ ᠦᠭᠡᠢ ᠪᠦᠬᠦ ᠤᠯᠤᠰ᠎ᠤ᠋ᠨ ᠡᠯ᠎ᠡ ᠭᠠᠵᠠᠷ᠎ᠲᠤ᠌ ᠬᠦᠷᠭᠡᠳᠡᠭ᠃
ᠾᠧᠪᠧᠢ ᠮᠤᠵᠢ᠎ᠶᠢᠨ ᠠᠷᠠᠯᠵᠢᠶᠠᠴᠢᠨ ᠾᠧ ᠶᠠᠩ᠄ 《ᠪᠢ ᠵᠢᠯ ᠪᠦᠷᠢ ᠠᠮᠲᠠᠲᠤ ᠬᠡᠮᠬᠡ ᠪᠤᠯᠪᠠᠰᠤᠷᠠᠬᠤ ᠴᠠᠭ ᠪᠤᠯᠤᠮᠠᠭᠴᠠ ᠡᠨᠲᠡ ᠢᠷᠡᠵᠦ ᠠᠮᠲᠠᠲᠤ ᠬᠡᠮᠬᠡ ᠬᠤᠷᠢᠶᠠᠳᠠᠭ᠂ ᠬᠥᠯᠡᠮᠵᠢᠨᠤᠠᠮᠲᠠᠲᠤ ᠬᠡᠮᠭᠡ ᠡᠬᠢᠯᠡᠨ ᠪᠤᠯᠪᠠᠰᠤᠷᠠᠬᠤ᠎ᠡᠴᠡ ᠲᠠᠷᠢᠶᠠᠨᠤ᠋ ᠠᠮᠲᠠᠲᠤ ᠬᠡᠮᠭᠡ ᠪᠤᠯᠪᠠᠰᠤᠷᠠᠵᠤ ᠲᠠᠭᠤᠰᠲᠠᠯ᠎ᠠ ᠨᠡᠭᠠᠰᠢ ᠴᠠᠭᠠᠰᠢ ᠣᠯᠠᠨᠲᠠ ᠵᠤᠷᠴᠢᠨ᠎ᠠ᠂ ᠤᠳᠠᠭ᠎ᠠ ᠪᠦᠷᠢ ᠠᠮᠳᠠᠳᠤ ᠬᠡᠮᠭᠡ᠎ᠵᠢ ᠨᠤᠳᠤᠭ᠎ᠲᠠᠭᠠᠨ ᠲᠡᠭᠡᠭᠡᠪᠦᠷᠢᠯᠡᠵᠦ ᠠᠪᠠᠴᠢᠭᠠᠳ ᠪᠤᠷᠤᠯᠠᠭᠤᠯᠳᠠᠭ》ᠭᠡᠮᠡᠨ ᠰᠤᠷᠪᠤᠯᠵᠢᠯᠠᠭᠴᠢ᠎ᠳᠤ ᠶᠠᠷᠢᠯ᠎ᠠ᠃ ᠲᠡᠭᠦᠨ᠎ᠤ ᠲᠠᠨᠢᠯᠴᠠᠭᠤᠯᠬᠤ ᠪᠡᠷ᠂ ᠾᠧᠢ ᠯᠢᠦ ᠽᠢ ᠪᠠᠢ ᠯᠢ ᠼᠦᠢ ᠠᠮᠲᠠᠲᠤ ᠬᠡᠮᠬᠡ ᠵᠢᠨ ᠬᠠᠯᠢᠰᠤ ᠨᠢ ᠨᠢᠮᠭᠡᠨ ᠪᠦᠭᠡᠳ ᠰᠢᠬᠢᠷᠯᠢᠭ ᠪᠤᠯᠬᠤᠷ ᠵᠠᠬ᠎ᠠ ᠳᠡᠯᠭᠡᠭᠦᠷ᠎ᠦ᠋ᠨ ᠦᠨᠡᠯᠡᠯᠲᠡ ᠨᠢ ᠮᠠᠰᠢ ᠰᠠᠢᠨ᠂ ᠪᠣᠷᠣᠯᠠᠭᠤᠯᠭ᠎ᠠ ᠰᠠᠢᠳᠠᠢ ᠪᠠᠢᠵᠤ᠂ ᠨᠢᠭᠡ ᠲᠡᠷᠭᠡ ᠠᠮᠲᠠᠲᠤ ᠬᠡᠮᠬᠡ ᠵᠢ ᠨᠢᠭᠡ ᠯᠡ ᠡᠳᠦᠷ᠎ᠲᠤ ᠬᠤᠳᠠᠯᠳᠤᠭᠠᠳ ᠪᠠᠷᠠᠴᠢᠬᠠᠨ᠎ᠠ᠃
ᠰᠢᠶᠠᠨᠹᠧᠩ ᠪᠠᠯᠭᠠᠰᠤᠨ᠎ᠤ᠋ ᠰᠢᠶᠠᠨᠹᠧᠩ ᠲᠣᠰᠬᠣᠨ᠂ ᠾᠧᠢ ᠯᠢᠦ ᠽᠢ ᠲᠣᠰᠬᠣᠨ ᠠᠮᠲᠠᠲᠤ ᠬᠡᠮᠬᠡ᠎ᠶ᠋ᠢᠨ ᠭᠣᠣᠯ ᠭᠠᠷᠤᠯᠲᠠ᠎ᠶ᠋ᠢᠨ ᠣᠷᠣᠨ ᠪᠣᠯᠤᠭᠰᠠᠨ᠎ᠤ᠋ ᠬᠤᠪᠢ᠎ᠳ᠋ᠤ᠌᠂ ᠬᠥᠷᠥᠰᠥ ᠰᠢᠷᠣᠢ ᠨᠢ ᠬᠠᠷ᠎ᠠ ᠬᠥᠷᠥᠰᠥ᠂ ᠡᠯᠡᠰᠦᠷᠬᠡᠭ ᠬᠥᠷᠥᠰᠥ᠎ᠪᠡᠷ ᠭᠣᠣᠯᠲᠠᠵᠤ᠂ ᠬᠥᠷᠥᠰᠥᠨ᠎ᠤ ᠴᠢᠨᠠᠷ ᠨᠢ ᠰᠤᠯᠠ ᠰᠦᠪᠡᠷᠬᠡᠭ ᠥᠩ ᠰᠢᠮᠡᠯᠢᠭ ᠪᠤᠯᠬᠤᠷ ᠭᠤᠸ᠎ᠠ ᠵᠢᠮᠢᠰ ᠲᠠᠷᠢᠬᠤ᠎ᠳᠤ ᠳᠤᠬᠢᠷᠠᠨ᠎ᠠ᠃ ᠡᠭᠦᠨ᠎ᠦ᠌ ᠳᠡᠭᠡᠷ᠎ᠡ ᠲᠤᠬᠠᠢ᠎ᠶ᠋ᠢᠨ ᠭᠠᠵᠠᠷ᠎ᠤ᠋ᠨ ᠡᠳᠦᠷ ᠰᠥᠨᠢ᠎ᠶ᠋ᠢᠨ ᠳᠤᠯᠠᠭᠠᠨ᠎ᠤ᠋ ᠵᠥᠷᠢᠶ᠎ᠡ ᠶᠡᠬᠡ ᠪᠤᠯᠬᠤᠷ ᠪᠠᠢ ᠯᠢ ᠼᠦᠢ ᠠᠮᠲᠠᠲᠤ ᠬᠡᠮᠬᠡ ᠰᠢᠬᠢᠷᠯᠢᠭ ᠪᠦᠭᠡᠳ ᠠᠮᠲᠠ ᠰᠠᠢᠲᠠᠢ ᠦᠪᠡᠷᠮᠢᠴᠡ ᠤᠨᠴᠠᠯᠢᠬᠢ᠋ ᠪᠣᠢ ᠪᠣᠯᠭᠠᠵᠠᠢ᠃
ᠲᠤᠰ ᠭᠠᠵᠠᠷ ᠪᠠᠰᠠ ᠨᠠᠷᠢᠯᠢᠭ ᠪᠣᠢᠵᠢᠭᠤᠯᠬᠤ᠂ ᠪᠠᠷᠢᠮᠵᠢᠶᠠᠵᠢᠭᠤᠯᠤᠨ ᠠᠷᠠᠴᠢᠯᠠᠵᠤ ᠲᠤᠳᠤᠮᠳᠠᠬᠤ᠎ᠶ᠋ᠢ ᠪᠠᠷᠢᠮᠲᠠᠯᠠᠵᠤ᠂ ᠡᠭᠦᠯᠳᠡᠷ ᠰᠠᠢᠵᠢᠷᠠᠭᠤᠯᠬᠤ᠎ᠶ᠋ᠢ ᠦᠷᠭᠦᠯᠵᠢᠯᠡᠨ ᠥᠷᠨᠢᠭᠦᠯᠵᠦ᠂ ᠰᠢᠨᠵᠢᠯᠡᠬᠦ ᠤᠬᠠᠭᠠᠨᠴᠢ᠎ᠪᠠᠷ ᠪᠣᠷᠳᠣᠭᠤᠷ ᠣᠷᠣᠭᠤᠯᠬᠤ᠂ ᠬᠣᠷᠣᠬᠠᠢ᠎ᠶ᠋ᠢ ᠪᠣᠬᠢᠷᠲᠤᠯ ᠥᠬᠡᠢ ᠰᠡᠷᠭᠡᠢᠯᠡᠬᠦ ᠵᠡᠷᠭᠡ ᠪᠣᠬᠢᠷᠲᠤᠯ ᠥᠬᠡᠢ ᠲᠠᠷᠢᠵᠤ ᠠᠷᠠᠴᠢᠯᠠᠬᠤ ᠠᠷᠭ᠎ᠠ ᠬᠡᠯᠪᠡᠷᠢ᠎ᠶ᠋ᠢ ᠠᠰᠢᠬᠯᠠᠨ᠂ ᠠᠮᠲᠠᠲᠤ ᠬᠡᠮᠬᠡ᠎ᠶ᠋ᠢᠨ ᠤᠤᠯ ᠤ᠋ᠨ ᠦᠨᠦᠷ ᠠᠮᠲᠠ ᠶ᠋ᠢ ᠬᠠᠮᠤᠭ᠎ᠤᠨ ᠶᠡᠬᠡ ᠬᠡᠮᠵᠢᠶ᠎ᠡ᠎ᠪᠡᠷ ᠬᠠᠳᠠᠭᠠᠯᠠᠭᠰᠠᠨ ᠪᠠᠢᠨ᠎ᠠ᠃
︽ᠲᠠᠷᠢᠮᠠᠯ ᠤ᠋ᠨ ᠦᠷ᠎ᠡ ᠠᠰᠢᠭ᠎ᠢ᠋ ᠤᠯᠠᠮ ᠨᠢᠭᠡ ᠠᠯᠬᠤᠮ ᠳᠡᠭᠡᠭᠰᠢᠯᠡᠭᠦᠯᠬᠦ᠎ᠶ᠋ᠢᠨ ᠲᠥᠯᠥᠭᠡ᠂ ᠪᠢᠳᠡ ᠨᠤᠳᠤᠭ᠎ᠤ᠋ᠨ ᠪᠣᠷᠳᠣᠭᠤᠷ᠎ᠢ ᠬᠡᠷᠡᠭᠯᠡᠬᠦ᠂ ᠵᠥᠭᠡᠢ ᠪᠡᠷ ᠲᠣᠭᠣᠰᠣ ᠬᠦᠷᠲᠡᠭᠡᠬᠦ᠂ ᠪᠠᠺᠲ᠋ᠧᠷᠢ᠎ᠪᠡᠷ ᠪᠠᠺᠲ᠋ᠧᠷᠢ ᠵᠢ ᠵᠠᠰᠠᠬᠤ᠂ ᠨᠢᠭᠡ ᠵᠢᠯ᠎ᠳ᠋ᠦ᠍ ᠬᠣᠶᠠᠷ ᠡᠭᠡᠯᠵᠢ ᠲᠠᠷᠢᠬᠤ ᠵᠡᠷᠭᠡ ᠪᠣᠬᠢᠷᠲᠤᠯ ᠦᠭᠡᠢ ᠥᠨᠳᠥᠷ ᠦᠷ᠎ᠡ ᠠᠰᠢᠭ᠎ᠲᠤ ᠲᠠᠷᠢᠬᠤ ᠠᠷᠭ᠎ᠠ᠎ᠶ᠋ᠢ ᠳᠡᠯᠭᠡᠷᠡᠭᠦᠯᠦᠨ᠂ ᠲᠠᠷᠢᠮᠠᠯ᠎ᠤ᠋ᠨ ᠬᠡᠪᠴᠢᠶ᠎ᠡ᠎ᠶ᠋ᠢ ᠲᠠᠰᠤᠷᠠᠯᠲᠠ ᠦᠭᠡᠢ ᠥᠷᠭᠡᠳᠬᠡᠵᠠᠢ︾ᠭᠡᠵᠦ ᠰᠢᠶᠠᠨᠹᠧᠩ ᠪᠠᠯᠭᠠᠰᠤᠨ᠎ᠤ᠋ ᠳᠡᠳ᠋ ᠳᠠᠷᠤᠭ᠎ᠠ ᠵᠠᠩ ᠶᠤᠸᠠᠢ ᠲᠠᠨᠢᠯᠴᠠᠭᠤᠯᠪᠠ᠃
ᠣᠳᠣᠬᠠᠨ᠎ᠳ᠋ᠤ᠌᠂ ᠰᠢᠶᠠᠨᠹᠧᠩ ᠪᠠᠯᠭᠠᠰᠤᠨ᠎ᠤ᠋ ᠪᠠᠢ ᠯᠢ ᠼᠦᠢ ᠠᠮᠲᠠᠲᠤ ᠬᠡᠮᠬᠡ ᠲᠠᠷᠢᠬᠤ ᠲᠠᠯᠠᠪᠠᠢ ᠨᠢ 3700 ᠭᠠᠷᠤᠢ ᠮᠦ᠍᠎ᠳᠤ ᠬᠦᠷᠴᠡᠢ᠂ ᠡᠭᠦᠨ᠎ᠳ᠋ᠦ᠍ ᠬᠥᠯᠡᠮᠵᠢᠨᠳ᠋ᠦ᠍ 2450 ᠮᠦ᠍ ᠲᠠᠷᠢᠵᠤ᠂ ᠲᠠᠷᠢᠶᠠᠨᠳ᠋ᠤ᠌ 1300 ᠮᠦ᠍ ᠲᠠᠷᠢᠵᠤ ᠪᠤᠢ᠃ ᠠᠵᠤ ᠦᠢᠯᠡᠰ᠎ᠦ᠋ᠨ ᠬᠥᠭᠵᠢᠯᠲᠡ ᠨᠢ 350 ᠭᠠᠷᠤᠢ ᠲᠠᠷᠢᠶᠠᠯᠠᠬᠤ ᠡᠷᠦᠬᠡ᠎ᠶ᠋ᠢᠨ ᠣᠷᠣᠯᠭ᠎ᠠ᠎ᠶ᠋ᠢ ᠲᠣᠭᠲᠠᠭᠤᠨᠢ᠋ᠶ᠋ᠠᠷ ᠨᠡᠮᠡᠭᠳᠡᠭᠦᠯᠵᠦ᠂ ᠲᠤᠬᠠᠢ᠎ᠶ᠋ᠢᠨ ᠭᠠᠵᠠᠷ᠎ᠤ᠋ᠨ ᠠᠵᠢᠯ ᠤᠯᠭᠤᠯᠲᠠ᠂ ᠪᠣᠳᠠᠰ ᠤ᠋ᠨ ᠭᠦᠢᠯᠭᠡᠭᠡ᠂ ᠡᠯᠸᠺᠲ᠋ᠷᠤᠨ ᠬᠤᠳᠠᠯᠳᠤᠭ᠎ᠠ᠂ ᠪᠣᠭᠣᠳᠠᠯᠯᠠᠨ ᠪᠣᠯᠪᠠᠰᠤᠷᠠᠭᠤᠯᠬᠤ ᠵᠡᠷᠭᠡ ᠢᠵᠢ ᠪᠦᠷᠢᠳᠦᠭᠰᠡᠨ ᠠᠵᠤ ᠦᠢᠯᠡᠰ᠎ᠢ᠋ ᠳᠠᠢᠴᠢᠯᠠᠨ ᠬᠥᠭᠵᠢᠭᠡᠵᠦ᠂ ᠬᠥᠳᠡᠭᠡ ᠲᠣᠰᠬᠣᠨ᠎ᠤ᠋ ᠪᠦᠷᠢᠨ ᠪᠦᠲᠦᠨ ᠣᠨᠴᠠᠯᠢᠭᠲᠤ ᠠᠵᠤ ᠦᠢᠯᠡᠰ᠎ᠦ᠋ᠨ ᠬᠡᠯᠬᠢᠶ᠎ᠡ᠎ᠶ᠋ᠢ ᠪᠦᠷᠢᠯᠳᠦᠭᠦᠯᠦᠭᠰᠡᠨ ᠪᠠᠢᠨ᠎ᠠ᠃
ᠰᠢᠶᠠᠨᠹᠧᠩ ᠪᠠᠯᠭᠠᠰᠤ ᠲᠥᠷᠥᠯ ᠵᠦᠢᠯ᠎ᠦ᠋ᠨ ᠪᠡᠯᠡ ᠮᠥᠩᠭᠥ᠎ᠶ᠋ᠢ ᠴᠢᠷᠮᠠᠢᠨ ᠤᠯᠬᠤ᠎ᠪᠠᠷ ᠳᠠᠮᠵᠢᠨ᠂ 5000 ᠭᠠᠷᠤᠢ ᠮᠦ᠍ ᠲᠦᠬᠦᠬᠡᠷᠦᠮᠵᠢᠳᠦ ᠲᠠᠷᠢᠶᠠᠯᠠᠩ᠎ᠤ᠋ᠨ ᠠᠵᠤ ᠦᠢᠯᠡᠰ᠎ᠦ᠋ᠨ ᠵᠢᠱ᠌ᠢᠶ᠎ᠡ ᠦᠵᠡᠭᠦᠯᠬᠦ ᠬᠦᠷᠢᠶᠡᠯᠡᠩᠢ᠋ ᠥᠨᠳᠥᠷ ᠪᠠᠷᠢᠮᠵᠢᠶ᠎ᠠ᠎ᠪᠠᠷ ᠪᠠᠢᠭᠤᠯᠵᠤ᠂ ᠬᠡᠪᠴᠢᠶᠡᠵᠢᠭᠰᠡᠨ᠂ ᠪᠠᠷᠢᠮᠵᠢᠶᠠᠵᠢᠭᠰᠠᠨ ᠲᠠᠷᠢᠮᠠᠯ᠎ᠤ᠋ᠨ ᠰᠠᠭᠤᠷᠢᠨ ᠢ᠋ ᠶᠡᠬᠡ ᠪᠡᠷ ᠳᠡᠯᠭᠡᠷᠡᠭᠦᠯᠪᠡ᠃ ᠡᠭᠦᠨ᠎ᠦ᠌ ᠬᠠᠮᠲᠤ᠂ ᠠᠵᠤ ᠦᠢᠯᠡᠰ᠎ᠦ᠋ᠨ ᠬᠦᠷᠢᠶᠡᠯᠡᠩ ᠦ᠋ᠨ ᠡᠷᠭᠢᠨ ᠲᠣᠭᠣᠷᠢᠨᠳ᠋ᠤ᠌ ᠲᠣᠮᠣ ᠬᠡᠯᠪᠡᠷᠢ᠎ᠶ᠋ᠢᠨ ᠭᠤᠸᠠ᠎ᠶ᠋ᠢᠨ ᠠᠷᠠᠯᠵᠢᠶᠠᠨ᠎ᠤ᠋ ᠵᠠᠬ᠎ᠠ ᠳᠡᠯᠭᠡᠭᠦᠷᠢ᠋ ᠲᠥᠬᠥᠷᠵᠢᠭᠦᠯᠦᠨ ᠪᠠᠢᠭᠤᠯᠵᠤ᠂ ᠲᠣᠰᠬᠣᠨ᠎ᠤ᠋ ᠠᠷᠠᠳ᠎ᠤᠨ ᠵᠦᠪᠯᠡᠯ᠎ᠤᠨ ᠠᠵᠢᠯᠯᠠᠬᠤ ᠭᠠᠵᠠᠷ᠎ᠲᠤ ᠡᠯᠸᠺᠲᠷᠤᠨ ᠬᠤᠳᠠᠯᠳᠤᠭᠠᠨ᠎ᠤ᠋ ᠰᠢᠭᠤᠳ ᠨᠡᠪᠲᠡᠷᠡᠭᠦᠯᠭᠡ᠎ᠶ᠋ᠢᠨ ᠲᠠᠰᠤᠭ ᠭᠠᠷᠭᠠᠨ᠂ ᠡᠯ᠎ᠡ ᠲᠣᠰᠬᠣᠨ ᠳ᠋ᠤ᠌ ᠪᠠᠷᠠᠭᠠᠨ᠎ᠤ᠋ ᠭᠦᠢᠯᠭᠡᠭᠡᠨ᠎ᠦ᠌ ᠥᠷᠲᠡᠭᠡ ᠴᠡᠭ᠎ᠢ᠋ ᠣᠷᠣᠭᠤᠯᠵᠦ᠂ ᠰᠦᠯᠵᠢᠶ᠎ᠡ ᠪᠡᠷ ᠪᠤᠶᠤ ᠠᠬᠤᠢ ᠳᠠᠯᠠᠪᠠᠢ ᠶᠢᠨ ᠬᠣᠣᠰ ᠴᠢᠭᠯᠡᠯᠢ᠋ᠶ᠋ᠡᠷ ᠪᠣᠷᠣᠯᠠᠭᠤᠯᠬᠤ ᠵᠠᠮ᠎ᠢ ᠥᠷᠭᠡᠳᠭᠡᠨ᠂ ᠦᠪᠡᠷᠮᠢᠴᠡ ᠤᠨᠴᠠᠯᠢᠬ ᠲᠠᠢ᠂ ᠬᠡᠪᠴᠢᠶᠡᠵᠢᠭᠰᠡᠨ᠂ ᠲᠥᠷᠥᠯ ᠲᠡᠮᠳᠡᠭᠴᠢᠯᠡᠭᠰᠡᠨ ᠠᠷᠠᠳᠢ᠋ ᠪᠠᠶᠠᠵᠢᠭᠤᠯᠤᠨ ᠲᠣᠰᠬᠣᠨᠢ᠋ᠶ᠋ᠠᠨ ᠮᠠᠨᠳᠤᠭᠤᠯᠬᠤ ᠵᠠᠮ᠎ᠢ᠋ᠶ᠋ᠠᠷ ᠵᠠᠮᠨᠠᠭᠰᠠᠨ ᠪᠠᠢᠨ᠎ᠠ᠃
ᠣᠳᠣ ᠬᠦᠷᠢᠶᠡᠯᠡᠩ ᠲᠣᠭᠣᠷᠢᠭ᠎ᠤ᠋ᠨ ᠡᠳᠦᠷ ᠪᠦᠷᠢ᠎ᠶ᠋ᠢᠨ ᠰᠦᠯᠵᠢᠶᠡᠨ ᠳᠡᠭᠡᠷᠡᠬᠢ ᠵᠠᠬᠢᠶᠠᠯᠠᠭ᠎ᠠ 200 ᠡᠴᠡ 400 ᠬᠤᠪᠢ᠎ᠳᠤ ᠬᠦᠷᠴᠦ᠂ ᠰᠢᠨ᠎ᠠ ᠰᠣᠷᠭᠣᠭ ᠠᠮᠲᠠᠲᠤ ᠬᠡᠮᠬᠡ ᠨᠢ ᠡᠯᠸᠺᠲ᠋ᠷᠤᠨ ᠬᠤᠳᠠᠯᠳᠤᠭᠠᠨ᠎ᠤ ᠪᠠᠷᠠᠭᠠᠨ᠎ᠤ᠋ ᠭᠦᠢᠯᠭᠡᠭᠡ᠎ᠪᠡᠷ ᠳᠠᠮᠵᠢᠨ᠂ ᠪᠦᠬᠦ ᠤᠯᠤᠰ᠎ᠤ᠋ᠨ ᠡᠯ᠎ᠡ ᠭᠠᠵᠠᠷ᠎ᠤ᠋ᠨ ᠬᠡᠷᠡᠭᠯᠡᠭᠴᠢᠳᠦ᠋ᠨ ᠭᠠᠷ᠎ᠲᠤ᠌ ᠬᠦᠷᠴᠤ ᠪᠤᠢ᠃︽ᠡᠨᠡ ᠵᠢᠯ ᠵᠠᠬ᠎ᠠ ᠲᠡᠯᠭᠡᠭᠦᠷ᠎ᠤᠨ ᠪᠠᠢᠳᠠᠯ ᠰᠠᠢᠨ ᠪᠠᠢᠨ᠎ᠠ᠂ ᠮᠦ᠍ ᠳᠤᠮᠳᠠᠴᠢ ᠵᠢᠨ ᠴᠡᠪᠡᠷ ᠣᠷᠣᠯᠭ᠎ᠠ 1.5 ᠲᠦᠮᠡᠨ ᠲᠥᠭᠥᠷᠢᠭ᠎ᠡᠴᠡ 1.7 ᠲᠦᠮᠡᠨ ᠲᠥᠭᠥᠷᠢᠭ᠎ᠲᠦ᠍ ᠬᠦᠷᠤᠨ᠎ᠠ᠃ ᠬᠡᠳᠦᠨ ᠵᠢᠯ᠎ᠦ᠋ᠨ ᠬᠥᠭᠵᠢᠯᠲᠡ᠎ᠪᠡᠷ ᠳᠠᠮᠵᠢᠨ᠂ ᠮᠠᠨ᠎ᠤ᠋ ᠨᠤᠳᠤᠭ᠎ᠤᠨ ᠪᠠᠢ ᠯᠢ ᠼᠦᠢ ᠠᠮᠲᠠᠲᠤ ᠬᠡᠮᠬᠡ ᠬᠣᠯᠠ ᠣᠢᠷ᠎ᠠ᠎ᠳ᠋ᠤ᠌ ᠠᠯᠳᠠᠷᠰᠢᠵᠤ᠂ ᠪᠦᠬᠦ ᠤᠯᠤᠰ᠎ᠤ᠋ᠨ ᠡᠯ᠎ᠡ ᠭᠠᠵᠠᠷ᠎ᠤ᠋ᠨ ᠬᠡᠷᠡᠭᠯᠡᠭᠴᠢᠳᠦ᠋ᠨ ᠲᠠᠭᠠᠰᠢᠶᠠᠯ᠎ᠳᠤ ᠬᠦᠷᠴᠡᠢ︾ᠭᠡᠵᠦ ᠰᠢᠶᠠᠨᠹᠧᠩ ᠲᠣᠰᠬᠣᠨ᠎ᠤ᠋ ᠨᠠᠮ᠎ᠤ᠋ᠨ ᠡᠭᠦᠷ᠎ᠦ᠋ᠨ ᠱᠦᠵᠢ ᠡᠦ ᠰᠢᠶᠠᠨ ᠰᠦᠸᠸ ᠲᠠᠨᠢᠯᠴᠠᠭᠤᠯᠤᠯ᠎ᠠ᠃
ᠠᠯᠢ ᠡᠷᠲᠡ 2016 ᠣᠨ᠎ᠳ᠋ᠤ᠌ ᠾᠧᠢ ᠯᠢᠦ ᠽᠢ ᠪᠠᠢ ᠯᠢ ᠼᠦᠢ ᠠᠮᠲᠠᠲᠤ ᠬᠡᠮᠬᠡ ᠲᠠᠷᠢᠶᠠᠯᠠᠩ᠎ᠤ᠋ᠨ ᠪᠦᠲᠦᠭᠡᠭᠳᠡᠭᠦᠨ᠎ᠤ ᠭᠠᠵᠠᠷ ᠵᠦᠢ᠎ᠶ᠋ᠢᠨ ᠢᠯᠡᠷᠬᠡᠢᠯᠡᠯ᠎ᠲᠤ ᠲᠠᠸᠠᠷ᠎ᠤᠨ ᠲᠡᠮᠳᠡᠭ ᠪᠦᠬᠦᠢ ᠪᠦᠲᠦᠭᠡᠭᠳᠡᠭᠦᠨ᠎ᠢᠶᠡᠷ ᠦᠨᠡᠯᠡᠭᠳᠡᠵᠦ᠂ 2020 ᠣᠨ᠎ᠳ᠋ᠤ᠌ ᠪᠦᠬᠦ ᠤᠯᠤᠰ᠎ᠤ᠋ᠨ ᠨᠡᠷᠡᠲᠦ ᠣᠨᠴᠠ ᠰᠢᠯᠢᠳᠡᠭ ᠰᠢᠨ᠎ᠡ ᠲᠠᠷᠢᠶᠠᠯᠠᠩ᠎ᠤ᠋ᠨ ᠪᠦᠲᠦᠭᠡᠭᠳᠡᠬᠦᠨᠦ᠌ ᠨᠡᠷᠡᠰ᠎ᠲᠦ᠍ ᠰᠣᠩᠭᠣᠭᠳᠠᠭᠰᠠᠨ ᠪᠠᠢᠨ᠎ᠠ᠃ 《ᠤᠯᠤᠰ᠎ᠤᠨ ᠨᠡᠷᠡᠮᠵᠢᠲᠤ》 ᠨᠡᠷ᠎ᠡ᠎ᠶ᠋ᠢᠨ ᠬᠠᠭᠤᠳᠠᠰᠤᠪᠠᠷᠢ᠋ᠶ᠋ᠠᠨ ᠾᠧᠢ ᠯᠢᠦ ᠽᠢ ᠪᠠᠢ ᠯᠢ ᠼᠦᠢ ᠠᠮᠲᠠᠲᠤ ᠬᠡᠮᠬᠡ ᠠᠯᠬᠤᠮ ᠠᠯᠬᠤᠮᠢ᠋ᠶ᠋ᠠᠷ ᠬᠥᠳᠡᠭᠡ ᠲᠣᠰᠬᠣᠨᠠ᠋ᠴᠠ ᠭᠠᠷᠴᠤ᠂ ᠪᠦᠬᠦ ᠤᠯᠤᠰ᠎ᠤᠨ ᠬᠡᠪᠴᠢᠶᠡᠨ᠎ᠳᠤ ᠪᠠᠢᠷᠢᠰᠢᠭᠤᠯᠤᠯᠲᠠ ᠬᠢᠵᠦ᠂ ᠨᠡᠷ᠎ᠡ ᠨᠢᠳᠡᠷ᠎ᠲᠡᠭᠡᠨ ᠨᠡᠢᠴᠡᠭᠰᠡᠨ 《ᠰᠢᠬᠢᠷᠯᠢᠭ ᠠᠵᠤ ᠦᠢᠯᠡᠰ》 ᠪᠣᠯᠵᠤ ᠬᠥᠭᠵᠢᠪᠡ᠃
《ᠪᠢᠳᠡ ᠠᠷᠪᠢᠨ ᠲᠥᠷᠥᠯ ᠲᠡᠮᠳᠡᠭ ᠬᠣᠯᠪᠣᠭᠠᠯᠠᠨ ᠬᠥᠳᠡᠯᠦᠯᠴᠡᠬᠦ᠂ ᠬᠠᠮᠵᠢᠯᠴᠠᠨ ᠬᠦᠴᠦᠯᠡᠬᠦ ᠵᠠᠭᠪᠤᠷᠢ᠋ᠶ᠋ᠠᠷ ᠳᠠᠮᠵᠢᠨ᠂ ᠲᠠᠷᠢᠶᠠᠯᠠᠬᠤ ᠡᠷᠦᠬᠡ ᠪᠠ ᠠᠵᠤ ᠠᠬᠤᠢᠯᠠᠯ᠎ᠢ᠋ ᠬᠥᠲᠥᠯᠦᠨ ᠵᠢᠯᠣᠭᠣᠳᠴᠤ᠂ ᠪᠠᠷᠢᠮᠵᠢᠶᠠᠵᠢᠭᠤᠯᠵᠤ ᠬᠡᠪᠴᠢᠶᠡᠵᠢᠭᠦᠯᠦᠨ ᠦᠢᠯᠡᠳᠪᠦᠷᠢᠯᠡᠵᠤ᠂ ᠬᠢᠨᠠᠨ ᠬᠠᠮᠢᠶᠠᠷᠬᠤ ᠰᠠᠯᠠᠭ᠎ᠠ ᠮᠥᠴᠢᠷ᠎ᠲᠠᠢ ᠬᠠᠮᠵᠢᠯᠴᠠᠨ᠂ ᠱᠠᠲᠤ ᠱᠠᠲᠤ᠎ᠪᠠᠷ ᠰᠤᠭᠤᠴᠢᠨ ᠪᠠᠢᠴᠠᠭᠠᠬᠤ᠂ ᠪᠦᠯᠦᠭ ᠪᠦᠷᠢ ᠵᠢᠨ ᠪᠠᠷᠠᠭ᠎ᠠ᠎ᠵᠢ ᠤᠷᠬᠢᠭᠳᠠᠭᠤᠯᠬᠤ ᠦᠭᠡᠢ᠂ ᠣᠨᠳᠣᠣ ᠭᠠᠵᠠᠷ᠎ᠲᠤ᠌ ᠬᠠᠷᠢᠯᠴᠠᠨ ᠪᠠᠢᠴᠠᠭᠠᠬᠤ ᠵᠡᠷᠭᠡ ᠲᠣᠭᠲᠠᠴᠠ᠎ᠪᠠᠷ ᠳᠠᠮᠵᠢᠨ᠂ ᠶᠠᠰᠤ ᠴᠢᠨᠠᠷ᠎ᠤ᠋ᠨ ᠠᠮᠤᠷ ᠲᠦᠪᠰᠢᠨ᠎ᠦ᠌ ᠪᠣᠭᠣᠮᠲᠠ᠎ᠶ᠋ᠢ ᠴᠢᠩᠭ᠎ᠠ ᠰᠠᠬᠢᠨ᠂ ᠾᠧᠢ ᠯᠢᠦ ᠽᠢ ᠪᠠᠢ ᠯᠢ ᠼᠦᠢ ᠠᠮᠲᠠᠲᠤ ᠬᠡᠮᠬᠡ ᠵᠢ ᠲᠣᠰᠬᠣᠨ᠎ᠤ᠋ ᠠᠷᠠᠳ᠎ᠤ᠋ᠨ ᠪᠠᠶᠠᠵᠢᠨ ᠴᠢᠨᠡᠭᠡᠯᠢᠭᠵᠢᠬᠦ ᠭᠤᠸ᠎ᠠ ᠪᠣᠯᠭᠠᠭᠰᠠᠨ ᠵᠢᠡᠷ ᠪᠠᠷᠠᠬᠤ ᠦᠭᠡᠢ᠂ ᠨᠡᠩ ᠴᠦ᠍ ᠵᠠᠬ᠎ᠠ ᠳᠡᠯᠭᠡᠭᠦᠷ᠎ᠲᠦ᠍ ᠲᠠᠭᠠᠰᠢᠶᠠᠭᠳᠠᠭᠰᠠᠨ ᠭᠠᠵᠠᠷ ᠵᠦᠢ᠎ᠶᠢᠨ ᠢᠯᠡᠷᠬᠡᠢᠯᠡᠯ᠎ᠲᠤ ᠲᠠᠸᠠᠷ᠎ᠤᠨ ᠲᠡᠮᠳᠡᠭᠲᠦ ᠪᠦᠲᠦᠭᠡᠭᠳᠡᠬᠦᠨ ᠪᠣᠯᠭᠠᠨ ᠪᠣᠢᠵᠢᠭᠤᠯᠵᠠᠢ》 ᠭᠡᠵᠦ ᠤᠷᠠᠳ᠎ᠤ᠋ᠨ ᠡᠮᠦᠨᠡᠲᠦ ᠬᠤᠰᠢᠭᠤᠨ᠎ᠤ᠋ ᠮᠠᠯ᠎ᠤ᠋ᠨ ᠠᠰᠢᠭ ᠰᠢᠮ᠎ᠡ ᠲᠠᠷᠢᠶᠠᠯᠠᠩ᠎ᠤ᠋ᠨ ᠪᠦᠲᠦᠭᠡᠭᠳᠡᠬᠦᠨ᠎ᠤ ᠶᠠᠰᠤ ᠴᠢᠨᠠᠷ᠎ᠤ᠋ᠨ ᠠᠮᠤᠷ ᠲᠦᠪᠰᠢᠨ᠎ᠦ᠌ ᠲᠥᠪ᠎ᠦ᠋ᠨ ᠳᠡᠳ᠋ ᠡᠷᠬᠢᠯᠡᠭᠴᠢ ᠵᠠᠩ ᠵᠢᠶᠦ᠋ᠨ ᠲᠠᠨᠢᠯᠴᠠᠭᠤᠯᠤᠭᠰᠠᠨ ᠪᠠᠢᠨ᠎ᠠ᠃ ᠨᠡᠢᠲᠡ᠎ᠳ᠋ᠤ ᠬᠣᠣᠷᠳᠠᠯ ᠦᠭᠡᠢ ᠰᠡᠷᠭᠡᠢᠯᠡᠨ ᠵᠠᠰᠠᠬᠤ ᠲᠠᠷᠢᠮᠠᠯ᠎ᠤᠨ ᠮᠡᠷᠭᠡᠵᠢᠯ᠎ᠳᠤ ᠲᠦᠰᠢᠭᠯᠡᠨ᠂ ᠾᠧᠢ ᠯᠢᠦ ᠽᠢ ᠪᠠᠢ ᠯᠢ ᠼᠦᠢ ᠠᠮᠲᠠᠲᠤ ᠬᠡᠮᠬᠡ ᠪᠠᠰᠠ A ᠳᠡᠰ᠎ᠦ᠋ᠨ 《ᠳᠤᠮᠳᠠᠳᠤ ᠤᠯᠤᠰ᠎ᠤ᠋ᠨ ᠪᠣᠬᠢᠷᠲᠤᠯ ᠦᠭᠡᠢ ᠢᠳᠡᠭᠡᠨ》 ᠢ᠋ᠶ᠋ᠡᠷ ᠦᠨᠡᠯᠡᠭᠳᠡᠵᠡᠢ᠃
ᠠᠯᠢ ᠡᠷᠲᠡ ᠵᠢᠨ ᠲᠤᠬᠠᠢ᠎ᠶ᠋ᠢᠨ ᠭᠠᠵᠠᠷ᠎ᠤ᠋ᠨ ᠣᠯᠠᠨ ᠲᠦᠮᠡᠨ᠎ᠳᠤ ᠮᠡᠳᠡᠷᠡᠭᠳᠡᠭᠰᠡᠨ ᠣᠨᠴᠠ ᠭᠠᠷᠤᠯᠲᠠᠠ᠋ᠴᠠ ᠣᠳᠣᠬᠠᠨ᠎ᠤ ᠪᠥᠬᠥ ᠤᠯᠤᠰ᠎ᠤ᠋ᠨ ᠡᠯ᠎ᠡ ᠭᠠᠵᠠᠷ ᠲᠦ᠍ ᠪᠤᠷᠤᠯᠠᠭᠤᠯᠤᠭᠳᠠᠵᠤ᠂ ᠬᠠᠩᠭᠠᠯᠭ᠎ᠠ ᠨᠢ ᠬᠡᠷᠡᠭᠴᠡᠭᠡᠳ᠋ᠡᠭᠡᠨ ᠬᠦᠷᠬᠦ ᠥᠬᠡᠢ ᠤᠯᠤᠰ᠎ᠤ᠋ᠨ ᠳᠡᠰ᠎ᠦ᠋ᠨ ᠭᠡᠷᠡᠴᠢᠯᠡᠯ᠎ᠢ ᠤᠯᠤᠭᠰᠠᠨ ᠲᠠᠷᠢᠶᠠᠯᠠᠩ᠎ᠤ᠋ᠨ ᠪᠦᠲᠦᠭᠡᠭᠳᠡᠬᠦᠨ ᠪᠤᠯᠲᠠᠯ᠎ᠠ᠂ ᠪᠠᠢ ᠯᠢ ᠼᠦᠢ ᠠᠮᠲᠠᠲᠤ ᠬᠡᠮᠬᠡ ᠶᠠᠰᠤ ᠴᠢᠨᠠᠷ᠎ᠲᠠᠭᠠᠨ ᠲᠦᠰᠢᠭᠯᠡᠨ᠂ ᠤᠯᠠᠨ᠎ᠠ ᠲᠠᠭᠠᠰᠢᠶᠠᠭᠳᠠᠵᠤ᠂ ᠲᠣᠰᠬᠣᠨ ᠤ᠋ ᠠᠷᠠᠳ᠎ᠤ᠋ᠨ ᠠᠮᠢᠳᠤᠷᠠᠯ᠎ᠢ᠋ ᠪᠠᠶᠠᠵᠢᠭᠤᠯᠤᠭᠰᠠᠨ᠎ᠢᠶᠡᠷ ᠦᠯᠦ ᠪᠠᠷᠠᠨ᠂ ᠬᠥᠳᠡᠭᠡ ᠲᠣᠰᠬᠣᠨ᠎ᠤ᠋ ᠠᠵᠤ ᠦᠢᠯᠡᠰ᠎ᠦ᠋ᠨ ᠬᠥᠭᠵᠢᠯᠲᠡ᠎ᠶ᠋ᠢᠨ ᠬᠦᠳᠡᠯᠭᠡᠬᠦ ᠬᠦᠴᠦᠨ᠎ᠢ ᠬᠥᠭᠵᠢᠭᠡᠵᠡᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃