2026-09-15 09:20:53
ᠬᠦᠭᠵᠢᠯ ᠬᠤᠷᠤᠢᠯᠠᠭᠰᠠᠨ ᠠᠳᠤᠭᠤᠨ᠎ᠤ ᠠᠵᠦ ᠦᠢᠯᠡᠰ
ᠠᠳᠤᠭᠤ ᠬᠡᠵᠦ ᠶᠠᠷᠢᠬᠤ ᠪᠡᠷ ᠨᠤᠳᠤᠭ ᠤᠰᠤᠨ᠎ᠤ ᠬᠡᠢᠮᠦᠷᠢ ᠰᠡᠷᠭᠦᠳᠡᠭ ᠨᠢ ᠦᠨᠡᠨ ᠪᠢᠯᠡ᠃ ᠳᠠᠷᠬᠠᠨ ᠮᠤᠸ᠋ᠮᠢᠩᠭᠠᠨ ᠬᠤᠯᠪᠤᠭᠠᠳᠤ ᠬᠤᠰᠢᠭᠤᠨ ᠤ ᠲᠠᠷᠬᠠᠨ ᠰᠤᠮᠤᠨ ᠳ᠋ᠤ ᠮᠤᠩᠭᠤᠯ ᠠᠳᠤᠭᠤᠨ᠎ᠤ ᠡᠭᠦᠯᠳᠡᠷ᠎ᠢ ᠬᠠᠮᠠᠭᠠᠯᠠᠬᠤ ᠦᠷᠡᠵᠢᠭᠦᠯᠬᠦ᠌ ᠰᠠᠭᠤᠷᠢᠨ ᠲᠠᠢ ᠪᠤᠯᠵᠦ᠂ ᠠᠳᠤᠭᠤᠨ ᠳ᠋ᠤ ᠪᠠᠬᠠᠳᠠᠢ ᠮᠠᠯᠴᠢᠳ᠎ᠢ ᠲᠠᠢᠴᠢᠯᠠᠨ ᠬᠤᠪᠢ ᠤᠷᠤᠭᠤᠯᠵᠦ᠂ ᠨᠤᠳᠤᠭ᠎ᠤᠨ ᠮᠤᠩᠭᠤᠯ ᠠᠳᠤᠭᠤᠨ᠎ᠤ ᠴᠡᠪᠡᠷ ᠤᠳᠤᠮ ᠪᠤᠯᠬᠤ ᠴᠤᠬᠤᠷ ᠠᠳᠤᠭᠤ ᠵᠢ ᠲᠦᠪᠯᠡᠷᠡᠭᠦᠯᠦᠨ ᠮᠠᠯᠵᠢᠵᠦ᠂ ᠬᠡᠬᠦᠦ ᠰᠠᠭᠠᠵᠦ ᠴᠡᠭᠡ ᠪᠤᠯᠪᠠᠰᠤᠷᠠᠭᠤᠯᠤᠨ᠂ ᠮᠦᠨ ᠨᠤᠳᠤᠭ ᠤᠨ ᠠᠳᠤᠭᠤᠨ ᠡᠭᠦᠯᠳᠡᠷ᠎ᠢ ᠬᠠᠮᠠᠭᠠᠯᠠᠨ ᠦᠷᠡᠵᠢᠬᠦᠯᠵᠦ ᠪᠠᠢᠨ᠎ᠠ ᠬᠡᠬᠦ ᠰᠠᠢᠬᠠᠨ ᠰᠤᠷᠠᠭ ᠵᠢᠡᠷ ᠰᠤᠷᠪᠤᠯᠵᠢᠯᠠᠬᠴᠢ ᠡᠨᠡ ᠬᠦ᠌ ᠰᠠᠭᠤᠷᠢᠨ ᠳ᠋ᠤ ᠬᠦᠷᠴᠦ ᠰᠤᠷᠪᠤᠯᠵᠢᠯᠠᠬᠰᠠᠨ ᠪᠢᠯᠡ᠃
《ᠡᠨᠡ ᠵᠢᠯ ᠮᠠᠨ ᠤ ᠨᠤᠳᠤᠭ ᠭᠠᠩᠳᠠᠬᠰᠠᠨ ᠪᠤᠯᠬᠤᠷ ᠬᠡᠬᠦᠦ ᠰᠠᠭᠠᠬᠤ ᠠᠵᠢᠯ ᠴᠤ᠌ ᠵᠢᠭᠠᠬᠠᠨ ᠤᠷᠤᠢᠳᠠᠵᠠᠢ᠂ 7 ᠰᠠᠷ᠎ᠠ ᠵᠢᠨ ᠲᠤᠮᠳᠠᠴᠢ ᠪᠡᠷ ᠡᠬᠢᠯᠡᠵᠦ ᠰᠠᠭᠠᠬᠰᠠᠨ ᠶᠤᠮ》 ᠬᠡᠵᠦ ᠲᠠᠯ᠎ᠠ ᠨᠤᠳᠤᠭ ᠲᠡᠭᠡᠷ᠎ᠠ ᠪᠠᠢᠭᠤᠯᠤᠬᠳᠠᠬᠰᠠᠨ ᠨᠢᠭᠡ ᠲᠤᠮᠤ ᠲᠦᠷᠪᠡᠯᠵᠢᠨ ᠴᠡᠩᠬᠡᠷ ᠰᠠᠭᠤᠷᠢᠰᠢᠯ ᠬᠡᠮᠡᠷᠭᠡᠨ ᠰᠠᠭᠤᠷᠢᠨ ᠤ᠋ ᠠᠳᠤᠭᠤᠨ ᠵᠡᠯ᠎ᠠ ᠲᠡᠭᠡᠷ᠎ᠠ ᠡᠴᠡ ᠳᠠᠷᠬᠠᠨ ᠰᠤᠮᠤ᠎ᠶᠢᠨ ᠴᠠᠭᠠᠠᠠᠣᠪᠣᠭᠠ ᠭᠠᠴᠡᠭᠠᠨ᠎ᠤ ᠭᠠᠴᠡᠭᠠᠨ ᠵᠦᠪᠯᠡᠯ ᠤᠨ ᠳᠡᠳ᠋ ᠡᠷᠬᠢᠯᠡᠭᠴᠢ ᠬᠡᠰᠢᠭᠲᠦ᠍ ᠢᠩᠬᠢᠵᠦ ᠬᠡᠯᠡᠵᠦ ᠪᠠᠢᠯ᠎ᠠ᠃
ᠳᠠᠷᠬᠠᠨ ᠮᠤᠸ᠋ᠮᠢᠩᠭᠠᠨ ᠬᠤᠯᠪᠤᠭᠠᠳᠤ ᠬᠤᠰᠢᠭᠤᠨ᠎ᠤ ᠲᠠᠷᠬᠠᠨ ᠰᠤᠮᠤᠨ ᠳ᠋ᠡᠬᠢ ᠮᠤᠩᠭᠤᠯ ᠠᠳᠤᠭᠤᠨ᠎ᠤ ᠡᠭᠦᠯᠳᠡᠷ᠎ᠢ ᠬᠠᠮᠠᠭᠠᠯᠠᠨ ᠦᠷᠡᠵᠢᠭᠦᠯᠬᠦ᠌ ᠰᠠᠭᠤᠷᠢᠨ ᠨᠢ 2024 ᠣᠨ᠎ᠤ 4 ᠰᠠᠷ᠎ᠠ ᠳ᠋ᠤ ᠪᠠᠢᠭᠤᠯᠤᠬᠳᠠᠵᠠᠢ᠃ ᠰᠠᠭᠤᠷᠢᠨ ᠨᠢ 2950 ᠮᠤ᠌ ᠨᠤᠲᠤᠭ ᠪᠡᠯᠴᠢᠭᠡᠷ᠎ᠢ ᠰᠡᠷᠭᠦᠭᠡᠨ ᠠᠮᠢᠯᠠᠭᠤᠯᠵᠦ᠂ ᠪᠠᠰᠠ 400 ᠮᠤ᠌ ᠤᠰᠤᠯᠠᠯᠲᠠ᠎ᠶᠢᠨ ᠲᠠᠷᠢᠶ᠎ᠠ᠎ᠲᠠᠶ ᠪᠣᠯᠵᠤ᠂ ᠬᠠᠮᠲᠤ᠌ ᠨᠡᠶ᠋ᠢᠲᠡ ᠪᠠ ᠮᠠᠯᠵᠢᠬᠤ ᠡᠷᠦᠬᠡ ᠬᠠᠮᠲᠤ ᠪᠠᠷ ᠬᠤᠪᠢ ᠣᠷᠣᠬᠤ ᠬᠡᠯᠪᠡᠷᠢ᠎ᠪᠡᠷ ᠪᠠᠶ᠋ᠢᠭᠤᠯᠵᠤ᠂ 20 ᠮᠠᠯᠵᠢᠬᠤ ᠡᠷᠦᠬᠡ ᠵᠢᠨ 30 ᠲᠦᠮᠡᠨ ᠲᠥᠭᠥᠷᠢᠭ᠎ᠦᠨ ᠪᠡᠯᠡ ᠮᠥᠩᠭᠥ᠌ ᠵᠢ ᠳᠠᠶ᠋ᠢᠴᠢᠯᠠᠨ᠂ 1200 ᠭᠠᠷᠤᠢ ᠮᠣᠩᠭᠣᠯ ᠠᠳᠤᠭᠤ᠎ᠶᠢ ᠬᠠᠩᠰᠢᠯᠠᠨ ᠬᠤᠪᠢ ᠣᠷᠣᠭᠤᠯᠵᠤ᠂ 30 ᠭᠠᠷᠤᠢ ᠰᠢᠯᠢᠳᠡᠭ ᠡᠭᠦᠯᠳᠡᠷ᠎ᠦᠨ ᠴᠤᠬᠤᠷ ᠠᠳᠤᠭᠤ᠎ᠶᠢ ᠲᠤᠰᠬᠠᠢ ᠲᠥᠷᠥᠯ᠎ᠢᠶᠡᠷ ᠲᠡᠳᠡᠨ ᠣᠷᠣᠭᠤᠯᠵᠤ᠂ ᠣᠷᠣᠨ ᠨᠤᠲᠤᠭ᠎ᠤᠨ ᠭᠣᠣᠯᠯᠠᠬᠤ ᠡᠭᠦᠯᠳᠡᠷ᠎ᠦᠨ ᠠᠳᠤᠭᠤ᠎ᠶᠢ ᠦᠷᠭᠦᠯᠵᠢᠯᠡᠨ ᠪᠤᠵᠠᠭᠠᠶ᠋ᠢᠷᠠᠭᠤᠯᠵᠠᠢ᠃ ᠰᠠᠭᠤᠷᠢᠨ ᠢ᠋ ᠭᠠᠴᠡᠭᠠᠨ᠎ᠤ ᠨᠠᠮ᠎ᠤᠨ ᠡᠭᠦᠷ᠎ᠡᠴᠡ ᠳᠠᠭᠠᠭᠤᠯᠤᠨ ᠡᠷᠭᠢᠯᠡᠵᠦ᠍᠂ ᠳᠠᠷᠬᠠᠨ ᠮᠠᠯᠴᠢᠨ ᠲᠠᠷᠢᠶᠠᠯᠠᠩ ᠮᠠᠯ ᠠᠵᠤ ᠠᠬᠤᠶ᠎ᠶᠢᠨ ᠲᠤᠰᠬᠠᠶ ᠬᠣᠷᠰᠢᠶ᠎ᠠ᠎ᠡᠴᠡ ᠡᠵᠡᠩᠨᠡᠵᠦ᠍᠂ 《ᠨᠠᠮ᠎ᠤᠨ ᠪᠠᠶ᠋ᠢᠭᠤᠯᠤᠯᠲᠠ᠎ᠪᠠᠷ ᠵᠢᠯᠣᠭᠣᠳᠤᠮᠵᠢ ᠪᠣᠯᠭᠠᠵᠤ᠂ ᠨᠢᠭᠡᠳᠦᠯᠲᠡᠶ ᠲᠡᠵᠢᠭᠡᠵᠦ᠍ ᠬᠠᠮᠲᠤ᠎ᠪᠠᠷ ᠪᠠᠶᠠᠵᠢᠬᠤ》 ᠬᠥᠭᠵᠢᠯᠲᠡ᠎ᠶᠢᠨ ᠰᠡᠳᠬᠢᠴᠡ᠎ᠶᠢ ᠪᠠᠷᠢᠮᠲᠠᠯᠠᠵᠤ᠂ ᠮᠣᠩᠭᠣᠯ ᠠᠳᠤᠭᠤᠨ᠎ᠤ ᠦᠷ᠎ᠡ᠎ᠶᠢᠨ ᠴᠢᠨᠠᠷ᠎ᠢ ᠬᠠᠮᠠᠭᠠᠯᠠᠬᠤ ᠪᠠ ᠣᠨᠴᠠᠯᠢᠭᠲᠤ᠌ ᠠᠵᠤ ᠦᠢᠯᠡᠰ᠎ᠦᠨ ᠴᠢᠨᠠᠷ ᠰᠠᠶ᠋ᠢᠲᠠᠶ ᠬᠥᠭᠵᠢᠯᠲᠡ ᠵᠢ ᠬᠦᠴᠦ ᠲᠥᠪᠯᠡᠷᠡᠭᠦᠯᠦᠨ ᠡᠵᠡᠩᠨᠡᠭᠰᠡᠨ ᠪᠠᠢᠨ᠎ᠠ᠃
ᠤᠯᠠᠠ ᠲᠠᠯ᠎ᠠ ᠵᠢ ᠬᠠᠮᠤᠷᠤᠬᠰᠠᠨ ᠠᠵᠤ ᠦᠢᠯᠡᠰ᠎ᠢ ᠡᠷᠬᠢᠯᠡᠬᠦ ᠳ᠋ᠤ ᠲᠦᠭᠦᠭᠡᠷᠦᠮᠵᠢ ᠪᠦᠷᠢᠨ ᠭᠦᠢᠴᠡᠳ ᠪᠠᠢᠬᠤ ᠴᠢᠬᠤᠯᠠᠲᠠᠢ᠃ ᠲᠤᠰ ᠰᠠᠭᠤᠷᠢᠨ ᠨᠢ ᠰᠠᠭᠤᠷᠢ ᠲᠥᠬᠥᠭᠡᠷᠦᠮᠵᠢ᠎ᠶᠢ ᠪᠦᠷᠢᠨᠰᠢᠭᠦᠯᠵᠦ᠍᠂ 22078 ᠲᠡᠭᠰᠢ ᠳᠥᠷᠪᠡᠯᠵᠢᠨ ᠮᠧᠲᠷ᠎ᠤᠨ ᠭᠣᠣᠯᠳᠠᠯᠭᠠᠲᠤ᠌ ᠰᠦᠷᠦᠭ᠎ᠦᠨ ᠡᠭᠦᠯᠳᠡᠷ᠎ᠢ ᠬᠠᠮᠠᠭᠠᠯᠠᠬᠤ ᠲᠠᠯᠠᠪᠠᠢ᠎ᠶᠢ ᠪᠠᠶ᠋ᠢᠭᠤᠯᠵᠤ᠂ ᠪᠠᠷᠢᠮᠵᠢᠶᠠᠵᠢᠭᠰᠠᠨ ᠮᠣᠷᠢᠨ ᠬᠠᠰᠢᠶ᠎ᠠ᠂ ᠠᠵᠢᠯᠯᠠᠬᠤ ᠲᠣᠭᠣᠷᠢᠭ᠂ ᠬᠥᠮᠥᠷᠭᠡᠯᠡᠬᠦ᠌ ᠬᠥᠮᠥᠷᠭᠡ᠂ ᠲᠤᠰᠬᠠᠢ ᠬᠡᠷᠡᠭᠯᠡᠭᠡᠨ᠎ᠦ ᠲᠡᠵᠢᠭᠡᠯ ᠪᠣᠷᠳᠣᠭᠠᠨ᠎ᠤ ᠬᠥᠮᠥᠷᠭᠡ᠂ ᠪᠣᠷᠳᠣᠭ᠎ᠠ ᠰᠠᠴᠤᠬᠤ ᠮᠠᠰᠢᠨ᠂ ᠲᠡᠵᠢᠭᠡᠯ ᠪᠣᠷᠳᠣᠭ᠎ᠠ ᠨᠠᠢᠷᠠᠭᠤᠯᠬᠤ ᠮᠠᠰᠢᠨ ᠵᠡᠷᠭᠡ ᠣᠳᠣᠬᠢᠴᠢᠯᠠᠭᠰᠠᠨ ᠮᠠᠯ ᠠᠵᠤ ᠠᠬᠤᠢ᠎ᠶᠢᠨ ᠲᠥᠬᠥᠭᠡᠷᠦᠮᠵᠢ᠎ᠶᠢ ᠢᠵᠢ ᠪᠦᠷᠢᠳᠦᠭᠦᠯᠦᠨ᠂ ᠲᠠᠯᠠᠪᠠᠢ ᠲᠣᠭᠣᠷᠢᠭ᠎ᠢ ᠪᠦᠬᠦᠨ᠎ᠢ ᠪᠠᠷᠢᠮᠵᠢᠶᠠᠵᠢᠭᠤᠯᠤᠨ ᠥᠭᠡᠷᠡᠴᠢᠯᠡᠨ ᠪᠠᠶ᠋ᠢᠭᠤᠯᠵᠤ ᠰᠢᠯᠭᠠᠨ ᠠᠪᠴᠤ᠌᠂ ᠠᠳᠤᠭᠤᠨ᠎ᠤ ᠪᠠᠷᠢᠮᠵᠢᠶᠠᠵᠢᠭᠰᠠᠨ ᠠᠷᠠᠴᠢᠯᠠᠭ᠎ᠠ᠂ ᠮᠠᠰᠢᠨᠴᠢᠯᠠᠭᠰᠠᠨ ᠬᠠᠮᠢᠶᠠᠷᠤᠯᠲᠠ ᠬᠠᠮᠠᠭᠠᠯᠠᠯᠲᠠ᠎ᠶᠢ ᠪᠡᠶᠡᠯᠡᠭᠦᠯᠦᠭᠰᠡᠨ ᠪᠠᠢᠨ᠎ᠠ᠃ ᠡᠭᠦᠨ᠎ᠦ ᠬᠠᠮᠲᠤ᠌᠂ ᠲᠠᠯᠠᠪᠠᠢ᠎ᠳᠤ ᠠᠳᠤᠭᠤᠨ ᠰᠣᠶᠣᠯ᠎ᠤᠨ ᠦᠵᠡᠭᠦᠯᠭᠡ᠎ᠶᠢᠨ ᠲᠢᠩᠬᠢᠮ᠎ᠢ ᠪᠠᠶ᠋ᠢᠭᠤᠯᠵᠤ᠂ ᠡᠯ᠎ᠡ ᠲᠦᠷᠦᠯ᠎ᠦᠨ ᠤᠯᠠᠮᠵᠢᠯᠠᠯᠲᠤ᠌ ᠮᠤᠷᠢᠨ ᠬᠡᠷᠡᠭᠰᠡᠯ᠎ᠢ ᠲᠥᠪᠯᠡᠷᠡᠭᠦᠯᠦᠨ ᠳᠡᠯᠭᠡᠨ ᠦᠵᠡᠭᠦᠯᠵᠦ᠍᠂ ᠠᠵᠤ ᠦᠢᠯᠡᠰ᠎ᠦᠨ ᠦᠵᠡᠭᠦᠯᠭᠡ᠂ ᠰᠣᠶᠣᠯ᠎ᠤᠨ ᠤᠯᠠᠮᠵᠢᠯᠠᠯ᠂ ᠰᠢᠨᠵᠢᠯᠡᠬᠦ᠌ ᠤᠬᠠᠭᠠᠨ᠎ᠢ ᠲᠦᠭᠡᠮᠡᠯᠵᠢᠭᠦᠯᠬᠦ᠌ ᠤᠬᠠᠭᠤᠯᠭ᠎ᠠ᠎ᠶᠢ ᠨᠢᠭᠡ ᠴᠤᠬᠴᠠᠵᠢᠭᠤᠯᠤᠭᠰᠠᠨ ᠤᠨᠴᠠᠯᠢᠬᠳᠤ ᠤᠬᠠᠭᠤᠯᠭ᠎ᠠ᠎ᠶᠢᠨ ᠰᠠᠭᠤᠷᠢᠨ᠎ᠢ ᠪᠠᠶ᠋ᠢᠭᠤᠯᠤᠬᠰᠠᠨ ᠪᠠᠢᠨ᠎ᠠ᠃
ᠴᠡᠭᠡ ᠵᠢᠨ ᠠᠵᠤ ᠦᠢᠯᠡᠰ ᠢ᠋ ᠭᠦᠭᠵᠢᠬᠦᠯᠬᠦ ᠨᠢ ᠲᠤᠰ ᠰᠠᠭᠤᠷᠢᠨ ᠤ᠋ ᠠᠳᠤᠭᠤᠨ ᠤ ᠠᠵᠤ ᠦᠢᠯᠡᠰ᠎ᠢ ᠬᠦᠭᠵᠢᠬᠦᠯᠬᠦ ᠵᠢᠨ ᠲᠡᠷᠢᠭᠦᠨ ᠭᠠᠷᠳᠡᠴᠡ ᠪᠤᠯᠤᠬᠰᠠᠨ ᠪᠠᠢᠨ᠎ᠠ᠃ 2025 ᠤᠨ᠎ᠤ 7 ᠰᠠᠷ᠎ᠠ ᠳ᠋ᠤ ᠰᠠᠭᠤᠷᠢᠨ ᠨᠢ ᠨᠢᠭᠡᠨᠳᠡ ᠴᠡᠭᠡ ᠪᠤᠯᠪᠠᠰᠤᠷᠠᠭᠤᠯᠵᠤ ᠡᠬᠢᠯᠡᠭᠰᠡᠨ ᠮᠦᠷᠳᠡᠭᠡᠨ ᠴᠡᠭᠡ ᠵᠢᠨ ᠬᠠᠮᠢᠶᠠᠳᠠᠢ ᠰᠤᠳᠤᠯᠭᠠᠨ᠎ᠢ ᠴᠤ᠌ ᠦᠪᠦᠷ ᠮᠤᠩᠭᠤᠯ ᠤᠨ ᠲᠠᠷᠢᠶᠠᠯᠠᠩ ᠤᠨ ᠶᠡᠬᠡ ᠰᠤᠷᠭᠠᠭᠤᠯᠢ ᠲᠠᠢ ᠬᠠᠮᠳᠤᠷᠠᠨ ᠡᠬᠢᠯᠡᠨ ᠶᠠᠪᠤᠬᠳᠠᠭᠤᠯᠤᠬᠰᠠᠨ ᠪᠠᠢᠨ᠎ᠠ᠃ ᠬᠡᠰᠢᠭᠳᠤ ᠵᠢᠨ ᠲᠠᠨᠢᠯᠴᠠᠭᠤᠯᠬᠤ ᠪᠡᠷ 2025 ᠤᠨ ᠤ ᠵᠤᠨ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ᠎ᠶᠢᠨ 4 ᠤᠶᠤᠳᠠᠨ ᠰᠠᠭᠤᠷᠢᠨ ᠳ᠋ᠤ 40 ᠭᠠᠷᠤᠢ ᠬᠤᠨᠤᠭ ᠰᠠᠭᠤᠵᠦ᠂ ᠴᠡᠭᠡ ᠵᠢᠨ ᠲᠤᠬᠠᠢ ᠡᠯ᠎ᠠ ᠲᠦᠷᠤᠯ ᠤᠨ ᠲᠤᠷᠰᠢᠯᠳᠠ ᠵᠢ ᠲᠠᠭᠠᠨ ᠬᠢᠭᠰᠡᠨ ᠪᠠᠢᠨ᠎ᠠ᠃ ᠡᠨᠡ ᠵᠢᠯ ᠴᠤ᠌ ᠮᠦᠨ 3 ᠤᠶᠤᠳᠠᠨ ᠡᠨᠡ ᠬᠠᠮᠢᠶᠠᠳᠠᠢ ᠲᠤᠷᠰᠢᠯᠳᠠ ᠵᠢ ᠦᠷᠨᠢᠬᠦᠯᠵᠦ ᠪᠤᠢ᠃ ᠰᠠᠭᠤᠷᠢᠨ ᠨᠢ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ᠎ᠶᠢᠨ ᠠᠮᠢᠲᠠᠨ᠎ᠤ ᠰᠢᠨᠵᠢᠯᠡᠬᠦ᠌ ᠤᠬᠠᠭᠠᠨ᠎ᠤ ᠳᠡᠭᠡᠳᠦ ᠰᠤᠷᠭᠠᠭᠤᠯᠢ᠎ᠶᠢᠨ ᠠᠳᠤᠭᠤᠨ᠎ᠤ ᠲᠥᠷᠥᠯ᠎ᠦᠨ ᠠᠮᠢᠲᠠᠨ᠎ᠤ ᠰᠤᠳᠤᠯᠭᠠᠨ᠎ᠤ ᠲᠥᠪ᠎ᠲᠡᠶ ᠣᠷᠳᠣ ᠬᠤᠭᠤᠴᠠᠭᠠᠨ᠎ᠤ ᠪᠠᠶ᠋ᠢᠯᠳᠤᠬᠤ ᠪᠣᠳᠣᠯᠭ᠎ᠠ᠎ᠶᠢᠨ ᠬᠠᠮᠵᠢᠯᠴᠠᠭ᠎ᠠ ᠵᠢ ᠪᠠᠶ᠋ᠢᠭᠤᠯᠵᠠᠢ᠃
《ᠤᠢᠷ᠎ᠠ ᠵᠢᠨ ᠬᠤᠶᠠᠷ ᠵᠢᠯ ᠳ᠋ᠤ ᠭᠤᠤᠯᠳᠠᠭᠤ ᠤᠢᠷ᠎ᠠ ᠬᠠᠪᠢ ᠵᠢᠨ ᠮᠠᠯᠴᠢᠳ᠂ ᠴᠠᠭᠠᠨ ᠢᠳᠡᠭᠡᠨ ᠤ ᠵᠠᠬ᠎ᠠ ᠲᠡᠯᠭᠡᠭᠦᠷ᠂ ᠬᠤᠰᠢᠭᠤᠨ᠎ᠤ ᠮᠤᠩᠭᠤᠯ ᠡᠮᠨᠡᠯᠭᠡ ᠵᠢᠨ ᠬᠤᠷᠢᠶ᠎ᠠ ᠵᠡᠷᠭᠡ ᠭᠠᠵᠠᠷ᠎ᠵᠢᠡᠷ ᠪᠤᠷᠤᠯᠠᠭᠤᠯᠵᠤ ᠪᠤᠢ᠃ ᠲᠠᠷᠠᠭᠠᠴᠢ ᠪᠡᠷ ᠬᠡᠬᠦᠦ ᠵᠢᠨ ᠰᠦᠨ ᠲᠠᠯᠬ᠎ᠠ ᠵᠡᠷᠭᠡ ᠨᠠᠷᠢᠯᠢᠭ ᠪᠦᠳᠦᠭᠡᠭᠳᠡᠭᠦᠨ ᠦᠢᠯᠡᠳᠪᠦᠷᠢᠯᠡᠬᠦ ᠲᠦᠰᠦᠪ ᠬᠠᠷᠠᠯᠳᠠ ᠲᠠᠢ》 ᠬᠡᠵᠦ ᠬᠡᠰᠢᠭᠳᠤ ᠶᠠᠷᠢᠪᠠ᠃ ᠲᠤᠰ ᠰᠠᠭᠤᠷᠢᠨ ᠨᠢ ᠲᠤᠰᠬᠠᠶ᠋ᠢᠯᠠᠨ 30 ᠭᠠᠷᠤᠶ ᠴᠢᠨᠠᠷ ᠰᠠᠶ᠋ᠢᠲᠠᠶ ᠴᠤᠬᠤᠷ ᠠᠳᠤᠭᠤ᠎ᠶᠢ ᠮᠠᠯᠵᠢᠵᠦ᠂ ᠰᠢᠨ᠎ᠡ ᠴᠡᠭᠡ᠎ᠶᠢᠨ ᠲᠦᠭᠦᠬᠡᠶ ᠡᠳ᠋᠎ᠦᠨ ᠬᠠᠩᠭᠠᠯᠭ᠎ᠠ᠎ᠶᠢ ᠪᠠᠲᠤᠯᠠᠵᠤ ᠂ ᠨᠢᠭᠡ ᠡᠳᠦᠷ᠎ᠦᠨ ᠬᠠᠮᠤᠭ᠎ᠤᠨ ᠥᠨᠳᠥᠷ ᠭᠠᠷᠤᠯᠲᠠ᠎ᠨᠢ ᠪᠠᠷᠤᠭ 100 ᠵᠢᠩ ᠬᠦᠷᠴᠦ ᠪᠤᠢ᠃
ᠬᠤᠵᠢᠮ ᠲᠤᠰ ᠰᠠᠭᠤᠷᠢᠨ ᠨᠢ ᠪᠠᠰᠠ ᠴᠡᠭᠡ ᠪᠣᠯᠪᠠᠰᠤᠷᠠᠭᠤᠯᠬᠤ ᠡᠴᠡ ᠭᠠᠳᠠᠨ᠎ᠠ ᠪᠠᠰᠠ ᠮᠣᠷᠢ ᠤᠷᠤᠯᠳᠤᠬᠤ᠂ ᠠᠳᠤᠭᠤ ᠪᠣᠷᠳᠣᠬᠤ᠂ ᠠᠮᠢᠳᠤ ᠮᠠᠯ᠎ᠤᠨ ᠠᠷᠠᠯᠵᠢᠶ᠎ᠠ᠂ ᠠᠳᠤᠭᠤᠨ ᠰᠣᠶᠣᠯ᠎ᠤᠨ ᠰᠤᠳᠤᠯᠭᠠᠨ᠂ ᠲᠠᠯ᠎ᠠ ᠨᠤᠲᠤᠭ᠎ᠤᠨ ᠰᠣᠶᠣᠯ ᠵᠢᠭᠤᠯᠴᠢᠯᠠᠯ ᠵᠡᠷᠭᠡ ᠣᠯᠠᠨ ᠡᠰᠢᠲᠦ᠍ ᠡᠵᠡᠩᠨᠡᠯᠲᠡ᠎ᠶᠢᠨ ᠬᠡᠯᠪᠡᠷᠢ᠎ᠶᠢ ᠵᠡᠷᠭᠡ ᠪᠡᠷ ᠬᠥᠭᠵᠢᠭᠦᠯᠬᠦ ᠲᠦᠯᠦᠪᠯᠡᠭᠡ ᠲᠠᠢ᠃ ᠬᠡᠬᠦ ᠳ᠋ᠡᠭᠡᠨ ᠭᠤᠤᠯ ᠨᠢ ᠨᠤᠳᠤᠭ᠎ᠤᠨ ᠮᠣᠩᠭᠣᠯ ᠴᠤᠬᠤᠷ ᠠᠳᠤᠭᠤ᠎ᠶᠢ ᠴᠡᠪᠡᠷᠰᠢᠭᠦᠯᠦᠨ ᠰᠣᠩᠭᠣᠨ ᠪᠣᠶ᠋ᠢᠵᠢᠭᠤᠯᠬᠤ᠂ ᠦᠷ᠎ᠡ ᠵᠢᠨ ᠴᠢᠨᠡᠷ᠎ᠦᠨ ᠬᠠᠮᠠᠭᠠᠯᠠᠯᠲᠠ ᠬᠢᠭᠡᠳ ᠵᠢᠰᠤᠮ᠎ᠤᠨ ᠰᠦᠷᠦᠭ᠎ᠢ ᠥᠷᠭᠡᠳᠬᠡᠨ ᠬᠥᠭᠵᠢᠭᠦᠯᠬᠦ᠌ ᠠᠵᠢᠯ᠎ᠢ ᠭᠣᠣᠯᠳᠠᠯᠭ᠎ᠠ᠎ᠲᠠᠶ ᠥᠷᠨᠢᠭᠦᠯᠦᠨ᠂ ᠣᠷᠣᠨ ᠨᠤᠳᠤᠭ ᠤᠨ ᠰᠢᠯᠢᠳᠡᠭ ᠠᠳᠤᠭᠤᠨ᠎ᠤ ᠵᠦᠢᠯ ᠵᠢᠰᠦᠮ᠎ᠦᠨ ᠡᠬᠢ ᠪᠠᠶᠠᠯᠢᠭ᠎ᠢ ᠪᠦᠬᠦ᠌ ᠬᠦᠴᠦᠨ᠎ᠢᠶᠡᠷ ᠰᠠᠬᠢᠨ ᠬᠠᠮᠠᠭᠠᠯᠠᠬᠤ ᠪᠤᠯᠤᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃