2025-07-03 11:47:13
ᠪᠠᠭ᠎ᠠ ᠡᠴᠡ ᠪᠠᠨ ᠤᠳᠤᠮᠳᠠᠮᠵᠢᠭᠰᠠᠨ ᠤᠯᠠᠮᠵᠢᠯᠠᠯᠲᠤ ᠮᠤᠩᠭᠤᠯ ᠡᠮᠨᠡᠯᠭᠡ ᠵᠢᠨᠠᠷᠭ᠎ᠠ ᠳᠤᠮ ᠢ ᠡᠵᠡᠮᠰᠢᠵᠦ᠂ ᠤᠳᠠᠭᠠᠨ ᠵᠢᠯᠤᠨ ᠰᠤᠷᠤᠯᠴᠠᠯᠭ᠎ᠠ ᠪᠠ ᠪᠦᠲᠦᠮᠵᠢᠲᠡᠢ ᠦᠢᠯᠡᠳᠦᠯᠭᠡ᠂ᠡᠮᠴᠢᠯᠡᠭᠡ ᠵᠢᠨ ᠭᠠᠢᠬᠠᠯᠲᠠᠢ ᠰᠠᠢᠨ ᠦᠷ᠎ᠡ ᠳ᠋ᠦᠩ ᠵᠢᠠᠷ ᠵᠢᠠᠨ ᠤᠯᠠᠨᠳᠤ ᠲᠠᠨᠢᠭᠳᠠᠭᠰᠠᠨ ᠴᠢᠮᠠᠳ ᠪᠤᠯᠬᠦᠯᠦᠨ ᠪᠤᠢᠷ ᠬᠤᠲᠠ ᠵᠢᠨ ᠰᠢᠨ᠎ᠡ ᠪᠠᠷᠭᠤ ᠪᠠᠷᠠᠭᠤᠨ ᠬᠤᠰᠢᠭᠤᠨᠤ ᠭᠠᠨᠵᠤᠤᠷ ᠰᠤᠮᠤᠨᠤ ᠮᠠᠯᠴᠢᠨᠪᠦᠰᠡᠭᠦᠢ ᠶᠤᠮ᠃ ᠭᠤᠴᠢᠭᠠᠳ ᠵᠢᠯᠤᠨ ᠬᠤᠭᠤᠴᠠᠭᠠᠨᠳᠤᠲᠡᠷᠡ ᠤᠷᠤᠨ ᠨᠤᠲᠤᠭ ᠲᠠᠭᠠᠨ ᠪᠠ ᠪᠤᠰᠤᠳ ᠮᠤᠵᠢ ᠬᠤᠲᠠᠳᠤ ᠡᠮᠴᠢᠯᠡᠭᠡ ᠵᠠᠰᠠᠯ ᠬᠢᠵᠦ᠂ ᠡᠪᠡᠳᠴᠢᠲᠡᠨᠤᠯᠠᠨᠤ ᠡᠯᠳᠡᠪ ᠠᠷᠬᠠᠭ ᠭᠡᠮᠢ ᠡᠷᠲᠡ ᠳᠡᠭᠡᠳᠦ ᠵᠢᠨ ᠤᠨᠴᠠ ᠰᠤᠳᠤᠨ ᠠᠷᠭ᠎ᠠ ᠳᠤᠮ ᠵᠢᠠᠷ ᠵᠠᠰᠠᠨᠡᠳᠡᠭᠡᠷᠡᠭᠦᠯᠵᠦ᠂ ᠮᠤᠩᠭᠤᠯ ᠠᠨᠠᠭᠠᠬᠤ ᠤᠬᠠᠭᠠᠨᠤ ᠤᠯᠠᠨ ᠭᠠᠢᠬᠠᠮᠰᠢᠭ ᠢ ᠨᠤᠲᠠᠯᠠᠨ ᠭᠡᠷᠡᠴᠢᠯᠡᠵᠦᠶᠠᠪᠤᠭᠠ ᠪᠢᠯᠡ᠃


ᠴᠢᠮᠠᠳ ᠡᠮᠴᠢ ᠪᠤᠯ ᠰᠢᠨ᠎ᠡ ᠪᠠᠷᠭᠤ ᠵᠡᠭᠦᠨ ᠬᠤᠰᠢᠭᠤᠨᠤ ᠤᠤᠭᠠᠯ᠂ 1953 ᠤᠨᠤ 4 ᠰᠠᠷ᠎ᠠ ᠳ᠋ᠤ ᠲᠦᠷᠦᠵᠡᠢ᠃ ᠬᠠᠷᠠᠬᠠᠨ ᠪᠠᠭ᠎ᠠ ᠡᠴᠡ ᠠᠷᠠᠳᠤᠨ ᠳᠤᠮᠳᠠᠬᠢ ᠮᠤᠩᠭᠤᠯ ᠠᠨᠠᠭᠠᠬᠤ ᠵᠠᠰᠠᠯᠤᠨ ᠠᠷᠭ᠎ᠠ ᠳᠤᠮᠢ ᠦᠵᠡᠵᠦ᠂ ᠰᠤᠷᠴᠦ᠂ ᠳᠡᠭᠡᠷ᠎ᠡ ᠵᠠᠭᠤᠨᠤ ᠨᠠᠶᠠᠭᠠᠳ ᠤᠨᠳᠤ ᠬᠤᠰᠢᠭᠤ ᠠᠢᠮᠠᠭ ᠡᠴᠡ ᠡᠷᠬᠢᠯᠡᠭᠰᠡᠨ ᠮᠤᠩᠭᠤᠯ ᠠᠨᠠᠭᠠᠬᠤ ᠤᠬᠠᠭᠠᠨᠤ ᠰᠤᠷᠤᠯᠴᠠᠯᠭᠠᠳᠤ ᠤᠷᠤᠯᠴᠠᠵᠤ᠂ ᠡᠷᠳᠡᠮ ᠤᠨᠤᠯᠤᠨ ᠲᠠᠯ᠎ᠠ ᠪᠠᠷ ᠮᠡᠳᠡᠯᠭᠡ ᠮᠡᠷᠭᠡᠵᠢᠯ ᠵᠢᠠᠨ ᠳᠡᠭᠡᠭᠰᠢᠯᠡᠭᠦᠯᠵᠦ ᠶᠠᠪᠤᠭᠰᠠᠨ ᠵᠢᠠᠨ 1993 ᠤᠨ ᠡᠴᠡ ᠪᠡᠶ᠎ᠡ ᠪᠠᠨ ᠳᠠᠭᠠᠭᠠᠨ ᠡᠪᠡᠳᠴᠢᠨ ᠵᠠᠰᠠᠵᠤ ᠡᠬᠢᠯᠡᠵᠡᠢ᠃ ᠭᠤᠤᠯᠳᠠᠭᠤ ᠶᠠᠰᠤ ᠪᠡᠷᠳᠡᠬᠦ᠂ ᠳᠠᠷᠢᠬᠢ ᠤᠨᠠᠬᠤ᠂ ᠬᠤᠳᠤᠭᠤᠳᠤ ᠭᠡᠳᠡᠰᠦ ᠳᠤᠷᠬᠢᠬᠤ ᠰᠢᠯᠵᠢᠬᠦ᠂ ᠬᠤᠳᠤᠭᠤᠳᠤ ᠭᠡᠳᠡᠰᠦᠨᠤ ᠴᠠᠩᠬ᠎ᠠ᠂ ᠲᠠᠪᠤᠨ ᠴᠤᠯᠤ ᠵᠢᠷᠭᠤᠭᠠᠨ ᠰᠠᠪᠠ ᠵᠢᠨ ᠳᠤᠷᠭᠢᠯᠲᠠ ᠡᠴᠡ ᠪᠤᠯᠤᠭᠰᠠᠨ ᠭᠡᠮ ᠠᠷᠬᠠᠭ ᠵᠡᠷᠭᠡ ᠵᠢ ᠡᠷᠲᠡ ᠳᠡᠭᠡᠳᠦ ᠵᠢᠨ ᠤᠨᠴᠠ ᠰᠤᠳᠤᠨ ᠠᠷᠭ᠎ᠠ ᠳᠡᠮ ᠵᠢᠠᠷ ᠵᠠᠰᠠᠳᠠᠭ᠃ ᠪᠡᠭᠡᠵᠢᠩ᠂ ᠱᠠᠩᠬᠠᠢ᠂ ᠬᠠᠷᠪᠢᠨ ᠵᠡᠷᠭᠡ ᠲᠤᠮᠤᠬᠠᠨ ᠬᠤᠲᠠᠳᠤ ᠤᠷᠢᠭᠲᠠᠨ ᠤᠴᠢᠵᠦ ᠡᠮᠴᠢᠯᠡᠭᠰᠡᠨ ᠲᠡᠦᠬᠡ ᠲᠡᠢ᠂ ᠭᠤᠴᠢᠭᠠᠳ ᠵᠢᠯᠳᠤ ᠲᠡᠭᠦᠨᠤ ᠵᠠᠰᠠᠨ ᠡᠳᠡᠭᠡᠷᠡᠭᠦᠯᠦᠭᠰᠡᠨ ᠡᠪᠡᠳᠴᠢᠲᠡᠨ ᠬᠡᠳᠦᠨ ᠮᠢᠩᠭ᠎ᠠ ᠬᠦᠷᠴᠡᠢ᠃ ᠠᠭᠤᠰᠬᠢᠨ ᠰᠦᠷᠢᠶ᠎ᠡ᠂ ᠡᠯᠢᠭᠡ ᠬᠠᠲᠠᠭᠤᠷᠠᠵᠤ ᠬᠡᠪᠡᠯᠢᠳᠤ ᠤᠰᠤ ᠳᠦᠭᠦᠷᠦᠭᠰᠡᠨ᠂ ᠪᠦᠬᠦ ᠪᠡᠶ᠎ᠡ ᠨᠢ ᠬᠠᠪᠤᠳᠠᠷ ᠲᠸ᠋ ᠪᠠᠷᠢᠭᠳᠠᠬᠰᠠᠨ ᠪᠠ ᠬᠠᠷ᠎ᠠ ᠪᠦᠭᠡᠷ᠎ᠡ ᠵᠢᠨ ᠡᠪᠡᠳᠴᠢᠨ ᠵᠡᠷᠭᠡᠳᠤ ᠨᠡᠷᠪᠡᠭᠳᠡᠭᠰᠡᠨ ᠬᠦᠨᠳᠦ ᠡᠪᠡᠳᠴᠢᠲᠡᠨᠢ ᠵᠠᠰᠠᠨ ᠡᠳᠡᠭᠡᠷᠡᠭᠦᠯᠦᠭᠰᠡᠨ ᠵᠢᠱ᠌ᠢᠶ᠎ᠡ ᠤᠯᠠᠨ ᠪᠤᠢ᠃ ᠣᠨᠴᠠᠯᠠᠨ ᠳᠤᠷᠠᠳᠪᠠᠯ᠂ ᠳᠦᠮᠦᠰᠦ ᠨᠢ ᠭᠡᠮᠲᠦᠭᠡᠳ ᠮᠠᠰᠡ ᠵᠠᠰᠠᠯ ᠬᠢᠯᠭᠡᠨ ᠵᠠᠰᠠᠷᠠᠰᠢ ᠦᠭᠡᠢ ᠪᠤᠯᠵᠤ᠂ ᠡᠳᠦᠷ ᠬᠤᠨᠤᠭ ᠵᠢᠠᠨ ᠬᠦᠯᠢᠶᠡᠭᠰᠡᠨ ᠨᠢᠭᠡᠨ ᠬᠦᠨᠳᠦ ᠡᠪᠡᠳᠴᠢᠲᠡᠨᠢ ᠦᠪᠠᠷᠮᠢᠴᠡ ᠵᠠᠰᠠᠯ ᠵᠢᠠᠷ ᠵᠢᠠᠨ ᠪᠦᠷᠢᠮᠦᠰᠦᠨ ᠡᠳᠡᠭᠡᠷᠡᠭᠦᠯᠦᠭᠰᠡᠨ ᠪᠤᠳᠠᠲᠤ ᠵᠢᠱ᠌ᠢᠶ᠎ᠡ ᠪᠤᠢ᠃ ᠲᠥᠪ ᠲᠸᠯᠸᠢᠰᠤᠨ ᠨᠢᠭᠡᠨ ᠰᠤᠷᠪᠤᠯᠵᠢᠯᠠᠭᠴᠢ ᠬᠦᠯᠦᠨ ᠪᠦᠢᠷ ᠲᠸ᠋ ᠢᠷᠡᠭᠡᠳ ᠭᠡᠨᠡᠳᠲᠡ ᠵᠢᠨ ᠬᠦᠨᠳᠦ ᠲᠡᠷᠭᠡᠨ ᠡᠨᠳᠡᠯᠳᠤ ᠳᠠᠭᠠᠷᠢᠭᠳᠠᠵᠤ᠂ ᠬᠥᠳᠡᠯᠵᠦ ᠳᠡᠢᠯᠬᠦ ᠦᠭᠡᠢ᠂ ᠳᠠᠭᠤ ᠲᠠᠯᠪᠢᠨ ᠶᠤᠤᠯᠠᠵᠤ ᠪᠠᠢᠭᠰᠠᠨ ᠦᠶ᠎ᠡ ᠳ᠋ᠤ ᠠᠵᠠ ᠪᠠᠷ ᠴᠢᠮᠡᠳ ᠡᠮᠴᠢ ᠲᠠᠢ ᠬᠠᠷᠭᠤᠵᠤ᠂ 《ᠲᠠ ᠨᠠᠮᠠᠢ᠍ᠢ ᠢᠲᠡᠭᠡᠪᠡᠯ᠂ ᠪᠢ ᠪᠠᠷᠳᠡᠭᠰᠡᠨ ᠶᠠᠰᠤ ᠵᠢ ᠲᠠᠨᠢ ᠪᠠᠷᠢᠵᠦ ᠦᠭᠭᠦᠶ᠎ᠡ᠂ ᠮᠡᠰᠡ ᠵᠠᠰᠠᠯ ᠬᠢᠯᠭᠡᠬᠦ ᠬᠡᠷᠡᠭ ᠦᠭᠡᠢ》 ᠭᠡᠰᠡᠨ ᠦᠭᠡᠨᠳᠤ ᠨᠢ ᠪᠠᠲᠤ ᠢᠲᠡᠭᠡᠵᠦ᠂ ᠶᠠᠰᠤ ᠪᠠᠨ ᠪᠠᠷᠢᠭᠤᠯᠤᠭᠠᠳ ᠬᠤᠷᠢ ᠬᠤᠨᠤᠭᠰᠠᠨ ᠦᠭᠡᠢ ᠠᠵᠢᠭ ᠦᠭᠡᠢ ᠰᠠᠢᠬᠠᠨ ᠶᠠᠪᠤᠵᠤ ᠰᠠᠭᠤᠵᠤ ᠡᠳᠡᠭᠡᠷᠡᠭᠰᠡᠨ ᠳᠤᠬᠠᠢ ᠪᠠᠨ ᠴᠢᠮᠠᠳ ᠡᠮᠴᠢᠳᠤ ᠳᠤᠰᠬᠠᠢᠯᠠᠨ ᠪᠢᠴᠢᠵᠦ ᠢᠷᠡᠭᠦᠯᠦᠭᠰᠡᠨ ᠳᠠᠯᠠᠷᠬᠠᠯᠤᠨ ᠵᠡᠬᠢᠳᠠᠯ ᠳ᠋ᠠᠭᠠᠨ ᠲᠡᠮᠲᠡᠭᠯᠡᠵᠠᠢ᠃ ᠳᠤᠷᠠᠳᠤᠭᠤᠰᠢᠲᠠᠢ ᠨᠢ᠂ ᠡᠨᠡ ᠬᠦᠮᠦᠨ ᠤᠤᠯ ᠡᠴᠡ ᠪᠠᠨ ᠮᠤᠩᠭᠤᠯ ᠡᠮ ᠡᠮᠨᠡᠯᠭᠡ ᠵᠢᠨ ᠳᠤᠬᠠᠢ ᠤᠢᠯᠠᠭᠠᠨ ᠰᠤᠷᠪᠤᠯᠵᠢᠯᠠᠵᠦ ᠮᠡᠳᠡᠭᠡᠯᠡᠯ ᠬᠢᠵᠦ ᠶᠠᠪᠤᠭᠰᠠᠨ ᠪᠠᠢᠵᠤ᠂ ᠠᠶᠤᠯᠲᠠᠢ ᠴᠠᠭ ᠲᠸ᠋ ᠤᠯᠠᠮᠵᠢᠯᠠᠯᠲᠤ ᠵᠠᠰᠠᠯᠤᠨ ᠨᠤᠲᠤᠭᠤᠨ ᠡᠮᠴᠢ ᠵᠢ ᠢᠲᠡᠭᠡᠵᠦ ᠡᠮᠴᠢᠯᠡᠭᠦᠯᠦᠭᠰᠡᠨᠤ ᠪᠠᠨ ᠰᠠᠢᠨ ᠵᠢᠠᠷ ᠮᠡᠰᠡ ᠵᠠᠰᠠᠯ ᠬᠢᠯᠭᠡᠵᠦ ᠡᠪᠡᠳᠴᠦ ᠬᠠᠪᠤᠳᠬᠤ ᠵᠤᠪᠠᠯᠠᠩ ᠡᠴᠡ ᠬᠡᠯᠳᠦᠷᠢᠨ ᠡᠷᠲᠡᠭᠡᠨ ᠡᠷᠡᠭᠦᠯᠵᠢᠵᠦ ᠴᠢᠳᠠᠭᠰᠠᠨ ᠪᠠᠢᠵᠠᠢ᠃



ᠴᠢᠮᠡᠳ ᠡᠮᠴᠢ ᠬᠦᠨᠳᠦᠪᠡᠷᠬᠡ ᠡᠪᠡᠳᠴᠢᠲᠡᠨᠢ ᠬᠦᠯᠢᠶᠡᠵᠦ ᠠᠪᠳᠠᠭ ᠳᠤᠬᠠᠢ ᠪᠢᠳᠡᠨᠳᠤ ᠢᠩᠬᠢᠵᠦ ᠲᠠᠢᠯᠪᠤᠷᠢ ᠬᠢᠯ᠎ᠡ᠄
— ᠪᠢ ᠬᠤᠪᠢ ᠵᠢᠨ ᠨᠡᠷ᠎ᠡ ᠲᠦᠷᠦ᠂ ᠠᠰᠢᠭ ᠬᠤᠨᠵᠢᠶ᠎ᠠ ᠳ᠋ᠤ ᠭᠤᠷᠢᠯᠠᠭᠰᠠᠨ ᠶᠠᠪᠤᠳᠠᠯ ᠪᠢᠰᠢ ᠡ᠂ᠤᠴᠢᠷ ᠨᠢ ᠡᠳᠦᠭᠡ ᠴᠠᠭ ᠲᠸ᠋ ᠤᠨᠴᠠ ᠬᠦᠨᠳᠦ ᠡᠪᠡᠳᠴᠢᠲᠡᠨᠢ ᠤᠯᠠᠩᠬᠢ ᠡᠮᠨᠡᠯᠭᠡ ᠵᠢᠨ ᠬᠤᠷᠢᠶ᠎ᠠ ᠠᠪᠬᠤᠳᠤᠷᠠ ᠦᠭᠡᠢ᠂ ᠢᠳᠬᠠᠵᠤ ᠭᠡᠷ ᠨᠤᠲᠤᠭ ᠲᠤᠨᠢ ᠬᠠᠷᠢᠭᠤᠯᠳᠠᠭ ᠪᠤᠯᠬᠤᠷ᠂ ᠡᠳᠡᠭᠡᠷ ᠡᠪᠡᠳᠴᠢᠲᠡᠨ ᠦᠬᠦᠯ ᠵᠢᠠᠨᠬᠦᠯᠢᠶᠡᠬᠦ ᠡᠴᠡ ᠥᠭᠡᠷ᠎ᠡ ᠠᠷᠭ᠎ᠠ ᠦᠭᠡᠢ ᠪᠤᠯᠳᠠᠭ᠃ ᠨᠡᠭᠦᠳᠡᠯᠴᠢᠨ ᠮᠤᠩᠭᠤᠯᠴᠤᠳᠤᠨ ᠤᠯᠠᠮᠵᠢᠯᠠᠯᠲᠤᠠᠨᠠᠭᠠᠬᠤ ᠤᠬᠠᠭᠠᠨ ᠨᠢ ᠬᠡᠳᠦᠨ ᠵᠠᠭᠤ ᠮᠢᠩᠭᠠᠨ ᠵᠢᠯ ᠥᠪᠯᠡᠨ ᠤᠯᠠᠮᠵᠢᠯᠠᠭᠳᠠᠭᠰᠠᠨ ᠪᠤᠯᠬᠤᠷ ᠲᠡᠭᠦᠨᠳᠤᠠᠯᠢ ᠤᠯᠠᠨ ᠦᠢᠯᠡᠳᠦᠯᠭᠡ ᠪᠠᠷ ᠭᠡᠷᠡᠴᠢᠯᠡᠭᠳᠡᠭᠰᠡᠨ ᠤᠨᠴᠠ ᠭᠠᠢᠬᠠᠮᠰᠢᠭᠲᠠᠢ᠂ ᠷᠢᠳᠢ ᠰᠢᠳᠢ ᠪᠤᠯᠤᠮᠠᠷᠵᠠᠰᠠᠯ ᠠᠨᠠᠭᠠᠯᠭᠠ ᠪᠠᠢᠳᠠᠭ᠃ ᠪᠢ ᠠᠯᠢ ᠪᠤᠯᠬᠤ ᠪᠠᠷ ᠡᠳᠡᠭᠡᠷ ᠠᠷᠭ᠎ᠠ ᠪᠠᠷᠢᠯᠢ ᠬᠡᠷᠡᠭᠯᠡᠵᠦ᠂ ᠬᠦᠨᠳᠦᠡᠪᠡᠳᠴᠢᠲᠡᠨᠳᠤ ᠠᠴᠢ ᠳᠤᠰᠠ ᠪᠤᠯᠵᠤ᠂ ᠪᠤᠶᠠᠨ ᠢᠪᠡᠭᠡᠯ ᠬᠦᠷᠭᠡᠶ᠎ᠡ ᠭᠡᠵᠦ ᠪᠤᠳᠤᠳᠠᠭ ᠪᠢᠯᠡ᠃ ᠵᠤᠯ ᠵᠢᠠᠷ᠂ᠤᠯᠠᠮᠵᠢᠯᠠᠯᠲᠤ ᠮᠤᠩᠭᠤᠯ ᠠᠨᠠᠭᠠᠬᠤ ᠵᠠᠰᠠᠯᠤᠨ ᠭᠠᠢᠬᠠᠮᠰᠢᠭ ᠵᠢᠠᠷ ᠭᠠᠰᠠᠯᠠᠩ ᠵᠤᠪᠠᠯᠠᠩᠳᠤ ᠤᠨᠠᠭᠰᠠᠨ ᠡᠪᠡᠳᠴᠢᠲᠡᠨ ᠡᠳᠡᠭᠡᠷᠡᠵᠦ᠂ ᠡᠪᠡᠳᠴᠢᠲᠡᠨᠤ ᠭᠡᠷ ᠪᠦᠯᠢᠳᠤᠪᠠᠶᠠᠷ ᠪᠠᠶᠠᠰᠤᠯ ᠪᠤᠯᠵᠤ᠂ ᠮᠢᠨᠦ ᠬᠤᠪᠢᠳᠤ ᠴᠸ᠋ ᠤᠷᠮ᠎ᠠ ᠪᠠᠬᠠᠳᠤᠯ ᠪᠤᠯᠳᠠᠭ ᠪᠢᠯᠡ ᠁ ᠭᠡᠯ᠎ᠠ᠃



ᠴᠢᠮᠡᠳ ᠡᠮᠴᠢ ᠤᠳᠤ ᠬᠦᠯᠦᠨ ᠪᠤᠢᠷ ᠬᠤᠲᠠ ᠵᠢᠨᠪᠠᠷᠢᠶᠠ ᠵᠠᠰᠠᠯᠤᠨ ᠨᠡᠢᠭᠡᠮᠯᠢᠭᠤᠨ ᠭᠡᠰᠢᠭᠦᠨ᠂ ᠬᠤᠪᠴᠠᠰᠤ ᠵᠠᠰᠠᠯᠤᠨ ᠨᠡᠢᠭᠡᠮᠯᠢᠭᠤᠨ ᠡᠷᠡᠭᠦᠯᠮᠡᠨᠳᠦ ᠪᠡᠶ᠎ᠡ ᠰᠡᠳᠬᠢᠯ ᠨᠢᠭᠦᠯᠡᠰᠦᠩᠭᠦᠢ ᠬᠠᠢᠷ᠎ᠠ ᠵᠢᠨ ᠢᠪᠡᠭᠡᠨ ᠲᠡᠳᠭᠦᠴᠢᠳᠤᠨ ᠨᠡᠢᠭᠡᠮᠯᠢᠭᠤᠨᠭᠡᠰᠢᠭᠦᠨ᠂ 《ᠪᠠᠷᠭᠤᠵᠢᠨ ᠭᠤᠸ᠎ᠠ》 ᠬᠤᠪᠴᠠᠰᠤ ᠵᠠᠰᠠᠯᠤᠨ ᠨᠡᠢᠭᠡᠮᠯᠢᠭᠤᠨ ᠭᠡᠰᠢᠭᠦᠨ ᠵᠡᠷᠭᠡ ᠨᠡᠢᠭᠡᠮᠤᠨ ᠠᠵᠢᠯ ᠠᠯᠪᠠ ᠵᠢᠨᠢᠷᠠᠭᠤ ᠲᠢᠳᠢᠮ ᠲᠡᠢ᠃
《ᠬᠠᠨ ᠠᠭᠤᠯᠠ ᠵᠢ ᠴᠠᠰᠤ ᠳᠠᠷᠤᠵᠤ᠂ ᠬᠠᠢᠷᠬᠠᠨ ᠪᠡᠶ᠎ᠡ ᠵᠢ ᠨᠠᠰᠤ ᠳᠠᠷᠤᠳᠠᠭ》ᠤᠨ ᠵᠢᠮ᠎ᠡ ᠪᠠᠷ᠂ ᠴᠢᠮᠠᠳ ᠡᠮᠴᠢ ᠬᠡᠳᠦᠢᠪᠡᠷ ᠳᠠᠯ᠎ᠠ ᠵᠢᠨ ᠳᠠᠪᠠᠭ᠎ᠠ ᠳᠠᠪᠠᠵᠤ᠂ 《ᠡᠪᠦᠭᠡᠨ ᠰᠢᠪᠠᠭᠤ》 ᠰᠢᠬ ᠠᠭᠤᠯᠠ ᠤᠰᠤᠨᠤ ᠪᠠᠨᠬᠢᠩᠭᠠᠨ ᠳᠡᠭᠡᠭᠦᠷ ᠳᠡᠪᠲᠡᠷᠢᠩᠬᠡᠨ ᠨᠢᠰᠪᠡᠴᠦ᠂ ᠦᠢ ᠲᠦᠮᠡᠨ ᠳ᠋ᠡᠭᠡᠨ ᠡᠷᠡᠭᠦᠯ ᠡᠩᠬᠡ ᠵᠢᠨ ᠠᠵᠠ ᠪᠤᠶᠠᠨᠢᠢᠪᠡᠭᠡᠭᠰᠡᠭᠡᠷ ᠪᠠᠢᠬᠤ ᠨᠢ ᠪᠢᠰᠢᠷᠠᠭᠦᠰᠢᠲᠡᠢ ᠪᠦᠭᠡᠳ ᠪᠦᠬᠦ ᠰᠡᠳᠬᠢᠯ ᠪᠦᠬᠦ ᠵᠤᠷᠢᠭ ᠵᠢᠠᠷ ᠵᠢᠠᠨᠨᠡᠢᠭᠡᠮ ᠲᠦᠮᠡᠨᠳᠤ ᠦᠢᠯᠡᠴᠢᠯᠡᠭᠰᠡᠨ ᠦᠯᠢᠭᠡᠷ ᠳᠠᠭᠤᠷᠢᠶᠠᠯ ᠪᠢᠯᠡ᠃ ᠲᠡᠭᠦᠨᠤ ᠭᠤᠴᠢᠭᠠᠳ ᠵᠢᠯᠤᠨᠡᠮᠴᠢᠯᠡᠭᠡ ᠵᠠᠰᠠᠯ ᠨᠢ ᠦᠨᠢ ᠤᠳᠠᠭᠠᠨ ᠥᠪ ᠤᠯᠠᠮᠵᠢᠯᠠᠯ ᠲᠠᠢ ᠮᠤᠩᠭᠤᠯ ᠠᠨᠠᠭᠠᠬᠤ ᠤᠬᠠᠭᠠᠨ ᠪᠤᠯ ᠦᠷᠭᠡᠨᠳᠡᠯᠭᠡᠷ ᠠᠭᠤᠯᠭ᠎ᠠ ᠲᠠᠢ᠂ ᠭᠦᠨ ᠨᠠᠷᠢᠨ ᠰᠢᠨᠵᠢᠯᠡᠭᠡ ᠲᠡᠢ᠂ ᠵᠠᠭᠤᠨ ᠮᠢᠩᠭᠠᠨ ᠤᠨᠤ ᠤᠷᠤᠭ᠎ᠠ ᠪᠤᠰᠬᠠᠭᠠᠵᠢ ᠲᠤᠭᠤᠯᠵᠤ ᠢᠷᠡᠭᠰᠡᠨ ᠮᠤᠩᠭᠤᠯ ᠠᠨᠠᠭᠠᠬᠤ ᠤᠬᠠᠭᠠᠨᠳᠤ ᠮᠠᠰᠢ ᠤᠯᠠᠨ ᠭᠠᠢᠬᠠᠮᠰᠢᠭᠲᠤ ᠡᠮᠴᠢᠯᠡᠭᠡ ᠵᠢᠨᠷᠢᠳᠢ ᠰᠢᠳᠢ ᠪᠠᠢᠳᠠᠭ ᠭᠡᠳᠡᠭᠢ ᠳᠠᠬᠢᠨᠲᠠ ᠨᠤᠲᠠᠯᠠᠨ ᠭᠡᠷᠡᠴᠢᠯᠡᠵᠡᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃