2026-09-02 10:01:19
ᠠᠰᠢᠭ ᠤᠷᠤᠯᠭ᠎ᠠ ᠵᠢᠨ ᠰᠢᠨ᠎ᠠ ᠵᠠᠮ ᠢ ᠨᠡᠭᠡᠭᠡᠭᠰᠡᠨ 《ᠲᠥᠬᠦᠭᠡᠷᠦᠮᠵᠢᠲᠦ ᠲᠠᠷᠢᠶᠠᠯᠠᠩ》
ᠤᠢᠷ᠎ᠠ᠎ᠳᠤ᠂ ᠰᠤᠷᠪᠤᠯᠵᠢᠯᠠᠭᠴᠢ ᠪᠠᠶᠠᠨᠨᠠᠭᠤᠷ ᠬᠣᠲᠠ᠎ᠶ᠋ᠢᠨ ᠤᠷᠠᠳ᠎ᠤ᠋ᠨ ᠡᠮᠦᠨᠡᠲᠦ ᠬᠤᠰᠢᠭᠤᠨ ᠤ᠋ ᠰᠢᠶᠠᠨᠹᠧᠩ ᠪᠠᠯᠭᠠᠰᠤᠨ᠎ᠤ ᠭᠠᠵᠠᠷ ᠵᠦᠢ᠎ᠶ᠋ᠢᠨ ᠠᠵᠤ ᠦᠢᠯᠡᠰ᠎ᠦ᠋ᠨ ᠬᠦᠷᠢᠶᠡᠯᠡᠩ ᠳᠡᠬᠢ ᠥᠪᠥᠷ ᠮᠣᠩᠭᠣᠯ᠎ᠤ᠋ᠨ ᠺᠠᠩ ᠨᠦᠩ ᠲᠠᠷᠢᠶᠠᠯᠠᠩ ᠲᠠᠷᠢᠶᠠᠴᠢᠨᠤ᠋ ᠲᠤᠰᠬᠠᠢ ᠬᠤᠷᠰᠢᠶᠠᠨ᠎ᠤ ᠲᠠᠷᠢᠮᠠᠯ ᠤ᠋ᠨ ᠲᠣᠮᠣ ᠬᠦᠯᠡᠮᠵᠢᠨᠳ᠋ᠤ᠌ ᠬᠦᠷᠬᠦ᠎ᠳᠤ᠂ ᠰᠤᠷᠭᠤᠭ ᠨᠣᠭᠣᠭᠠᠨ ᠥᠷᠭᠡᠰᠦᠲᠦ ᠬᠡᠮᠬᠡ ᠵᠡᠯ᠎ᠡ᠎ᠶ᠋ᠢᠨ ᠬᠣᠭᠣᠷᠣᠨᠳᠣ ᠵᠢᠭᠳᠡᠷᠡᠨ ᠤᠨᠵᠢᠢᠵᠤ᠂ ᠠᠵᠢᠯᠴᠢᠳ ᠦᠷᠭᠡᠰᠦᠲᠦ ᠬᠡᠮᠬᠡ ᠲᠡᠭᠦᠬᠦ᠂ ᠢᠯᠭᠠᠨ ᠰᠠᠯᠭᠠᠬᠤ ᠠᠵᠢᠯ᠎ᠢ᠋ ᠡᠮᠬᠢ ᠳᠠᠷᠠᠭ᠎ᠠ᠎ᠲᠠᠢ ᠬᠢᠵᠡᠭᠡᠵᠦ ᠪᠠᠢᠯ᠎ᠠ᠃
《ᠨᠠᠢᠵᠠ᠎ᠶ᠋ᠢᠨ ᠵᠢᠠᠨ ᠲᠠᠨᠢᠯᠴᠠᠭᠤᠯᠭ᠎ᠠ᠎ᠪᠠᠷ ᠡᠨᠳᠡ ᠢᠷᠡᠵᠦ ᠪᠠᠢᠴᠠᠭᠠᠯᠳᠠ ᠬᠢᠵᠦ ᠦᠵᠡᠭᠰᠡᠨ᠎ᠴᠢᠨᠢ ᠠᠭᠤᠷ ᠠᠮᠢᠰᠬᠤᠯ᠂ ᠤᠰᠤ ᠰᠢᠷᠣᠢ᠎ᠶ᠋ᠢᠨ ᠨᠥᠬᠥᠴᠡᠯ ᠨᠢ ᠵᠤᠨ᠎ᠤ᠋ ᠤᠯᠠᠷᠢᠯ ᠰᠦᠷᠬᠦ ᠢᠳᠡᠰᠢᠨ ᠨᠣᠭᠣᠭ᠎ᠠ ᠲᠠᠷᠢᠬᠤᠳ᠋ᠤ᠌ ᠣᠨᠴᠠᠭᠠᠢ ᠲᠣᠬᠢᠷᠠᠨ᠎ᠠ》ᠭᠡᠵᠦ ᠲᠤᠰᠬᠠᠢ ᠬᠤᠷᠰᠢᠶᠠᠨ᠎ᠤ ᠬᠠᠷᠢᠭᠤᠴᠠᠯᠭᠠᠲᠠᠨ ᠨᠢᠩ ᠮᠢᠩ ᠯᠧᠢ ᠲᠠᠨᠢᠯᠴᠠᠭᠤᠯᠪᠠ᠃
ᠰᠢᠶᠠᠨᠹᠧᠩ ᠪᠠᠯᠭᠠᠰᠤ ᠥᠪᠡᠷᠮᠢᠴᠡ ᠠᠭᠤᠷ ᠠᠮᠢᠰᠬᠤᠯ᠂ ᠭᠠᠵᠠᠷ ᠰᠢᠷᠣᠢ᠎ᠶ᠋ᠢᠨ ᠡᠬᠢ ᠪᠠᠶᠠᠯᠢᠭ ᠪᠣᠯᠤᠨ ᠲᠡᠭᠦᠯᠳᠡᠷ ᠲᠥᠬᠦᠭᠡᠷᠦᠮᠵᠢᠲᠦ ᠲᠠᠷᠢᠶᠠᠯᠠᠩ᠎ᠤ᠋ᠨ ᠰᠠᠭᠤᠷᠢᠳ᠋ᠤ᠌ ᠲᠦᠰᠢᠭᠯᠡᠨ᠂ ᠤᠷᠤᠨ᠎ᠤ ᠭᠠᠳᠠᠨᠠᠬᠢ ᠲᠠᠷᠢᠶᠠᠯᠠᠩ᠎ᠤ᠋ᠨ ᠡᠵᠡᠩᠨᠡᠯᠲᠡ᠎ᠶ᠋ᠢᠨ ᠭᠣᠣᠯ ᠴᠣᠭᠴᠠ᠎ᠶ᠋ᠢ ᠢᠳᠡᠪᠬᠢᠲᠡᠢ ᠤᠷᠢᠨ ᠰᠠᠭᠤᠷᠢᠰᠢᠭᠤᠯᠵᠤ ᠪᠤᠢ᠃ ᠡᠨᠡ ᠵᠢᠯ᠎ᠦ᠋ᠨ 5 ᠰᠠᠷᠠᠳ᠋ᠤ᠌᠂ ᠱᠠᠨᠳᠦ᠋ᠩ᠎ᠤᠨ ᠠᠵᠤ ᠠᠬᠤᠢᠯᠠᠯᠲᠠᠨ᠎ᠢ ᠤᠷᠢᠨ ᠤᠷᠤᠭᠤᠯᠵᠦ᠂ ᠲᠤᠰ ᠲᠤᠰᠬᠠᠢ ᠬᠤᠷᠰᠢᠶ᠎ᠠ᠎ᠵᠢ ᠪᠠᠢᠭᠤᠯᠤᠨ᠂ ᠣᠯᠠᠨ ᠵᠢᠯ ᠬᠤᠷᠠᠮᠳᠤᠭᠤᠯᠤᠭᠰᠠᠨ ᠲᠠᠷᠢᠮᠠᠯ ᠤ᠋ᠨ ᠲᠤᠷᠰᠢᠯᠭ᠎ᠠ᠂ ᠪᠣᠯᠪᠠᠰᠤᠷᠠᠩᠭᠤᠢ ᠮᠡᠷᠭᠡᠵᠢᠯ᠎ᠦ᠋ᠨ ᠰᠢᠰᠲ᠋ᠸᠮ ᠪᠣᠯᠤᠨ ᠪᠣᠷᠣᠯᠠᠭᠤᠯᠭ᠎ᠠ ᠶ᠋ᠢᠨ ᠠᠷᠭ᠎ᠠ ᠵᠠᠮ᠎ᠳᠠᠭᠠᠨ ᠲᠦᠰᠢᠭᠯᠡᠨ᠂ ᠲᠤᠬᠠᠢ᠎ᠶ᠋ᠢᠨ ᠭᠠᠵᠠᠷ᠎ᠲᠤ︽ᠮᠡᠷᠭᠡᠵᠢᠯ ᠭᠠᠷᠭᠠᠬᠤ + ᠵᠠᠬᠢᠶᠠᠯᠠᠭ᠎ᠠ᠎ᠪᠠᠷ ᠳᠠᠭᠠᠭᠠᠴᠢᠯᠠᠨ ᠪᠣᠷᠣᠯᠠᠭᠤᠯᠬᠤ + ᠲᠠᠷᠢᠶᠠᠴᠢᠨ ᠡᠷᠦᠬᠡ ᠬᠣᠯᠪᠣᠭᠠᠯᠠᠨ ᠬᠥᠳᠡᠯᠦᠯᠴᠡᠬᠦ︾ᠲᠦᠬᠦᠭᠡᠷᠦᠮᠵᠢᠲᠦ ᠲᠠᠷᠢᠶᠠᠯᠠᠩ᠎ᠤ᠋ᠨ ᠬᠥᠭᠵᠢᠯᠲᠡ᠎ᠶ᠋ᠢᠨ ᠰᠢᠨ᠎ᠡ ᠵᠠᠮ᠎ᠢ᠋ ᠰᠦᠪᠡᠭᠴᠢᠯᠡᠨ ᠭᠠᠷᠭᠠᠵᠤ᠂ ᠲᠤᠬᠠᠢ᠎ᠶ᠋ᠢᠨ ᠭᠠᠵᠠᠷ᠎ᠤ᠋ᠨ ᠵᠤᠨ᠎ᠤ᠋ ᠤᠯᠠᠷᠢᠯ ᠰᠦᠷᠬᠦ ᠢᠳᠡᠰᠢᠨ ᠨᠣᠭᠣᠭ᠎ᠠ᠎ᠶ᠋ᠢᠨ ᠠᠵᠤ ᠦᠢᠯᠡᠰ᠎ᠦ᠋ᠨ ᠶᠠᠰᠤ ᠴᠢᠨᠠᠷ᠎ᠢ᠋ ᠳᠡᠭᠡᠭᠰᠢᠯᠡᠭᠦᠯᠦᠨ ᠦᠷ᠎ᠡ ᠠᠰᠢᠭ ᠢ᠋ ᠨᠡᠮᠡᠭᠳᠡᠭᠦᠯᠬᠦᠳ᠋ᠦ᠍ ᠰᠢᠨ᠎ᠡ ᠬᠥᠳᠡᠯᠭᠡᠬᠦ ᠬᠦᠴᠦᠨ ᠨᠡᠮᠡᠷᠢᠯᠡᠪᠡ᠃
ᠣᠢᠯᠠᠭᠠᠭᠰᠠᠨ᠎ᠢ᠋ᠶ᠋ᠠᠷ᠂ ᠰᠢᠶᠠᠨᠹᠧᠩ ᠪᠠᠯᠭᠠᠰᠤ ᠤᠮᠠᠷᠠᠲᠤ ᠥᠷᠭᠡᠷᠢᠭᠦ᠋ᠨ 40 ᠭᠷᠠᠳᠦ᠋ᠰᠦ᠋ᠨ ᠲᠠᠷᠢᠶᠠᠯᠠᠩ᠎ᠤᠨ ᠠᠯᠲᠠᠨ ᠪᠦᠰᠡ᠎ᠳᠤ ᠤᠷᠤᠰᠢᠨ᠂ ᠡᠮᠦᠨ᠎ᠠ ᠪᠠᠨ ᠬᠠᠲᠤᠨ ᠭᠣᠣᠯ᠎ᠢ ᠢᠰᠭᠦᠯᠦᠨ᠂ ᠬᠤᠢᠨ᠎ᠠ ᠪᠠᠨ ᠮᠤᠨᠠ ᠠᠭᠤᠯᠠ᠎ᠵᠢ ᠲᠦᠰᠢᠵᠦ᠂ ᠨᠠᠷᠠᠨ᠎ᠤ ᠲᠤᠰᠤᠯᠲᠠ᠎ᠶ᠋ᠢᠨ ᠴᠠᠭ ᠭᠦᠢᠴᠡᠳ᠂ ᠡᠳᠦᠷ ᠰᠥᠨᠢ᠎ᠶ᠋ᠢᠨ ᠳᠤᠯᠠᠭᠠᠨ᠎ᠤ᠋ ᠵᠥᠷᠢᠶ᠎ᠡ ᠶᠡᠬᠡ ᠪᠠᠢᠵᠤ᠂ ᠵᠢᠮᠢᠰ ᠨᠣᠭᠣᠭ᠎ᠠ᠎ᠶ᠋ᠢᠨ ᠤᠷᠭᠤᠯᠲᠠᠳ᠋ᠤ᠌ ᠣᠨᠴᠠᠭᠠᠢ ᠰᠠᠢᠨ ᠪᠠᠢᠭᠠᠯᠢ᠎ᠶ᠋ᠢᠨ ᠨᠥᠬᠥᠴᠡᠯᠢ᠋ ᠬᠠᠩᠭᠠᠵᠠᠢ᠃ ᠰᠢᠶᠠᠨᠹᠧᠩ ᠪᠠᠯᠭᠠᠰᠤᠨ᠎ᠤ ᠪᠠᠷᠢᠮᠵᠢᠶᠠᠵᠢᠭᠰᠠᠨ ᠠᠵᠤ ᠦᠢᠯᠡᠰ᠎ᠦ᠋ᠨ ᠬᠦᠷᠢᠶᠡᠯᠡᠩᠦ᠋ᠨ ᠶᠡᠷᠦᠩᠬᠡᠢ ᠡᠵᠡᠯᠡᠬᠦ ᠲᠠᠯᠠᠪᠠᠢ ᠨᠢ 5000 ᠮᠦ᠍ ᠪᠠᠢᠵᠤ᠂ ᠣᠳᠣ 752 ᠰᠠᠭᠤᠷᠢ ᠪᠠᠷᠢᠮᠵᠢᠶᠠᠵᠢᠭᠰᠠᠨ ᠪᠣᠯᠣᠳ ᠪᠦᠲᠦᠴᠡᠲᠦ ᠲᠤᠯᠠᠭᠠᠨ ᠬᠦᠯᠡᠮᠵᠢ ᠲᠠᠢ ᠪᠤᠯᠵᠦ᠂ ᠣᠯᠠᠨ ᠵᠢᠯ ᠦ᠋ᠨ ᠲᠤᠷᠰᠢ︽ᠠᠩᠬᠠᠨ᠎ᠤ ᠡᠭᠡᠯᠵᠢᠨ᠎ᠳᠤ ᠪᠠᠢ ᠯᠢ ᠼᠦᠢ ᠠᠮᠲᠠᠲᠤ ᠬᠡᠮᠬᠡ ᠲᠠᠷᠢᠵᠤ᠂ ᠬᠣᠶᠠᠳᠤᠭᠠᠷ ᠡᠬᠡᠯᠵᠢᠨᠳ᠋ᠤ᠌ ᠢᠳᠡᠰᠢᠨ ᠨᠣᠭᠣᠭ᠎ᠠ ᠲᠠᠷᠢᠬᠤ︾ᠡᠭᠡᠯᠵᠢᠯᠡᠨ ᠲᠠᠷᠢᠬᠤ ᠵᠠᠭᠪᠤᠷ ᠵᠢᠡᠷ ᠠᠵᠢᠯᠯᠠᠭᠰᠠᠭᠠᠷ ᠢᠷᠡᠪᠡ᠃ ᠲᠤᠰ ᠲᠤᠰᠬᠠᠢ ᠬᠤᠷᠰᠢᠶ᠎ᠠ ᠡᠨᠳᠡᠬᠢ ᠪᠦᠷᠢᠨ ᠲᠦᠬᠦᠷ ᠰᠠᠭᠤᠷᠢ ᠲᠦᠬᠦᠭᠡᠷᠦᠮᠵᠢ ᠪᠣᠯᠤᠨ ᠳᠠᠪᠠᠭᠤᠯᠢᠭ ᠪᠠᠢᠭᠠᠯᠢ᠎ᠶ᠋ᠢᠨ ᠨᠦᠬᠦᠴᠡᠯ᠎ᠢ᠋ ᠦᠵᠡᠵᠦ ᠲᠣᠭᠣᠭᠠᠳ ᠡᠴᠦᠰ᠎ᠲᠦ᠍ ᠬᠡᠪᠴᠢᠶᠡᠵᠢᠭᠰᠡᠨ ᠢᠳᠡᠰᠢᠨ ᠨᠣᠭᠣᠭ᠎ᠠ ᠲᠠᠷᠢᠬᠤ ᠠᠵᠤ ᠦᠢᠯᠡᠰ᠎ᠢ᠋ ᠪᠠᠢᠷᠢᠯᠠᠭᠤᠯᠬᠤ᠎ᠪᠠᠷ ᠲᠣᠭᠲᠠᠵᠠᠢ᠃
ᠨᠢᠩ ᠮᠢᠩ ᠯᠧᠢ᠄︽ᠮᠠᠨ᠎ᠤ᠋ ᠬᠤᠷᠰᠢᠶ᠎ᠠ ᠨᠡᠢᠲᠡ 520 ᠮᠦ᠍ ᠭᠠᠵᠠᠷ ᠰᠢᠷᠣᠢ᠎ᠶᠢᠨ ᠡᠵᠡᠩᠨᠡᠯᠲᠡ᠎ᠶᠢᠨ ᠡᠷᠭᠡ᠎ᠵᠢ ᠰᠢᠯᠵᠢᠭᠦᠯᠦᠨ ᠠᠪᠴᠤ᠂ ᠰᠢᠶᠠᠨᠹᠧᠩ ᠪᠠᠯᠭᠠᠰᠤᠲᠠᠢ 3 ᠵᠢᠯ᠎ᠦ᠋ᠨ ᠭᠠᠵᠠᠷ ᠰᠢᠷᠣᠢ᠎ᠶᠢᠨ ᠡᠵᠡᠩᠨᠡᠯᠲᠡ ᠶᠢᠨ ᠡᠷᠭᠡ ᠵᠢ ᠰᠢᠯᠵᠢᠭᠦᠯᠬᠦ ᠵᠥᠪᠯᠡᠯᠴᠡᠬᠡᠷ ᠲᠣᠭᠲᠠᠵᠦ᠂ ᠤᠤᠯ᠎ᠤ᠋ᠨ ᠬᠠᠭᠤᠴᠢᠨ ᠬᠦᠯᠡᠮᠵᠢ ᠶ᠋ᠢ ᠰᠢᠨᠵᠢᠯᠡᠬᠦ ᠤᠬᠠᠭᠠᠨᠴᠢ᠎ᠪᠠᠷ ᠵᠠᠰᠠᠵᠤ ᠰᠢᠨᠡᠴᠢᠯᠡᠵᠡᠢ᠃ ᠨᠢᠭᠡ ᠲᠠᠯ᠎ᠠ᠎ᠪᠠᠷ ᠣᠷᠭᠠᠨᠢᠭ ᠪᠣᠷᠳᠣᠭᠤᠷ ᠣᠷᠣᠭᠤᠯᠤᠨ᠂ ᠬᠥᠷᠥᠰᠥ ᠰᠢᠷᠣᠢ᠎ᠶ᠋ᠢ ᠰᠠᠢᠵᠢᠷᠠᠭᠤᠯᠵᠤ᠂ ᠨᠥᠭᠦᠭᠡ ᠲᠠᠯ᠎ᠠ᠎ᠪᠠᠷ ᠣᠶᠤᠨᠴᠢ᠎ᠪᠠᠷ ᠡᠮ ᠰᠦᠷᠴᠢᠬᠦ᠂ ᠭᠠᠵᠠᠷ ᠳᠣᠣᠷᠠᠬᠢ ᠤᠰᠤ ᠳᠠᠮᠵᠢᠭᠤᠯᠬᠤ ᠬᠣᠭᠣᠯᠠᠢ ᠵᠡᠷᠭᠡ ᠲᠥᠬᠥᠭᠡᠷᠦᠮᠵᠢ᠎ᠶ᠋ᠢ ᠢᠵᠢ ᠪᠦᠷᠢᠳᠦᠭᠦᠯᠦᠨ ᠲᠡᠭᠦᠯᠳᠡᠷᠵᠢᠭᠦᠯᠤᠯᠠ᠃ ᠪᠢᠳᠡ ᠲᠤᠰᠬᠠᠢ ᠮᠡᠷᠭᠡᠵᠢᠯ᠎ᠦ᠋ᠨ ᠪᠦᠯᠬᠦᠮ ᠢ᠋ ᠳᠠᠭᠠᠭᠤᠯᠵᠤ᠂ ᠦᠷ᠎ᠡ ᠴᠢᠬᠢ ᠪᠣᠢᠵᠢᠭᠤᠯᠬᠤ᠂ ᠲᠠᠷᠢᠶᠠᠨ ᠭᠠᠵᠠᠷ᠎ᠢ ᠠᠷᠠᠴᠢᠯᠠᠵᠤ ᠬᠠᠮᠠᠭᠠᠯᠠᠬᠤ᠂ ᠭᠡᠮ ᠬᠣᠷᠣᠬᠠᠢ᠎ᠶ᠋ᠢᠨ ᠬᠥᠨᠥᠭᠡᠯᠢ᠋ ᠪᠣᠬᠢᠷᠲᠤᠯ ᠦᠭᠡᠢ ᠰᠡᠷᠭᠡᠢᠯᠡᠨ ᠡᠵᠡᠮᠳᠡᠬᠦ ᠵᠡᠷᠭᠡ ᠪᠦᠬᠦ ᠦᠢᠯᠡᠳᠪᠦᠷᠢᠯᠡᠯ᠎ᠦ᠋ᠨ ᠭᠣᠭᠴᠣᠭᠠᠨᠳ᠋ᠤ᠌ ᠪᠠᠷᠢᠮᠵᠢᠶᠠᠵᠢᠭᠰᠠᠨ ᠮᠡᠷᠭᠡᠵᠢᠯ᠎ᠦ᠋ᠨ ᠲᠤᠯᠭᠠᠭᠤᠷᠢᠯᠠᠯ ᠬᠠᠩᠭᠠᠵᠠᠢ︾ᠭᠡᠵᠦ ᠰᠤᠷᠪᠤᠯᠵᠢᠯᠠᠭᠴᠢ᠎ᠳᠤ ᠲᠠᠨᠢᠯᠴᠠᠭᠤᠯᠪᠠ᠃
ᠣᠳᠣᠬᠠᠨ᠎ᠳ᠋ᠤ᠌ ᠲᠤᠰ ᠰᠠᠭᠤᠷᠢᠨ᠎ᠤ ᠲᠠᠷᠢᠬᠰᠠᠨ ᠥᠷᠭᠡᠰᠦᠲᠦ ᠬᠡᠮᠬᠡ ᠨᠢ ᠲᠡᠭᠦᠵᠦ ᠪᠤᠷᠤᠯᠠᠭᠤᠯᠬᠤ ᠴᠠᠭ ᠪᠤᠯᠵᠤ᠂ ᠡᠳᠦᠷ᠎ᠲᠦ 10 ᠲᠦᠮᠡᠨ ᠵᠢᠩ ᠦᠷᠭᠡᠰᠦᠲᠦ ᠬᠡᠮᠭᠡ ᠲᠡᠭᠦᠨ᠂ ᠪᠥᠭᠡᠮᠢ᠋ᠶ᠋ᠡᠷ ᠬᠤᠳᠠᠯᠳᠤᠬᠤ ᠦᠨ᠎ᠡ ᠨᠢ ᠵᠢᠩ ᠪᠦᠷᠢ᠎ᠳ᠋ᠡᠭᠡᠨ 2.5 ᠲᠥᠭᠥᠷᠢᠭ᠎ᠡᠴᠡ 3 ᠲᠥᠭᠥᠷᠢᠭ᠎ᠲᠦ᠍ ᠲᠣᠭᠲᠠᠪᠤᠷᠢᠵᠢᠵᠤ᠂ ᠭᠣᠣᠯᠳᠠᠭᠤ ᠪᠡᠭᠡᠵᠢᠩ᠂ ᠱᠠᠨᠳᠦ᠋ᠩ᠂ ᠵᠧᠵᠢᠶᠠᠩ᠂ ᠱᠠᠩᠬᠠᠢ ᠵᠡᠷᠭᠡ ᠭᠠᠵᠠᠷ᠎ᠤ᠋ᠨ ᠲᠣᠮᠣ ᠳᠤᠮᠳᠠ ᠬᠡᠯᠪᠡᠷᠢ ᠶ᠋ᠢᠨ ᠬᠤᠳᠠᠯᠳᠤᠭᠠᠨ ᠤ᠋ ᠲᠡᠯᠭᠡᠭᠦᠷ᠎ᠲᠤ ᠪᠤᠷᠤᠯᠠᠭᠤᠯᠤᠭᠳᠠᠨ᠂ ᠬᠠᠷᠢᠭᠤ ᠲᠤᠰᠬᠠᠯ ᠨᠢ ᠨᠡᠯᠢᠶᠡᠳ ᠰᠠᠢᠨ ᠪᠠᠢᠵᠤ᠂ ᠬᠠᠩᠭᠠᠯᠭ᠎ᠠ ᠨᠢ ᠬᠡᠷᠡᠭᠴᠡᠭᠡᠳ᠋ᠡᠭᠡᠨ ᠬᠦᠷᠬᠦ ᠦᠭᠡᠢ ᠪᠤᠯᠵᠠᠢ᠃
︽ᠡᠨᠡ ᠪᠦᠯᠦᠭ ᠥᠷᠭᠡᠰᠦᠲᠦ ᠬᠡᠮᠬᠡ ᠵᠢ ᠵᠠᠬ᠎ᠠ ᠳᠡᠯᠭᠡᠭᠦᠷ᠎ᠲᠦ᠍ ᠭᠠᠷᠭᠠᠭᠰᠠᠨ ᠵᠢᠠᠷ ᠨᠥᠯᠥᠭᠡ ᠲᠤᠰᠬᠠᠯ ᠣᠨᠴᠠᠭᠠᠢ ᠰᠠᠢᠨ ᠪᠠᠢᠨ᠎ᠠ᠂ ᠠᠮᠲᠠ ᠨᠢ ᠰᠠᠢᠨ᠂ ᠬᠡᠯᠪᠡᠷᠢ ᠨᠢ ᠵᠢᠭᠳᠡ ᠰᠢᠯᠤᠭᠤᠨ ᠮᠦᠷᠲᠡᠭᠡᠨ ᠰᠢᠨ᠎ᠡ ᠰᠣᠷᠭᠣᠭ ᠡ︾ᠭᠡᠵᠦ ᠨᠢᠩ ᠮᠢᠩ ᠯᠧᠢ ᠬᠡᠯᠡᠪᠠ᠃
ᠠᠵᠤ ᠦᠢᠯᠡᠰ᠎ᠢ ᠬᠥᠭᠵᠢᠭᠦᠯᠬᠦ ᠵᠢᠨ ᠡᠴᠦᠰ᠎ᠤᠨ ᠵᠤᠷᠢᠯᠭ᠎ᠠ ᠨᠢ ᠠᠷᠠᠳᠢ᠋ ᠪᠠᠶᠠᠵᠢᠭᠤᠯᠵᠤ ᠣᠷᠣᠯᠭ᠎ᠠ᠎ᠶ᠋ᠢ ᠨᠢ ᠨᠡᠮᠡᠭᠳᠡᠭᠦᠯᠬᠦ ᠶᠠᠪᠤᠳᠠᠯ ᠪᠣᠯᠤᠨ᠎ᠠ᠃ ᠪᠦᠷᠢᠳᠬᠡᠯᠢ᠋ ᠦᠨᠳᠦᠰᠦᠯᠡᠪᠡᠯ᠂ ᠣᠳᠣᠬᠠᠨ᠎ᠳ᠋ᠤ᠌ ᠲᠤᠰ ᠰᠠᠭᠤᠷᠢᠨ ᠳ᠋ᠡᠬᠢ ᠲᠣᠭᠲᠠᠪᠤᠷᠢᠲᠠᠢ ᠬᠥᠯᠥᠰᠥᠨ ᠠᠵᠢᠯ ᠬᠢᠬᠦ ᠬᠥᠮᠦᠨ 260 ᠭᠠᠷᠤᠢ ᠪᠤᠢ᠂ ᠡᠭᠦᠨ᠎ᠳ᠋ᠦ᠍ ᠲᠤᠰ ᠭᠠᠵᠠᠷ᠎ᠤ᠋ᠨ ᠲᠣᠰᠬᠣᠨ᠎ᠤ᠋ ᠠᠷᠠᠳ᠎ᠤ᠋ᠨ ᠡᠵᠡᠯᠡᠬᠦ ᠬᠠᠷᠢᠴᠠᠯ ᠨᠢ 60% ᠳ᠋ᠤ᠌ ᠬᠦᠷᠴᠦ᠂ ᠡᠳᠦᠷ ᠲᠦ᠍ 8 ᠠ᠋ᠴᠠ 10 ᠴᠠᠭ ᠠᠵᠢᠯᠯᠠᠨ᠂ ᠡᠳᠦᠷ᠎ᠦ᠋ᠨ ᠴᠠᠯᠢᠩ᠎ᠤ᠋ᠨ ᠪᠠᠷᠢᠮᠵᠢᠶ᠎ᠠ ᠨᠢ 200 ᠲᠥᠭᠥᠷᠢᠭ ᠪᠣᠯᠤᠨ᠎ᠠ᠃ ᠡᠭᠦᠨ᠎ᠦ᠌ ᠬᠠᠮᠲᠤ ᠲᠤᠰ ᠰᠠᠭᠤᠷᠢᠨ ᠪᠠᠰᠠ ᠲᠤᠰᠬᠠᠢ ᠮᠡᠷᠭᠡᠵᠢᠯ᠎ᠦ᠋ᠨ ᠠᠵᠢᠯᠴᠢᠨ ᠤᠷᠢᠵᠦ᠂︽ᠲᠤᠰ ᠭᠠᠵᠠᠷ ᠤ᠋ᠨ ᠬᠥᠳᠡᠯᠮᠦᠷᠢ ᠬᠦᠴᠦ ᠠᠵᠢᠯ ᠬᠢᠬᠦ + ᠭᠠᠳᠠᠨ᠎ᠠ ᠣᠷᠣᠨ᠎ᠤ᠋ ᠠᠵᠢᠯᠴᠢᠨ ᠮᠡᠷᠭᠡᠵᠢᠯ ᠬᠠᠩᠭᠠᠬᠤ︾ᠬᠠᠷᠢᠯᠴᠠᠨ ᠨᠥᠬᠥᠪᠥᠷᠢᠯᠡᠵᠦ ᠬᠠᠮᠲᠤ᠎ᠪᠠᠷ ᠠᠰᠢᠭ ᠬᠦᠷᠲᠡᠬᠦ ᠪᠠᠢᠷᠢᠰᠢᠯᠢ᠋ ᠪᠦᠷᠢᠯᠳᠦᠭᠦᠯᠵᠡᠢ᠃
︽ᠳᠠᠷᠠᠭᠠᠴᠢ ᠪᠡᠷ ᠪᠢᠳᠡ ᠪᠠᠰᠠ ᠰᠠᠭᠤᠷᠢᠨ ᠤ ᠬᠡᠪᠴᠢᠶ᠎ᠡ᠎ᠪᠡᠨ ᠴᠢᠨᠠᠭᠰᠢᠳᠠ ᠥᠷᠭᠡᠳᠬᠡᠨ᠂ ᠲᠤᠬᠠᠢ᠎ᠶ᠋ᠢᠨ ᠭᠠᠵᠠᠷ᠎ᠤ᠋ᠨ ᠲᠠᠷᠢᠶᠠᠴᠢᠨ ᠡᠷᠦᠬᠡ᠎ᠶ᠋ᠢᠨ ᠬᠠᠮᠲᠤ᠎ᠶ᠋ᠢᠨ ᠬᠥᠭᠵᠢᠯᠲᠡ᠎ᠶ᠋ᠢ ᠬᠣᠯᠪᠣᠭᠠᠯᠠᠨ ᠳᠠᠢᠴᠢᠯᠠᠵᠤ᠂ ᠲᠠᠷᠢᠮᠠᠯ᠎ᠤ᠋ᠨ ᠮᠡᠷᠭᠡᠵᠢᠯ᠂ ᠳᠥᠭᠥᠮ ᠪᠦᠲᠦᠴᠡᠲᠦ ᠬᠦᠯᠡᠮᠵᠢ᠎ᠶ᠋ᠢᠨ ᠡᠵᠡᠩᠨᠡᠯᠲᠡ ᠬᠠᠮᠢᠶᠠᠷᠤᠯᠲᠠ ᠵᠡᠷᠭᠡ ᠲᠠᠯ᠎ᠠ᠎ᠪᠠᠷ ᠲᠠᠷᠢᠶᠠᠴᠢᠨ ᠡᠷᠦᠬᠡ᠎ᠳ᠋ᠦ᠍ ᠨᠡᠩ ᠭᠦᠢᠴᠡᠳ ᠳᠡᠮᠵᠢᠯᠭᠡ ᠬᠠᠩᠭᠠᠬᠤ ᠪᠣᠯᠤᠨ᠎ᠠ ︾ᠭᠡᠵᠦ ᠨᠢᠩ ᠮᠢᠩ ᠯᠧᠢ ᠢᠯᠡᠳᠬᠡᠭᠰᠡᠨ ᠪᠠᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃