2026-09-05 12:05:12
ᠨᠠᠮᠤᠷ ᠤ᠋ᠨ ᠡᠬᠢᠨ ᠪᠣᠯ ᠰᠢᠨ᠎ᠠ ᠰᠤᠷᠭᠤᠭ ᠢ᠋ᠢᠡᠷ ᠢᠳᠡᠬᠦ ᠡᠷᠳᠡᠨᠢ ᠰᠢᠰᠢᠶᠢ ᠲᠥᠪᠯᠡᠷᠡᠭᠦᠯᠦᠨ ᠬᠤᠷᠢᠶᠠᠵᠤ ᠪᠤᠯᠪᠠᠰᠤᠷᠠᠭᠤᠯᠬᠤ ᠬᠦᠭᠵᠢᠶᠡᠨᠳᠡᠢ ᠤᠯᠠᠷᠢᠯ ᠪᠣᠯᠤᠨ᠎ᠠ᠃ 8 ᠰᠠᠷ᠎ᠠ ᠢ᠋ᠢᠨ 30 ᠤ᠋ ᠡᠳᠦᠷ᠂ ᠬᠢᠩᠭᠠᠨ ᠤ᠋ ᠠᠲᠠᠷ ᠬᠠᠭᠠᠯᠪᠤᠷᠢᠯᠠᠯᠲᠠ ᠢ᠋ᠢᠨ ᠪᠦᠯᠦᠭᠯᠡᠯ ᠤ᠋ᠨ ᠭᠦᠩᠵᠦᠯᠢᠨᠭ ᠮᠠᠯᠵᠢᠯ ᠤ᠋ᠨ ᠲᠠᠯᠠᠪᠠᠢ ᠳᠤ ᠬᠦᠷᠬᠦᠯᠡᠷ᠂ ᠡᠷᠳᠡᠨᠢ ᠰᠢᠰᠢ ᠢ᠋ᠢᠨ ᠲᠠᠷᠢᠶ᠎ᠡ ᠬᠠᠯᠢᠭᠤᠷᠡᠨ ᠲᠠᠪᠠᠯᠭᠠᠯᠠᠵᠤ᠂ ᠬᠠᠳᠤᠵᠤ ᠬᠤᠷᠢᠶᠠᠬᠤ ᠮᠠᠰᠢᠨ ᠲᠠᠷᠢᠶᠠᠨ ᠲᠤᠮᠳᠠᠭᠤᠷ ᠨᠠᠭᠠᠰᠢ ᠴᠠᠭᠠᠰᠢ ᠰᠦᠯᠵᠢᠯᠳᠦᠨ᠂ ᠰᠢᠬᠦᠳᠡᠷᠢ ᠢ᠋ᠢᠨ ᠮᠦᠬᠦᠯᠢᠭ ᠪᠦᠮᠪᠤᠬᠡᠨᠡᠭᠰᠡᠨ ᠰᠢᠨ᠎ᠠ ᠰᠤᠷᠭᠤᠭ ᠡᠷᠳᠡᠨᠢ ᠰᠢᠰᠢᠶᠢ ᠬᠤᠷᠢᠶᠠᠭᠠᠳ ᠪᠣᠯᠪᠠᠰᠤᠷᠠᠭᠤᠯᠬᠤ ᠲᠠᠰᠤᠭᠲᠤ᠌ ᠬᠦᠷᠬᠡᠨ᠎ᠡ᠃
ᠡᠨᠳᠡᠬᠢ ᠨᠢ ᠤᠮᠠᠷᠠᠲᠤ᠌ ᠥᠷᠭᠡᠷᠢᠭ ᠤ᠋ᠨ 46 ᠭᠷᠠᠳᠦ᠋ᠰ ᠲᠦ᠍ ᠪᠠᠶ᠋ᠢᠷᠢᠯᠠᠵᠤ ᠂ ᠳᠡᠯᠡᠬᠡᠢ ᠲᠠᠶᠠᠭᠠᠷ ᠲᠦ᠍ ᠮᠡᠳᠡᠷᠡᠭᠳᠡᠭᠰᠡᠨ 《ᠡᠷᠳᠡᠨᠢ ᠰᠢᠰᠢᠲᠠᠷᠢᠬᠤ ᠰᠢᠵᠢᠷ ᠠᠯᠳᠠᠨ ᠪᠦᠰᠡ 》 ᠳ᠋ᠤ᠌ ᠤᠷᠤᠰᠢᠵᠤ ᠪᠠᠢᠨ᠎ᠡ᠃ ᠬᠠᠷ᠎ᠠ ᠬᠥᠷᠥᠰᠥᠨ ᠤ᠋ ᠳᠠᠪᠬᠤᠷᠭ᠎ᠠ ᠭᠦᠨ ᠵᠤᠵᠠᠭᠠᠨ᠂ ᠨᠠᠷᠡᠨ ᠤ᠋ ᠲᠤᠰᠤᠯᠲᠠ ᠬᠦᠢᠴᠡᠳ᠂ ᠡᠳᠦᠷ ᠰᠥᠨᠢ ᠢ᠋ᠢᠨ ᠳᠤᠯᠠᠭᠠᠨ ᠤ᠋ ᠵᠥᠷᠢᠶ᠎ᠡ ᠶᠡᠬᠡ ᠪᠠᠶ᠋ᠢᠵᠤ᠂ ᠥᠪᠡᠷᠮᠢᠴᠡ ᠣᠨᠴᠠᠯᠢᠭ ᠪᠥᠬᠥᠶ ᠪᠠᠶ᠋ᠢᠭᠠᠯᠢ ᠢ᠋ᠢᠨ ᠲᠠᠪᠠᠭᠤᠯᠢᠭ ᠨᠦᠬᠦᠴᠡᠯ ᠨᠢ ᠰᠢᠨ᠎ᠡ ᠰᠣᠷᠭᠣᠭ ᠢ᠋ᠢᠡᠷ ᠢᠳᠡᠬᠦ ᠡᠷᠳᠡᠨᠢ ᠰᠢᠰᠢ ᠢ᠋ᠢᠨ ᠤᠷᠭᠤᠯᠲᠠᠳᠤ ᠤᠬᠢ ᠰᠠᠢᠨ ᠣᠷᠴᠢᠨ ᠨᠥᠬᠥᠴᠡᠯ ᠬᠠᠨᠭᠭᠠᠵᠤ᠂ ᠡᠨᠡ ᠬᠦ᠌ ᠵᠢᠵᠢᠭ ᠡᠷᠳᠡᠨᠢ ᠰᠢᠰᠢ ᠪᠡᠷ ᠠᠷᠠᠳ ᠣᠯᠠᠨ ᠤ᠋ ᠣᠷᠣᠯᠭᠠᠶᠢ ᠨᠡᠮᠡᠭᠳᠡᠭᠦᠯᠬᠦ᠂ ᠮᠠᠯ ᠠᠵᠤ ᠠᠬᠤᠶ ᠲᠠᠷᠢᠶᠠᠯᠠᠨᠭ᠌ ᠤ᠋ᠨ ᠴᠢᠨᠠᠷ ᠰᠠᠶ᠋ᠢᠲᠠᠶ ᠬᠥᠭᠵᠢᠯᠲᠡᠶᠢ ᠠᠬᠢᠭᠤᠯᠬᠤ 《 ᠰᠢᠵᠢᠷ ᠠᠯᠲᠠᠨ ᠠᠵᠤ ᠤᠢᠯᠡᠰ ᠤ᠋ᠨ ᠬᠡᠯᠬᠢᠶ᠎ᠡ 》 ᠢ᠋ᠢ ᠬᠣᠯᠪᠣᠭᠰᠠᠨ ᠪᠠᠶ᠋ᠢᠨ᠎ᠠ ᠃
ᠰᠢᠨ᠎ᠠ ᠰᠤᠷᠭᠤᠭ ᠢ᠋ᠢᠡᠷ ᠢᠳᠡᠬᠦ ᠡᠷᠳᠡᠨᠢ ᠰᠢᠰᠢ ᠨᠢ 《ᠰᠢᠨ᠎ᠡ ᠰᠣᠷᠭᠣᠭ 》 ᠢ᠋ ᠡᠷᠬᠢᠮᠯᠡᠳᠡᠭ᠃ 《ᠰᠠᠭᠤᠷᠢᠨᠠᠴᠠ ᠬᠤᠷᠢᠶᠠᠬᠤ ᠡᠴᠡ ᠪᠤᠯᠪᠠᠰᠤᠷᠠᠭᠤᠯᠵᠤ ᠦᠢᠯᠡᠳᠪᠦᠷᠢᠯᠡᠬᠦ᠌ ᠪᠣᠯᠲᠠᠯ᠎ᠠ ᠵᠥᠪᠬᠡᠨ 3 ᠴᠠᠭ ᠵᠠᠷᠤᠴᠠᠭᠤᠯᠤᠨ᠎ᠠ》 ᠭᠡᠵᠦ᠍ ᠬᠢᠩᠭᠠᠨ ᠤ᠋ ᠠᠲᠠᠷ ᠬᠠᠭᠠᠯᠪᠤᠷᠢᠯᠠᠯᠲᠠ ᠢ᠋ᠢᠨ ᠪᠦᠯᠦᠭᠯᠡᠯ ᠤ᠋ᠨ ᠮᠠᠯ ᠠᠵᠤ ᠠᠬᠤᠶ ᠢ᠋ᠢᠨ ᠰᠠᠯᠠᠭᠠᠨ ᠤ᠋ ᠳᠠᠷᠤᠭ᠎ᠠ ᠴᠧᠨ ᠲᠢᠶᠸ ᠰᠦᠸᠸ ᠢ᠋ᠢᠨ ᠬᠡᠯᠡᠭᠰᠡᠨ ᠦᠬᠡ ᠨᠢ ᠰᠢᠨ᠎ᠡ ᠰᠣᠷᠭᠣᠭ ᠢ᠋ᠢᠡᠷ ᠢᠳᠡᠬᠦ ᠡᠷᠳᠡᠨᠢ ᠰᠢᠰᠢ ᠢ᠋ᠢᠨ ᠵᠠᠬ᠎ᠠ ᠳᠡᠯᠭᠡᠭᠦᠷ ᠲᠦ᠍ ᠤᠷᠤᠨ ᠪᠠᠢᠷᠢ ᠪᠡᠨ ᠤᠯᠤᠭᠰᠠᠨ ᠵᠠᠩᠭᠢᠯᠠᠭᠠᠶᠢ ᠬᠡᠯᠡᠵᠦ᠍ ᠭᠠᠷᠭᠠᠯᠡ᠃
ᠰᠠᠶᠢᠬᠠᠨ ᠬᠤᠷᠢᠶᠠᠭᠰᠠᠨ ᠡᠷᠳᠡᠨᠢ ᠰᠢᠰᠢ ᠢ᠋ᠢ ᠰᠢᠨ᠎ᠡ ᠰᠣᠷᠭᠣᠭ ᠢ᠋ᠢᠡᠷ ᠬᠠᠳᠠᠭᠠᠯᠠᠬᠤ ᠢ᠋ᠢᠨ ᠲᠥᠯᠥᠭᠡ᠂ ᠭᠦᠩᠵᠦᠯᠢᠨᠭ ᠮᠠᠯᠵᠢᠯ ᠤ᠋ᠨ ᠲᠠᠯᠠᠪᠠᠶ ᠢ᠋ᠢᠨ ᠬᠢᠨ ᠲᠠᠷᠢᠶᠠᠨ ᠭᠠᠵᠠᠷᠠᠴᠠ ᠤᠢᠯᠡᠳᠪᠤᠷᠢ ᠢ᠋ᠢᠨ ᠲᠠᠰᠤᠭ ᠬᠦᠷᠲᠡᠯᠡᠬᠢ ᠪᠥᠬᠥ᠌ ᠶᠠᠪᠤᠴᠠᠶᠢ ᠡᠵᠡᠮᠳᠡᠬᠦ᠌ ᠰᠢᠰᠲ᠋ᠧᠮ ᠢ᠋ ᠪᠠᠶ᠋ᠢᠭᠤᠯᠪᠠ᠃ ᠬᠡᠰᠡᠭ ᠬᠤᠪᠢᠶᠠᠨ ᠴᠠᠭ ᠬᠤᠪᠢᠶᠠᠨ ᠣᠷᠭᠢᠯᠬᠤᠭᠤᠴᠠᠭᠠᠶᠢ ᠵᠥᠷᠢᠭᠦᠯᠦᠨ ᠬᠤᠷᠢᠶᠠᠬᠤ᠂ ᠲᠤᠰᠬᠠᠶ ᠲᠡᠷᠭᠡ ᠪᠡᠷ ᠲᠦᠷᠭᠡᠨ ᠰᠢᠯᠵᠢᠭᠦᠯᠦᠨ ᠲᠡᠭᠡᠭᠡᠪᠦᠷᠢᠯᠡᠬᠦ᠂ ᠠᠦ᠋ᠲ᠋ᠣᠴᠢᠯᠠᠨ ᠤᠬᠢᠶᠠᠵᠤ ᠰᠢᠯᠢᠨ ᠰᠤᠨᠭᠭᠤᠬᠤ᠂ ᠠᠭᠠᠷ ᠤᠷᠤᠭᠤᠯᠬᠤ ᠦᠬᠡᠢ ᠪᠡᠷ ᠪᠢᠲᠡᠭᠦᠮᠵᠢᠯᠡᠨ ᠪᠤᠭᠤᠳᠠᠯᠯᠠᠬᠤ᠂ ᠥᠨᠳᠥᠷ ᠳᠤᠯᠠᠭᠠᠨ ᠳ᠋ᠤ᠌ ᠪᠠᠺᠲ᠋ᠧᠷᠢ ᠢ᠋ᠢ ᠨᠢ ᠤᠰᠠᠳᠬᠠᠬᠤ ᠁ ᠠᠵᠢᠯ ᠤ᠋ᠨ ᠳᠠᠷᠠᠭᠠᠯᠠᠯ᠂ ᠭᠣᠭᠴᠣᠭ᠎ᠠ ᠪᠦᠷᠢ ᠳ᠋ᠤ᠌ ᠴᠥᠮ ᠴᠢᠩᠭ᠎ᠠ ᠪᠠᠷᠢᠮᠵᠢᠶᠠᠲᠠᠶ ᠪᠠᠶ᠋ᠢᠳᠠᠭ ᠃ ᠢᠳᠡᠭᠡᠨ ᠪᠤᠯᠪᠠᠰᠤᠷᠠᠭᠤᠯᠬᠤ ᠬᠦᠷᠢᠶᠡᠯᠡᠩ ᠲᠣᠭᠣᠷᠢᠭᠲᠤ᠌᠂ ᠠᠦ᠋ᠲ᠋ᠣᠴᠢᠯᠠᠭᠰᠠᠨ ᠤᠢᠯᠡᠳᠪᠤᠷᠢᠯᠡᠯ ᠤ᠋ᠨ ᠱᠤᠭᠤᠮ ᠡᠷᠴᠢᠮᠳᠡᠢ ᠶᠠᠪᠤᠭᠳᠠᠵᠤ᠂ ᠠᠵᠢᠯᠴᠢᠳ 24 ᠴᠠᠭ ᠢ᠋ᠢᠡᠷ ᠡᠭᠡᠯᠵᠢᠯᠡᠨ ᠠᠵᠢᠯᠯᠠᠵᠤ᠂ ᠥᠷᠯᠥᠭᠡ ᠲᠡᠬᠦᠭᠰᠡᠨ ᠡᠷᠳᠡᠨᠢ ᠰᠢᠰᠢᠶᠢ ᠬᠠᠮᠤᠭ ᠤ᠋ᠨ ᠣᠬᠣᠷᠬᠠᠨ ᠬᠤᠭᠤᠴᠠᠭᠠᠨᠳᠤ ᠪᠤᠯᠪᠠᠰᠤᠷᠠᠭᠤᠯᠬᠤ ᠢ᠋ᠢ ᠪᠠᠳᠤᠯᠠᠵᠤ ᠪᠠᠢᠨ᠎ᠡ᠃
ᠣᠳᠣᠬᠠᠨᠳᠤ᠂ ᠲᠣᠰ ᠮᠠᠯᠵᠢᠯ ᠤ᠋ᠨ ᠲᠠᠯᠠᠪᠠᠶ ᠢ᠋ᠢᠨ ᠰᠢᠨ᠎ᠡ ᠰᠣᠷᠭᠣᠭ ᠢ᠋ᠢᠡᠷ ᠢᠳᠡᠬᠦ ᠡᠷᠳᠡᠨᠢ ᠰᠢᠰᠢ ᠢ᠋ᠢᠨ ᠵᠢᠯ ᠤ᠋ᠨ ᠪᠤᠯᠪᠠᠰᠤᠷᠠᠭᠤᠯᠤᠭᠰᠠᠨ ᠬᠡᠮᠵᠢᠶ᠎ᠡᠨᠢ 300 ᠲᠦᠮᠡᠨ ᠲᠦᠷᠦᠬᠦᠤᠵᠢ ᠲᠡᠪᠡᠵᠤ᠂ ᠡᠷᠬᠢᠨ ᠲᠣᠭᠣᠷᠢᠨ ᠤ᠋ 80 ᠡᠴᠡ100 ᠬᠥᠮᠦᠨ ᠤ᠋ ᠤᠯᠠᠷᠢᠯ ᠤ᠋ᠨ ᠴᠢᠨᠠᠷᠲᠠᠶ ᠠᠵᠢᠯ ᠤᠯᠬᠤᠶᠢ ᠳᠠᠶ᠋ᠢᠴᠢᠯᠠᠪᠠ᠃ ᠠᠭᠠᠷ ᠤᠷᠤᠭᠤᠯᠬᠤ ᠦᠬᠡᠢ ᠪᠡᠷ ᠪᠣᠭᠣᠳᠠᠯᠯᠠᠬᠤ ᠮᠡᠷᠭᠡᠵᠢᠯᠨᠢ ᠪᠦᠳᠦᠭᠡᠭᠳᠡᠬᠦᠨ ᠤ᠋ ᠴᠢᠨᠠᠷ ᠢ᠋ ᠪᠠᠲᠤᠯᠠᠬᠤ ᠬᠤᠭᠤᠴᠠᠭᠠᠶᠢ ᠶᠡᠬᠡ ᠪᠡᠷ ᠤᠷᠲᠤᠳᠬᠠᠵᠤ᠂ 《ᠬᠢᠩᠭᠠᠨ ᠤ᠋ ᠦᠨᠦᠷ ᠠᠮᠲᠠ 》 ᠨᠢ ᠭᠠᠵᠠᠷ ᠣᠷᠣᠨ ᠤ᠋ ᠬᠢᠵᠠᠭᠠᠷᠯᠠᠯ ᠢ᠋ ᠳᠠᠪᠠᠵᠤ᠂ ᠪᠡᠭᠡᠵᠢᠩ᠂ ᠲᠢᠶᠠᠨᠵᠢᠨ᠂ ᠬᠠᠩᠵᠧᠦ ᠵᠡᠷᠭᠡ ᠭᠠᠵᠠᠷ ᠤ᠋ᠳ ᠢ᠋ᠢᠡᠷ ᠪᠤᠷᠤᠯᠠᠭᠤᠯᠤᠭᠳᠠᠵᠤ᠂ ᠵᠢᠯ ᠤ᠋ᠨ ᠪᠣᠷᠣᠯᠠᠭᠤᠯᠭ᠎ᠠ ᠢ᠋ᠢᠨ ᠬᠡᠮᠵᠢᠶ᠎ᠡᠨᠢ ᠵᠠᠭᠤᠨ ᠲᠦᠮᠡᠨ ᠲᠦᠷᠦᠭᠦᠦᠶᠢ ᠳᠠᠪᠠᠪᠠ ᠃
ᠬᠢᠩᠭᠠᠨ ᠠᠶ᠋ᠢᠮᠠᠭ 《ᠨᠢᠭᠡ ᠡᠷᠳᠡᠨᠢ ᠰᠢᠰᠢ 》 ᠢ᠋ᠢᠨ ᠦᠨ᠎ᠡ ᠥᠷᠲᠡᠭ ᠢ᠋ ᠠᠭᠤᠳᠠᠯᠤᠭᠰᠠᠨ ᠢ᠋ᠢᠡᠷ ᠵᠤᠭᠰᠤᠭᠰᠠᠨ ᠦᠬᠡ᠂ ᠡᠷᠳᠡᠨᠢ ᠰᠢᠰᠢ ᠢ᠋ᠢᠨ ᠴᠠᠶ᠂ ᠡᠷᠳᠡᠨᠢ ᠰᠢᠰᠢ ᠢ᠋ᠢᠨ ᠰᠢᠭᠦᠰᠦ᠂ ᠡᠷᠳᠡᠨᠢ ᠰᠢᠰᠢ ᠢ᠋ᠢᠨ ᠵᠤᠲᠠᠩ ᠵᠡᠷᠭᠡ ᠨᠠᠷᠢᠯᠢᠭ ᠪᠤᠯᠪᠠᠰᠤᠷᠠᠭᠤᠯᠤᠭᠰᠠᠨ ᠪᠦᠳᠦᠭᠡᠭᠳᠡᠬᠦᠨ ᠢ᠋ ᠰᠤᠳᠤᠯᠤᠨ ᠨᠡᠭᠡᠭᠡᠬᠦ ᠢ᠋ᠢ ᠯᠠᠪᠳᠠᠭᠤᠨ ᠢ᠋ᠢᠡᠷ ᠠᠬᠢᠭᠤᠯᠵᠤ᠂ ᠰᠢᠨ᠎ᠡ ᠰᠣᠷᠭᠣᠭ ᠢ᠋ᠢᠡᠷ ᠢᠳᠡᠬᠦ᠌ ᠡᠷᠳᠡᠨᠢ ᠰᠢᠰᠢ ᠪᠡᠷ ᠭᠤᠤᠯ ᠪᠣᠯᠭᠠᠭᠰᠠᠨ ᠪᠦᠳᠦᠭᠡᠭᠳᠡᠬᠦᠨ ᠤ᠋ ᠵᠢᠭᠰᠠᠭᠠᠯ ᠢ᠋ ᠶᠠᠭ ᠲᠦᠷᠭᠡᠳᠬᠡᠨ ᠪᠣᠶ ᠪᠣᠯᠭᠠᠵᠤ ᠪᠠᠶ᠋ᠢᠨ᠎ᠠ ᠃
ᠠᠵᠤ ᠤᠢᠯᠡᠰ ᠤ᠋ᠨ ᠬᠡᠯᠬᠢᠶ᠎ᠡ ᠲᠠᠷᠢᠶᠠᠴᠢᠨ ᠠᠶ᠋ᠢᠯ ᠤ᠋ᠨ ᠵᠢᠵᠢᠭ ᠬᠦᠷᠢᠶ᠎ᠡ ᠬᠦᠷᠲᠡᠯ᠎ᠡ ᠥᠷᠭᠡᠵᠢᠵᠦ᠍᠂ ᠨᠠᠩ ᠣᠯᠠᠨ ᠲᠠᠷᠢᠶᠠᠯᠠᠬᠤ ᠡᠷᠦᠬᠡᠶᠢ ᠳᠠᠶ᠋ᠢᠴᠢᠯᠠᠨ ᠣᠷᠣᠯᠭᠠᠶᠢ ᠨᠢ ᠨᠡᠮᠡᠭᠳᠡᠭᠦᠯᠬᠦ᠌ ᠠᠷᠭ᠎ᠠ ᠵᠠᠮ ᠢ᠋ ᠨᠡᠬᠡᠬᠡᠪᠡ᠃ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ ᠤ᠋ ᠭᠤᠤᠯ ᠤ᠋ᠨ ᠪᠠᠢᠰᠢᠨᠭ᠌ ᠪᠠᠯᠭᠠᠰᠤᠨ ᠤ᠋ ᠯᠤᠤ ᠬᠦᠨᠭᠰᠸ ᠭᠠᠴᠠᠭᠠᠨ ᠤ᠋ ᠲᠠᠷᠢᠶᠠᠴᠢᠨ ᠠᠶ᠋ᠢᠯ ᠤ᠋ᠨ ᠬᠦᠷᠢᠶᠡᠨ ᠳ᠋ᠤ᠌ ᠤᠷᠭᠤᠭᠰᠠᠨ ᠡᠷᠳᠡᠨᠢ ᠰᠢᠰᠢ ᠰᠠᠵᠢᠯᠠᠨ ᠭᠠᠨᠭᠬᠤᠨᠠ᠃ ᠲᠠᠷᠢᠶᠠᠴᠢᠳ ᠴᠠᠭ ᠢ᠋ ᠠᠮᠵᠢᠨ ᠡᠷᠳᠡᠨᠢ ᠰᠢᠰᠢ ᠪᠡᠨ ᠬᠤᠷᠢᠶᠠᠵᠤ᠂ ᠲᠡᠷᠭᠡᠨ ᠳ᠋ᠤ᠌ ᠠᠴᠢᠵᠤ᠂ ᠨᠢᠭᠡᠳᠦᠯᠲᠡᠶ ᠪᠡᠷ ᠲᠥᠪᠯᠡᠷᠡᠭᠦᠯᠦᠨ ᠲᠡᠭᠡᠭᠡᠪᠦᠷᠢᠯᠡᠬᠦ᠌ ᠴᠡᠭ ᠲᠦ᠍ ᠬᠦᠷᠭᠡᠵᠦ᠍᠂ ᠥᠯᠢᠭᠡᠷ ᠠᠪᠬᠤ ᠶᠠᠰᠤ ᠴᠢᠨᠠᠷ ᠤ᠋ᠨ ᠪᠠᠶ᠋ᠢᠴᠠᠭᠠᠯᠲᠠᠳᠤ ᠬᠢᠷᠢ ᠲᠡᠩᠴᠡᠭᠰᠡᠨ ᠤ᠋ ᠳᠠᠷᠠᠭ᠎ᠠ ᠰᠢᠭᠤᠳ ᠪᠣᠯᠪᠠᠰᠤᠷᠠᠭᠤᠯᠬᠤ ᠲᠥᠪ ᠲᠦ᠍ ᠬᠦᠷᠬᠡᠵᠤ ᠪᠠᠢᠯᠡ᠃
ᠰᠢᠨ᠎ᠡ ᠰᠣᠷᠭᠣᠭ ᠢ᠋ᠢᠡᠷ ᠢᠳᠡᠬᠦ ᠡᠷᠳᠡᠨᠢ ᠰᠢᠰᠢ ᠢ᠋ᠢᠨ ᠠᠵᠤ ᠤᠢᠯᠡᠰ ᠤ᠋ᠨ ᠬᠡᠪᠴᠢᠶᠡᠵᠢᠯᠳᠡ᠂ ᠲᠥᠷᠥᠯ ᠲᠡᠮᠳᠡᠭ ᠤ᠋ᠨ ᠬᠥᠭᠵᠢᠯᠲᠡᠶᠢ ᠳᠠᠶ᠋ᠢᠴᠢᠯᠠᠬᠤ ᠢ᠋ᠢᠨ ᠲᠥᠯᠥᠭᠡ᠂ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤ 1.8 ᠲᠦᠮᠡᠨ ᠲᠡᠭᠰᠢ ᠳᠥᠷᠪᠡᠯᠵᠢᠨ ᠮᠧᠲ᠋ᠷ ᠤ᠋ᠨ ᠰᠢᠨ᠎ᠡ ᠰᠣᠷᠭᠣᠭ ᠢ᠋ᠢᠡᠷ ᠢᠳᠡᠬᠦ ᠡᠷᠳᠡᠨᠢ ᠰᠢᠰᠢ ᠪᠤᠯᠪᠠᠰᠤᠷᠠᠭᠤᠯᠬᠤ ᠲᠥᠪ ᠢ᠋ ᠪᠠᠶ᠋ᠢᠭᠤᠯᠬᠤ ᠢ᠋ᠢᠨ ᠬᠠᠮᠲᠤ᠌ ᠵᠠᠬᠢᠶᠠᠯᠠᠭ᠎ᠠ ᠢ᠋ᠢᠨ ᠬᠡᠯᠪᠡᠷᠢ ᠢ᠋ᠢᠨ ᠲᠠᠷᠢᠶᠠᠯᠠᠩ ᠤ᠋ᠨ ᠵᠠᠭᠪᠤᠷ ᠢ᠋ ᠬᠡᠷᠡᠭᠵᠢᠭᠦᠯᠵᠦ᠍ ᠂ ᠪᠤᠯᠪᠠᠰᠤᠷᠠᠭᠤᠯᠬᠤ ᠠᠵᠤ ᠠᠬᠤᠶ᠋ᠢᠯᠠᠯ ᠢ᠋ ᠬᠥᠲᠥᠯᠥᠨ ᠵᠢᠯᠣᠭᠣᠳᠴᠤ᠌ ᠪᠠᠶ᠋ᠢᠭᠠᠳ 4 ᠭᠠᠴᠠᠭᠠᠨ ᠤ᠋ 1200 ᠭᠠᠷᠤᠶ ᠲᠠᠷᠢᠶᠠᠯᠠᠬᠤ ᠡᠷᠦᠬᠡᠲᠡᠶ ᠦᠨ᠎ᠠ ᠲᠤᠭᠳᠠᠵᠦ ᠬᠤᠳᠠᠯᠳᠤᠨ ᠠᠪᠬᠤ ᠬᠡᠯᠡᠯᠴᠡᠭᠡᠷ ᠲᠣᠭᠲᠠᠵᠤ᠂ ᠤᠢᠯᠡᠳᠪᠤᠷᠢᠯᠡᠯ ᠪᠣᠷᠣᠯᠠᠭᠤᠯᠭᠠᠶᠢ ᠨᠢᠭᠡ ᠴᠣᠭᠴᠠᠵᠢᠭᠤᠯᠤᠭᠰᠠᠨ᠂ ᠠᠰᠢᠭ ᠲᠤᠰᠠᠶᠢ ᠬᠠᠮᠲᠤ ᠪᠡᠷ ᠡᠳ᠋ᠯᠡᠬᠦ᠌ ᠠᠵᠤ ᠤᠢᠯᠡᠰ ᠤ᠋ᠨ ᠵᠠᠭᠪᠤᠷ ᠢ᠋ ᠪᠠᠶ᠋ᠢᠭᠤᠯᠪᠠ ᠃
《ᠠᠵᠤ ᠠᠬᠤᠶ᠋ᠢᠯᠠᠯ ᠡᠴᠡ ᠰᠦᠢᠳᠬᠡᠯ ᠬᠤᠷᠢᠶᠠᠬᠤ ᠥᠬᠡᠶ ᠪᠡᠷ ᠲᠠᠷᠢᠶᠠᠨ ᠦᠷ᠎ᠡ ᠪᠠ ᠬᠢᠮᠢ ᠢ᠋ᠢᠨ ᠪᠣᠷᠲᠣᠭᠣᠷ ᠬᠠᠨᠭᠭᠠᠵᠤ᠂ ᠪᠠᠰᠠ ᠪᠥᠬᠥ᠌ ᠶᠠᠪᠤᠴᠠᠳᠤ ᠮᠡᠷᠭᠡᠵᠢᠯ ᠤ᠋ᠨ ᠵᠢᠯᠣᠭᠣᠳᠣᠯᠭ᠎ᠠ ᠬᠠᠨᠭᠭᠠᠵᠤ ᠪᠠᠢᠨ᠎ᠡ᠂ ᠲᠠᠷᠢᠶᠠᠯᠠᠬᠤ ᠡᠷᠦᠬᠡ ᠪᠠᠷᠢᠮᠵᠢᠶ᠎ᠠ ᠶᠣᠰᠣᠭᠠᠷ ᠳᠠᠷᠢᠵᠤ᠂ ᠡᠬᠢ ᠡᠬᠦᠰᠦᠯ ᠡᠴᠡ ᠨᠢ ᠰᠠᠢᠨ ᠲᠠᠷᠢᠶ᠎ᠡ ᠭᠠᠷᠬᠤ ᠢ᠋ᠢ ᠪᠠᠳᠤᠯᠠᠵᠤ ᠪᠠᠢᠨ᠎ᠡ》 ᠬᠡᠵᠤ ᠭᠤᠤᠯ ᠤ᠋ᠨ ᠪᠠᠢᠰᠢᠨᠭ᠌ ᠪᠠᠯᠭᠠᠰᠤᠨ ᠤ᠋ ᠯᠤᠤ ᠬᠦᠨᠭᠰᠸ ᠭᠠᠴᠠᠭᠠᠨ ᠤ᠋ 《ᠬᠣᠶᠠᠷ ᠵᠥᠪᠯᠡᠯ 》 ᠤ᠋ᠨ ᠪᠦᠷᠢᠯᠳᠦᠬᠦᠨ ᠪᠠᠢ ᠴᠧᠩ ᠰᠦᠸᠸ ᠬᠡᠯᠡᠨ᠎ᠡ᠂ ᠡᠨᠡ ᠵᠢᠯ ᠲᠤᠰ ᠭᠠᠴᠠᠭ᠎ᠠ ᠢ᠋ᠢᠨ 282 ᠲᠠᠷᠢᠶᠠᠯᠠᠬᠤ ᠡᠷᠦᠬᠡ ᠪᠣᠯᠤᠨ ᠪᠤᠯᠪᠠᠰᠤᠷᠠᠭᠤᠯᠬᠤ ᠠᠵᠤ ᠠᠬᠤᠶ᠋ᠢᠯᠠᠯ ᠲᠠᠷᠢᠮᠠᠯ ᠤ᠋ᠨ ᠵᠠᠬᠢᠶᠠᠯᠠᠭᠠᠲᠤᠭᠳᠠᠵᠤ᠂ ᠲᠠᠷᠢᠮᠠᠯ ᠤ᠋ᠨ ᠲᠠᠯᠠᠪᠠᠢ ᠨᠡᠢ᠌ᠳᠡ 705 ᠮᠦ᠍ ᠳ᠋ᠤ᠌ ᠬᠦᠷᠴᠦ᠍᠂ ᠵᠢᠱ᠌ᠢᠯᠲᠡ ᠪᠡᠷ ᠡᠷᠦᠬᠡ ᠪᠦᠷᠢ ᠢ᠋ᠢᠨ ᠳᠤᠮᠳᠠᠴᠢ ᠣᠷᠣᠯᠭ᠎ᠠ ᠢ᠋ᠢ 7000 ᠲᠥᠭᠥᠷᠢᠭ ᠢ᠋ ᠲᠠᠪᠠᠭᠤᠯᠬᠤ ᠪᠤᠯᠤᠨ᠎ᠡ᠃
ᠠᠵᠤ ᠤᠢᠯᠡᠰ ᠤ᠋ᠨ ᠦᠷᠳᠡᠭ ᠢ᠋ ᠨᠡᠮᠡᠭᠳᠡᠬᠦᠯᠵᠤ᠂ ᠠᠵᠤ ᠠᠬᠤᠶ᠋ᠢᠯᠠᠯ ᠤ᠋ᠨ ᠦᠷ᠎ᠡ ᠠᠰᠢᠭ ᠢ᠋ ᠨᠡᠮᠡᠭᠳᠡᠬᠦᠯᠵᠤ᠂ ᠲᠠᠷᠢᠶᠠᠯᠠᠬᠤ ᠡᠷᠦᠬᠡ ᠢ᠋ᠢᠨ ᠣᠷᠣᠯᠭ᠎ᠠ ᠢ᠋ᠢ ᠨᠡᠮᠡᠭᠳᠡᠬᠦᠯᠦᠨ᠎ᠡ᠃ ᠣᠶ᠋ᠢᠷ᠎ᠠ ᠢ᠋ᠢᠨ ᠵᠢᠯᠡᠴᠡ ᠨᠠᠭᠠᠰᠢ᠂ ᠬᠢᠩᠭᠠᠨ ᠠᠶ᠋ᠢᠮᠠᠭ ᠡᠬᠢ ᠪᠠᠶᠠᠯᠢᠭ ᠤ᠋ᠨ ᠳᠠᠪᠠᠭᠤᠯᠢᠭᠲᠠᠭᠠᠨ ᠰᠠᠭᠤᠷᠢᠯᠠᠨ᠂ ᠪᠠᠷᠢᠮᠵᠢᠶᠠᠵᠢᠭᠤᠯᠤᠨ ᠨᠠᠷᠢᠯᠢᠭ ᠪᠣᠯᠪᠠᠰᠤᠷᠠᠭᠤᠯᠬᠤ᠂ ᠵᠠᠬᠢᠶᠠᠯᠠᠭ᠎ᠠ ᠪᠡᠷ ᠦᠨ᠎ᠠ ᠲᠤᠭᠳᠠᠵᠤ ᠬᠤᠳᠠᠯᠳᠤᠨ ᠠᠪᠬᠤ ᠵᠡᠷᠭᠡ ᠠᠷᠭ᠎ᠠ ᠬᠡᠯᠪᠡᠷᠢ ᠪᠡᠷ ᠳᠠᠮᠵᠢᠭᠤᠯᠤᠨ ᠰᠢᠨ᠎ᠡ ᠰᠣᠷᠭᠣᠭ ᠢ᠋ᠢᠡᠷ ᠢᠳᠡᠬᠦ ᠡᠷᠳᠡᠨᠢ ᠰᠢᠰᠢ ᠢ᠋ᠢᠨ ᠪᠥᠬᠥ᠌ ᠬᠡᠯᠬᠢᠶᠡᠨ ᠤ᠋ ᠠᠵᠤ ᠤᠢᠯᠡᠰ ᠤ᠋ᠨ ᠲᠠᠰ ᠳᠡᠪᠰᠢᠬᠦ ᠢ᠋ᠢ ᠠᠬᠢᠭᠤᠯᠪᠠ᠃ ᠣᠳᠣᠬᠠᠨᠳᠤ᠂ ᠪᠥᠬᠥ᠌ ᠠᠶ᠋ᠢᠮᠠᠭ ᠲᠦ᠍ ᠵᠢᠯ ᠤ᠋ᠨ ᠪᠤᠷᠤᠯᠠᠭᠤᠯᠭ᠎ᠠ ᠢ᠋ᠢᠨ ᠣᠷᠣᠯᠭᠠᠨᠢ 100 ᠲᠦᠮᠡ ᠢ᠋ᠢ ᠲᠠᠪᠠᠭᠰᠠᠨ ᠰᠢᠨ᠎ᠡ ᠰᠣᠷᠭᠣᠭ ᠢ᠋ᠢᠡᠷ ᠢᠳᠡᠬᠦ ᠡᠷᠳᠡᠨᠢ ᠰᠢᠰᠢ ᠪᠤᠯᠪᠠᠰᠤᠷᠠᠭᠤᠯᠬᠤ ᠠᠵᠤ ᠠᠬᠤᠶ᠋ᠢᠯᠠᠯ 6 ᠪᠠᠶ᠋ᠢᠵᠤ᠂ ᠲᠥᠬᠥᠭᠡᠷᠦᠮᠵᠢ ᠢ᠋ᠢᠨ ᠪᠤᠯᠪᠠᠰᠤᠷᠠᠭᠤᠯᠬᠤ ᠴᠢᠳᠠᠪᠤᠷᠢᠨᠢ 8.21 ᠲᠦᠮᠡᠨ ᠲᠣᠨᠳᠤ ᠬᠦᠷᠴᠦ᠍᠂ ᠣᠯᠠᠨ ᠮᠠᠯᠴᠢᠨ ᠲᠠᠷᠢᠶᠠᠴᠢᠨ ᠢ᠋ ᠳᠠᠶ᠋ᠢᠴᠢᠯᠠᠨ ᠣᠨᠴᠠᠯᠢᠭᠲᠤ᠌ ᠡᠷᠳᠡᠨᠢ ᠰᠢᠰᠢ ᠢ᠋ᠢᠨ ᠠᠵᠤ ᠤᠢᠯᠡᠰ ᠤ᠋ᠨ ᠬᠥᠭᠵᠢᠯᠲᠡ ᠳ᠋ᠤ᠌ ᠣᠷᠣᠯᠴᠠᠭᠤᠯᠪᠠ᠃
《ᠲᠠᠷᠠᠭᠠᠴᠢ ᠪᠡᠷ᠂ ᠪᠢᠳᠡ ᠤᠢᠯᠡᠳᠪᠤᠷᠢᠯᠡᠯ ᠵᠢᠭᠠᠨ ᠰᠤᠷᠭᠠᠯᠳᠡ ᠰᠤᠳᠤᠯᠭᠠᠨ ᠤ᠋ ᠡᠬᠦᠯᠳᠡᠷ ᠪᠣᠶ᠋ᠢᠵᠢᠭᠤᠯᠬᠤ ᠰᠤᠳᠤᠯᠤᠨ ᠨᠡᠭᠡᠭᠡᠬᠦ᠌ ᠪᠦᠯᠬᠦᠮ ᠨᠡᠶ᠋ᠢᠲᠡᠶᠢ ᠵᠣᠬᠢᠶᠠᠨ ᠪᠠᠶ᠋ᠢᠭᠤᠯᠵᠤ᠂ ᠭᠤᠤᠯ ᠡᠬᠦᠯᠳᠡᠷ ᠪᠣᠶ᠋ᠢᠵᠢᠭᠤᠯᠬᠤ ᠮᠡᠷᠭᠡᠵᠢᠯ ᠤ᠋ᠨ ᠪᠡᠷᠬᠡ ᠰᠡᠳᠦᠪ ᠢ᠋ ᠲᠥᠪᠯᠡᠷᠡᠭᠦᠯᠦᠨ ᠰᠢᠢᠳᠪᠤᠷᠢᠯᠡᠵᠤ᠂ ᠲᠠᠷᠢᠶᠠᠯᠠᠬᠤ ᠡᠷᠦᠬᠡ ᠢ᠋ᠢᠨ ᠭᠠᠵᠠᠷ ᠰᠢᠷᠣᠶ ᠢ᠋ᠢᠨ ᠡᠵᠡᠨᠭᠨᠡᠯᠳᠡ ᠢ᠋ᠢᠨ ᠡᠷᠬᠡ ᠪᠡᠨ ᠬᠦᠢᠯᠬᠡᠬᠡᠬᠦ ᠢ᠋ᠢ ᠬᠥᠲᠥᠯᠥᠨ ᠵᠢᠯᠣᠭᠣᠳᠴᠤ᠌᠂ ᠪᠠᠷᠢᠮᠵᠢᠶᠠᠵᠢᠭᠤᠯᠤᠭᠰᠠᠨ᠂ ᠬᠡᠪᠴᠢᠶᠡᠵᠢᠭᠦᠯᠦᠭᠰᠡᠨ ᠲᠠᠷᠢᠶᠠᠯᠠᠭᠠᠶᠢ ᠪᠡᠶᠡᠯᠡᠭᠦᠯᠦᠨ᠂ ᠪᠣᠯᠪᠠᠰᠤᠷᠠᠭᠤᠯᠬᠤ ᠴᠢᠳᠠᠪᠤᠷᠢ ᠪᠠ ᠪᠦᠳᠦᠭᠡᠭᠳᠡᠬᠦᠨ ᠤ᠋ ᠨᠡᠮᠡᠯᠲᠡ ᠥᠷᠲᠡᠭ ᠢ᠋ ᠳᠡᠭᠡᠭᠰᠢᠯᠡᠭᠦᠯᠵᠦ᠍᠂ ᠪᠤᠷᠤᠯᠠᠭᠤᠯᠭ᠎ᠠ ᠢ᠋ᠢᠨ ᠠᠷᠭ᠎ᠠ ᠵᠠᠮ ᠢ᠋ ᠶᠡᠬᠡ ᠪᠡᠷ ᠥᠷᠭᠡᠳᠬᠡᠨ᠂ ᠬᠢᠩᠭᠠᠨ ᠠᠶ᠋ᠢᠮᠠᠭ ᠤ᠋ᠨ ᠰᠢᠨ᠎ᠡ ᠰᠣᠷᠭᠣᠭ ᠢ᠋ᠢᠡᠷ ᠢᠳᠡᠬᠦ ᠡᠷᠳᠡᠨᠢ ᠰᠢᠰᠢ ᠢ᠋ᠢᠨ ᠵᠠᠬ᠎ᠠ ᠳᠡᠯᠭᠡᠭᠦᠷ ᠤ᠋ᠨ ᠥᠷᠢᠰᠦᠯᠳᠦᠬᠦ᠌ ᠬᠦᠴᠦᠨ ᠪᠠ ᠲᠥᠷᠥᠯ ᠲᠡᠮᠳᠡᠭ ᠤ᠋ᠨ ᠨᠥᠯᠥᠭᠡᠯᠡᠬᠦ᠌ ᠬᠦᠴᠦᠨ ᠢ᠋ ᠪᠥᠬᠥ᠌ ᠲᠠᠯ᠎ᠠ ᠪᠡᠷ ᠴᠢᠩᠭᠠᠷᠠᠭᠤᠯᠤᠨ᠎ᠠ》 ᠭᠡᠵᠦ᠍ ᠬᠢᠩᠭᠠᠨ ᠠᠶ᠋ᠢᠮᠠᠭ ᠤ᠋ᠨ ᠲᠠᠷᠢᠶᠠᠯᠠᠨᠭ᠌ ᠮᠠᠯ ᠠᠵᠤ ᠠᠬᠤᠢ ᠪᠠ ᠬᠦᠳᠡᠬᠡ ᠲᠤᠰᠬᠤᠨ ᠮᠠᠯᠵᠢᠬᠤ ᠤᠷᠤᠨ ᠤ᠋ ᠲᠤᠪᠴᠢᠶ᠎ᠡ ᠢ᠋ᠢᠨ ᠳᠡᠳ᠋ ᠳᠠᠷᠤᠭ᠎ᠠ ᠹᠦ᠋ ᠰᠢᠶᠤᠤ ᠴᠢᠦ ᠬᠡᠯᠡᠨ᠎ᠡ ᠃
ᠬᠢᠩᠭᠠᠨ ᠠᠶ᠋ᠢᠮᠠᠭ ᠶᠠᠭ ᠰᠢᠨ᠎ᠡ ᠰᠤᠷᠭᠤᠭ ᠢ᠋ᠢᠡᠷ ᠢᠳᠡᠬᠦ ᠡᠷᠳᠡᠨᠢ ᠰᠢᠰᠢ ᠢ᠋ᠢᠨ 《ᠰᠢᠵᠢᠷ ᠠᠯᠳᠠᠨ ᠠᠵᠤ ᠦᠢᠯᠡᠰ 》 ᠵᠢᠡᠷ ᠲᠤᠯᠭᠠᠭᠤᠷᠢᠯᠠᠬᠤ ᠴᠡᠭ ᠪᠣᠯᠭᠠᠵᠤ᠂ ᠤᠨᠴᠠᠯᠢᠬᠳᠤ ᠲᠠᠷᠢᠶᠠᠯᠠᠩ ᠤ᠋ᠨ ᠶᠠᠰᠤ ᠴᠢᠨᠠᠷ ᠢ᠋ ᠳᠡᠭᠡᠭᠰᠢᠯᠡᠭᠦᠯᠦᠨ ᠦᠷ᠎ᠡ ᠠᠰᠢᠭ ᠢ᠋ ᠨᠡᠮᠡᠭᠳᠡᠭᠦᠯᠬᠦ ᠢ᠋ᠢ ᠲᠠᠢ᠌ᠴᠢᠯᠠᠵᠤ᠂ ᠬᠠᠷ᠎ᠠ ᠬᠥᠷᠥᠰᠥᠨᠡᠴᠡ ᠤᠷᠭᠤᠭᠰᠠᠨ ᠰᠢᠨ᠎ᠡ ᠰᠣᠷᠭᠣᠭ ᠦᠨᠦᠷ ᠠᠮᠲᠠᠶᠢ ᠤᠯᠠᠨ ᠲᠦᠮᠡᠨ ᠤ᠋ ᠰᠠᠢ᠌ᠨ ᠰᠠᠶ᠋ᠢᠬᠠᠨ ᠠᠮᠢᠳᠤᠷᠠᠯ ᠢ᠋ᠢᠡᠨ ᠴᠤᠭᠴᠠᠯᠠᠬᠤ ᠤᠢᠯᠡᠰ ᠪᠤᠯᠭᠠᠨ᠎ᠡ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃