2023-04-08 11:29:46
ᠲᠦᠷᠦᠬᠦᠭᠡᠨ᠂ ᠥᠪᠥᠷ ᠮᠣᠩᠭᠣᠯᠤᠨ ᠣᠯᠠᠨ ᠤᠯᠤᠰᠤᠨ ᠮᠣᠩᠭᠣᠯ ᠡᠮᠨᠡᠯᠭᠡ ᠵᠢᠨ ᠬᠣᠷᠢᠶᠠᠨᠤ ᠮᠣᠩᠭᠣᠯ ᠡᠮᠨᠡᠯᠭᠡ ᠵᠢᠨ ᠰᠤᠪᠢᠯᠠᠯᠲᠠ ᠵᠢᠨ ᠡᠭᠦᠳᠡᠨ ᠡᠮᠨᠡᠯᠭᠡ ᠤᠯᠠᠨ ᠲᠦᠮᠡᠨᠳᠦ ᠦᠢᠯᠡᠴᠢᠯᠡᠭᠡ ᠬᠠᠩᠭᠠᠵᠤ ᠡᠬᠢᠯᠠᠪᠠ᠃
ᠤᠢᠯᠠᠭᠠᠭᠰᠠᠨᠵᠢᠡᠷ᠂ ᠮᠣᠩᠭᠣᠯ ᠡᠮᠨᠡᠯᠭᠡ ᠵᠢᠨ ᠰᠤᠪᠢᠯᠠᠯᠲᠠ ᠵᠢᠨ ᠡᠭᠦᠳᠡᠨ ᠡᠮᠨᠡᠯᠭᠡ ᠪᠤᠯ ᠮᠣᠩᠭᠣᠯ ᠡᠮᠨᠡᠯᠭᠡ ᠵᠢᠨ ᠪᠦᠬᠦᠯᠢ ᠴᠣᠭ᠍ᠴᠠ ᠵᠢᠨ ᠦᠵᠡᠯᠲᠡᠪᠡᠷ ᠭᠤᠤᠯ ᠪᠣᠯᠭᠠᠵᠤ ᠂ ᠠᠵᠢᠭ᠍ᠯᠠᠬᠤ ᠂ ᠦᠨᠦᠷᠯᠡᠬᠦ᠌ ᠂ ᠠᠰᠠᠭᠤᠬᠤ ᠵᠡᠷᠭᠡ ᠠᠷᠭᠠ ᠪᠡᠷ ᠬᠤᠪᠢᠰᠤᠩᠭᠤᠶ ᠪᠡᠷ ᠰᠤᠪᠢᠯᠠᠵᠤ᠂ ᠡᠪᠡᠳᠴᠢᠲᠡᠨᠳᠦ ᠵᠣᠬᠢᠴᠠᠩᠭᠤᠶ ᠮᠣᠩᠭᠣᠯ ᠡᠮᠨᠡᠯᠭᠡ ᠵᠢᠨ ᠣᠨᠴᠠᠯᠢᠭ᠍ᠲᠤ ᠰᠤᠪᠢᠯᠠᠯᠲᠠ ᠵᠢᠨ ᠮᠡᠷᠭᠡᠵᠢᠯ ᠬᠠᠩᠭᠠᠨ᠂ ᠡᠷᠡᠭᠦᠯ ᠮᠡᠨᠳᠦ᠍ ᠵᠢᠨ ᠵᠦᠪᠯᠡᠯᠭᠡ᠂ ᠮᠣᠩᠭᠣᠯ ᠡᠮᠨᠡᠯᠭᠡ ᠵᠢᠨ ᠢᠳᠡᠭᠡᠨ ᠤᠮᠳᠠᠭᠠᠨ᠂ ᠠᠵᠢᠯᠯᠠᠵᠤ ᠠᠮᠠᠷᠠᠬᠤ᠂ ᠰᠠᠨᠠᠭᠠ ᠰᠡᠳᠭᠢᠯ ᠢ ᠠᠮᠤᠷᠵᠢᠭᠤᠯᠬᠤ᠂ ᠮᠣᠩᠭᠣᠯ ᠡᠮᠨᠡᠯᠭᠡ ᠵᠢᠨ ᠪᠡᠶᠡ ᠰᠤᠪᠢᠯᠠᠯᠲᠠᠵᠢᠨ ᠡᠷᠡᠭᠦᠯᠵᠢᠯ ᠤ᠋ᠨ ᠮᠡᠳᠡᠯᠭᠡ ᠵᠢᠴᠢ ᠮᠣᠩᠭᠣᠯ ᠡᠮᠨᠡᠯᠭᠡ ᠵᠢᠨ ᠪᠡᠶᠡ ᠰᠤᠪᠢᠯᠠᠬᠤ ᠴᠢᠳᠠᠪᠤᠷᠢ ᠵᠢ ᠨᠢᠭᠡ ᠴᠣᠭ᠍ᠴᠠᠵᠢᠭᠤᠯᠤᠭ᠍ᠰᠠᠨ ᠮᠣᠩᠭᠣᠯ ᠡᠮᠨᠡᠯᠭᠡ ᠵᠢᠨ ᠶᠡᠷᠦᠩᠬᠡᠢᠯᠡᠭ᠌ᠰᠡᠨ ᠰᠤᠪᠢᠯᠠᠯᠲᠠ ᠵᠢᠨ ᠦᠶ᠋ᠯᠡᠴᠢᠯᠡᠭᠡ ᠪᠣᠯᠤᠨᠠ ᠃ ᠣᠳᠣᠵᠢᠨ ᠮᠣᠩᠭᠣᠯ ᠡᠮᠨᠡᠯᠭᠡ ᠵᠢᠨ ᠰᠤᠪᠢᠯᠠᠯᠲᠠ ᠵᠢᠨ ᠮᠡᠷᠭᠡᠵᠢᠯᠳᠦ ᠂ ᠰᠣᠷᠣᠭᠤᠯ ᠲᠠᠯᠪᠢᠬᠤ ᠵᠠᠰᠠᠯ ᠂ ᠳᠠᠮ ᠲᠥᠭᠡᠨᠡᠬᠦ᠌ ᠵᠠᠰᠠᠯ ᠂ ᠪᠦᠯᠢᠶᠡᠨ ᠲᠥᠭᠡᠨᠡᠬᠦ᠌ ᠵᠠᠰᠠᠯ ᠂ ᠬᠠᠯᠠᠵᠦ ᠲᠥᠭᠡᠨᠡᠬᠦ᠌ ᠵᠠᠰᠠᠯ ᠂ ᠢᠯᠢᠵᠦ ᠨᠤᠬᠤᠯᠠᠬᠤ ᠵᠠᠰᠠᠯ ᠂ ᠮᠣᠩᠭᠣᠯ ᠡᠮ ᠤ᠋ᠨ ᠬᠠᠯᠠᠭᠤᠨ ᠵᠢᠩ ᠲᠠᠯᠪᠢᠬᠤ ᠵᠠᠰᠠᠯ ᠂ ᠳᠤᠮᠨᠠᠬᠤ ᠵᠠᠰᠠᠯ ᠂ ᠬᠢᠯᠭᠠᠰᠤᠨ ᠵᠡᠭᠦᠦᠵᠢᠨ ᠵᠠᠰᠠᠯ ᠂ ᠬᠤᠰᠤᠬᠤ ᠵᠠᠰᠠᠯ ᠂ ᠰᠠᠮ ᠰᠣᠷᠣᠭᠤᠯᠳᠠᠬᠤ ᠵᠠᠰᠠᠯ᠂ ᠴᠢᠬᠢᠨᠤ ᠪᠠᠯᠴᠢᠷᠤᠨ ᠨᠠᠭᠠᠬᠤ ᠵᠠᠰᠠᠯ ᠂ ᠬᠦᠬᠦᠨᠤ ᠢᠯᠢᠬᠦ ᠵᠠᠰᠠᠯ ᠂ ᠬᠠᠷᠱᠢᠭᠤᠯᠤᠭ᠍ᠴᠢ ᠵᠢᠨ ᠪᠠᠢᠴᠠᠭᠠᠯᠲᠠ ᠵᠡᠷᠭᠡ ᠪᠠᠭᠳᠠᠨᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨᠠ
ᠣᠷᠴᠢᠭᠤᠯᠤᠭ᠍ᠴᠢ᠄




ᠰᠢᠭᠦᠮᠵᠢ ᠠᠯᠠᠭᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃