2026-10-19 17:01:26

9 ᠰᠠᠷ᠎ᠠ ᠲᠤᠮᠳᠠᠯᠠᠬᠤ ᠪᠡᠷ᠂ ᠤᠯᠠᠭᠠᠨᠴᠠᠪ ᠬᠤᠳᠠ ᠵᠢᠨ ᠬᠦᠢᠳᠡᠨᠰᠢᠯᠢ ᠳ᠋ᠤ ᠤᠮᠠᠷ᠎ᠠ ᠵᠢᠨ ᠰᠠᠯᠬᠢᠨ ᠰᠡᠪᠰᠢᠨ᠂ ᠡᠪᠡᠰᠦᠨ ᠦᠩᠭᠡ ᠤᠨᠠᠵᠦ᠂ ᠬᠦᠢᠳᠡᠨᠰᠢᠯᠢ ᠵᠢᠨ 《ᠬᠦᠢᠳᠡᠨ》 ᠢ᠋ ᠶᠠᠭᠠᠬᠢᠬᠤ ᠵᠢᠨ ᠠᠷᠭ᠎ᠠ ᠦᠬᠡᠢ ᠮᠡᠳᠡᠷᠡᠬᠦᠯᠦᠨᠠ᠃ ᠠᠭᠤᠯᠠ ᠲᠦᠭᠦᠷᠡᠩ ᠲᠦᠭᠡᠭᠰᠡᠨ ᠲᠤᠮᠤ ᠲᠤᠮᠤ ᠰᠠᠯᠬᠢᠨ ᠬᠦᠷᠳᠤ ᠬᠦᠷᠴᠢᠬᠢᠨᠡᠨ ᠡᠷᠬᠢᠯᠳᠦᠵᠦ᠂ ᠬᠤᠯᠠ ᠵᠢᠨ ᠵᠤᠴᠢᠳ ᠵᠢᠡᠨ ᠳᠠᠯᠠᠯᠤᠨ ᠤᠭᠳᠤᠵᠦ ᠪᠠᠢᠭ᠎ᠠ ᠮᠡᠳᠦ᠃
ᠦᠩᠭᠡᠷᠡᠭᠰᠡᠨ ᠳ᠋ᠤ᠂ ᠤᠯᠠᠭᠠᠨᠴᠠᠪ ᠤ᠋ᠨ ᠬᠦᠮᠦᠰ 《ᠬᠠᠪᠤᠷ ᠡᠴᠡ ᠡᠪᠦᠯ ᠪᠤᠯᠳᠠᠯ᠎ᠠ ᠵᠢᠯ ᠳ᠋ᠤ ᠭᠠᠭᠴᠠᠬᠠᠨ ᠤᠳᠠᠭ᠎ᠠ ᠰᠠᠯᠬᠢᠯᠠᠳᠠᠭ》᠂ 《ᠬᠠᠩᠰᠢ ᠪᠤᠯᠤᠭᠠᠳ ᠢᠰᠡᠬᠡᠢ ᠭᠤᠳᠤᠯ ᠵᠢᠡᠨ ᠳᠠᠢᠯᠬᠤ ᠦᠬᠡᠢ᠂ ᠵᠤᠨ ᠤ᠋ ᠠᠭᠤᠷ ᠤᠷᠤᠭᠠᠳ ᠬᠦᠪᠦᠩ ᠬᠤᠪᠴᠠᠰᠤ ᠡᠴᠡ ᠪᠠᠨ ᠰᠠᠯᠬᠤ ᠦᠬᠡᠢ》 ᠬᠡᠵᠦ ᠵᠢᠯ ᠲᠤᠷᠰᠢ ᠬᠦᠢᠳᠡᠨ᠂ ᠰᠠᠯᠬᠢ ᠶᠡᠬᠡᠳᠡᠢ ᠠᠭᠤᠷ ᠠᠮᠢᠰᠬᠤᠯ ᠳ᠋ᠤ 《ᠲᠤᠷ᠎ᠠ ᠦᠬᠡᠢᠴᠡᠳᠡᠭ》 ᠪᠠᠢᠭᠰᠠᠨ᠃ ᠭᠡᠳᠡᠯ᠎ᠠ ᠦᠨᠦᠳᠦᠷ ᠡᠨᠡ ᠬᠦ᠌ ᠬᠦᠢᠳᠡᠨ᠂ ᠰᠠᠯᠬᠢ ᠶᠡᠬᠡᠳᠡᠢ ᠠᠭᠤᠷ ᠠᠮᠢᠰᠬᠤᠯ ᠨᠢ 《ᠲᠡᠭᠷᠢ ᠵᠢᠨ ᠬᠡᠰᠢᠭ》 ᠪᠤᠯᠵᠦ᠂ ᠳᠡᠯᠡᠬᠡᠢ ᠳᠠᠬᠢᠨ ᠤ᠋ ᠠᠩᠬᠠᠷᠤᠯ ᠢ᠋ ᠳᠠᠳᠠᠵᠠᠢ᠃
ᠤᠯᠠᠭᠠᠨᠴᠠᠪ ᠬᠣᠲᠠ ᠵᠢᠨ ᠴᠠᠬᠠᠷ ᠪᠠᠷᠠᠭᠤᠨ ᠭᠠᠷᠤᠨ ᠡᠮᠦᠨᠡᠲᠦ ᠬᠣᠰᠢᠭᠤᠨ ᠤ᠋ ᠠᠵᠤ ᠦᠢᠯᠡᠰ ᠤ᠋ᠨ ᠬᠦᠷᠢᠶᠡᠯᠡᠩ ᠲᠣᠭᠣᠷᠢᠭ ᠲᠦ᠍ ᠤᠷᠤᠪᠠᠯ ᠵᠦᠢᠯ ᠤ᠋ᠨ ᠠᠰᠠᠷ ᠵᠢᠭᠳᠡᠷᠡᠨ ᠪᠤᠰᠴᠤ᠂ ᠲᠤᠮᠤ ᠮᠠᠰᠢᠨ ᠰᠦᠯᠵᠢᠯᠳᠤᠨ᠂ ᠪᠠᠷᠢᠯᠭ᠎ᠠ ᠵᠢᠨ ᠠᠵᠢᠯᠴᠢᠳ ᠪᠤᠵᠢᠬᠢᠨᠠᠯᠳᠤᠨ ᠶᠠᠭᠠᠷᠠᠯᠳᠤᠨ᠎ᠠ᠃ ᠬᠤᠧᠠ ᠸᠧᠢ᠂ ᠠ ᠯᠢ᠂ ᠠᠯᠮᠤᠷᠠᠳ᠂ ᠪᠤᠰᠢᠭᠤ ᠭᠠᠷ᠂ ᠵᠦᠩ ᠵᠢᠨ᠂ ᠵᠦᠩ ᠯᠢᠶᠠᠨ᠂ ᠸᠠᠨ ᠭᠦᠧᠧ ᠵᠡᠷᠭᠡ ᠳᠡᠯᠡᠬᠡᠢ ᠵᠢᠨ ᠬᠤᠰᠢᠭᠤᠷᠠᠯ ᠠᠵᠤ ᠠᠬᠤᠢᠯᠠᠯ ᠤ᠋ᠨ ᠬᠢᠨ ᠡᠨᠳᠡ ᠰᠠᠭᠤᠷᠢᠰᠢᠵᠦ᠂ ᠪᠢᠳᠡᠨ ᠡᠴᠡ ᠶᠡᠬᠡ ᠬᠤᠯᠠ ᠰᠠᠨᠠᠭᠳᠠᠵᠤ ᠪᠠᠢᠭᠰᠠᠨ ᠲᠤᠭ᠎ᠠ ᠪᠠᠷᠢᠮᠳᠠ ᠵᠢᠨ ᠵᠠᠭᠪᠤᠷ ᠤ᠋ᠨ ᠪᠤᠯᠪᠠᠰᠤᠷᠠᠯ᠂ AI ᠵᠦᠢᠴᠢᠯᠡᠯ᠂ ᠲᠤᠭ᠎ᠠ ᠪᠠᠷᠢᠮᠳᠠ ᠵᠢᠨ ᠵᠠᠳᠠᠯᠤᠯᠳᠠ ᠵᠡᠷᠬᠡ ᠰᠠᠭᠤᠷᠢ ᠪᠤᠳᠤᠯᠳᠠ᠂ ᠪᠤᠬᠢᠷᠳᠤᠯ ᠦᠬᠡᠢ ᠪᠤᠳᠤᠯᠳᠠ ᠵᠢᠨ ᠬᠦᠴᠦᠨ ᠬᠢᠬᠡᠳ ᠴᠠᠬᠢᠯᠭᠠᠨ ᠬᠦᠴᠦᠨ ᠤ᠋ ᠬᠠᠮᠵᠢᠯᠴᠠᠭ᠎ᠠ᠂ ᠪᠤᠳᠤᠯᠳᠠ ᠵᠢᠨ ᠠᠵᠤ ᠦᠢᠯᠡᠰ ᠤ᠋ᠨ ᠬᠡᠯᠬᠢᠶ᠎ᠠ ᠵᠢᠨ ᠢᠵᠢ ᠪᠦᠷᠢᠳᠦᠭᠰᠡᠨ ᠠᠵᠢᠯ ᠵᠡᠷᠭᠡ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠤᠯᠠᠨ ᠠᠷᠪᠢᠨ ᠠᠵᠢᠯ ᠡᠨᠳᠡ ᠪᠡᠶᠡᠯᠡᠭᠳᠡᠵᠦ᠂ ᠪᠣᠬᠢᠷᠲᠤᠯ ᠦᠭᠡᠢ ᠡᠨᠧᠷᠭᠢ ᠬᠢᠭᠡᠳ ᠬᠣᠰᠢᠭᠤᠷᠠᠯ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠭᠦᠨᠵᠡᠭᠡᠢ ᠠᠭᠤᠰᠤᠯᠴᠠᠯ ᠨᠢ ᠬᠠᠷᠠᠭᠰᠠᠨ ᠪᠦᠬᠦᠨ ᠢ᠋ ᠭᠠᠢᠬᠠᠰᠢ ᠠᠯᠳᠠᠭᠤᠯᠤᠨ᠎ᠠ᠃
《ᠡᠨᠳᠡᠬᠢ ᠵᠢᠨ ᠬᠦᠢᠲᠡᠨ ᠰᠡᠷᠢᠭᠦᠨ ᠠᠭᠤᠷ ᠠᠮᠢᠰᠬᠤᠯ ᠳ᠋ᠤ ᠲᠣᠭ᠎ᠠ ᠪᠠᠷᠢᠮᠲᠠ ᠵᠢᠨ ᠲᠥᠪ ᠨᠢ ᠵᠢᠯ ᠪᠦᠷᠢ 7 — 8 ᠬᠤᠶᠠᠷᠬᠠᠨ ᠰᠠᠷ᠎ᠠ ᠵᠢᠨ ᠥᠨᠳᠥᠷ ᠳᠤᠯᠠᠭᠠᠨ ᠳ᠋ᠤ ᠯᠡ ᠴᠠᠬᠢᠯᠭᠠᠨ ᠬᠦᠷᠦᠭᠡᠬᠦᠷ ᠬᠡᠷᠡᠭᠯᠡᠵᠦ᠂ ᠪᠤᠰᠤᠳ ᠦᠶᠡᠰ ᠪᠠᠢᠭᠠᠯᠢ ᠵᠢᠨ ᠰᠠᠯᠬᠢ ᠪᠡᠷ ᠦᠢᠯᠡᠴᠢᠯᠡᠬᠦᠷ ᠮᠠᠰᠢᠨ ᠤ᠋ ᠢᠯᠴᠢ ᠵᠢ ᠪᠠᠭᠤᠷᠠᠭᠤᠯᠳᠠᠭ ᠪᠤᠯᠬᠤᠷ ᠡᠮᠦᠨᠡᠳᠦ ᠤᠷᠤᠨ ᠲᠠᠢ ᠬᠠᠷᠢᠴᠠᠭᠤᠯᠪᠠᠯ ᠡᠨᠡ ᠳᠠᠯ᠎ᠠ ᠵᠢᠨ ᠴᠠᠬᠢᠯᠭᠠᠨ ᠤ᠋ ᠰᠦᠢᠳᠬᠡᠯ ᠢ᠋ 50% — 70% ᠪᠡᠷ ᠠᠷᠪᠢᠯᠠᠵᠤ ᠪᠣᠯᠣᠨ᠎ᠠ》 ᠭᠡᠵᠦ ᠵᠦᠩ ᠯᠢᠶᠠᠨ ᠲᠤᠭ᠎ᠠ ᠪᠠᠷᠢᠮᠳᠠ ᠵᠢᠨ ᠪᠦᠯᠦᠭᠯᠡᠯ ᠤ᠋ᠨ ᠦᠪᠦᠷ ᠮᠤᠨᠭᠭᠤᠯ ᠤ᠋ᠨ ᠤᠷᠤᠨ ᠪᠦᠰᠡ ᠵᠢᠨ ᠺᠤᠮᠫᠠᠨᠢ ᠵᠢᠨ ᠶᠡᠷᠦᠩᠬᠡᠢ ᠲᠠᠭᠠᠭᠠᠮᠠᠯ ᠯᠦᠧᠧ ᠰᠢ ᠶᠦᠩ ᠳᠠᠨᠢᠯᠴᠠᠭᠤᠯᠤᠨ᠎ᠠ᠃
ᠤᠮᠠᠷᠠᠳᠦ ᠦᠷᠭᠡᠷᠢᠭ ᠤ᠋ᠨ 42 ᠭᠷᠠᠳᠦ᠋ᠰ ᠲᠦ᠍ ᠪᠠᠢᠷᠢᠯᠠᠭᠰᠠᠨ ᠤᠯᠠᠭᠠᠨᠴᠠᠪ ᠬᠤᠳᠠ《ᠲᠤᠮᠳᠠᠳᠦ ᠤᠯᠤᠰ ᠤ᠋ᠨ ᠳᠠᠯ᠎ᠠ ᠨᠤᠲᠤᠭ ᠤ᠋ᠨ ᠵᠤᠰᠠᠭᠠᠯ ᠤ᠋ᠨ ᠬᠤᠳᠠ》 ᠬᠡᠮᠡᠭᠰᠡᠨ ᠰᠠᠢᠬᠠᠨ ᠠᠯᠳᠠᠷ ᠲᠠᠢ ᠪᠠᠢᠵᠦ᠂ ᠵᠢᠯ ᠤ᠋ᠨ ᠲᠤᠮᠳᠠᠴᠢ ᠠᠭᠠᠷ ᠤ᠋ᠨ ᠲᠤᠯᠠᠭᠠᠨ ᠨᠢ 4.3 ᠭᠷᠠᠳᠦ᠋ᠰ᠂ ᠵᠤᠨ ᠤ᠋ ᠤᠯᠠᠷᠢᠯ ᠤ᠋ᠨ ᠲᠤᠮᠳᠠᠴᠢ ᠠᠭᠠᠷ ᠤ᠋ᠨ ᠲᠤᠯᠠᠭᠠᠨ ᠨᠢ 18.8 ᠭᠷᠠᠳᠦ᠋ᠰ ᠪᠠᠢᠵᠦ᠂ ᠲᠣᠭ᠎ᠠ ᠪᠠᠷᠢᠮᠲᠠ ᠵᠢᠨ ᠲᠥᠪ ᠤ᠋ᠨ ᠡᠨᠧᠷᠭᠢ ᠵᠢᠨ ᠬᠣᠷᠣᠭᠳᠠᠯ ᠢ᠋ 30% ᠣᠷᠴᠢᠮ ᠪᠠᠭᠠᠰᠬᠠᠨ᠂ ᠪᠤᠳᠤᠯᠳᠠ ᠵᠢᠨ ᠲᠦᠪ ᠤ᠋ᠨ ᠦᠢᠯᠡᠴᠢᠯᠡᠭᠦᠷ ᠮᠠᠰᠢᠨ ᠤ᠋ ᠠᠮᠢ ᠨᠠᠰᠤ ᠵᠢ 3 ᠵᠢᠯ ᠣᠷᠴᠢᠮ ᠤᠷᠲᠤᠳᠬᠠᠵᠤ ᠲᠡᠢᠯᠳᠡᠭ ᠠᠵᠢ᠃
《ᠪᠤᠳᠤᠯᠳᠠ ᠵᠢᠨ ᠬᠦᠴᠦᠨ ᠤ᠋ ᠵᠠᠩᠬᠢᠯᠠᠭ᠎ᠠ ᠨᠢ ᠴᠠᠬᠢᠯᠭᠠᠨ ᠬᠦᠴᠦᠨ》 ᠬᠡᠮᠡᠳᠡᠭ᠃ ᠤᠯᠠᠭᠠᠨᠴᠠᠪ ᠵᠢᠯ ᠪᠦᠷᠢ ᠰᠠᠯᠬᠢᠨ ᠬᠦᠴᠦ ᠵᠢᠨ ᠴᠠᠬᠢᠯᠭᠠᠨ ᠢ᠋ 3600 ᠴᠠᠭ ᠣᠷᠴᠢᠮ᠂ ᠬᠡᠷᠡᠯᠴᠢ ᠴᠡᠨᠡᠭ ᠤ᠋ᠨ ᠴᠠᠬᠢᠯᠭᠠᠨ ᠢ᠋ 1800 ᠴᠠᠭ ᠣᠷᠴᠢᠮ ᠠᠰᠢᠭᠯᠠᠵᠦ ᠪᠤᠯᠳᠠᠭ ᠵᠢᠡᠷ ᠵᠢᠡᠨ ᠴᠥᠮ ᠪᠥᠬᠥ ᠤᠯᠤᠰ ᠤ᠋ᠨ ᠡᠮᠦᠨ᠎ᠡ ᠡᠩᠨᠡᠭᠡᠨ ᠳ᠋ᠤ ᠣᠷᠣᠵᠦ᠂ ᠰᠢᠨ᠎ᠡ ᠡᠨᠧᠷᠭᠢ ᠵᠢᠨ ᠲᠣᠣᠷ ᠲᠦ᠍ ᠨᠡᠢᠯᠡᠭᠦᠯᠦᠭᠰᠡᠨ ᠮᠠᠰᠢᠨ ᠴᠣᠭᠴᠠᠯᠠᠪᠤᠷᠢ ᠵᠢᠨ ᠬᠡᠪᠴᠢᠶ᠎ᠡ 2100 ᠲᠦᠮᠡᠨ ᠺᠢᠯᠦᠸᠠᠲ ᠲᠦ᠍ ᠬᠦᠷᠴᠦ᠂ 2025 ᠤᠨ ᠳ᠋ᠤ ᠰᠠᠯᠬᠢᠨ ᠬᠦᠴᠦ ᠪᠠ ᠭᠡᠷᠡᠯᠴᠢ ᠴᠡᠨᠡᠭ ᠤ᠋ᠨ ᠴᠠᠬᠢᠯᠭᠠᠨ ᠢ᠋ ᠨᠡᠢᠳᠡ 377.75 ᠳ᠋ᠦᠩᠰᠢᠭᠤᠷ ᠭᠷᠡᠳᠦ᠋ᠰ ᠭᠠᠷᠭᠠᠵᠠᠢ᠃ ᠤᠯᠠᠭᠠᠨᠴᠠᠪ ᠬᠤᠳᠠ ᠳ᠋ᠤ ᠪᠠᠰᠠ ᠮᠠᠰᠢ ᠨᠢᠭᠳᠠ ᠴᠠᠬᠢᠯᠭᠠᠨ ᠬᠤᠪᠢᠰᠬᠠᠭᠤᠷ ᠪᠤᠯᠤᠨ ᠳᠠᠮᠵᠢᠭᠤᠯᠭ᠎ᠠ ᠵᠢᠨ ᠲᠤᠤᠷ ᠲᠠᠢ ᠪᠠᠢᠵᠦ᠂ ᠪᠤᠳᠤᠯᠳᠠ ᠵᠢᠨ ᠬᠦᠴᠦᠨ ᠤ᠋ ᠠᠵᠤ ᠦᠢᠯᠡᠰ ᠲᠦ᠍ ᠠᠮᠤᠷ ᠲᠦᠪᠰᠢᠨ᠂ ᠬᠢᠮᠳᠠ᠂ ᠪᠤᠬᠢᠷᠳᠤᠯ ᠦᠬᠡᠢ ᠴᠠᠬᠢᠯᠭᠠᠨ ᠬᠠᠩᠭᠠᠵᠦ ᠪᠠᠢᠨ᠎ᠠ᠃ ᠨᠡᠩ ᠴᠦ᠍ ᠦᠪᠦᠷ ᠮᠤᠨᠭᠭᠤᠯ ᠤ᠋ᠨ ᠪᠤᠳᠤᠯᠳᠠ ᠵᠢᠨ ᠬᠦᠴᠦᠨ ᠤ᠋ ᠲᠦᠪ ᠤ᠋ᠨ ᠪᠤᠬᠢᠷᠳᠤᠯ ᠦᠬᠡᠢ ᠴᠠᠬᠢᠯᠭᠠᠨ ᠤ᠋ ᠠᠵᠤ ᠠᠬᠤᠢᠯᠠᠯ ᠳ᠋ᠤ ᠦᠭᠬᠦ ᠴᠠᠬᠢᠯᠭᠠᠨ ᠤ᠋ ᠦᠨ᠎ᠠ ᠨᠢ ᠭᠷᠠᠳᠦ᠋ᠰ ᠪᠦᠷᠢ ᠳ᠋ᠤ 0.35 — 0.38 ᠲᠦᠬᠦᠷᠢᠭ ᠯᠡ ᠪᠠᠢᠵᠦ᠂ ᠪᠦᠬᠦ ᠤᠯᠤᠰ ᠤ᠋ᠨ ᠬᠠᠮᠤᠭ ᠤ᠋ᠨ ᠬᠢᠮᠳᠠ ᠴᠠᠬᠢᠯᠭᠠᠨ ᠪᠤᠯᠤᠭᠰᠠᠨ ᠨᠢ ᠦᠪᠡᠷᠮᠢᠴᠡ ᠳᠠᠪᠠᠭᠤᠯᠢᠭ ᠪᠤᠯᠵᠠᠢ᠃
2025 ᠣᠨ ᠳ᠋ᠤ᠂ ᠤᠯᠠᠭᠠᠨᠴᠠᠪ ᠤ᠋ᠨ ᠪᠤᠳᠤᠯᠳᠠ ᠵᠢᠨ ᠬᠦᠴᠦᠨ ᠤ᠋ ᠠᠵᠤ ᠦᠢᠯᠡᠰ ᠤ᠋ᠨ ᠴᠠᠬᠢᠯᠭᠠᠨ ᠬᠡᠷᠡᠭᠯᠡᠭᠰᠡᠨ ᠬᠡᠮᠵᠢᠶ᠎ᠡ 43 ᠳ᠋ᠦᠩᠰᠢᠭᠤᠷ ᠭᠷᠡᠳᠦ᠋ᠰ ᠲᠦ᠍ ᠬᠦᠷᠴᠦ᠂ 2026 ᠣᠨ ᠳ᠋ᠤ ᠵᠢᠱ᠌ᠢᠯᠲᠡ ᠪᠡᠷ 90 ᠳ᠋ᠦᠩᠰᠢᠭᠤᠷ ᠭᠷᠡᠳᠦ᠋ᠰ ᠲᠤᠯᠵᠦ᠂ ᠨᠢᠭᠡ ᠯᠡ ᠵᠢᠯ ᠳ᠋ᠤ ᠴᠠᠬᠢᠯᠭᠠᠨ ᠬᠡᠷᠡᠭᠯᠡᠬᠦ ᠬᠡᠮᠵᠢᠶ᠎ᠡ ᠨᠢ ᠳᠠᠬᠢᠨ ᠵᠢᠡᠷ ᠨᠡᠮᠡᠭᠳᠡᠭᠰᠡᠨ ᠪᠢᠯᠡ᠃ ᠣᠳᠣᠬᠠᠨ ᠪᠣᠯᠲᠠᠯ᠎ᠠ ᠤᠯᠠᠭᠠᠨᠴᠠᠪ ᠬᠣᠲᠠ ᠨᠢᠭᠡᠨᠲᠡ ᠪᠤᠳᠤᠯᠳᠠ ᠵᠢᠨ ᠬᠦᠴᠦᠨ ᠤ᠋ ᠲᠥᠪ ᠤ᠋ᠨ 109 ᠲᠥᠷᠥᠯ ᠵᠦᠢᠯ ᠳ᠋ᠤ ᠭᠡᠷ᠎ᠡ ᠲᠣᠭᠲᠠᠵᠤ᠂ ᠵᠢᠱ᠌ᠢᠯᠲᠡ ᠪᠡᠷ ᠢᠷᠡᠬᠦ ᠬᠣᠶᠠᠷ ᠭᠤᠷᠪᠠᠨ ᠵᠢᠯ ᠳ᠋ᠤ ᠵᠠᠯᠭᠠᠭ᠎ᠠ ᠪᠠᠷ ᠪᠠᠢᠭᠤᠯᠤᠨ ᠳᠠᠭᠤᠰᠬᠠᠵᠤ ᠠᠰᠢᠭ᠍ᠯᠠᠯᠲᠠ ᠳ᠋ᠤ ᠣᠷᠣᠭᠤᠯᠤᠨ᠂ ᠴᠠᠬᠢᠯᠭᠠᠨ ᠬᠡᠷᠡᠭᠯᠡᠬᠦ ᠬᠡᠮᠵᠢᠶ᠎ᠡ ᠨᠢ ᠦᠷᠭᠦᠯᠵᠢᠯᠡᠨ ᠨᠡᠮᠡᠭᠳᠡᠬᠦ ᠪᠣᠯᠣᠨ᠎ᠠ᠃ ᠬᠠᠮᠢᠶ᠎ᠠ ᠪᠦᠬᠦᠢ ᠰᠠᠯᠠᠭ᠎ᠠ ᠮᠦᠴᠢᠷ ᠤ᠋ᠨ ᠲᠥᠰᠥᠭᠡᠯᠡᠨ ᠪᠤᠳᠤᠭᠰᠠᠨ ᠵᠢᠡᠷ᠂ 1 ᠲᠦᠮᠡᠨ ᠰᠢᠷᠭᠡᠭ AI ᠲᠦᠷᠭᠡᠳᠬᠡᠬᠦᠷ ᠺᠠᠷᠲ ᠲᠠᠢ ᠨᠢᠭᠡ ᠣᠶᠤᠨᠲᠤ ᠪᠣᠳᠣᠯᠭ᠎ᠠ ᠵᠢᠨ ᠲᠥᠪ ᠵᠢᠯ ᠳ᠋ᠤ ᠪᠠᠷᠤᠭ 1 ᠳ᠋ᠦᠩᠰᠢᠭᠤᠷ ᠭᠷᠡᠳᠦ᠋ᠰ ᠴᠠᠬᠢᠯᠭᠠᠨ ᠵᠠᠷᠤᠴᠠᠭᠤᠯᠵᠤ᠂ ᠭᠷᠡᠳᠦ᠋ᠰ ᠪᠦᠷᠢ ᠵᠢᠨ ᠴᠠᠬᠢᠯᠭᠠᠨ ᠤ᠋ ᠰᠦᠢᠳᠬᠡᠯ ᠨᠢ 10 ᠮᠥᠩᠭᠥ ᠪᠠᠭᠤᠷᠠᠪᠠᠯ ᠢᠯᠡᠭᠦᠦ 1000 ᠲᠦᠮᠡᠨ ᠲᠥᠭᠥᠷᠢᠭ ᠤ᠋ᠨ ᠠᠰᠢᠭ᠋ ᠤᠯᠵᠠᠪᠤᠷᠢ ᠲᠠᠢ ᠶᠤᠮ᠃

ᠵᠥᠩ ᠵᠢᠨ ᠲᠣᠭ᠎ᠠ ᠪᠠᠷᠢᠮᠲᠠ ᠵᠢᠨ ᠤᠯᠠᠭᠠᠨᠴᠠᠪ ᠤ᠋ᠨ ᠪᠤᠬᠢᠷᠳᠤᠯ ᠦᠬᠡᠢ ᠪᠤᠳᠤᠯᠳᠠ ᠵᠢᠨ ᠰᠠᠭᠤᠷᠢᠨ ᠳ᠋ᠤ ᠠᠭᠤᠯᠠᠨ ᠳᠡᠭᠡᠷ᠎ᠠ ᠪᠤᠰᠬᠠᠭᠰᠠᠨ ᠰᠠᠯᠬᠢᠨ ᠬᠦᠷᠳᠤ ᠬᠦᠷᠴᠢᠭᠢᠨᠡᠨ ᠡᠷᠭᠢᠯᠳᠦᠵᠦ᠂ ᠠᠭᠤᠯᠠᠨ ᠬᠣᠷᠮᠣᠢ ᠵᠢᠨ ᠬᠡᠷᠡᠯᠴᠢ ᠴᠡᠨᠡᠭ ᠤ᠋ᠨ ᠬᠠᠪᠲᠠᠰᠤ ᠨᠢ ᠨᠡᠷᠡᠨ ᠤ᠋ ᠬᠡᠷᠡᠯ ᠢ᠋ ᠨᠠᠮ ᠲᠠᠢᠪᠤᠩ ᠵᠢᠡᠷ ᠰᠢᠩᠭᠡᠬᠡᠨ ᠠᠪᠴᠤ᠂ 16 ᠺᠢᠯᠣᠮᠧᠲᠷ ᠣᠷᠳᠣ᠌ ᠲᠤᠰᠬᠠᠢ ᠴᠠᠬᠢᠯᠭᠠᠨ ᠱᠤᠭᠤᠮ ᠵᠢᠡᠷ ᠳᠡᠮᠵᠢᠨ ᠰᠠᠭᠤᠷᠢᠨ ᠳ᠋ᠤ ᠰᠢᠭᠤᠳ ᠵᠠᠯᠭᠠᠵᠦ᠂ ᠲᠣᠮᠣ᠌ ᠴᠠᠬᠢᠯᠭᠠᠨ ᠲᠣᠣᠷ ᠲᠠᠢ ᠬᠠᠮᠵᠢᠯᠴᠠᠨ ᠲᠣᠭ᠎ᠠ ᠪᠠᠷᠢᠮᠲᠠ ᠵᠢᠨ ᠮᠠᠰᠢᠨ ᠤ᠋ 10 ᠭᠠᠷᠤᠢ ᠥᠷᠥᠭᠡ ᠵᠢ 24 ᠴᠠᠭ ᠵᠢᠡᠷ ᠲᠠᠰᠤᠷᠠᠯᠲᠠ ᠦᠭᠡᠢ ᠲᠤᠭᠳᠠᠭᠤᠨ ᠵᠢᠡᠷ ᠠᠵᠢᠯᠯᠠᠭᠤᠯᠤᠨ᠎ᠠ᠃ ᠡᠨᠡ ᠪᠣᠯ ᠪᠦᠬᠦ ᠤᠯᠤᠰ ᠤ᠋ᠨ ᠠᠩᠬᠠᠳᠠᠭ᠍ᠴᠢ ᠲᠣᠭ᠎ᠠ ᠪᠠᠷᠢᠮᠲᠠ ᠵᠢᠨ ᠲᠥᠪ ᠲᠦ᠍ ᠪᠣᠬᠢᠷᠲᠤᠯ ᠦᠭᠡᠢ ᠴᠠᠬᠢᠯᠭᠠᠨ ᠢ᠋ ᠰᠢᠭᠤᠳ ᠵᠠᠯᠭᠠᠵᠦ᠂ ᠡᠨᠧᠷᠬᠢ ᠲᠤᠤᠷ ᠳᠠᠭᠠᠭᠠᠴᠠ ᠨᠦᠬᠡᠴᠡᠵᠢ ᠨᠢᠭᠡ ᠴᠣᠭᠴᠠᠵᠢᠭᠤᠯᠤᠭᠰᠠᠨ ᠲᠦᠷᠦᠯ ᠵᠦᠢᠯ ᠪᠣᠯᠣᠨ᠎ᠠ᠃

《ᠮᠠᠨ ᠤ᠋ ᠰᠠᠯᠬᠢᠨ ᠬᠦᠴᠦ ᠭᠡᠷᠡᠯᠴᠢ ᠴᠡᠨᠡᠭ ᠤ᠋ᠨ ᠴᠠᠬᠢᠯᠭᠠᠨ ᠤ᠋ ᠶᠡᠷᠦᠩᠬᠡᠢ ᠮᠠᠰᠢᠨ ᠴᠣᠭᠴᠠᠯᠠᠪᠤᠷᠢ ᠵᠢᠨ ᠬᠡᠪᠴᠢᠶ᠎ᠠ 30 ᠲᠦᠮᠡᠨ ᠺᠢᠯᠦᠸᠠᠲ ᠲᠦ᠍ ᠬᠦᠷᠴᠦ᠂ ᠢᠵᠢ ᠪᠦᠷᠢᠳᠦᠭᠦᠯᠦᠭᠰᠡᠨ ᠨᠥᠭᠡᠴᠡ ᠡᠨᠧᠷᠭᠢ 4.5 ᠲᠦᠮᠡᠨ ᠺᠢᠯᠦᠸᠠᠲ ᠲᠦ᠍ ᠬᠦᠷᠴᠦ᠂ ᠵᠢᠯ ᠤ᠋ᠨ ᠥᠪᠡᠰᠤᠪᠠᠨ ᠭᠠᠷᠭᠠᠵᠦ ᠦᠪᠡᠰᠤᠪᠠᠨ ᠬᠡᠷᠡᠭᠯᠡᠬᠦ ᠪᠣᠬᠢᠷᠲᠤᠯ ᠦᠭᠡᠢ ᠴᠠᠬᠢᠯᠭᠠᠨ ᠪᠠᠷᠤᠭ 8.48 ᠳ᠋ᠦᠩᠰᠢᠭᠤᠷ ᠭᠷᠡᠳᠦ᠋ᠰ ᠲᠦ᠍ ᠬᠦᠷᠴᠤ ᠪᠠᠢᠨ᠎ᠠ》 ᠬᠡᠵᠦ ᠵᠥᠩ ᠵᠢᠨ ᠲᠣᠭ᠎ᠠ ᠪᠠᠷᠢᠮᠲᠠ ᠵᠢᠨ ᠤᠯᠠᠭᠠᠨᠴᠠᠪ ᠤ᠋ᠨ ᠪᠤᠬᠢᠷᠳᠤᠯ ᠦᠬᠡᠢ ᠪᠤᠳᠤᠯᠳᠠ ᠵᠢᠨ ᠰᠠᠭᠤᠷᠢᠨ ᠤ᠋ ᠬᠠᠷᠢᠭᠤᠴᠠᠯᠭᠠᠳᠠᠨ ᠯᠢ ᠴᠦᠨ ᠰᠢᠶᠣᠣ ᠲᠠᠨᠢᠯᠴᠠᠭᠤᠯᠤᠨ᠎ᠠ᠃
《ᠪᠠᠭᠡᠵᠢᠩ ᠤ᠋ᠨ ᠪᠠᠷᠠᠭᠤᠨᠳᠡᠬᠢ ᠨᠢᠭᠡ ᠦᠷᠳᠡᠭᠡ ᠤᠯᠠᠭᠠᠨᠴᠠᠪ》 ᠭᠡᠳᠡᠭ ᠵᠢᠡᠷ ᠤᠯᠠᠭᠠᠨᠴᠠᠪ ᠨᠢ ᠪᠡᠭᠡᠵᠢᠩ ᠡᠴᠡ 300 ᠺᠢᠯᠣᠮᠧᠲᠷ ᠯᠡ ᠵᠠᠢᠲᠠᠢ᠂ ᠲᠠᠩ ᠴᠢᠭᠯᠡᠯ ᠤ᠋ᠨ ᠰᠦᠯᠵᠢᠶᠠᠨ ᠳᠠᠮᠵᠢᠭᠤᠯᠭ᠎ᠠ ᠵᠢᠨ ᠬᠤᠵᠢᠮᠳᠠᠯ ᠨᠢ 2.1 ᠮᠢᠯᠢᠰᠸᠺᠦ᠋ᠨ᠋ᠳ᠋ ᠪᠠᠢᠵᠦ᠂ ᠪᠡᠭᠡᠵᠢᠩ ᠲᠢᠶᠠᠨᠵᠢᠨ ᠾᠧᠪᠧᠢ ᠵᠢᠨ ᠪᠤᠳᠤᠯᠳᠠ ᠵᠢᠨ ᠬᠦᠴᠦᠨ ᠤ᠋ ᠲᠤᠬᠠᠢᠯᠠᠭᠰᠠᠨ ᠠᠵᠢᠯ ᠢ᠋ ᠮᠠᠰᠢ ᠰᠠᠢᠨ ᠵᠢᠡᠷ ᠳᠠᠭᠠᠭᠠᠴᠢᠯᠠᠨ ᠠᠪᠴᠤ ᠪᠡᠶᠡᠯᠡᠬᠦᠯᠵᠦ ᠴᠢᠳᠠᠬᠤ ᠶᠤᠮ᠃

《ᠶᠡᠷᠦᠩᠬᠡᠢᠯᠡᠭᠡᠳ ᠦᠵᠡᠪᠡᠯ ᠤᠯᠠᠭᠠᠨᠴᠠᠪ ᠬᠣᠲᠠ ᠪᠤᠳᠤᠯᠳᠠ ᠵᠢᠨ ᠬᠦᠴᠦᠨ ᠤ᠋ ᠠᠵᠤ ᠦᠢᠯᠡᠰ ᠢ᠋ ᠬᠥᠭᠵᠢᠭᠦᠯᠬᠦ ᠰᠢᠵᠢᠷ ᠠᠯᠲᠠᠨ ᠪᠠᠢᠷᠢ ᠳ᠋ᠤ ᠪᠠᠢᠷᠢᠰᠢᠵᠤ ᠪᠠᠢᠨ᠎ᠠ》ᠭᠡᠵᠦ ᠵᠦᠩ ᠯᠢᠶᠠᠨ ᠲᠤᠭ᠎ᠠ ᠪᠠᠷᠢᠮᠳᠠ ᠵᠢᠨ ᠪᠦᠯᠦᠭᠯᠡᠯ ᠤ᠋ᠨ ᠦᠪᠦᠷ ᠮᠤᠨᠭᠭᠤᠯ ᠤ᠋ᠨ ᠤᠷᠤᠨ ᠪᠦᠰᠡ ᠵᠢᠨ ᠺᠤᠮᠫᠠᠨᠢ ᠵᠢᠨ ᠶᠡᠷᠦᠩᠬᠡᠢ ᠲᠠᠭᠠᠭᠠᠮᠠᠯ ᠯᠦᠧᠧ ᠰᠢ ᠶᠦᠩ ᠬᠡᠯᠡᠨ᠎ᠠ᠃ ᠤᠯᠠᠭᠠᠨᠴᠠᠪ ᠬᠤᠳᠠ ᠵᠡᠬᠦᠨ ᠬᠤᠢᠳᠦ ᠤᠷᠤᠨ᠂ ᠤᠮᠠᠷᠠᠳᠦ ᠤᠷᠤᠨ᠂ ᠪᠠᠷᠠᠭᠤᠨ ᠬᠤᠢᠳᠦ ᠤᠷᠤᠨ ᠤ᠋ ᠠᠭᠤᠯᠵᠠᠷ ᠲᠦ᠍ ᠤᠷᠤᠰᠢᠨ᠂ ᠤᠯᠤᠰ ᠤ᠋ᠨ《ᠨᠠᠢ᠍ᠮᠠᠨ ᠭᠤᠤᠯᠳᠦ ᠨᠠᠢ᠍ᠮᠠᠨ ᠬᠦᠨᠳᠡᠯᠡᠨ》ᠲᠦᠷᠭᠡᠨ ᠤ᠋ ᠲᠡᠮᠦᠷ ᠵᠠᠮ ᠤ᠋ᠨ ᠠᠭᠤᠯᠵᠠᠷ ᠲᠦ᠍ ᠪᠠᠢᠷᠢᠯᠠᠵᠦ᠂ ᠵᠠᠮ ᠬᠠᠷᠢᠯᠴᠠᠭ᠎ᠠ ᠲᠦᠬᠦᠮ ᠲᠦᠳᠡ ᠮᠦᠷᠳᠡᠭᠡᠨ ᠰᠠᠭᠤᠷᠢ ᠲᠦᠬᠦᠭᠡᠷᠦᠮᠵᠢ ᠪᠦᠷᠢᠨ ᠬᠦᠢᠴᠡᠳ᠂ ᠪᠤᠳᠤᠯᠳᠠ ᠵᠢᠨ ᠬᠦᠴᠦᠨ ᠤ᠋ ᠪᠦᠳᠦᠭᠡᠨ ᠪᠠᠢᠭᠤᠯᠤᠯᠳᠠ ᠳ᠋ᠤ 7 ᠲᠦᠮᠡᠨ ᠮᠣ᠌ ᠭᠠᠵᠠᠷ ᠲᠦᠯᠦᠪᠵᠢᠬᠦᠯᠦᠨ᠂ ᠵᠠᠰᠠᠭ ᠤ᠋ᠨ ᠤᠷᠳᠤᠨ ᠡᠴᠡ ᠲᠦᠷᠦ ᠵᠢᠨ ᠪᠤᠳᠤᠯᠭ᠎ᠠ ᠵᠢᠨ ᠳᠡᠮᠵᠢᠯᠬᠡ ᠬᠦᠢᠴᠡᠳ ᠬᠠᠩᠭᠠᠵᠦ᠂ ᠠᠵᠤ ᠠᠬᠤᠢᠯᠠᠯ ᠤ᠋ᠨ ᠬᠢᠨ ᠤ᠋ ᠠᠵᠢᠯᠯᠠᠵᠦ ᠠᠮᠢᠳᠤᠷᠠᠬᠤ ᠳ᠋ᠤ ᠮᠠᠰᠢ ᠰᠠᠢᠨ ᠤᠷᠴᠢᠨ ᠨᠦᠬᠦᠴᠡᠯ ᠢ᠋ ᠪᠦᠷᠢᠯᠳᠦᠬᠦᠯᠵᠦ ᠦᠭᠴᠡᠢ᠃

ᠲᠦᠮᠦᠰᠦ ᠪᠠ ᠶᠤᠤᠮᠠᠢ ᠪᠡᠷ ᠵᠢᠡᠨ ᠬᠦᠮᠦᠰ ᠲᠦ᠍ ᠳᠠᠨᠢᠭᠳᠠᠭᠰᠠᠨ ᠤᠯᠠᠭᠠᠨᠴᠠᠪ ᠬᠤᠳᠠ ᠡᠳᠦᠭᠡ ᠶᠠᠭ ᠲᠡᠯᠡᠬᠡᠢ ᠵᠢᠨ ᠬᠤᠰᠢᠭᠤᠷᠠᠯ ᠰᠢᠨᠵᠢᠯᠡᠬᠦ ᠤᠬᠠᠭᠠᠨ ᠲᠧᠭᠨᠢᠭ ᠮᠡᠷᠬᠡᠵᠢᠯ ᠤ᠋ᠨ ᠠᠵᠤ ᠦᠢᠯᠡᠰ ᠵᠢᠡᠷ ᠲᠠᠯᠠᠬᠡᠢ ᠳ᠋ᠠᠬᠢᠨ ᠤ᠋ ᠠᠩᠬᠠᠷᠤᠯ ᠢ᠋ ᠳᠠᠳᠠᠵᠦ᠂ ᠲᠤᠭᠠᠴᠢᠯᠠᠭᠰᠠᠨ ᠠᠵᠤ ᠠᠬᠤᠢ ᠵᠢᠨ ᠬᠦᠷᠢᠶᠡᠨ ᠳ᠋ᠤ ᠬᠤᠰᠢᠭᠤᠴᠢᠯᠠᠨ ᠤᠷᠤᠭᠰᠢᠯᠠᠨ᠎ᠠ᠃
ᠰᠤᠷᠪᠤᠯᠵᠢᠯᠠᠭᠴᠢ᠄ ᠢᠳᠡᠷᠡᠬᠦᠨ ᠬᠦᠭᠵᠢᠯᠳᠦ ᠬᠤᠧᠠᠩ ᠹᠦ ᠮᠧᠢ ᠰᠢᠶᠠᠨ
ᠬᠠᠢ ᠵᠢᠶᠦ᠋ᠨ ᠭᠦᠧᠧ ᠴᠢ ᠨᠠᠨ
ᠠᠪᠢᠶᠠᠯᠠᠭᠴᠢ᠄ ᠬᠦᠭᠵᠢᠯᠳᠦ ᠦᠨᠢᠷ
ᠦᠢᠯᠡᠳᠦᠭᠴᠢ ᠄ ᠢᠳᠡᠷᠡᠬᠦᠨ
ᠶᠡᠷᠦᠩᠬᠡᠢ ᠬᠢᠨᠠᠭᠴᠢ᠄ ᠪᠠᠢ ᠰᠢᠶᠠᠨ ᠢᠥᠢ ᠯᠢᠨ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃