2024-03-01 09:39:42
ᠰᠤᠷᠪᠤᠯᠵᠢᠯᠠᠭᠴᠢ ᠦᠪᠡᠷᠳᠡᠭᠡᠨ ᠵᠠᠰᠠᠬᠤ ᠤᠷᠤᠨ ᠤ᠋ ᠡᠷᠡᠭᠦᠯ ᠬᠠᠮᠠᠭᠠᠯᠠᠯ ᠡᠷᠡᠭᠦᠯ ᠮᠡᠨᠳᠦ ᠶ᠋ᠢᠨ ᠵᠦᠪᠯᠡᠯ ᠡᠴᠡ ᠤᠢᠯᠠᠭᠠᠭᠰᠠᠨ ᠶ᠋ᠢᠡᠷ᠂ ᠤᠢᠷ᠎ᠠ ᠶ᠋ᠢᠨ ᠡᠳᠦᠷ ᠮᠠᠨ ᠤ᠋ ᠤᠷᠤᠨ ᠤ᠋ 11 ᠲᠦᠷᠦᠯ ᠵᠦᠢᠯ 2024 ᠤᠨ ᠤ᠋ ᠬᠢᠲᠠᠳ ᠮᠤᠩᠭᠤᠯ ᠡᠮ ᠡᠮᠨᠡᠯᠭᠡ ᠶ᠋ᠢᠨ ᠤᠨᠴᠠᠯᠢᠭᠳᠤ ᠵᠠᠰᠠᠯ ᠤ᠋ᠨ ᠨᠡᠷᠡᠰ ᠲᠤ᠌ ᠵᠢᠬᠰᠠᠭᠠᠭᠳᠠᠪᠠ᠃
ᠨᠠᠮ ᠤ᠋ᠨ ᠲᠦᠪ ᠬᠤᠷᠢᠶ᠎ᠠ᠂ ᠲᠦᠷᠦ ᠶ᠋ᠢᠨ ᠶᠠᠪᠤᠳᠠᠯ ᠤ᠋ᠨ ᠬᠤᠷᠢᠶ᠎ᠠ ᠵᠢᠨ 《ᠳᠤᠮᠳᠠᠳᠤ ᠶ᠋ᠢᠨ ᠡᠮ ᠡᠮᠨᠡᠯᠭᠡ ᠶ᠋ᠢᠨ ᠤᠯᠠᠮᠵᠢᠯᠠᠯ ᠪᠠ ᠰᠢᠨ᠎ᠠ ᠶ᠋ᠢ ᠡᠭᠦᠳᠦᠭᠰᠡᠨ ᠬᠦᠭᠵᠢᠯᠳᠡ ᠶ᠋ᠢ ᠠᠬᠢᠭᠤᠯᠬᠤ ᠲᠤᠬᠠᠢ ᠰᠠᠨᠠᠯ》 ᠵᠢᠴᠢ ᠦᠪᠡᠷᠳᠡᠭᠡᠨ ᠵᠠᠰᠠᠬᠤ ᠤᠷᠤᠨ ᠤ᠋ ᠨᠠᠮ ᠤ᠋ᠨ ᠬᠤᠷᠢᠶ᠎ᠠ᠂ ᠵᠠᠰᠠᠭ ᠤ᠋ᠨ ᠤᠷᠳᠤᠨ ᠤ᠋ 《ᠬᠢᠲᠠᠳ ᠮᠤᠩᠭᠤᠯ ᠡᠮ ᠡᠮᠨᠡᠯᠭᠡ ᠶ᠋ᠢᠨ ᠤᠯᠠᠮᠵᠢᠯᠠᠯ ᠪᠠ ᠰᠢᠨ᠎ᠠ ᠶ᠋ᠢ ᠡᠭᠦᠳᠦᠭᠰᠡᠨ ᠬᠦᠭᠵᠢᠯᠳᠡ ᠶ᠋ᠢ ᠠᠬᠢᠭᠤᠯᠬᠤ ᠲᠤᠬᠠᠢ ᠬᠡᠷᠡᠭᠵᠢᠭᠦᠯᠬᠦ ᠰᠠᠨᠠᠯ》 ᠢ᠋ ᠲᠤᠭᠤᠰᠢᠯᠠᠭᠤᠯᠤᠨ ᠨᠠᠢᠳᠠᠪᠤᠷᠢᠵᠢᠭᠤᠯᠵᠤ᠂ ᠤᠯᠠᠮᠵᠢᠯᠠᠯᠳᠤ ᠬᠢᠲᠠᠳ ᠮᠤᠩᠭᠤᠯ ᠡᠮ ᠡᠮᠨᠡᠯᠭᠡ ᠶ᠋ᠢᠨ ᠤᠨᠴᠠᠯᠢᠭᠳᠤ ᠵᠠᠰᠠᠯ ᠢ᠋ ᠳᠡᠯᠭᠡᠷᠡᠭᠦᠯᠤᠨ᠂ ᠬᠢᠲᠠᠳ ᠮᠤᠩᠭᠤᠯ ᠡᠮ ᠡᠮᠨᠡᠯᠭᠡ ᠶ᠋ᠢᠨ ᠤᠨᠴᠠᠯᠢᠭᠳᠤ ᠵᠠᠰᠠᠯ ᠢ᠋ ᠴᠤᠭᠯᠠᠭᠤᠯᠤᠨ ᠡᠮᠬᠢᠳᠭᠡᠬᠦ ᠪᠠ ᠤᠯᠠᠮᠵᠢᠯᠠᠨ ᠬᠠᠮᠠᠭᠠᠯᠠᠬᠤ ᠶ᠋ᠢ ᠴᠢᠩᠭᠠᠳᠬᠠᠬᠤ ᠶ᠋ᠢᠨ ᠲᠦᠯᠦᠭᠡ᠂ ᠦᠪᠡᠷᠳᠡᠭᠡᠨ ᠵᠠᠰᠠᠬᠤ ᠤᠷᠤᠨ ᠤ᠋ ᠡᠷᠡᠭᠦᠯ ᠬᠠᠮᠠᠭᠠᠯᠠᠯ ᠡᠷᠡᠭᠦᠯ ᠮᠡᠨᠳᠦ ᠶ᠋ᠢᠨ ᠵᠦᠪᠯᠡᠯ ᠡᠴᠡ ᠬᠢᠲᠠᠳ ᠮᠤᠩᠭᠤᠯ ᠡᠮ ᠡᠮᠨᠡᠯᠭᠡ ᠶ᠋ᠢᠨ ᠤᠨᠴᠠᠯᠢᠭᠳᠦ ᠵᠠᠰᠠᠯ ᠢ᠋ ᠡᠯᠰᠡᠬᠦ ᠠᠵᠢᠯ ᠦᠷᠨᠢᠭᠦᠯᠦᠭᠰᠡᠨ ᠪᠠᠢᠨ᠎ᠠ᠃ ᠲᠤᠰᠬᠠᠢ ᠮᠡᠷᠭᠡᠵᠢᠯᠳᠡᠨ ᠡᠴᠡ ᠠᠩᠬᠠᠨ ᠤ᠋ ᠰᠢᠯᠭᠠᠷᠠᠭᠤᠯᠤᠯᠳᠠ ᠬᠢᠬᠦ᠂ ᠲᠤᠬᠠᠢ ᠶ᠋ᠢᠨ ᠲᠠᠯᠠᠪᠠᠢ ᠳ᠋ᠤ ᠨᠤᠮ ᠬᠠᠶᠠᠯᠴᠠᠬᠤ᠂ ᠲᠤᠰᠬᠠᠢ ᠮᠡᠷᠭᠡᠵᠢᠯᠳᠡᠨ ᠡᠴᠡ ᠦᠨᠡᠯᠡᠬᠦ ᠵᠡᠷᠭᠡ ᠶᠠᠪᠤᠴᠠ ᠶ᠋ᠢ ᠳᠠᠮᠵᠢᠨ᠂ ᠯᠢ ᠵᠢᠶᠦ᠋ᠨ ᠮᠢᠩ᠂ ᠯᠢ ᠢ ᠯᠢᠨ᠂ ᠯᠢ ᠬᠠᠢ ᠵᠢᠶᠦ᠋ᠨ᠂ ᠯᠢ ᠸᠠᠨ ᠱᠣ᠌ ᠵᠡᠷᠭᠡ ᠬᠦᠮᠦᠰ ᠤ᠋ᠨ ᠡᠷᠡᠮᠡᠯᠵᠡᠨ ᠳᠡᠪᠰᠢᠭᠦᠯᠦᠭᠰᠡᠨ ᠬᠢᠲᠠᠳ ᠡᠮᠨᠡᠯᠭᠡ ᠶ᠋ᠢᠨ ᠶᠠᠰᠤ ᠪᠠᠷᠢᠬᠤ ᠠᠷᠭ᠎ᠠ᠂ ᠪᠤᠤ ᠡᠷᠳᠡᠨᠢᠴᠤᠭᠳᠤ ᠶ᠋ᠢᠨ ᠡᠷᠡᠮᠡᠯᠵᠡᠨ ᠳᠡᠪᠰᠢᠭᠦᠯᠦᠭᠰᠡᠨ ᠮᠤᠩᠭᠤᠯ ᠡᠮᠨᠡᠯᠭᠡ ᠶ᠋ᠢᠨ ᠪᠦᠯᠢᠶᠡᠨ ᠵᠡᠭᠦᠦ ᠪᠡᠷ ᠨᠤᠢᠷ ᠬᠤᠯᠵᠢᠬᠤ ᠶ᠋ᠢ ᠵᠠᠰᠠᠬᠤ ᠠᠷᠭ᠎ᠠ᠂ ᠵᠠᠩ ᠸᠧᠢ ᠴᠢ ᠶ᠋ᠢᠨ ᠡᠷᠡᠮᠡᠯᠵᠡᠨ ᠳᠡᠪᠰᠢᠭᠦᠯᠦᠭᠰᠡᠨ ᠵᠠᠩ ᠤᠪᠤᠭᠳᠤ ᠶ᠋ᠢᠨ ᠤᠯᠠᠮᠵᠢᠯᠠᠯᠳᠤ ᠶᠠᠰᠤ ᠪᠠᠷᠢᠬᠤ ᠠᠷᠭ᠎ᠠ᠂ ᠯᠢᠤᠢ ᠬᠠᠢ ᠵᠢᠶᠦ᠋ᠨ ᠤ᠋ ᠡᠷᠡᠮᠡᠯᠵᠡᠨ ᠳᠡᠪᠰᠢᠭᠦᠯᠦᠭᠰᠡᠨ ᠦᠷᠭᠡᠰᠤᠳᠤ ᠶᠠᠷ᠎ᠠ ᠶ᠋ᠢ ᠡᠮᠨᠡᠬᠦ ᠠᠷᠭ᠎ᠠ᠂ ᠪᠤᠤ ᠵᠢᠷᠭᠠᠯ ᠤ᠋ᠨ ᠡᠷᠡᠮᠡᠯᠵᠡᠨ ᠳᠡᠪᠰᠢᠭᠦᠯᠦᠭᠰᠡᠨ ᠠᠯᠠᠭᠠᠨ ᠶᠠᠰᠤᠨ ᠤ᠋ ᠪᠡᠷᠳᠡᠯ ᠢ᠋ ᠡᠮᠨᠡᠬᠦ ᠠᠷᠭ᠎ᠠ᠂ ᠤᠶᠤᠨ ᠤ᠋ ᠡᠷᠡᠮᠡᠯᠵᠡᠨ ᠳᠡᠪᠰᠢᠭᠦᠯᠦᠭᠰᠡᠨ ᠲᠦᠭᠡᠨᠡᠬᠦ ᠵᠠᠰᠠᠯ ᠶ᠋ᠢᠡᠷ ᠠᠯᠠᠭ ᠮᠠᠷᠢᠶ᠎ᠠ ᠶ᠋ᠢ ᠡᠮᠨᠡᠬᠦ ᠠᠷᠭ᠎ᠠ᠂ ᠴᠧᠨ ᠭᠤᠸᠠᠩ ᠲᠤᠤ ᠶ᠋ᠢᠨ ᠡᠷᠡᠮᠡᠯᠵᠡᠨ ᠳᠡᠪᠰᠢᠭᠦᠯᠦᠭᠰᠡᠨ ᠴᠧᠨ ᠤᠪᠤᠭᠳᠤ ᠶ᠋ᠢᠨ ᠶᠠᠰᠤᠨ ᠤ᠋ ᠡᠪᠡᠳᠴᠢᠨ ᠢ᠋ ᠵᠠᠰᠠᠬᠤ ᠤᠯᠠᠮᠵᠢᠯᠠᠯᠳᠤ ᠠᠷᠭ᠎ᠠ᠂ ᠭᠤᠤ ᠶᠠᠨ ᠵᠢᠶᠦ᠋ᠨ (ᠪᠤᠤ ᠰᠢᠨ) ᠤ᠋ ᠡᠷᠡᠮᠡᠯᠵᠡᠨ ᠳᠡᠪᠰᠢᠭᠦᠯᠦᠭᠰᠡᠨ ᠮᠤᠩᠭᠤᠯ ᠡᠮᠨᠡᠯᠭᠡ ᠶ᠋ᠢᠨ ᠶᠠᠰᠤᠨ ᠤ᠋ ᠡᠪᠡᠳᠴᠢᠨ ᠢ᠋ ᠵᠠᠰᠠᠬᠤ ᠠᠷᠭ᠎ᠠ᠂ ᠰᠧᠬᠤᠸᠠᠷ ᠤ᠋ᠨ ᠡᠷᠡᠮᠡᠯᠵᠡᠨ ᠳᠡᠪᠰᠢᠭᠦᠯᠦᠭᠰᠡᠨ ᠮᠤᠩᠭᠤᠯ ᠡᠮᠨᠡᠯᠭᠡ ᠶ᠋ᠢᠨ ᠲᠦᠭᠡᠨᠡᠬᠦ ᠵᠠᠰᠠᠯ ᠤ᠋ᠨ ᠠᠷᠭ᠎ᠠ᠂ ᠰᠠᠷᠠᠨᠴᠡᠴᠡᠭ ᠤ᠋ᠨ ᠡᠷᠡᠮᠡᠯᠵᠡᠨ ᠳᠡᠪᠰᠢᠭᠦᠯᠦᠭᠰᠡᠨ ᠤᠯᠠᠭᠠᠨ ᠰᠤᠬᠠᠢ ᠪᠡᠷ ᠲᠦᠭᠡᠨᠡᠬᠦ ᠵᠠᠰᠠᠯ ᠤ᠋ᠨ ᠠᠷᠭ᠎ᠠ᠂ ᠨᠠᠮᠤᠭᠤᠬᠠᠨ ᠤ᠋ ᠡᠷᠡᠮᠡᠯᠵᠡᠨ ᠳᠡᠪᠰᠢᠭᠦᠯᠦᠭᠰᠡᠨ ᠤᠯᠠᠮᠵᠢᠯᠠᠯᠳᠤ ᠮᠤᠩᠭᠤᠯ ᠡᠮᠨᠡᠯᠭᠡ ᠶ᠋ᠢᠨ ᠬᠤᠤᠰ ᠲᠤᠭᠤᠭ᠎ᠠ ᠶ᠋ᠢᠨ ᠡᠮ ᠤ᠋ᠨ ᠱᠦᠯᠦ ᠪᠡᠷ ᠵᠠᠰᠠᠬᠤ ᠠᠷᠭ᠎ᠠ ᠵᠡᠷᠭᠡ 11 ᠲᠦᠷᠦᠯ ᠵᠦᠢᠯ 2024 ᠤᠨ ᠤ᠋ ᠬᠢᠲᠠᠳ ᠮᠤᠩᠭᠤᠯ ᠡᠮ ᠡᠮᠨᠡᠯᠭᠡ ᠶ᠋ᠢᠨ ᠤᠨᠴᠠᠯᠢᠭᠳᠤ ᠵᠠᠰᠠᠯ ᠶ᠋ᠢᠡᠷ ᠰᠤᠩᠭᠤᠭᠳᠠᠵᠠᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃