ᠲᠡᠷᠢᠭᠦᠨ ᠨᠢᠭᠤᠷ>ᠦᠢᠯᠡᠴᠢᠯᠡᠭᠡ ᠵᠦᠪᠯᠡᠯᠭᠡ>ᠡᠷᠡᠭᠦᠯ ᠡᠩᠬᠡ

2026-11-27 16:33:36

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

《ᠠᠮᠠᠷᠬᠠᠨ ᠮᠠᠷᠢᠶᠠᠯᠠᠬᠤ ᠭᠧᠨ》 ᠨᠢ ᠶᠠᠮᠠᠷ ᠭᠠᠳᠠᠭᠠᠳᠤ ᠬᠦᠴᠦᠨ ᠵᠦᠢᠯ᠎ᠳᠤ ᠨᠦᠯᠦᠬᠡᠯᠡᠭᠳᠡᠵᠤ᠂ ᠶᠠᠮᠠᠷ ᠢᠯᠡᠷᠡᠯ ᠭᠠᠷᠳᠠᠭ ᠪᠤᠢ?

ᠬᠡᠲᠦ ᠶᠡᠭᠡ ᠬᠤᠭᠤᠯᠠ ᠤᠮᠳᠠ ᠢᠳᠡᠬᠦ᠌᠂ ᠬᠡᠲᠦ ᠲᠦᠷᠭᠡᠨ ᠬᠤᠭᠤᠯᠠ ᠢᠳᠡᠬᠦ᠌᠂ ᠪᠠᠢᠩᠭᠤ ᠲᠣᠰᠤ ᠶᠡᠬᠡᠳᠡᠢ᠂ ᠳᠠᠪᠤᠰᠤ ᠶᠡᠭᠡᠳᠡᠢ᠂ ᠥᠭᠡᠬᠦ᠌ ᠶᠡᠬᠡᠳᠡᠢ ᠡᠷᠡᠭᠦᠯ ᠪᠤᠰᠤ ᠢᠳᠡᠭᠡᠨ ᠢᠳᠡᠵᠦ᠍᠂ ᠲᠠᠮᠠᠢ ᠬᠥᠳᠡᠯᠭᠡᠭᠡᠨ ᠬᠢᠬᠦ ᠦᠭᠡᠢ᠂ ᠤᠨᠲᠠᠯᠭ᠎ᠠ᠎ᠨᠢ ᠴᠠᠭ ᠴᠢᠭ ᠦᠭᠡᠢ᠂ ᠠᠵᠢᠯᠯᠠᠬᠤ᠎ᠨᠢ ᠵᠢᠮ᠎ᠠ ᠦᠭᠡᠢ ᠪᠠᠢᠳᠠᠭ ᠡᠴᠨ ᠠᠮᠠᠷᠬᠠᠨ ᠮᠠᠷᠢᠶᠠᠯᠠᠳᠠᠭ᠃ ᠡᠬᠦᠨ ᠡᠴᠨ ᠭᠠᠳᠠᠨ᠎ᠠ ᠡᠮ᠎ᠤᠨ ᠨᠥᠯᠥᠭᠡ ᠪᠠᠰᠠ ᠪᠤᠢ᠃ ᠵᠠᠷᠢᠮ ᠬᠤᠷᠮᠣᠨ᠎ᠤ ᠲᠥᠷᠥᠯ᠂ ᠴᠢᠰᠤᠨ ᠱᠢᠬᠢᠷ᠎ᠢ ᠪᠠᠭᠤᠷᠠᠭᠤᠯᠬᠤ ᠡᠮ᠎ᠨᠢ ᠪᠡᠶ᠎ᠡ᠎ᠶ᠋ᠢᠨ ᠬᠦᠨᠳᠦᠴᠡ᠎ᠶ᠋ᠢ ᠨᠡᠮᠡᠭ᠌ᠳᠡᠭᠦᠯᠵᠦ᠍ ᠮᠡᠳᠡᠬᠦ ᠪᠦᠬᠡᠳ ᠪᠤᠰᠤᠳ ᠡᠪᠡᠳᠴᠢᠨ᠎ᠡᠴᠠ ᠪᠤᠯᠵᠤ ᠮᠠᠷᠢᠶᠠᠯᠠᠬᠤ ᠪᠤᠯᠤᠮᠵᠢ ᠴᠤ᠌ ᠪᠠᠢᠳᠠᠭ᠂ ᠲᠤᠬᠠᠢᠯᠠᠪᠠᠯ ᠠᠷᠠᠰᠤᠨ᠎ᠤ ᠠᠯᠺᠥᠥᠯ ᠨᠡᠮᠡᠭ᠌ᠳᠡᠬᠦ᠌ ᠬᠠᠮ ᠡᠪᠡᠳᠴᠢᠨ ᠵᠡᠷᠭᠡ ᠨᠢ ᠮᠦᠨ ᠪᠠᠶ᠎ᠠ ᠵᠢᠨ ᠬᠦᠨᠳᠤ ᠵᠢ ᠨᠡᠮᠡᠭᠳᠡᠬᠦᠯᠳᠡᠭ ᠶᠤᠮ᠃

《ᠠᠮᠠᠷᠬᠠᠨ ᠮᠠᠷᠢᠶᠠᠯᠠᠳᠠᠭ ᠪᠡᠶ᠎ᠡ ᠮᠠᠬᠠᠪᠣᠳ》 ᠨᠢ ᠲᠥᠷᠥᠯᠬᠢ ᠭᠧᠨ᠎ᠤ ᠨᠥᠯᠥᠭᠡ᠎ᠶ᠋ᠢ ᠬᠦᠷᠲᠡᠵᠤ᠂ ᠤᠷᠲᠤ ᠬᠤᠭᠤᠴᠠᠭ᠎ᠠ᠎ᠪᠠᠷ ᠡᠷᠡᠭᠦᠯ ᠪᠤᠰᠤ ᠬᠤᠭᠤᠯᠠ ᠤᠮᠳ᠋ᠨ ᠢᠳᠡᠬᠦ᠌ ᠳᠠᠳᠭᠠᠯ ᠵᠡᠷᠭᠡ ᠲᠦᠷᠦᠯᠬᠢ ᠪᠤᠰᠤ ᠬᠦᠴᠦᠨ ᠵᠦᠢᠯ᠎ᠤᠨ ᠨᠥᠯᠥᠭᠡ᠎ᠶ᠋ᠢ ᠬᠦᠷᠲᠡᠭ᠌ᠰᠡᠨ᠎ᠡᠴᠠ ᠪᠤᠯᠵᠠᠢ᠃ ᠤᠷᠲᠤ ᠬᠤᠭᠤᠴᠠᠭᠠᠨ᠎ᠤ ᠡᠷᠡᠭᠦᠯ ᠪᠤᠰᠤ ᠠᠮᠢᠳᠤᠷᠠᠯ᠎ᠤᠨ ᠠᠷᠭ᠎ᠠ ᠬᠡᠯᠪᠡᠷᠢ᠎ᠨᠢ ᠭᠡᠳᠡᠰᠦ ᠪᠠ ᠳᠣᠲᠣᠭᠠᠳᠤ ᠱᠦᠭᠦᠷᠡᠯ᠎ᠤᠨ ᠴᠢᠳᠠᠮᠵᠢ᠎ᠶ᠋ᠢ ᠨᠥᠯᠥᠭᠡᠯᠡᠵᠦ᠍᠂ ᠭᠡᠳᠡᠰᠦᠨ᠎ᠤ ᠪᠠᠺᠲ᠋ᠧᠷᠢ᠎ᠶ᠋ᠢᠨ ᠰᠦᠷᠦᠭ᠎ᠢ ᠬᠤᠪᠢᠷᠠᠭᠤᠯᠤᠨ᠂ ᠳᠠᠮ᠎ᠢᠶᠠᠷ 《ᠠᠮᠠᠷᠬᠠᠨ ᠮᠠᠷᠢᠶᠠᠯᠠᠬᠤ ᠪᠡᠶ᠎ᠡ ᠮᠠᠬᠠᠪᠣᠳ》 ᠲᠠᠢ ᠪᠤᠯᠭᠠᠵᠤ ᠮᠡᠳᠡᠨ᠎ᠡ ᠭᠡᠵᠦ᠍ ᠲᠤᠰᠭᠠᠢ ᠮᠡᠷᠭᠡᠵᠢᠯᠲᠡᠨ᠎ᠡᠴᠠ ᠰᠠᠨᠠᠭᠤᠯᠵᠠᠢ᠃



ᠡᠨᠡ 8 ᠳᠠᠳᠭᠠᠯ᠎ᠨᠢ ᠬᠡᠳᠡᠰᠦ᠎ᠶ᠋ᠢ ᠴᠢᠨᠢ ᠠᠮᠠᠷᠠᠬᠨ ᠮᠠᠷᠢᠶᠠᠯᠠᠭᠤᠯᠳᠠᠭ᠎ᠤᠨ ᠰᠢᠯᠳᠠᠭᠠᠨ ᠪᠤᠯᠤᠨ᠎ᠠ᠃

1. ᠰᠢᠬᠢᠷ ᠤᠯᠠᠨ ᠢᠳᠡᠬᠦ᠃ ᠰᠤᠳᠤᠯᠭᠠᠨ᠎ᠳᠤ ᠢᠯᠡᠷᠡᠬᠦᠯᠦᠭ᠌ᠰᠡᠨ᠎ᠢᠶᠠᠷ ᠱᠢᠬᠢᠷ ᠢᠳᠡᠬᠦ᠌᠎ᠳᠡᠭᠡᠨ ᠬᠡᠮᠵᠢᠶ᠎ᠡ᠎ᠶ᠋ᠢ᠎ᠨᠢ ᠡᠳᠦᠷ᠎ᠲᠤ 50 ᠭᠷᠡᠮ ᠡᠴᠨ ᠭᠡᠳᠦᠷᠡᠭᠦᠯᠪᠡᠯ ᠳᠣᠲᠣᠷ ᠡᠷᠬᠡᠲᠡᠨ᠎ᠤ ᠦᠬᠡᠬᠦᠨ᠎ᠤ ᠡᠵᠡᠯᠡᠬᠦᠨ᠎ᠨᠢ ᠱᠢᠬᠢᠷ ᠨᠡᠮᠡᠵᠤ ᠢᠳᠡᠭ᠌ᠰᠡᠨ ᠬᠡᠮᠵᠢᠶᠡᠨ᠎ᠡᠴᠠ ᠢᠯᠡᠷᠬᠡᠢ ᠦᠨᠳᠤᠷ ᠪᠤᠯᠳᠠᠭ᠃

2. ᠭᠤᠯᠢᠷ ᠳᠤᠳᠤᠷᠭ᠎ᠠ ᠵᠢᠨ ᠲᠦᠷᠤᠯ᠎ᠤᠨ ᠬᠤᠭᠤᠯᠠ ᠵᠢ ᠤᠯᠠᠨ ᠢᠳᠡᠬᠦ᠃ ᠵᠢᠱ᠌ᠢᠶᠡᠯᠡᠪᠡᠯ ᠮᠠᠨᠲᠠᠤ᠂ ᠴᠠᠭᠠᠨ ᠪᠤᠳᠠᠭ᠎ᠠ᠎ᠨᠢ ᠱᠢᠬᠢᠷ᠎ᠢ ᠲᠦᠷᠭᠡᠨ ᠦᠨᠳᠦᠷᠵᠢᠬᠦᠯᠳᠡᠭ᠃ ᠰᠤᠳᠤᠯᠭᠠᠨ᠎ᠳᠤ ᠢᠯᠡᠷᠡᠬᠦᠯᠦᠭ᠌ᠰᠡᠨ᠎ᠢᠶᠠᠷ ᠱᠢᠬᠢᠷ᠎ᠢ ᠲᠦᠷᠭᠡᠨ ᠦᠨᠳᠦᠷᠵᠢᠬᠦᠯᠬᠦ᠌ ᠢᠳᠡᠭᠡᠨ᠎ᠢ ᠢᠳᠡᠪᠡᠯ ᠨᠡᠩ ᠠᠮᠠᠷᠬᠠᠨ ᠳᠣᠲᠣᠷ ᠡᠷᠬᠡᠲᠡᠨ᠎ᠢ ᠥᠭᠡᠬᠦᠯᠡᠬᠦᠯᠳᠡᠭ ᠪᠠᠢᠨ᠎ᠠ᠃

3. ᠦᠬᠡᠬᠦ᠌ ᠢᠳᠡᠬᠦ᠃ ᠰᠤᠳᠤᠯᠭᠠᠨ᠎ᠳᠤ ᠢᠯᠡᠷᠡᠬᠦᠯᠦᠭ᠌ᠰᠡᠨ᠎ᠢᠶᠠᠷ ᠬᠡᠲᠦ ᠶᠡᠭᠡ ᠥᠭᠡᠬᠦᠨ ᠬᠦᠴᠢᠯ᠎ᠨᠢ ᠲᠤᠳᠤᠷ ᠡᠷᠭᠡᠳᠡᠨ᠎ᠤ ᠥᠭᠡᠬᠦᠯᠡᠬᠦ᠌᠎ᠶ᠋ᠢ ᠨᠡᠮᠡᠭ᠌ᠳᠡᠭᠦᠯᠳᠡᠭ᠃ ᠥᠭᠡᠬᠦᠨ ᠬᠦᠴᠢᠯ᠎ᠨᠢ ᠬᠡᠪᠡᠯᠢ᠎ᠶ᠋ᠢᠨ ᠠᠷᠠᠰᠤᠨ᠎ᠤ ᠥᠭᠡᠬᠦ᠌᠎ᠶ᠋ᠢ ᠪᠠᠭᠤᠷᠠᠭᠤᠯᠬᠤ᠎ᠳᠤ ᠬᠠᠷᠢᠴᠠᠩᠭᠤᠢ ᠠᠱᠢᠭ ᠦᠭᠡᠢ ᠪᠠᠢᠳᠠᠭ᠂ ᠭᠡᠳᠦᠢᠪᠡᠷ ᠳᠣᠲᠣᠷ ᠡᠷᠬᠡᠲᠡᠨ ᠥᠭᠡᠬᠦᠯᠡᠭ᠌ᠰᠡᠨ ᠦᠬᠡᠢ ᠪᠤᠯᠪᠠᠴᠤ᠌ ᠬᠡᠪᠡᠯᠢ᠎ᠶ᠋ᠢᠨ ᠠᠷᠠᠰᠤᠨ᠎ᠤ ᠥᠭᠡᠬᠦ᠌ ᠠᠷᠪᠢᠳᠠᠪᠠᠯ ᠭᠡᠳᠡᠰᠦ ᠮᠦᠨ ᠯᠠ ᠮᠠᠷᠢᠶᠠᠯᠠᠳᠠᠭ᠃

4. ᠠᠷᠢᠬᠢ ᠤᠤᠭᠤᠬᠤ᠃ ᠪᠡᠶ᠎ᠡ᠎ᠶ᠋ᠢᠨ ᠬᠦᠨᠳᠦ᠍᠎ᠨᠢ ᠬᠡᠪ᠎ᠤᠨ ᠪᠤᠶᠤ ᠮᠠᠷᠢᠶᠠᠳᠠᠢ ᠬᠥᠮᠦᠨ ᠭᠠᠷᠠᠭ ᠪᠤᠯᠭᠠᠨ ᠨᠡᠯᠢᠶᠡᠳ ᠶᠡᠭᠡ ᠬᠡᠮᠵᠢᠶ᠎ᠡ᠎ᠪᠠᠷ ᠠᠷᠢᠬᠢ ᠤᠤᠭᠤᠪᠠᠯ ᠬᠡᠪᠡᠯᠢ᠎ᠶ᠋ᠢᠨ ᠬᠡᠰᠡᠭ᠎ᠲᠠᠬᠢ ᠦᠭᠡᠬᠦ᠌ ᠨᠢ ᠶᠠᠷᠢᠶᠠᠨ ᠦᠬᠡᠢ ᠨᠡᠮᠡᠭ᠌ᠳᠡᠬᠦ᠌ ᠪᠤᠯᠤᠨ᠎ᠠ᠃

5. ᠳᠠᠪᠤᠰᠤ ᠶᠡᠬᠡᠳᠡᠢ ᠢᠳᠡᠭᠡᠨ ᠢᠳᠡᠬᠦ᠃ ᠲᠠᠪᠤᠰᠤ ᠶᠡᠭᠡ ᠢᠳᠡᠪᠡᠯ ᠴᠢᠰᠤᠨ ᠳᠠᠷᠤᠯᠲᠠ᠎ᠶ᠋ᠢ ᠦᠨᠳᠦᠷ ᠪᠤᠯᠭᠠᠬᠤ᠎ᠪᠠᠷ ᠪᠠᠷᠠᠬᠤ ᠦᠭᠡᠢ ᠪᠠᠰᠠ ᠬᠥᠮᠦᠨ᠎ᠢ ᠮᠠᠷᠢᠶᠠᠯᠠᠭᠤᠯᠵᠤ᠂ ᠭᠡᠳᠡᠰᠦ ᠪᠡᠷ ᠵᠢᠠᠨ ᠨᠡᠩ ᠮᠠᠷᠢᠶᠠᠯᠠᠳᠠᠭ᠃ ᠳᠠᠪᠤᠰᠤ᠎ᠨᠢ ᠡᠨᠧᠷᠭᠢ ᠶᠡᠬᠡᠳᠡᠢ ᠢᠳᠡᠭᠡᠨ᠎ᠪᠤᠯᠬᠤ ᠡᠴᠠ ᠭᠠᠳᠠᠨ᠎ᠠ ᠲᠤᠰᠠᠭᠠᠷ ᠤᠷᠤᠱᠢᠵᠦ᠍ ᠪᠦᠬᠦᠢ ᠮᠠᠷᠢᠶᠠᠯᠠᠭᠤᠯᠬᠤ ᠪᠤᠯᠤᠮᠵᠢ ᠲᠠᠢ ᠢᠳᠡᠬᠡᠨ ᠪᠤᠯᠬᠤ ᠵᠢ ᠣᠯᠠᠨ ᠲᠠᠯ᠎ᠠ᠎ᠶ᠋ᠢᠨ ᠰᠤᠳᠤᠯᠭᠠᠨ ᠬᠠᠷᠠᠭᠤᠯᠤᠬ᠍ᠰᠠᠨ ᠪᠠᠢᠨ᠎ᠠ᠃

6. ᠨᠣᠭᠤᠭ᠎ᠠ ᠢᠳᠡᠬᠦ᠌ ᠦᠭᠡᠶ᠃ ᠤᠷᠲᠤ ᠬᠤᠭᠤᠴᠠᠭ᠎ᠠ᠎ᠪᠠᠷ ᠨᠣᠭᠤᠭ᠎ᠠ᠎ᠴᠦᠬᠡᠨ ᠢᠳᠡᠬᠦ᠌ ᠪᠤᠶᠤ ᠴᠢᠨᠠᠭᠱᠢᠯᠠᠪᠠᠯ ᠨᠣᠭᠤᠭ᠎ᠠ ᠢᠳᠡᠬᠦ᠌ ᠦᠭᠡᠢ ᠪᠣᠯ ᠬᠤᠭᠤᠯᠠ ᠤᠮᠳᠠ ᠵᠢᠨ ᠪᠦᠲᠦᠴᠡ᠎ᠨᠢ ᠵᠣᠬᠢᠰ ᠦᠭᠡᠢ ᠪᠤᠯᠵᠤ᠂ ᠱᠢᠮ᠎ᠡ ᠲᠡᠵᠢᠭᠡᠯ᠎ᠨᠢ ᠲᠡᠩᠴᠡᠬᠦᠷᠢ ᠪᠡᠨ ᠠᠯᠳᠠᠳᠠᠭ᠃ ᠡᠢᠮᠦ᠍᠎ᠡᠴᠠ ᠬᠤᠭᠤᠯᠠᠨ᠎ᠳᠤ ᠴᠢᠨᠢ ᠱᠢᠷᠭᠡᠭ᠌ᠯᠢᠭ ᠢᠳᠡᠭᠡᠨ ᠪᠠᠭᠠᠰᠴᠤ᠌ ᠬᠤᠳᠣᠭᠤᠳᠣ ᠭᠡᠳᠡᠰᠦ᠎ᠶ᠋ᠢᠨ ᠰᠤᠯᠢᠯᠴᠠᠭ᠎ᠠ ᠤᠳᠠᠭᠠᠱᠢᠷᠠᠬ᠍ᠰᠠᠨ᠎ᠡᠴᠠ ᠪᠤᠯᠵᠤ ᠮᠠᠷᠢᠶᠠᠯᠠᠬᠤ ᠬᠤᠷᠭᠤᠰᠤᠯᠠᠬᠤ ᠵᠡᠷᠭᠡ ᠠᠰᠠᠭᠤᠳᠠᠯ ᠭᠠᠷᠳᠠᠭ ᠪᠠᠢᠨ᠎ᠠ᠃

7. ᠬᠡᠳᠦ ᠲᠦᠷᠭᠡᠨ ᠬᠤᠭᠤᠯᠠ ᠢᠳᠡᠬᠦ᠌᠃ ᠬᠤᠭᠤᠯᠠ ᠢᠳᠡᠬᠦ᠌ ᠬᠤᠷᠳᠤᠴᠠ᠎ᠨᠢ ᠭᠡᠳᠦ ᠲᠦᠷᠭᠡᠨ ᠪᠤᠯ ᠴᠢᠰᠤᠨ ᠱᠢᠬᠢᠷ᠎ᠢ ᠲᠦᠷᠭᠡᠨ ᠦᠨᠳᠦᠷᠵᠢᠬᠦᠯᠳᠡᠭ᠂ ᠡᠨᠡ ᠦᠶ᠎ᠡ᠎ᠳᠤ ᠪᠡᠶ᠎ᠡ ᠵᠢᠨ ᠱᠢᠬᠢᠷ᠎ᠤᠨ ᠬᠡᠮᠵᠢᠶ᠎ᠠ ᠪᠠᠭᠤᠷᠠᠵᠤ᠂ ᠢᠯᠡᠭᠦᠴᠡ ᠦᠵᠦᠮ᠎ᠤᠨ ᠱᠢᠬᠢᠷ᠎ᠢ ᠥᠭᠡᠬᠦ᠌ ᠪᠣᠯᠭᠠᠨ ᠬᠠᠳᠠᠭᠠᠯᠠᠳᠠᠭ᠂ ᠡᠨᠡ᠎ᠨᠢ ᠮᠥᠨ ᠴᠦ᠍ ᠬᠦᠮᠤᠰ᠎ᠢ ᠠᠮᠠᠷᠬᠠᠨ ᠮᠠᠷᠢᠶᠠᠯᠠᠭᠤᠯᠬᠤ ᠵᠢᠨ ᠪᠠᠰᠠ ᠨᠢᠭᠡᠨ ᠱᠢᠯᠲᠠᠭᠠᠨ ᠪᠣᠯᠤᠨ᠎ᠠ᠃

8. ᠤᠳᠠᠭᠠᠨ ᠰᠠᠭᠤᠬᠤ᠃ ᠰᠤᠳᠤᠯᠭᠠᠨ᠎ᠳᠤ ᠢᠯᠡᠷᠡᠭᠦᠯᠦᠭ᠌ᠰᠡᠨ᠎ᠢᠶᠠᠷ ᠡᠳᠦᠷ ᠪᠦᠷᠢ 1 ᠴᠠᠭ 30 ᠮᠢᠨᠦ᠋ᠲ ᠰᠠᠭᠤᠪᠠᠯ᠂ ᠪᠦᠰᠡᠯᠡᠭᠦᠷ ᠵᠢᠡᠷ ᠵᠢᠠᠨ 0.57 ᠰᠡᠨᠲ᠋ᠢᠮᠧᠲᠷ ᠨᠡᠮᠡᠭ᠌ᠳᠡᠵᠤ᠂ ᠪᠡᠶ᠎ᠡ᠎ᠶ᠋ᠢᠨ ᠥᠭᠡᠬᠦ᠌᠎ᠨᠢ ᠴᠦ᠍ 0.44 % ᠎ᠪᠠᠷ ᠨᠡᠮᠡᠭ᠌ᠳᠡᠳᠡᠭ᠃ ᠦᠭᠡᠷ᠎ᠡ ᠰᠤᠳᠤᠯᠭᠠᠨ᠎ᠡᠴᠠ ᠦᠵᠡᠪᠡᠯ᠂ ᠬᠡᠷᠪᠡ ᠡᠳᠦᠷ ᠪᠦᠷᠢ 30 ᠮᠢᠨᠦ᠋ᠲ ᠰᠠᠭᠤᠬ᠍ᠰᠠᠨ ᠴᠠᠭ᠎ᠢ ᠳᠤᠮᠳᠠ ᠥᠨᠳᠥᠷ ᠬᠦᠴᠦᠯᠡᠴᠡ᠎ᠲᠠᠢ ᠬᠦᠳᠡᠯᠭᠡᠭᠡᠨ ᠬᠢᠬᠦ᠌᠎ᠪᠠᠷ ᠪᠤᠳᠤᠪᠠᠯ ᠪᠡᠶ᠎ᠡ᠎ᠶ᠋ᠢᠨ ᠥᠭᠡᠬᠦ᠌᠎ᠶ᠋ᠢ 1.3% ᠪᠠᠭᠤᠷᠠᠭᠤᠯᠵᠤ᠂ ᠲᠤᠳᠤᠷ ᠡᠷᠭᠡᠳᠡᠨ᠎ᠤ ᠥᠭᠡᠬᠦ᠌᠎ᠨᠢ 7.8 ᠲᠡᠭᠰᠢ ᠲᠦᠷᠪᠡᠯᠵᠢᠨ ᠰᠠᠨᠲ᠋ᠢᠮᠧᠲᠷ ᠪᠠᠭᠤᠷᠠᠳᠠᠭ ᠪᠠᠢᠨ᠎ᠠ᠃

ᠬᠡᠳᠡᠰᠦ ᠲᠤᠮᠤ᠂ ᠳᠣᠲᠣᠷ ᠡᠷᠬᠡᠲᠡᠨ᠎ᠤ ᠥᠭᠡᠬᠦ᠌ ᠶᠡᠭᠡ ᠪᠤᠯ ᠣᠯᠠᠩᠬᠢ᠎ᠨᠢ ᠴᠢᠰᠤᠨ ᠳᠠᠷᠤᠯᠲᠠ ᠦᠨᠳᠦᠷ᠂ ᠴᠢᠰᠤᠨ᠎ᠤ ᠥᠭᠡᠬᠦ᠌ ᠶᠡᠭᠡ᠂ ᠡᠯᠢᠭᠡ ᠥᠭᠡᠬᠦᠯᠡᠬᠦ᠌᠂ ᠱᠢᠬᠢᠷ ᠱᠢᠵᠢᠩ ᠡᠪᠡᠳᠴᠢᠨ᠂ ᠵᠢᠷᠦᠬᠡᠨ᠎ᠤ ᠡᠪᠡᠳᠴᠢᠨ᠂ ᠦᠶ᠎ᠡ ᠭᠡᠱᠢᠭᠦᠦ᠍᠎ᠶ᠋ᠢᠨ ᠡᠪᠡᠳᠴᠢᠨ᠂ ᠲᠤᠯᠠᠢ ᠡᠪᠡᠳᠴᠢᠨ ᠵᠢᠴᠢ ᠣᠯᠠᠨ ᠵᠦᠢᠯ᠎ᠤᠨ ᠬᠤᠣᠷᠲᠤ ᠬᠠᠪᠤᠳᠠᠷ᠎ᠲᠤ ᠨᠡᠷᠪᠡᠭ᠌ᠳᠡᠬᠦ᠌ ᠲᠦᠭ᠌ᠰᠢᠬᠦᠷᠢ ᠵᠢ ᠨᠡᠮᠡᠭ᠌ᠳᠡᠬᠦᠯᠬᠦ  ᠪᠤᠯᠤᠮᠵᠢ ᠲᠠᠢ ᠳᠤᠯᠠ ᠬᠡᠳᠤ ᠮᠠᠷᠢᠶᠠᠯᠠᠬᠤ ᠦᠶᠠᠰ ᠬᠤᠭᠤᠯᠠ ᠪᠡᠨ ᠬᠠᠰᠤᠵᠤ᠂ ᠢᠯᠡᠬᠦᠬᠡᠨ ᠬᠦᠳᠡᠯᠬᠡᠬᠡᠨ ᠬᠢᠪᠡᠯ ᠵᠤᠬᠢᠰᠳᠠᠢ ᠶᠤᠮ᠃

(《ᠠᠷᠠᠳ᠎ᠤᠨ ᠰᠦᠯᠵᠢᠶ᠎ᠠ》 ᠡᠴᠨ ᠤᠷᠴᠢᠭᠤᠯᠤᠨ ᠠᠪᠤᠪᠠ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面