ᠮᠣᠩᠭᠣᠯ ᠮᠣᠷᠢᠨ᠎ᠤ᠋ ᠵᠣᠷᠢᠭ ᠰᠠᠨᠠᠭ᠎ᠠ᠎ᠶ᠋ᠢ ᠪᠠᠳᠠᠷᠠᠭᠤᠯᠤᠶ᠎ᠠ > ᠮᠡᠳᠡᠭᠡᠯᠡᠯ

2026-09-09 09:25:00

ᠵᠣᠬᠢᠶᠠᠭ᠍ᠴᠢ᠄ ᠸ·ᠭᠡᠷᠡᠯᠲᠦ᠍ ᠱᠸᠨ ᠶᠦᠸᠧ ᠣᠩᠱᠢᠭ᠍ᠰᠠᠨ ᠣᠳᠠᠭ᠎ᠠ᠄ 3

ᠠᠯᠳᠠᠨ ᠨᠠᠮᠤᠷ ᠎ᠤᠨ ᠰᠢᠵᠢᠷ ᠨᠠᠷᠠᠨ ᠎ᠤ ᠲᠤᠤᠷ᠎ᠠ᠂ ᠳᠠᠷᠬᠠᠨ ᠮᠤᠸ᠋ᠮᠢᠩᠭᠠᠨ ᠬᠣᠯᠪᠣᠭᠠᠲᠤ᠌ ᠬᠣᠰᠢᠭᠤᠨ᠎ᠤ ᠳᠤᠯᠠᠭᠠᠨ ᠬᠡᠷ ᠰᠠᠭᠤᠭᠠᠯᠢ ᠠᠷᠠᠳ ᠎ᠤᠨ ᠲᠣᠭᠣᠷᠢᠭ ᠨᠠᠯᠠᠭᠠᠷᠬᠠᠨ ᠬᠠᠷᠠᠭᠳᠠᠨ᠎ᠠ᠃ ᠲᠤᠭᠤᠷᠢᠭ ᠎ᠤᠨ ᠨᠢᠭᠡ ᠨᠡᠷᠡᠨ ᠡᠭᠡᠪᠦᠷ ᠭᠠᠵᠠᠷ ᠬᠡᠳᠤᠨ ᠨᠠᠰᠤᠲᠠᠨ ᠲᠣᠭᠣᠷᠢᠨ ᠰᠠᠭᠤᠭᠠᠳ ᠵᠤᠭᠤᠬᠳᠠᠵᠦ ᠪᠠᠢᠯ᠎ᠠ᠃

《 ᠴᠢ ᠲᠡᠷᠡ ᠳ᠋ᠦᠩ ᠨᠠᠰᠤᠳᠠᠨ᠎ᠤ ᠬᠥᠯ᠎ᠢ ᠦᠵᠡ᠂ ᠶᠠᠪᠤᠬᠤ ᠲᠤᠲᠤᠮ ᠠᠯᠬᠤᠭ᠎ᠠ ᠨᠢ ᠯᠠᠪᠳᠠᠭᠤᠨ ᠪᠣᠯᠵᠤ ᠪᠠᠢᠨ᠎ᠠ ᠳ᠋ᠠ!》

《 ᠬᠠᠷᠢᠨ ᠲᠡᠢᠮᠦ᠍ ᠰᠢᠦ ᠂ ᠲᠡᠷᠡ ᠴᠢᠨᠢ ᠰᠠᠶᠢᠬᠠᠨ ᠡᠪᠦᠳᠦᠭ ᠲᠡᠭᠡᠨ ᠵᠠᠰᠠᠯ ᠬᠢᠯᠭᠡᠭᠰᠡᠨ ᠪᠢᠰᠢᠦ?》

ᠨᠠᠰᠤᠳᠠᠳ ᠤ᠋ᠨ ᠶᠠᠷᠢᠶᠠᠨ ᠳ᠋ᠤ ᠭᠠᠷᠴᠦ ᠪᠠᠢᠭ᠎ᠠ《ᠳ᠋ᠦᠩ ᠨᠠᠰᠤᠳᠠᠨ》 ᠬᠡᠳᠡᠭ ᠨᠢ ᠲᠠᠷᠤᠢ ᠲᠤᠰ ᠰᠠᠭᠤᠭᠠᠯᠢ ᠠᠷᠠᠳ ᠎ᠤᠨ ᠲᠤᠭᠤᠷᠢᠭ ᠲᠤ᠌ ᠰᠠᠭᠤᠵᠦ ᠪᠠᠢᠭ᠎ᠠ ᠳ᠋ᠦᠩ ᠸᠸᠨ ᠱᠧᠩ ᠪᠠᠢᠯ᠎ᠠ ᠂ ᠡᠨᠡ ᠵᠢᠯ 76 ᠨᠠᠰᠤᠲᠠᠢ᠃ ᠬᠣᠶᠠᠷ ᠰᠠᠷ᠎ᠠ ᠭᠠᠷᠤᠢ᠎ᠶᠢᠨ ᠡᠮᠦᠨ᠎ᠡ᠂ ᠪᠤᠭᠤᠲᠤ᠌ ᠬᠤᠳᠠ᠎ᠶᠢᠨ ᠭᠤᠷᠪᠠᠳᠤᠭᠠᠷ ᠡᠮᠨᠡᠯᠭᠡ᠎ᠶᠢᠨ ᠬᠣᠷᠢᠶᠠᠨ᠎ᠳᠤ ᠡᠪᠦᠳᠦᠭ᠎ᠦᠨ ᠦᠶ᠎ᠡ᠎ᠪᠡᠨ ᠰᠣᠯᠢᠬᠤ ᠮᠡᠰᠡ ᠵᠠᠰᠠᠯ ᠬᠢᠯᠭᠡᠵᠦ᠍᠂ ᠰᠤᠪᠢᠯᠠᠯᠳᠠ ᠪᠡᠷ ᠲᠠᠮᠵᠢᠭᠠᠳ ᠤᠳᠤ ᠨᠢᠭᠡᠨᠳᠡ ᠪᠠᠶ᠎ᠠ ᠪᠠᠨ ᠲᠠᠭᠠᠭᠠᠵᠤ ᠶᠠᠪᠤᠵᠤ ᠰᠠᠭᠤᠬᠤ ᠪᠤᠯᠤᠬᠰᠠᠨ ᠪᠦᠬᠡᠳ ᠬᠡᠷ ᠡᠴᠨ ᠪᠠᠨ ᠤᠢᠷᠠᠯᠴᠠᠭ᠎ᠠ ᠰᠡᠯᠡᠭᠦᠴᠡᠨ ᠠᠯᠬᠤᠵᠤ ᠲᠡᠢᠯᠬᠦ ᠪᠤᠯᠵᠠᠢ᠃

ᠳ᠋ᠦᠩ ᠸᠸᠨ ᠱᠧᠩ ᠨᠠᠰᠤᠲᠠᠨ ᠠᠷᠪᠠᠨ ᠬᠡᠳᠦᠨ ᠵᠢᠯ ᠎ᠦᠨ ᠡᠮᠦᠨ᠎ᠡ ᠠᠵᠢᠯ ᠬᠢᠵᠦ ᠪᠠᠶ᠋ᠢᠬᠤ᠎ᠳᠠᠭᠠᠨ ᠬᠢᠴᠢᠶᠡᠮᠵᠢ ᠦᠭᠡᠢ᠎ᠪᠡᠷ ᠬᠤᠳᠳᠤᠭ᠎ᠲᠤ᠌ ᠤᠨᠠᠭᠰᠠᠨ᠎ᠠᠴᠠ ᠡᠪᠦᠳᠦᠭ᠎ᠦᠨ ᠦᠶ᠎ᠡ ᠎ᠳᠤᠨᠢ ᠠᠷᠬᠠᠭ ᠰᠠᠭᠤᠵᠠᠢ᠃ ᠲᠤᠬᠠᠢ ᠵᠢᠨ ᠦᠶ᠎ᠠ᠎ᠳᠤ ᠠᠮᠢᠳᠤᠷᠠᠯ ᠨᠢ ᠬᠦᠴᠢᠷᠳᠡᠯ᠎ᠲᠡᠶ᠎ᠡᠴᠡ ᠪᠣᠯᠵᠤ᠂ ᠰᠢᠰᠲ᠋ᠧᠮ᠎ᠲᠡᠶ ᠡᠮᠴᠢᠯᠡᠭᠡ ᠭᠢᠵᠤ ᠲᠡᠢᠯᠦᠭᠰᠡᠨ ᠦᠭᠡᠢ᠃ ᠡᠪᠡᠳᠦᠭᠡᠳ ᠲᠡᠰᠬᠦ᠌ ᠦᠭᠡᠢ ᠪᠣᠯᠬᠤ ᠪᠦᠷᠢ ᠵᠥᠪᠬᠡᠨ ᠦᠷᠪᠢᠰᠦᠯ᠎ᠢ ᠳᠠᠷᠤᠬᠤ ᠡᠮ᠂ ᠡᠪᠡᠳᠬᠦ᠌᠎ᠶᠢ ᠵᠣᠭᠰᠣᠭᠠᠬᠤ ᠡᠮ᠎ᠳᠦ ᠲᠦᠰᠢᠭᠯᠡᠨ ᠠᠷᠭᠠᠴᠠᠭᠠᠳᠠᠭ ᠪᠠᠢᠯ᠎ᠠ᠃ ᠤᠳᠠᠭᠠᠨ ᠡᠳᠦᠷ ᠵᠤᠵᠠᠭᠠᠨ ᠬᠣᠨᠣᠭ᠎ᠢᠶᠠᠷ ᠡᠪᠦᠳᠦᠭ ᠎ᠦᠨ ᠡᠪᠡᠳᠴᠢᠨ ᠨᠢ ᠤᠯᠠᠮ᠎ᠡᠴᠠ ᠤᠯᠠᠮ ᠬᠦᠨᠳᠦᠷᠡᠵᠦ᠍᠂ ᠭᠡᠪ ᠎ᠤᠨ ᠠᠮᠢᠳᠤᠷᠠᠯ ᠎ᠢ ᠨᠢ ᠨᠣᠴᠢᠲᠠᠢ ᠨᠥᠯᠥᠭᠡᠯᠡᠭᠰᠡᠨ ᠪᠠᠢᠨ᠎ᠠ᠃

ᠡᠨᠡ ᠵᠢᠯ᠎ᠦᠨ 4 ᠰᠠᠷ᠎ᠠ᠎ᠳᠤ᠂ ᠳᠠᠷᠬᠠᠨ ᠮᠤᠤᠮᠢᠩᠭᠠᠨ ᠬᠣᠯᠪᠣᠭᠠᠲᠤ᠌ ᠬᠣᠰᠢᠭᠤᠨ᠎ᠤ ᠤᠯᠠᠭᠠᠨ ᠵᠠᠭᠠᠯᠮᠠᠶ᠋ᠢᠳᠠᠨ᠎ᠤ ᠨᠡᠶ᠋ᠢᠭᠡᠮᠯᠢᠭ᠎ᠦᠨ ᠠᠵᠢᠯᠲᠠᠳ ᠠᠰᠠᠭᠤᠨ ᠪᠠᠶ᠋ᠢᠴᠠᠭᠠᠬᠤ ᠶᠠᠪᠤᠴᠠ ᠳᠤᠮᠳᠠ ᠪᠠᠨ ᠳ᠋ᠦᠩ ᠸᠸᠨ ᠱᠧᠩ ᠎ᠦᠨ ᠪᠠᠶ᠋ᠢᠳᠠᠯ᠎ᠢ ᠣᠶ᠋ᠢᠯᠠᠭᠠᠵᠤ᠂ ᠲᠡᠭᠦᠨ᠎ᠳᠦ ᠲᠤᠰᠠᠯᠠᠨ ᠲᠡᠮᠵᠢᠬᠦ ᠲᠥᠷᠥ᠎ᠶᠢᠨ ᠪᠣᠳᠣᠯᠭ᠎ᠠ᠎ᠶᠢ ᠨᠢᠮᠪᠠᠶ ᠲᠠᠶ᠋ᠢᠯᠪᠤᠷᠢᠯᠠᠨ ᠥᠭᠴᠦ᠍᠂ ᠲᠡᠭᠦᠨ ᠎ᠢ ᠦᠨ᠎ᠡ ᠲᠥᠯᠥᠪᠦᠷᠢ ᠥᠬᠡᠶ᠎ᠪᠡᠷ ᠡᠪᠦᠳᠦᠭ᠎ᠦᠨ ᠦᠶ᠎ᠡ᠎ᠪᠡᠨ ᠰᠣᠯᠢᠬᠤ ᠮᠡᠰᠡ ᠵᠠᠰᠠᠯ ᠬᠢᠬᠦ᠌ ᠬᠠᠪᠰᠤᠷᠤᠨ ᠲᠡᠳᠬᠦᠬᠦ᠌ ᠨᠥᠬᠥᠴᠡᠯ᠎ᠳᠦ ᠨᠡᠶ᠋ᠢᠴᠡᠵᠦ᠍ ᠪᠠᠶ᠋ᠢᠨ᠎ᠠ ᠭᠡᠵᠦ᠍ ᠬᠡᠯᠡᠵᠡᠢ᠃ ᠲᠡᠭᠡᠭᠡᠳ ᠲᠡᠳᠡᠨᠤᠰ ᠎ᠤᠨ ᠬᠠᠪᠰᠤᠷᠤᠯᠭ᠎ᠠ ᠳᠣᠣᠷ᠎ᠠ᠂ ᠳ᠋ᠦᠩ ᠸᠸᠨ ᠱᠧᠩ ᠳᠠᠷᠬᠠᠨ ᠮᠤᠤᠮᠢᠩᠭᠠᠨ ᠬᠣᠯᠪᠣᠭᠠᠲᠤ᠌ ᠬᠣᠰᠢᠭᠤᠨ ᠎ᠤ ᠡᠮᠨᠡᠯᠭᠡ᠎ᠶᠢᠨ ᠬᠣᠷᠢᠶᠠᠨ᠎ᠳᠤ ᠮᠡᠰᠡ ᠵᠠᠰᠠᠯ ᠬᠢᠬᠦ᠌᠎ᠡᠴᠡ ᠡᠮᠦᠨᠡᠬᠢ ᠪᠠᠶ᠋ᠢᠴᠠᠭᠠᠯᠲᠠ ᠬᠢᠵᠤ᠂ ᠡᠮᠴᠢ᠎ᠶᠢᠨ ᠦᠨᠡᠯᠡᠯᠲᠡ᠎ᠪᠡᠷ ᠳᠠᠮᠵᠢᠨ ᠮᠡᠰᠡ ᠵᠠᠰᠠᠯ ᠬᠢᠬᠦ ᠨᠦᠬᠦᠴᠡᠯ ᠳ᠋ᠤ ᠨᠡᠶ᠋ᠢᠴᠡᠵᠦ᠍᠂ 6 ᠰᠠᠷ᠎ᠠ᠎ᠶᠢᠨ ᠰᠡᠭᠦᠯᠴᠢ ᠎ᠡᠴᠡ ᠡᠮᠦᠨ᠎ᠡ ᠪᠤᠭᠤᠲᠤ᠌ ᠬᠤᠳᠠ᠎ᠶᠢᠨ ᠭᠤᠷᠪᠠᠳᠤᠭᠠᠷ ᠡᠮᠨᠡᠯᠭᠡ᠎ᠶᠢᠨ ᠬᠣᠷᠢᠢ᠎ᠠ᠎ᠳᠤ ᠡᠪᠦᠳᠦᠭ ᠎ᠦᠨ ᠦᠶ᠎ᠡ᠎ᠪᠡᠨ ᠰᠣᠯᠢᠬᠤ ᠮᠡᠰᠡ ᠵᠠᠰᠠᠯ ᠬᠢᠯᠭᠡᠭᠰᠡᠨ ᠪᠠᠢᠨ᠎ᠠ᠃ ᠮᠡᠰᠡ ᠵᠠᠰᠠᠯ ᠨᠢ ᠮᠠᠰᠢ ᠢᠯᠭᠤᠮ ᠤᠷᠤᠬᠰᠢᠳᠠᠢ ᠪᠤᠯᠵᠦ᠂ ᠲᠠᠷᠠᠭᠠᠴᠢ ᠵᠢᠨ ᠰᠤᠪᠢᠯᠠᠯᠳᠡ ᠪᠡᠷ ᠲᠠᠮᠵᠢᠭᠠᠳ᠂ ᠤᠯᠠᠨ ᠵᠢᠯ ᠲᠡᠭᠦᠨ᠎ᠢ ᠲᠠᠷᠴᠢᠯᠠᠭᠠᠭᠰᠠᠨ ᠬᠦᠯ ᠡᠪᠡᠳᠬᠦ ᠨᠢ ᠠᠯᠭᠤᠷ ᠠᠭᠠᠵᠢᠮ᠎ᠢᠶᠠᠷ ᠠᠷᠢᠯᠤᠬᠰᠠᠨ ᠪᠠᠢᠨ᠎ᠠ᠃

ᠳᠠᠷᠬᠠᠨ ᠮᠤᠤᠮᠢᠩᠭᠠᠨ ᠬᠣᠯᠪᠣᠭᠠᠲᠤ᠌ ᠬᠣᠰᠢᠭᠤᠨ᠎ᠤ ᠤᠯᠠᠭᠠᠨ ᠵᠠᠭᠠᠯᠮᠠᠢ᠌ᠳᠠᠨ᠎ᠤ ᠨᠡᠶ᠋ᠢᠭᠡᠮᠯᠢᠭ ᠎ᠦᠨ ᠪᠠᠶ᠋ᠢᠩᠭᠤ ᠎ᠶᠢᠨ ᠳᠡᠳ᠋ ᠳᠠᠷᠤᠭ᠎ᠠ ᠸᠠᠩ ᠹᠠᠩ ᠰᠤᠷᠪᠤᠯᠵᠢᠯᠠᠭ᠎ᠠ ᠭᠦᠯᠢᠶᠡᠭᠦ᠎ᠳᠡᠭᠡᠨ᠄《ᠬᠥᠮᠥᠯᠢᠭ ᠦᠵᠡᠯ ᠎ᠦᠨ〈ᠡᠷᠡᠭᠦᠯ ᠰᠠᠢᠬᠠᠨ ᠶᠠᠪᠤᠵᠦ ᠰᠠᠭᠤᠬᠤ᠎ᠳᠤ ᠲᠤᠰᠠᠯᠠᠬᠤ〉 ᠲᠦᠷᠦᠯ ᠵᠦᠢᠯ ᠪᠣᠯ ᠥᠪᠡᠷᠲᠡᠭᠡᠨ ᠵᠠᠰᠠᠬᠤ ᠣᠷᠣᠨ ᠎ᠤ ᠤᠯᠠᠭᠠᠨ ᠵᠠᠭᠠᠯᠮᠠᠢ᠌ᠳᠠᠨ᠎ᠤ ᠨᠡᠶ᠋ᠢᠭᠡᠮᠯᠢᠭ ᠎ᠦᠨ ᠤᠮᠠᠷᠠᠲᠤ᠎ᠶᠢᠨ ᠮᠠᠯᠵᠢᠬᠤ ᠣᠷᠣᠨ᠎ᠤ ᠠᠭᠤᠷ ᠠᠮᠢᠰᠬᠤᠯ ᠬᠠᠬᠢᠷ ᠬᠦᠢᠳᠡᠨ᠎ᠳᠦ ᠠᠩᠬᠠᠷᠤᠯ᠎ᠢᠶᠠᠨ ᠲᠥᠪᠯᠡᠷᠡᠭᠦᠯᠦᠭᠰᠡᠨ᠂ ᠮᠠᠯᠴᠢᠨ ᠲᠠᠷᠢᠶᠠᠴᠢᠨ ᠵᠢᠯ ᠲᠤᠷᠰᠢ ᠬᠦᠢᠳᠡᠨ᠎ᠳᠦ ᠬᠦᠨᠳᠦ ᠠᠵᠢᠯ ᠬᠢᠭᠰᠡᠨ ᠡᠴᠨ ᠦᠶ᠎ᠡ ᠭᠡᠰᠢᠭᠦᠦ᠎ᠶᠢᠨ ᠡᠪᠡᠳᠴᠢᠨ ᠠᠮᠠᠷᠬᠠᠨ ᠡᠭᠦᠰᠳᠡᠭ᠂ ᠬᠦᠴᠢᠷᠳᠡᠯᠲᠡᠢ ᠤᠯᠠᠨ ᠲᠦᠮᠡᠨ ᠮᠡᠰᠡ ᠵᠠᠰᠠᠯ᠎ᠤᠨ ᠰᠦᠢᠳᠬᠡᠯ᠎ᠢ ᠡᠭᠦᠷᠭᠡᠯᠡᠵᠦ᠍ ᠳᠡᠶ᠋ᠢᠯᠬᠦ᠌ ᠦᠭᠡᠢ ᠵᠡᠷᠭᠡ ᠠᠷᠠᠳ᠎ᠤᠨ ᠠᠮᠢᠳᠤᠷᠠᠯ᠎ᠤᠨ ᠲᠠᠯ᠎ᠠ᠎ᠪᠠᠷ ᠭᠠᠷᠭᠠᠭᠰᠠᠨ ᠨᠡᠶ᠋ᠢᠲᠡ᠎ᠶᠢᠨ ᠠᠰᠠᠷᠠᠮᠵᠢ᠎ᠶᠢᠨ ᠠᠪᠤᠷᠠᠨ ᠲᠤᠰᠠᠯᠠᠬᠤ ᠢᠨᠵᠧᠨᠧᠷᠢᠩ ᠪᠣᠯᠤᠨ᠎ᠠ᠃ 2026 ᠣᠨ᠎ᠤ ᠡᠬᠢ᠎ᠪᠡᠷ ᠥᠪᠡᠷᠲᠡᠭᠡᠨ ᠵᠠᠰᠠᠬᠤ ᠣᠷᠣᠨ᠎ᠤ ᠤᠯᠠᠭᠠᠨ ᠵᠠᠭᠠᠯᠮᠠᠶ᠋ᠢᠲᠠᠨ᠎ᠤ ᠨᠡᠶ᠋ᠢᠭᠡᠮᠯᠢᠭ᠎ᠡᠴᠡ ᠪᠤᠭᠤᠲᠤ᠌ ᠬᠣᠲᠠ᠎ᠶᠢᠨ 2 ᠬᠣᠰᠢᠭᠤ ᠰᠢᠶᠠᠨ᠎ᠢ ᠲᠥᠷᠥᠯ ᠵᠦᠢᠯ᠎ᠢ ᠨᠠᠶ᠋ᠢᠳᠠᠪᠤᠷᠢᠵᠢᠭᠤᠯᠬᠤ ᠬᠣᠰᠢᠭᠤ ᠰᠢᠶᠠᠨ᠎ᠢᠶᠠᠷ ᠰᠣᠩᠭᠣᠨ ᠲᠣᠭᠲᠠᠭᠠᠵᠤ᠂ ᠮᠠᠨ᠎ᠤ ᠬᠣᠰᠢᠭᠤ᠎ᠨᠢ ᠲᠡᠭᠦᠨ᠎ᠦ ᠳᠣᠲᠣᠷᠠᠬᠢ ᠨᠢᠭᠡ᠎ᠨᠢ ᠪᠣᠯᠵᠠᠢ᠃ ᠲᠣᠰ ᠲᠥᠷᠥᠯ ᠵᠦᠢᠯ᠎ᠨᠢ ᠬᠢᠯᠢ᠎ᠶᠢᠨ ᠮᠠᠯᠵᠢᠬᠤ ᠣᠷᠣᠨ᠎ᠤ ᠪᠦᠬᠦᠯᠢ 55 ᠨᠠᠰᠤᠨ᠎ᠠᠴᠠ ᠳᠡᠭᠡᠭᠰᠢᠬᠢ ᠠᠮᠢᠳᠤᠷᠠᠯ᠎ᠤᠨ ᠨᠠᠭᠠᠳᠤ ᠵᠠᠬ᠎ᠠ᠎ᠶᠢᠨ ᠪᠠᠲᠤᠯᠠᠭ᠎ᠠ ᠭᠥᠷᠳᠡᠭᠰᠡᠳ᠂ ᠣᠨᠴᠠ ᠬᠦᠴᠢᠷᠳᠡᠯᠲᠡᠶ ᠬᠥᠮᠦᠰ᠂ ᠬᠢᠨᠠᠨ ᠬᠡᠮᠵᠢᠬᠦ᠌ ᠡᠷᠦᠬᠡ ᠵᠡᠷᠭᠡ ᠵᠢᠷᠭᠤᠭᠠᠨ ᠲᠥᠷᠥᠯ᠎ᠦᠨ ᠣᠷᠣᠯᠭ᠎ᠠ ᠪᠠᠭᠠᠲᠠᠶ ᠬᠦᠴᠢᠷᠳᠡᠯᠲᠡᠶ ᠬᠥᠮᠦᠰ᠎ᠲᠦ᠍ ᠬᠠᠨᠳᠤᠭᠤᠯᠤᠨ᠂ ᠡᠪᠦᠳᠦᠭ᠎ᠦᠨ ᠦᠶ᠎ᠡ ᠭᠡᠰᠢᠭᠦᠦ᠎ᠰᠤᠯᠢᠬᠤ ᠡᠮᠴᠢᠯᠡᠭᠡᠨ᠎ᠦ ᠠᠪᠤᠷᠠᠨ ᠲᠤᠰᠠᠯᠠᠯᠲᠠ ᠥᠷᠨᠢᠭᠦᠯᠦᠭᠰᠡᠨ ᠪᠠᠢᠨ᠎ᠠ᠃ ᠲᠡᠷᠡ ᠨᠢ ᠡᠮᠨᠡᠯᠭᠡ᠎ᠶᠢᠨ ᠳᠠᠭᠠᠳᠬᠠᠯ᠎ᠤᠨ ᠲᠠᠩᠰᠠᠠ ᠡᠴᠡ ᠲᠠᠶ᠋ᠢᠯᠤᠭᠰᠠᠨ᠎ᠤ ᠳᠠᠷᠠᠭ᠎ᠠ᠂ ᠡᠪᠡᠳᠴᠢᠲᠡᠨ᠎ᠦ ᠥᠷᠥᠭᠡᠰᠦᠨ ᠡᠪᠦᠳᠦᠭ᠎ᠦᠨ ᠦᠶ᠎ᠡ ᠭᠡᠰᠢᠭᠦᠦ ᠰᠣᠯᠢᠬᠤ ᠮᠡᠰᠡ ᠵᠠᠰᠠᠯ᠎ᠤᠨ ᠰᠦᠢᠳᠬᠡᠯ᠎ᠢ ᠥᠪᠡᠷᠲᠡᠭᠡᠨ ᠵᠠᠰᠠᠬᠤ ᠣᠷᠣᠨ᠎ᠤ ᠤᠯᠠᠭᠠᠨ ᠵᠠᠭᠠᠯᠮᠠᠶ᠋ᠢᠲᠠᠨ᠎ᠤ ᠨᠡᠶ᠋ᠢᠭᠡᠮᠯᠢᠭ᠎ᠡᠴᠡ 0.8 ᠲᠦᠮᠡᠨ ᠲᠥᠭᠥᠷᠢᠭ ᠳᠠᠬᠢᠨ ᠨᠥᠬᠥᠪᠥᠷᠢᠯᠡᠵᠦ᠍ ᠂ ᠬᠡᠷᠪᠡ ᠬᠣᠶᠠᠷ ᠡᠪᠦᠳᠦᠭ ᠲᠡᠭᠡᠨ ᠪᠦᠷ ᠵᠠᠰᠠᠯ ᠬᠢᠯᠭᠡᠭᠰᠡᠨ ᠪᠤᠯ 1.2 ᠲᠦᠮᠡᠨ ᠲᠥᠭᠥᠷᠢᠭ ᠨᠥᠬᠥᠪᠥᠷᠢᠯᠡᠵᠦ᠍᠂ ᠡᠪᠡᠳᠴᠢᠯᠡᠭᠰᠡᠳ᠎ᠤᠨ ᠡᠮᠨᠡᠬᠦᠯᠬᠦ ᠳᠠᠷᠤᠭᠠᠰᠤ᠎ᠶᠢ ᠦᠨᠡᠨ ᠬᠦ᠌ ᠬᠥᠩᠭᠡᠷᠡᠭᠦᠯᠦᠭᠰᠠᠡ ᠪᠠᠢᠨ᠎ᠠ 》 ᠭᠡᠵᠤ ᠶᠠᠷᠢᠵᠤ ᠪᠠᠢᠯ᠎ᠠ᠃

ᠠᠷᠠᠳ ᠲᠤ᠌ ᠠᠰᠢᠭ ᠭᠦᠷᠳᠡᠭᠡᠭᠦ ᠲᠤᠰ ᠲᠥᠷᠥ᠎ᠶᠢᠨ ᠪᠣᠳᠣᠯᠭ᠎ᠠ᠎ᠶᠢ ᠪᠣᠳᠠᠲᠠᠶ᠎ᠳᠤ ᠰᠠᠢᠳᠤᠷ ᠨᠠᠶ᠋ᠢᠳᠠᠪᠤᠷᠢᠵᠢᠭᠤᠯᠬᠤ ᠶ᠋ᠢᠨ ᠲᠥᠯᠥᠭᠡ᠂ ᠳᠠᠷᠬᠠᠨ ᠮᠤᠤᠮᠢᠩᠭᠠᠨ ᠬᠣᠯᠪᠣᠭᠠᠲᠤ᠌ ᠬᠣᠰᠢᠭᠤᠨ᠎ᠤ ᠤᠯᠠᠭᠠᠨ ᠵᠠᠭᠠᠯᠮᠠᠶ᠋ᠢᠲᠠᠨ᠎ᠤ ᠨᠡᠶ᠋ᠢᠭᠡᠮᠯᠢᠭ᠎ᠦᠨ ᠰᠠᠶ᠋ᠢᠨ ᠳᠤᠷᠠᠴᠤᠳ᠎ᠤᠨ ᠠᠰᠠᠭᠤᠨ ᠪᠦᠷᠢᠳᠬᠡᠬᠦ ᠡᠩᠨᠡᠭᠡ᠎ᠶᠢ ᠪᠠᠢᠭᠤᠯᠵᠦ᠂ ᠨᠠᠭᠠᠳᠤ ᠵᠠᠬ᠎ᠠ᠎ᠶᠢᠨ ᠠᠮᠢᠳᠤᠷᠠᠯ᠎ᠤᠨ ᠪᠠᠲᠤᠯᠠᠭ᠎ᠠ ᠭᠥᠷᠳᠡᠬᠦ᠌ ᠡᠷᠦᠬᠡ᠎ᠳᠦ ᠤᠲᠠᠰᠤ᠎ᠪᠠᠷ ᠨᠢᠭᠡᠳ ᠨᠢᠭᠡ᠎ᠪᠡᠷ ᠮᠡᠳᠡᠭᠳᠡᠬᠦ᠌᠂ ᠡᠷᠦᠬᠡ᠎ᠳᠦ ᠣᠷᠣᠵᠤ ᠤᠶ᠋ᠢᠯᠠᠭᠠᠨ ᠪᠦᠷᠢᠳᠬᠡᠬᠦ᠂ ᠲᠥᠪᠯᠡᠷᠡᠭᠦᠯᠦᠨ ᠳᠠᠩᠰᠠᠯᠠᠬᠤ᠎ᠶᠢ ᠤᠶᠠᠯᠳᠤᠭᠤᠯᠬᠤ ᠠᠷᠭ᠎ᠠ ᠬᠡᠯᠪᠡᠷᠢ᠎ᠶᠢ ᠠᠪᠴᠤ᠌᠂ ᠪᠥᠬᠥ᠌ ᠬᠣᠰᠢᠭᠤᠨ ᠎ᠤ ᠬᠡᠪᠴᠢᠶᠡᠨ ᠎ᠳᠦ ᠤᠶ᠋ᠢᠯᠠᠭᠠᠬᠰᠠᠨ ᠵᠢᠡᠷ᠂ ᠨᠡᠷ᠎ᠡ ᠮᠡᠳᠡᠭᠦᠯᠬᠦ᠌ ᠦᠨᠳᠦᠰᠦᠨ ᠨᠥᠬᠥᠴᠡᠯ᠎ᠳᠦ ᠨᠡᠶ᠋ᠢᠴᠡᠬᠦ᠌ ᠡᠪᠡᠳᠴᠢᠲᠡᠨ 60 ᠬᠦᠮᠦᠨ ᠪᠠᠶ᠋ᠢᠵᠤ᠂ ᠠᠩᠬᠠᠨ ᠎ᠤ ᠰᠢᠭᠰᠢᠯᠳᠡ ᠬᠢᠭᠰᠡᠨ ᠪᠠᠢᠨ᠎ᠠ᠃ 6 ᠰᠠᠷ᠎ᠠ᠎ᠳᠤ᠂ ᠪᠤᠭᠤᠲᠤ᠌ ᠬᠣᠲᠠ ᠎ᠶᠢᠨ ᠤᠯᠠᠭᠠᠨ ᠵᠠᠭᠠᠯᠮᠠᠶ᠋ᠢᠲᠠᠨ ᠎ᠤ ᠨᠡᠶ᠋ᠢᠭᠡᠮᠯᠢᠭ᠂ ᠪᠤᠭᠤᠲᠤ᠌ ᠬᠣᠲᠠ᠎ᠶᠢᠨ ᠭᠤᠷᠪᠠᠳᠤᠭᠠᠷ ᠡᠮᠨᠡᠯᠭᠡ᠎ᠶᠢᠨ ᠬᠣᠷᠢᠶ᠎ᠠ᠎ᠶᠢᠨ ᠲᠣᠭᠲᠠᠭᠰᠠᠨ ᠴᠡᠭ᠎ᠦᠨ ᠶᠠᠰᠤᠨ᠎ᠤ ᠰᠠᠯᠠᠭᠠᠨ᠎ᠤ ᠡᠮᠴᠢᠯᠡᠭᠡᠨ ᠎ᠦ ᠠᠩᠭᠢ᠎ᠨᠢ ᠳᠠᠷᠬᠠᠨ ᠮᠤᠤᠮᠢᠩᠭᠠᠨ ᠬᠣᠯᠪᠣᠭᠠᠲᠤ᠌ ᠬᠣᠰᠢᠭᠤᠨ᠎ᠤ ᠮᠣᠩᠭᠣᠯ ᠡᠮᠨᠡᠯᠭᠡ᠎ᠶᠢᠨ ᠬᠣᠷᠢᠶ᠎ᠠ᠎ᠳᠤ ᠲᠥᠪᠯᠡᠷᠡᠭᠰᠡᠨ ᠲᠤᠰᠬᠠᠶ ᠮᠡᠷᠭᠡᠵᠢᠯ᠎ᠦᠨ ᠳᠠᠬᠢᠨ ᠰᠢᠭᠰᠢᠯᠳᠡ ᠥᠷᠨᠢᠭᠦᠯᠵᠦ᠍᠂ ᠡᠮᠴᠢ᠎ᠵᠢᠨ ᠦᠨᠡᠯᠡᠯᠳᠡ ᠪᠡᠷ ᠳᠡᠮᠵᠢᠨ ᠮᠡᠰᠡ ᠵᠠᠰᠠᠯ᠎ᠤᠨ ᠠᠪᠤᠷᠠᠨ ᠲᠤᠰᠠᠯᠠᠬᠤ ᠪᠠᠷᠢᠮᠵᠢᠶ᠎ᠠ᠎ᠳᠤ ᠨᠡᠶ᠋ᠢᠴᠡᠭᠰᠡᠨ 20 ᠰᠢᠬᠠᠮ ᠬᠠᠪᠰᠤᠷᠤᠨ ᠲᠡᠳᠬᠦᠬᠦ᠌ ᠡᠲᠡᠭᠡᠳ᠎ᠢ ᠲᠣᠭᠲᠠᠭᠠᠭᠰᠠᠨ᠎ᠤ ᠬᠠᠮᠲᠤ᠌ ᠭᠠᠷᠳᠠᠮ ᠬᠦᠢᠴᠡᠳᠬᠡᠬᠦ᠂ ᠡᠮᠨᠡᠯᠭᠡ᠎ᠳᠦ ᠰᠠᠭᠤᠯᠭᠠᠬᠤ᠎ᠵᠡᠷᠭᠡ ᠠᠵᠢᠯ ᠎ᠢ ᠶᠤᠰᠤᠴᠢᠯᠠᠨ ᠪᠡᠶᠡᠯᠡᠭᠦᠯᠵᠠᠢ᠃ ᠣᠳᠣ 6 ᠡᠪᠡᠳᠴᠢᠲᠡᠨ ᠳ᠋ᠤ ᠨᠢᠭᠡᠨᠳᠡ ᠮᠡᠰᠡ ᠵᠠᠰᠠᠯ ᠬᠢᠵᠦ᠂ 4.8 ᠲᠦᠮᠡᠨ ᠲᠥᠭᠥᠷᠢᠭ ᠎ᠦᠨ ᠡᠮ ᠡᠮᠨᠡᠯᠭᠡ ᠎ᠶᠢᠨ ᠰᠦᠢᠳᠭᠡᠯ ᠎ᠤᠨ ᠳᠠᠷᠤᠭᠠᠰᠤ᠎ᠶᠢ ᠬᠥᠩᠭᠡᠷᠡᠭᠦᠯᠵᠦ ᠦᠭᠭᠦᠭᠰᠡᠨ ᠪᠠᠢᠨ᠎ᠠ᠃


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面