2026-09-28 14:47:09
ᠠᠯᠲᠠᠨ ᠨᠠᠮᠤᠷ ᠤ᠋ᠨ ᠤᠯᠠᠷᠢᠯ ᠳ᠋ᠤ᠂ ᠰᠤᠷᠪᠤᠯᠵᠢᠯᠠᠭᠴᠢ ᠬᠥᠯᠦᠨ ᠪᠤᠶ᠋ᠢᠷ ᠬᠤᠲᠠ ᠶ᠋ᠢᠨ ᠡᠸᠡᠩᠬᠢ ᠦᠨᠳᠦᠰᠦᠲᠡᠨ ᠤ᠋ ᠥᠪᠡᠷᠲᠡᠭᠡᠨ ᠵᠠᠰᠠᠬᠤ ᠬᠤᠰᠢᠭᠤᠨ ᠤ᠋ ᠳ᠋ᠠ ᠶᠠᠨ ᠪᠠᠯᠭᠠᠰᠤᠨ ᠳ᠋ᠤ ᠬᠦᠷᠪᠡᠯ᠂ ᠡᠯ᠎ᠡ ᠰᠠᠭᠤᠭᠠᠯᠢ ᠠᠷᠠᠳ ᠤ᠋ᠨ ᠲᠣᠭᠤᠷᠢᠭ ᠤ᠋ᠨ ᠵᠡᠭᠡᠯᠢ ᠭᠤᠳᠤᠮᠵᠢ ᠴᠡᠪᠡᠷ ᠴᠡᠮᠴᠡᠭᠡᠷ᠂ ᠬᠡᠷ ᠤ᠋ᠨ ᠡᠮᠦᠨᠡᠬᠦᠷ ᠬᠤᠢᠭᠤᠷ ᠨᠢ ᠨᠤᠭᠤᠭᠠᠵᠢᠨ ᠬᠠᠰᠢᠶ᠎ᠠ ᠬᠦᠭᠡᠷᠡᠵᠤ ᠪᠠᠶ᠋ᠢᠯ᠎ᠠ᠃ ᠥᠩᠭᠡᠷᠡᠭᠰᠡᠨ ᠳ᠋ᠤ ᠬᠠᠮᠢᠶᠠᠷᠬᠤ ᠬᠥᠮᠦᠨᠦᠭᠡᠢ᠂ ᠡᠮᠬᠢ ᠵᠠᠮᠪᠠᠷᠠᠭ᠎ᠠ ᠦᠭᠡᠢ ᠪᠠᠢᠬᠰᠠᠨ ᠭᠠᠵᠠᠷ ᠨᠢ ᠣᠳᠤ ᠬᠠᠷᠢᠨ 《ᠵᠢᠵᠢᠭ ᠨᠣᠭᠤᠭᠠᠵᠢᠨ ᠬᠠᠰᠢᠶ᠎ᠠ》 ᠪᠣᠯᠵᠤ᠂ ᠦᠪᠡᠷᠮᠢᠴᠡ ᠤᠨᠴᠠᠭᠠᠢ ᠦᠵᠡᠮᠵᠢ ᠶ᠋ᠢᠨ ᠴᠡᠭ ᠪᠣᠯᠤᠭᠰᠠᠨ ᠪᠠᠢᠨ᠎ᠠ᠃ 《ᠵᠢᠵᠢᠭ ᠨᠤᠭᠤᠭᠠᠵᠢᠨ ᠬᠠᠰᠢᠶ᠎ᠠ》 ᠨᠢ ᠣᠷᠴᠢᠨ ᠲᠣᠭᠤᠷᠢᠨ ᠢ᠋ ᠭᠣᠶᠤᠯᠠᠭᠰᠠᠨ ᠢ᠋ᠶ᠋ᠡᠷ ᠪᠠᠷᠠᠬᠤᠦᠭᠡᠢ᠂ ᠤᠯᠠᠨ ᠲᠦᠮᠡᠨᠤ ᠰᠡᠳᠭᠢᠯ ᠢ᠋ ᠳᠤᠯᠠᠭᠠᠴᠠᠭᠤᠯᠵᠤ᠂ ᠠᠢᠯᠰᠠᠭᠠᠬᠠᠯᠳᠠᠵᠢᠨ ᠬᠠᠢᠷ᠎ᠠ ᠰᠡᠳᠬᠢᠯᠭᠡᠵᠢ ᠵᠤᠵᠠᠭᠠᠳᠬᠠᠪᠠ᠃
ᠥᠩᠭᠡᠷᠡᠭᠰᠡᠨ ᠳ᠋ᠤ᠂ ᠳ᠋ᠠ ᠶᠠᠨ ᠪᠠᠯᠭᠠᠰᠤᠨ ᠤ᠋ ᠬᠡᠰᠡᠭ ᠬᠠᠭᠤᠴᠢᠨ ᠰᠠᠭᠤᠭᠠᠯᠢ ᠠᠷᠠᠳ ᠤ᠋ᠨ ᠲᠣᠭᠤᠷᠢᠭ ᠤ᠋ᠨ ᠰᠤᠯᠠ ᠲᠠᠯᠪᠢᠬᠳᠠᠵᠤ ᠪᠠᠢᠭ᠎ᠠ ᠭᠠᠵᠠᠷ ᠤᠯᠠᠨ᠂ ᠤᠷᠳᠤ ᠬᠤᠭᠤᠴᠠᠭ᠎ᠠ ᠪᠡᠷ ᠬᠠᠮᠢᠶᠠᠷᠬᠤ ᠬᠥᠮᠦᠨᠦᠭᠡᠢ ᠪᠠᠶ᠋ᠢᠳᠠᠯ ᠳ᠋ᠤ ᠣᠷᠤᠰᠢᠵᠤ ᠪᠠᠶ᠋ᠢᠪᠠ᠃ ᠲᠦᠯᠡᠭᠡ ᠡᠪᠡᠰᠦ ᠪᠠᠨ ᠡᠷᠦᠢ ᠬᠤᠷᠤᠢᠦᠭᠡᠢ ᠣᠪᠤᠭᠠᠯᠠᠵᠤ᠂ ᠬᠤᠭ ᠨᠣᠪᠰᠢ ᠵᠢ ᠳᠤᠷ᠎ᠠ ᠪᠡᠷ ᠬᠠᠶᠠᠵᠤ᠂ ᠪᠤᠵᠠᠷ ᠡᠪᠡᠰᠦ ᠤᠷᠭᠤᠮᠠᠯ ᠭᠠᠵᠠᠷ ᠰᠠᠢ ᠦᠭᠡᠢ ᠤᠷᠭᠤᠵᠤ᠂ ᠪᠠᠯᠭᠠᠰᠤᠨ ᠤ᠋ ᠥᠩᠭᠡ ᠲᠦᠷᠬᠦ ᠵᠢ ᠨᠦᠯᠦᠭᠡᠯᠡᠵᠤ᠂ ᠲᠠᠷᠠᠴᠢᠯᠠᠨ ᠭᠠᠯ ᠲᠤᠢᠮᠠᠷ ᠰᠡᠷᠭᠡᠶ᠋ᠢᠯᠡᠬᠦ᠌ ᠲᠠᠯ᠎ᠠ ᠪᠠᠷ ᠠᠮᠤᠷ ᠲᠦᠪᠰᠢᠨ ᠤ᠋ ᠭᠡᠮ ᠰᠤᠭᠤᠭ ᠠᠪᠴᠢᠷᠠᠨ ᠦᠭᠴᠤ᠂ ᠣᠷᠳᠤ ᠬᠤᠭᠤᠴᠠᠭᠠᠨ ᠤ᠋ ᠲᠤᠷᠰᠢ ᠵᠠᠰᠠᠯᠲᠠ ᠶ᠋ᠢᠨ ᠬᠦᠴᠢᠷ ᠠᠰᠠᠭᠤᠳᠠᠯ ᠪᠣᠯᠤᠭᠰᠠᠨ ᠪᠠᠢᠵᠠᠢ᠃ ᠡᠭᠦᠨᠤ ᠬᠠᠮᠳᠤ᠂ ᠮᠠᠰᠢ ᠣᠯᠠᠨ ᠰᠠᠭᠤᠭᠠᠯᠢ ᠠᠷᠠᠳ ᠪᠠᠰᠠ ᠨᠣᠭᠤᠭ᠎ᠠ ᠳᠠᠷᠢᠬᠤ ᠬᠦᠰᠡᠯ ᠡᠪᠤᠷᠯᠡᠵᠤ ᠪᠠᠢᠬᠰᠠᠨ ᠪᠦᠭᠡᠳ ᠨᠤᠭᠤᠭ᠎ᠠ ᠲᠠᠷᠢᠬᠤ ᠪᠡᠷ ᠭᠠᠵᠠᠷ ᠡᠷᠢᠵᠤ ᠪᠠᠢᠭᠰᠠᠨ ᠠᠵᠢ᠃
ᠣᠯᠠᠨ ᠲᠦᠮᠡᠨ ᠤ᠋ ᠬᠡᠷᠡᠭᠴᠡᠭᠡ ᠱᠠᠭᠠᠷᠳᠠᠯᠭ᠎ᠠ ᠪᠠ ᠵᠠᠰᠠᠯᠲᠠ ᠶ᠋ᠢᠨ ᠬᠦᠴᠢᠷᠳᠡᠯ ᠳ᠋ᠤ ᠴᠢᠭᠯᠡᠭᠦᠯᠦᠨ᠂ ᠳ᠋ᠠ ᠶᠠᠨ ᠪᠠᠯᠭᠠᠰᠤ ᠶ᠋ᠢᠨ ᠬᠢᠨ 《ᠵᠢᠯᠤᠭᠤᠳᠬᠤ ᠪᠠ ᠬᠤᠷᠢᠬᠯᠠᠬᠤ ᠵᠢ ᠤᠶᠠᠯᠳᠤᠭᠤᠯᠬᠤ᠂ ᠬᠠᠶᠠᠬᠳᠠᠮᠠᠯ ᠪᠤᠳᠠᠰ ᠢ᠋ ᠡᠷᠳᠡᠨᠢ ᠪᠣᠯᠭᠠᠬᠤ》 ᠵᠢ ᠪᠠᠷᠢᠮᠲᠠᠯᠠᠵᠤ᠂ ᠰᠤᠯᠠ ᠲᠠᠯᠪᠢᠬᠳᠠᠵᠤ ᠪᠠᠶ᠋ᠢᠭ᠎ᠠ ᠭᠠᠵᠠᠷ ᠢ᠋ ᠠᠰᠢᠭᠯᠠᠵᠤ᠂ 《ᠵᠢᠵᠢᠭ ᠨᠤᠭᠤᠭᠠᠵᠢᠨ ᠬᠠᠰᠢᠶ᠎ᠠ》 ᠶ᠋ᠢᠨ ᠠᠷᠠᠳ ᠤ᠋ᠨ ᠠᠮᠢᠳᠤᠷᠠᠯ ᠤ᠋ᠨ ᠲᠥᠷᠦᠯ ᠵᠦᠢᠯ ᠢ᠋ ᠰᠢᠨ᠎ᠡ ᠵᠢ ᠡᠭᠦᠳᠦᠨ ᠭᠠᠷᠭᠠᠵᠤ᠂ ᠵᠠᠰᠠᠯᠲᠠ ᠶ᠋ᠢᠨ ᠬᠦᠴᠢᠷ ᠠᠰᠠᠭᠤᠳᠠᠯ ᠢ᠋ ᠠᠷᠠᠳ ᠤ᠋ᠨ ᠠᠮᠢᠳᠤᠷᠠᠯ ᠤ᠋ᠨ ᠬᠢᠯᠠᠰ ᠴᠡᠭ ᠪᠣᠯᠭᠠᠨ ᠬᠤᠪᠢᠷᠠᠭᠤᠯᠵᠠᠢ᠃ ᠪᠥᠬᠦ᠌ ᠪᠠᠯᠭᠠᠰᠤ ᠪᠡᠷ ᠢ᠋ᠶ᠋ᠡᠨ ᠵᠢᠨ ᠶᠠᠨ᠂ ᠰᠢᠶᠠᠩ ᠬᠤᠢ᠂ ᠱᠧᠩ ᠯᠢ᠂ ᠶᠦᠩ ᠠᠨ ᠵᠡᠷᠭᠡ 4 ᠨᠡᠶ᠋ᠢᠭᠡᠮ ᠲᠣᠭᠤᠷᠢᠭ ᠤ᠋ᠨ ᠰᠤᠯᠠ ᠲᠠᠯᠪᠢᠬᠳᠠᠵᠤ ᠪᠠᠢᠭ᠎ᠠ ᠬᠤᠭᠤᠰᠤᠨ ᠭᠠᠵᠠᠷ ᠢ᠋ ᠨᠢᠭᠡᠳᠦᠯᠲᠡᠢ ᠲᠥᠯᠦᠪᠵᠢᠭᠦᠯᠵᠦ᠍᠂ ᠬᠡᠰᠡᠭ ᠬᠤᠪᠢᠶᠠᠨ ᠳ᠋ᠤᠭᠠᠷᠯᠠᠵᠤ᠂ ᠨᠡᠶ᠋ᠢᠲᠡ 1996 ᠬᠡᠰᠡᠭ ᠨᠤᠭᠤᠭ᠎ᠠ ᠶ᠋ᠢᠨ ᠭᠠᠵᠠᠷ ᠭᠠᠷᠭᠠᠪᠠ᠃
ᠨᠡᠶ᠋ᠢᠭᠡᠮ ᠲᠣᠭᠤᠷᠢᠭ ᠤ᠋ᠨᠬᠢᠨ ᠢᠯᠡ ᠪᠣᠯᠭᠠᠬᠤ᠂ ᠲᠥᠪ ᠭᠤᠤᠯᠴᠢ ᠪᠠᠶ᠋ᠢᠬᠤ ᠵᠠᠷᠴᠢᠮ ᠢ᠋ ᠪᠠᠷᠢᠮᠲᠠᠯᠠᠵᠤ᠂ ᠲᠤᠬᠠᠢ ᠶ᠋ᠢᠨ ᠭᠠᠵᠠᠷ ᠲᠤᠨᠢ ᠬᠡᠮᠵᠢᠬᠦ᠂ ᠳ᠋ᠤᠭᠠᠷᠯᠠᠨ ᠳᠠᠨᠭᠰᠠᠯᠠᠬᠤ᠂ ᠬᠢᠷᠢ ᠬᠡᠮ ᠢ᠋ ᠬᠢᠨᠠᠨ ᠪᠠᠢᠴᠠᠭᠠᠬᠤ᠂ ᠢᠯᠡ ᠪᠡᠷ ᠰᠢᠪᠠᠭ᠎ᠠ ᠰᠤᠭᠤᠯᠬᠤ᠂ ᠬᠠᠮᠢᠶᠠᠷᠴᠤ ᠬᠠᠮᠠᠭᠠᠯᠠᠬᠤ ᠨᠡᠶ᠋ᠢᠲᠡ ᠶ᠋ᠢᠨ ᠭᠡᠷ᠎ᠡ ᠲᠣᠭᠲᠠᠬᠤ ᠵᠡᠷᠭᠡ ᠵᠢᠷᠤᠮᠵᠢᠯ ᠤ᠋ᠨ ᠶᠠᠪᠤᠴᠠ ᠪᠡᠷ ᠳᠠᠮᠵᠢᠭᠤᠯᠤᠨ᠂ ᠰᠠᠭᠤᠭᠠᠯᠢ ᠠᠷᠠᠳ ᠤ᠋ᠨ ᠰᠠᠶ᠋ᠢᠨ ᠳᠤᠷ᠎ᠠ ᠡᠴᠡ ᠪᠠᠨ ᠳᠠᠭᠠᠭᠠᠴᠢᠯᠠᠵᠤ ᠠᠪᠬᠤ᠂ ᠡᠮᠬᠢ ᠵᠢᠷᠤᠮ ᠲᠠᠢ ᠪᠠᠷ ᠨᠤᠭᠤᠭ᠎ᠠ ᠲᠠᠷᠢᠬᠤ᠂ ᠲᠣᠭᠲᠠᠭᠠᠯ ᠶᠣᠰᠤᠭᠠᠷ ᠬᠠᠮᠢᠶᠠᠷᠤᠨ ᠬᠠᠮᠠᠭᠠᠯᠠᠬᠤ ᠠᠵᠢᠯ ᠢ᠋ ᠦᠷᠨᠢᠭᠦᠯᠪᠡ᠃ ᠠᠵᠢᠯᠯᠠᠭᠠᠨ ᠤ᠋ ᠪᠦᠬᠦ᠌ ᠶᠠᠪᠤᠴᠠ ᠳ᠋ᠤ ᠢᠯᠡ ᠲᠣᠳᠤ ᠪᠠᠢᠵᠤ᠂ ᠤᠯᠠᠨ ᠲᠦᠮᠡᠨ ᠡᠴᠡ ᠬᠢᠨᠠᠯᠲᠠ ᠲᠠᠯᠪᠢᠵᠤ᠂ ᠬᠤᠪᠢ ᠪᠡᠷ ᠢ᠋ᠶ᠋ᠡᠨ ᠡᠵᠡᠯᠡᠵᠦ ᠳᠤᠷ᠎ᠠ ᠪᠡᠷ ᠢ᠋ᠶ᠋ᠡᠨ ᠲᠠᠷᠢᠬᠤ ᠵᠢ ᠬᠤᠷᠢᠬᠯᠠᠪᠠ᠃ ᠣᠳᠤᠬᠠᠨ ᠳ᠋ᠤ᠂ ᠪᠥᠬᠦ᠌ ᠪᠠᠯᠭᠠᠰᠤ ᠪᠡᠷ ᠢ᠋ᠶ᠋ᠡᠨ ᠨᠢᠭᠡᠨᠲᠡ 1375 ᠬᠡᠰᠡᠭ ᠢᠳᠡᠰᠢᠨ ᠨᠣᠭᠤᠭ᠎ᠠ ᠶ᠋ᠢᠨ ᠭᠠᠵᠠᠷ ᠢ᠋ ᠠᠮᠵᠢᠯᠲᠠ ᠲᠠᠢ ᠪᠡᠷ ᠬᠤᠪᠢᠶᠠᠵᠤ᠂ ᠨᠠᠡᠭ ᠤᠯᠠᠨ ᠰᠠᠭᠤᠭᠠᠯᠢ ᠠᠷᠠᠳ ᠢ᠋ ᠬᠡᠷ ᠤ᠋ᠨ ᠡᠭᠦᠳᠡᠨ ᠳ᠋ᠤᠨᠢ ᠨᠤᠭᠤᠭ᠎ᠠ ᠲᠠᠷᠢᠭᠤᠯᠪᠠ᠃
ᠰᠤᠯᠠ ᠲᠠᠯᠪᠢᠬᠳᠠᠵᠤ ᠪᠠᠢᠭ᠎ᠠ ᠭᠠᠵᠠᠷ ᠢ᠋ ᠨᠣᠭᠤᠭ᠎ᠠ ᠶ᠋ᠢᠨ ᠬᠠᠰᠢᠶ᠎ᠠ ᠪᠤᠯᠭᠠᠬᠰᠠᠨ ᠤ᠋ ᠳᠠᠷᠠᠭ᠎ᠠ᠂ ᠰᠠᠭᠤᠭᠠᠯᠢ ᠠᠷᠠᠳ ᠤ᠋ᠨ ᠲᠣᠭᠤᠷᠢᠭ ᠤ᠋ᠨ ᠥᠩᠭᠡᠷᠡᠭᠰᠡᠨ ᠤ᠋ ᠪᠤᠵᠠᠷ ᠪᠤᠷᠲᠠᠭ ᠡᠷᠦᠢ ᠬᠤᠷᠤᠢ ᠦᠭᠡᠢ ᠪᠠᠢᠬᠰᠠᠨ ᠭᠠᠵᠠᠷ ᠨᠢ ᠴᠡᠪᠡᠷ ᠴᠡᠮᠴᠡᠭᠡᠷ ᠪᠤᠯᠵᠤ᠂ ᠪᠠᠯᠭᠠᠰᠤᠨᠤ ᠦᠡᠭᠭᠡ ᠲᠦᠷᠬᠦ ᠭᠤᠶᠤᠵᠢᠵᠤ᠂ ᠠᠢᠯ ᠰᠠᠭᠠᠬᠠᠯᠳᠠᠵᠢᠨ ᠶᠠᠪᠤᠯᠴᠠᠭ᠎ᠠ ᠴᠦ᠍ ᠰᠠᠢᠵᠢᠷᠠᠭᠰᠠᠨ ᠪᠠᠢᠯ᠎ᠠ᠃ 《ᠥᠩᠭᠡᠷᠡᠭᠰᠡᠨ ᠳ᠋ᠤ ᠡᠨᠡ ᠬᠡᠰᠡᠭ ᠭᠠᠵᠠᠷ ᠢ᠋ ᠬᠠᠮᠢᠶᠠᠷᠬᠤ ᠬᠥᠮᠦᠨᠦᠭᠡᠢ᠂ ᠤᠳᠠᠭᠠᠨ ᠵᠢᠯ ᠡᠯᠳᠡᠪ ᠡᠪᠡᠰᠦ ᠭᠠᠵᠠᠷ ᠰᠠᠢᠦᠭᠡᠢ ᠤᠷᠭᠤᠵᠤ᠂ ᠡᠮᠬᠢ ᠵᠠᠮᠪᠠᠷᠠᠭ᠎ᠠ ᠦᠭᠡᠢ ᠪᠠᠢᠵᠠᠢ᠃ ᠤᠳᠤ ᠵᠢᠵᠢᠭ ᠨᠣᠭᠤᠭ᠎ᠠ ᠶ᠋ᠢᠨ ᠬᠠᠰᠢᠶ᠎ᠠ ᠪᠠᠷ ᠳ᠋ᠤᠭᠠᠷᠯᠠᠨ᠂ ᠪᠢᠳᠡᠨ ᠳ᠋ᠤ ᠬᠤᠪᠢᠶᠠᠨ ᠦᠭᠴᠦ ᠨᠤᠭᠤᠭ᠎ᠠ ᠲᠠᠷᠢᠭᠤᠯᠤᠬᠰᠠᠨ ᠡᠴᠡ ᠴᠡᠪᠡᠷ ᠲᠡᠭᠰᠢ ᠡᠮᠬᠢ ᠵᠢᠷᠦᠮ ᠲᠠᠢ ᠪᠤᠯᠤᠬᠰᠠᠨ ᠪᠦᠭᠡᠳ ᠦᠪᠡᠷ ᠤ᠋ᠨ ᠲᠠᠷᠢᠬᠰᠠᠨ ᠨᠤᠭᠤᠭ᠎ᠠ ᠪᠠᠨ ᠢᠳᠠᠬᠦ ᠳ᠋ᠤ ᠨᠡᠩ ᠰᠠᠨᠠᠭ᠎ᠠ ᠠᠮᠤᠷ ᠪᠠᠢᠵᠤ᠂ ᠠᠮᠢᠳᠤᠷᠠᠯ ᠳ᠋ᠤ ᠴᠦ᠍ ᠪᠠᠭ᠎ᠠ ᠪᠤᠰᠤ ᠪᠠᠶᠠᠷ ᠵᠢᠷᠭᠠᠯ ᠠᠪᠴᠢᠷᠠᠨ ᠦᠭᠬᠦᠯ᠎ᠠ》 ᠭᠡᠵᠦ᠍ ᠳ᠋ᠠ ᠶᠠᠨ ᠪᠠᠯᠭᠠᠰᠤᠨ ᠤ᠋ ᠰᠠᠭᠤᠭᠠᠯᠢ ᠠᠷᠠᠳ ᠨᠢᠩ ᠭᠦᠸᠧ ᠬᠤᠸᠠᠨ ᠨᠣᠭᠤᠭ᠎ᠠ ᠶ᠋ᠢᠨ ᠬᠠᠰᠢᠶ᠎ᠠ ᠪᠠᠨ ᠵᠢᠭᠠᠵᠤ ᠪᠠᠶᠠᠷᠲᠠᠢ ᠬᠡᠯᠡᠨ᠎ᠠ᠃ ᠨᠠᠷᠢᠨ ᠨᠢᠮᠪᠠᠢ ᠠᠷᠠᠴᠢᠯᠠᠭ᠎ᠠ ᠳᠣᠤᠷ᠎ᠠ᠂ ᠲᠡᠬᠦᠨ ᠤ᠋ ᠨᠣᠭᠤᠭ᠎ᠠ ᠶ᠋ᠢᠨ ᠬᠠᠰᠢᠶ᠎ᠠ ᠳ᠋ᠤ ᠡᠯ᠎ᠡ ᠲᠥᠷᠦᠯ ᠤ᠋ᠨ ᠢᠳᠡᠰᠢᠨ ᠨᠣᠭᠤᠭ᠎ᠠ ᠶ᠋ᠢᠨ ᠤᠷᠭᠤᠴᠠ ᠰᠠᠶ᠋ᠢᠨ ᠪᠠᠶ᠋ᠢᠵᠤ᠂ ᠡᠳᠦᠷ ᠲᠤᠲᠤᠮ ᠤ᠋ᠨ ᠢᠳᠡᠰᠢᠨ ᠨᠤᠭᠤᠭ᠎ᠠ ᠶ᠋ᠢᠨ ᠬᠡᠷᠡᠭᠴᠡᠭᠡ ᠪᠠᠨ ᠥᠪᠡᠷ ᠢ᠋ᠶ᠋ᠡᠨ ᠬᠠᠨᠭᠭᠠᠬᠤ ᠵᠢ ᠦᠨᠳᠦᠰᠦᠨ ᠳ᠋ᠡᠭᠡᠨ ᠪᠡᠶᠡᠯᠡᠭᠦᠯᠪᠡ᠃
《ᠵᠢᠵᠢᠭ ᠨᠣᠭᠤᠭ᠎ᠠ ᠶ᠋ᠢᠨ ᠬᠠᠰᠢᠶ᠎ᠠ》 ᠨᠢ ᠰᠠᠭᠤᠭᠠᠯᠢ ᠠᠷᠠᠳ ᠤ᠋ᠨ 《ᠬᠤᠪᠢ ᠶ᠋ᠢᠨ ᠬᠠᠰᠢᠶ᠎ᠠ》 ᠪᠣᠯᠬᠤ ᠪᠡᠷ ᠪᠠᠷᠠᠬᠤ ᠥᠬᠡᠢ᠂ ᠨᠠᠩᠴᠤ᠌ ᠠᠢᠯ ᠰᠠᠭᠠᠬᠠᠯᠳᠠᠵᠢᠨ ᠪᠤᠳᠤᠯ ᠰᠠᠨᠠᠯᠵᠢᠡᠨ ᠰᠤᠯᠢᠯᠴᠠᠵᠤ᠂ ᠬᠠᠢᠷ᠎ᠠ ᠰᠡᠳᠬᠢᠯᠭᠡ ᠪᠠᠨ ᠨᠢᠬᠳᠠᠷᠠᠭᠤᠯᠬᠤ ᠭᠠᠵᠠᠷ ᠪᠤᠯᠤᠭᠰᠠᠨ ᠪᠠᠢᠨ᠎ᠠ᠃ ᠤᠤᠯ ᠳ᠋ᠠᠭᠠᠨ ᠠᠢᠯ ᠰᠠᠭᠠᠬᠠᠯᠳᠠ ᠪᠡᠷ ᠢ᠋ᠶ᠋ᠡᠨ ᠨᠢᠬᠳᠠ ᠬᠠᠷᠢᠯᠴᠠᠳᠠᠭ ᠦᠭᠡᠢ ᠪᠠᠢᠵᠠᠢ᠂ ᠣᠳᠤ ᠣᠯᠠᠨ ᠢ᠋ᠶ᠋ᠡᠷ ᠢ᠋ᠶ᠋ᠡᠨ ᠦᠷᠭᠦᠯᠵᠢ ᠨᠣᠭᠤᠭ᠎ᠠ ᠶ᠋ᠢᠨ ᠬᠠᠰᠢᠶ᠎ᠠ ᠶ᠋ᠢᠨ ᠲᠡᠷᠭᠡᠲᠡ ᠠᠭᠤᠯᠵᠠᠵᠤ᠂ ᠴᠢᠬᠢ ᠪᠣᠶ᠋ᠢᠵᠢᠭᠤᠯᠬᠤ᠂ ᠤᠰᠤᠯᠠᠬᠤ᠂ ᠡᠪᠡᠰᠦ ᠠᠷᠢᠯᠭᠠᠬᠤ᠂ ᠬᠤᠷᠤᠬᠠᠢ ᠵᠢ ᠰᠡᠷᠭᠡᠶ᠋ᠢᠯᠡᠬᠦ᠌ ᠲᠤᠬᠠᠢ ᠠᠷᠭ᠎ᠠ ᠲᠤᠷᠰᠢᠯᠭ᠎ᠠ ᠪᠠᠨ ᠰᠣᠯᠢᠯᠴᠠᠬᠤ ᠵᠢᠨ ᠬᠠᠮᠳᠤ ᠥᠪᠡᠷ ᠢ᠋ᠶ᠋ᠡᠨ ᠲᠠᠷᠢᠬᠰᠠᠨ ᠢᠳᠡᠰᠢᠨ ᠨᠤᠭᠤᠭ᠎ᠠ ᠪᠠᠨ ᠠᠢᠯ ᠰᠠᠭᠠᠬᠠᠯᠳᠠ ᠳ᠋ᠠᠭᠠᠨ ᠬᠦᠷᠭᠡᠵᠦ᠍ ᠬᠤᠪᠢᠶᠠᠯᠴᠠᠨ ᠢᠳᠡᠵᠤ ᠂ ᠬᠠᠢᠷ᠎ᠠ ᠰᠡᠳᠬᠢᠯᠭᠡ ᠪᠠᠨ ᠵᠤᠵᠠᠭᠠᠳᠬᠠᠨ᠎ᠠ᠃
ᠥᠷᠯᠦᠭᠡ ᠡᠷᠲᠡ᠂ ᠰᠢᠶᠠᠩ ᠬᠤᠢ ᠨᠡᠶ᠋ᠢᠭᠡᠮ ᠲᠣᠭᠤᠷᠢᠭ ᠤ᠋ᠨ ᠵᠢᠵᠢᠭ ᠨᠣᠭᠤᠭ᠎ᠠ ᠶ᠋ᠢᠨ ᠬᠠᠰᠢᠶᠠᠳᠤ ᠴᠥᠭᠡᠨ ᠪᠤᠰᠤ ᠰᠠᠭᠤᠭᠠᠯᠢ ᠠᠷᠠᠳ ᠡᠳᠦᠷ ᠤ᠋ᠨ ᠰᠡᠷᠢᠭᠦᠨ ᠢ᠋ ᠠᠮᠵᠢᠨ ᠨᠤᠭᠤᠭ᠎ᠠ ᠶ᠋ᠢᠨ ᠭᠠᠵᠠᠷ ᠢ᠋ᠶ᠋ᠡᠨ ᠠᠷᠠᠴᠢᠯᠠᠨ ᠬᠠᠮᠢᠶᠠᠷᠴᠤ᠌ ᠪᠠᠶ᠋ᠢᠬᠤ ᠵᠢ ᠰᠤᠷᠪᠤᠯᠵᠢᠯᠠᠬᠴᠢ ᠤᠯᠵᠤ ᠬᠠᠷᠠᠯ᠎ᠠ᠃ ᠰᠠᠭᠤᠭᠠᠯᠢ ᠠᠷᠠᠳ ᠶᠢᠨ ᠬᠦᠢ ᠯᠠᠨ ᠠᠯᠢ ᠡᠷᠲᠡ ᠥᠪᠡᠷᠦᠨ ᠨᠣᠭᠤᠭ᠎ᠠ ᠶ᠋ᠢᠨ ᠭᠠᠵᠠᠷ ᠲᠠᠭᠠᠨ ᠢᠷᠡᠵᠦ᠍᠂ ᠡᠪᠡᠰᠦ ᠠᠷᠢᠯᠭᠠᠵᠤ ᠰᠢᠷᠤᠢ ᠵᠦᠭᠡᠯᠡᠷᠡᠭᠦᠯᠵᠦ ᠶᠠᠭᠠᠷᠠᠨ᠎ᠠ᠃ ᠲᠠᠷᠠ᠄ 《ᠵᠢᠵᠢᠭ ᠨᠤᠭᠤᠭᠠᠵᠢᠨ ᠬᠠᠰᠢᠶ᠎ᠠ ᠳ᠋ᠠᠭᠠᠨ ᠢᠳᠡᠰᠢᠨ ᠨᠤᠭᠤᠭ᠎ᠠ ᠲᠠᠷᠢᠬᠤ ᠨᠢ ᠠᠮᠤᠷ ᠲᠦᠪᠰᠢᠨ ᠴᠤᠯ ᠪᠠᠢᠭᠠᠯᠢᠯᠢᠭ ᠨᠤᠭᠤᠭ᠎ᠠ ᠤᠯᠵᠤ ᠢᠳᠡᠬᠦ ᠪᠤᠯᠤᠭᠰᠠᠨ ᠪᠠᠢᠨ᠎ᠠ》 ᠭᠡᠵᠤ ᠢᠨᠢᠶᠠᠮᠰᠦᠭᠯᠡᠨ ᠭᠡᠯᠡᠨ᠎ᠠ᠃
ᠰᠠᠭᠤᠭᠠᠯᠢ ᠠᠷᠠᠳ ᠨᠢᠭᠡᠪᠤᠷᠢ ᠬᠤᠪᠢᠳᠠᠵᠤ ᠤᠯᠤᠭᠰᠠᠨ ᠨᠤᠭᠤᠭᠠᠵᠢᠨ ᠬᠠᠰᠢᠶ᠎ᠠ ᠪᠠᠨ ᠥᠪᠡᠰᠦᠪᠡᠨ ᠳᠠᠷᠢᠵᠤ ᠥᠪᠡᠰᠦᠪᠡᠨ ᠬᠠᠮᠢᠶᠠᠷᠴᠤ᠌᠂ ᠰᠢᠭᠡᠭ ᠪᠣᠷᠳᠤᠭᠤᠷ ᠤᠷᠤᠭᠤᠯᠤᠨ᠂ ᠬᠥᠮᠦᠨ ᠤ᠋ ᠬᠦᠴᠦ ᠪᠡᠷ ᠠᠷᠠᠴᠢᠯᠠᠨ ᠬᠠᠮᠢᠶᠠᠷᠴᠤ᠂ ᠪᠤᠯᠪᠠᠰᠤᠷᠠᠬᠤ ᠵᠢ ᠲᠦᠷᠭᠡᠳᠭᠡᠬᠦ ᠡᠮ ᠬᠡᠷᠡᠭᠯᠡᠬᠦᠦᠭᠡᠢ ᠪᠠᠢᠳᠠᠭ ᠡᠴᠡ ᠢᠳᠡᠰᠢᠨ ᠨᠤᠭᠤᠭ᠎ᠠ ᠨᠢ ᠪᠣᠬᠢᠷᠲᠤᠯ᠎ᠦᠭᠡᠢ ᠰᠢᠨ᠎ᠡ ᠰᠣᠷᠭᠤᠭ ᠠᠮᠤᠷ ᠲᠦᠪᠰᠢᠨ ᠪᠠᠶ᠋ᠢᠵᠤ᠂ ᠤᠯᠠᠨ ᠲᠦᠮᠡᠨ ᠤ᠋ 《ᠢᠳᠡᠭᠡᠨ ᠤ᠋ ᠠᠮᠤᠷ ᠲᠦᠪᠰᠢᠨ》 ᠢ᠋ ᠪᠠᠲᠤᠯᠠᠭ᠎ᠠ ᠲᠠᠢ ᠪᠣᠯᠭᠠᠵᠠᠢ᠃
《ᠵᠢᠵᠢᠭ ᠨᠣᠭᠤᠭᠠᠵᠢᠨ ᠬᠠᠰᠢᠶ᠎ᠠ》 ᠨᠢ ᠦᠨᠳᠦᠰᠦᠨ ᠱᠠᠲᠤᠨ ᠤ᠋ ᠵᠠᠰᠠᠯᠲᠠ ᠶ᠋ᠢᠨ ᠬᠤᠪᠢᠷᠠᠯᠲᠠ ᠵᠢ ᠳᠤᠰᠭᠠᠨᠠ᠃ ᠥᠩᠭᠡᠷᠡᠭᠰᠡᠨ ᠳ᠋ᠤ ᠬᠠᠮᠢᠶᠠᠷᠬᠤ ᠬᠥᠮᠦᠨᠦᠭᠡᠢ ᠰᠤᠯᠠ ᠲᠠᠯᠪᠢᠬᠳᠠᠵᠤ ᠪᠠᠢᠬᠰᠠᠨ ᠭᠠᠵᠠᠷ ᠢ᠋ ᠣᠲᠤ᠌ ᠨᠢᠭᠡᠳᠦᠯᠲᠡᠢ ᠲᠥᠯᠦᠪᠵᠢᠭᠦᠯᠬᠦ᠂ ᠨᠡᠶ᠋ᠢᠭᠡᠮ ᠲᠣᠭᠤᠷᠢᠭ ᠡᠴᠡ ᠵᠢᠷᠤᠮᠵᠢᠭᠤᠯᠤᠨ ᠬᠠᠮᠢᠶᠠᠷᠬᠤ᠂ ᠰᠠᠭᠤᠭᠠᠯᠢ ᠠᠷᠠᠳ ᠰᠠᠨᠠᠭᠠᠴᠢᠯᠠᠭ᠎ᠠ ᠡᠴᠡ ᠪᠠᠨ ᠣᠷᠤᠯᠴᠠᠬᠤ ᠪᠡᠷ ᠳᠠᠮᠵᠢᠭᠤᠯᠤᠨ ᠡᠬᠢ ᠪᠠᠶᠠᠯᠢᠭ ᠪᠤᠯᠭᠠᠨ ᠠᠮᠢᠯᠠᠭᠤᠯᠵᠤ᠂ ᠬᠥᠮᠦᠰ ᠤ᠋ᠨ ᠣᠷᠤᠰᠢᠨ ᠰᠠᠭᠤᠷᠢᠰᠢᠬᠤ ᠣᠷᠴᠢᠨ ᠲᠣᠭᠤᠷᠢᠨ ᠢ᠋ ᠭᠤᠶᠤᠵᠢᠭᠤᠯᠤᠬᠰᠠᠨ ᠮᠥᠷᠲᠡᠭᠡᠨ ᠪᠠᠰᠠ ᠣᠯᠠᠨ ᠲᠦᠮᠡᠨ ᠤ᠋ ᠡᠳᠦᠷ ᠲᠤᠲᠤᠮ ᠤ᠋ᠨ ᠠᠮᠢᠳᠤᠷᠠᠯ ᠢ᠋ ᠪᠠᠶᠠᠯᠢᠭᠵᠢᠭᠤᠯᠵᠤ᠂ ᠣᠷᠴᠢᠨ ᠲᠣᠭᠤᠷᠢᠨ ᠤ᠋ ᠵᠠᠰᠠᠯᠲᠠ ᠪᠠ ᠠᠷᠠᠳ ᠤ᠋ᠨ ᠠᠮᠢᠳᠤᠷᠠᠯ ᠤ᠋ᠨ ᠬᠡᠷᠡᠭᠴᠡᠭᠡ ᠱᠠᠭᠠᠷᠳᠠᠯᠭ᠎ᠠ ᠶ᠋ᠢᠨ ᠬᠤᠤᠰ ᠴᠢᠭᠯᠡᠯ ᠢ᠋ᠶ᠋ᠡᠷ ᠠᠰᠢᠭ ᠭᠥᠷᠳᠡᠬᠦ ᠵᠢ ᠪᠡᠶᠡᠯᠡᠭᠦᠯᠪᠡ᠃
ᠳ᠋ᠠ ᠶᠠᠨ ᠪᠠᠯᠭᠠᠰᠤ ᠡᠢᠨᠬᠦ ᠪᠦᠳᠤᠮᠵᠢᠳᠠᠢ ᠠᠷᠭ᠎ᠠ ᠬᠡᠮᠵᠢᠶ᠎ᠡ ᠪᠡᠷ ᠵᠠᠰᠠᠯᠲᠠ ᠶ᠋ᠢᠨ ᠳᠤᠲᠠᠭᠤᠳᠠᠯ ᠢ᠋ ᠨᠦᠬᠦᠪᠦᠷᠢᠯᠡᠨ᠂ ᠤᠯᠠᠨ ᠲᠦᠮᠡᠨ ᠤ᠋ ᠬᠡᠷᠡᠭᠴᠡᠭᠡ ᠱᠠᠭᠠᠷᠳᠠᠯᠭ᠎ᠠ ᠳ᠋ᠤ ᠣᠶ᠋ᠢᠷᠠᠲᠤᠭᠤᠯᠵᠤ᠂ ᠵᠢᠵᠢᠭ ᠨᠤᠭᠤᠭᠠᠵᠢᠨ ᠬᠠᠰᠢᠶ᠎ᠠ ᠪᠠᠷ ᠤᠷᠴᠢᠨ ᠲᠤᠭᠤᠷᠢᠨ ᠢ᠋ ᠭᠤᠶᠤᠵᠢᠭᠤᠯᠬᠤ᠂ ᠬᠥᠷᠰᠢ ᠵᠡᠷᠭᠡᠯᠡᠳᠡᠭᠡ ᠵᠢ ᠡᠶ᠎ᠡ ᠨᠠᠢᠷᠲᠠᠢ ᠪᠤᠯᠭᠠᠬᠤ᠂ ᠤᠯᠠᠨ ᠲᠦᠮᠡᠨ ᠳ᠋ᠤ ᠪᠠᠶᠠᠷ ᠵᠢᠷᠭᠠᠯ ᠲᠠᠢ ᠰᠠᠨᠠᠭ᠎ᠠ ᠲᠠᠨᠢᠬᠦᠨ ᠠᠮᠢᠳᠤᠷᠠᠯ ᠡᠳ᠋ᠯᠡᠬᠦᠯᠬᠦᠵᠢ ᠪᠡᠶᠡᠯᠡᠭᠦᠯᠵᠦ᠂ ᠲᠠᠳᠠᠨᠠᠷᠤᠨ ᠵᠢᠷᠭᠠᠯᠳᠤ ᠲᠦᠷᠦᠭᠳᠡᠯ᠂ ᠬᠦᠷᠳᠡᠮᠵᠢᠵᠢᠨ ᠲᠦᠷᠦᠭᠳᠡᠯ ᠪᠠ ᠠᠮᠤᠷ ᠲᠦᠪᠰᠢᠨᠤ ᠲᠦᠷᠦᠭᠳᠡᠯᠢ ᠨᠠᠮᠡᠭᠳᠡᠬᠦᠯᠬᠦ ᠠᠵᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃