2026-11-05 16:57:06
ᠤᠷᠴᠢᠮ ᠲᠥᠪ ᠲᠧᠯᠸᠢᠰᠢᠶᠠᠷ ᠶᠠᠭ ᠰᠠᠶᠢᠬᠠᠨ ᠨᠡᠪᠲᠡᠷᠡᠭᠦᠯᠵᠦ ᠪᠠᠶ᠋ᠢᠭ᠎ᠠ 《ᠠᠭᠤᠤ ᠶᠡᠬᠡ ᠤᠷᠲᠤ ᠵᠠᠮᠤᠨ ᠠᠶᠠᠨ ᠳᠠᠶ᠋ᠢᠨ》 ᠬᠡᠬᠦᠲᠸᠯᠸᠢᠰ ᠵᠦᠴᠦᠭᠡ ᠨᠢ ᠠᠤᠭ᠎ᠠ ᠵᠢᠷᠤᠭᠯᠠᠯ᠂ ᠭᠦᠨ ᠵᠤᠵᠠᠭᠠᠨ ᠲᠡᠦᠬᠡᠶᠢᠨ ᠠᠭᠤᠯᠤᠭᠳᠠᠬᠤᠨ ᠢ᠋ᠶ᠋ᠠᠷ ᠢ᠋ᠶ᠋ᠠᠨ ᠥᠷᠭᠡᠨᠤᠯᠠᠨ ᠤ᠋ ᠠᠩᠬᠠᠷᠤᠯᠢ ᠲᠠᠲᠠᠪᠠ᠃ ᠲᠤᠰ ᠵᠦᠴᠦᠭᠡ ᠶ᠋ᠢᠨ 36 ᠳ᠋ᠤᠭᠠᠷ ᠪᠦᠯᠦᠭ ᠲᠡᠬᠢ ᠤᠯᠠᠭᠠᠨ ᠴᠡᠷᠢᠭᠤᠨ ᠳᠠᠷᠤᠭ᠎ᠠ ᠪᠠᠶ᠋ᠢᠯᠳᠤᠭ᠍ᠴᠢᠳ ᠴᠠᠰᠤ ᠰᠢᠭᠤᠷᠭ᠎ᠠ ᠶ᠋ᠢ ᠰᠦᠷᠦᠨ᠂ ᠪᠠᠷᠲᠠᠭᠠᠲᠤ ᠣᠷᠭᠢᠯ ᠳᠤ ᠠᠪᠠᠷᠢᠵᠤ᠂ ᠴᠠᠰᠤᠲᠤ ᠠᠭᠤᠯᠠᠶᠢ ᠲᠤᠭᠤᠯᠤᠭᠰᠠᠨ ᠰᠦᠷᠯᠢᠭ ᠠᠬᠤᠢ ᠪᠠᠶ᠋ᠢᠳᠠᠯ ᠢ᠋ ᠬᠡᠰᠢᠭᠳᠡᠨ ᠬᠣᠰᠢᠭᠤᠨᠤ ᠬᠤᠩᠭᠤ ᠶ᠋ᠢᠨ ᠲᠠᠪᠠᠭ᠎ᠠ ᠪᠠ ᠠᠪᠳᠠᠷᠠᠳᠤ ᠠᠭᠤᠯᠠ ᠶ᠋ᠢᠨ ᠦᠵᠡᠮᠵᠢ ᠶ᠋ᠢᠨ ᠤᠷᠤᠨ ᠳ᠋ᠤ᠌ ᠰᠡᠭᠦᠳᠡᠷᠯᠡᠭᠰᠡᠨ ᠪᠠᠢᠨ᠎ᠠ ᠃
ᠬᠡᠰᠢᠭᠳᠡᠨ ᠬᠤᠰᠢᠭᠤ ᠨᠢ ᠶᠡᠭᠡ ᠬᠢᠩᠭᠠᠨ ᠳᠠᠪᠠᠭ᠎ᠠ ᠬᠢᠭᠡᠳ ᠶᠠᠨ ᠱᠠᠨ ᠠᠭᠤᠯᠠᠶᠢᠨ ᠠᠭᠤᠯᠵᠠᠷ ᠣᠷᠤᠨᠳᠤ ᠪᠠᠢ᠍ᠢᠷᠢᠯᠠᠵᠤ᠂ ᠰᠦᠷᠯᠢᠭ ᠰᠠᠢ᠍ᠢᠬᠠᠨ ᠠᠭᠤᠯᠠ ᠤᠰᠤᠨ ᠤ᠋ ᠦᠩᠬᠡ ᠦᠵᠡᠮᠵᠢ᠂ ᠬᠠᠬᠢᠷ ᠬᠦᠢᠲᠡᠨ ᠠᠭᠤᠯᠠᠷᠬᠠᠭ ᠤᠷᠤᠨ ᠤ᠋ ᠭᠠᠵᠠᠷ ᠤ᠋ᠨ ᠭᠠᠳᠠᠷᠭᠤ᠂ ᠤᠩᠭᠤᠨ ᠪᠠᠢ᠍ᠢᠭᠠᠯᠢᠯᠢᠭ᠋ ᠠᠮᠢ ᠠᠬᠤᠢᠶᠢᠨ ᠠᠭᠤᠯᠠᠨ ᠣᠢᠶᠢᠨ ᠳᠦᠷᠰᠦ ᠪᠠᠢ᠍ᠢᠳᠠᠯ ᠨᠢ ᠤᠷᠲᠤ ᠵᠠᠮᠤᠨ ᠠᠶᠠᠨ ᠳᠠᠢ᠍ᠢᠨ ᠤ᠋ ᠦᠶ᠎ᠡ ᠶ᠋ᠢᠨ ᠴᠠᠰᠤᠲᠤ ᠠᠭᠤᠯᠠᠠ ᠳ᠋ᠡᠬᠢ ᠠᠬᠤᠢ ᠪᠠᠢ᠍ᠢᠳᠠᠯᠲᠠᠢ ᠲᠤᠩ ᠨᠡᠶ᠋ᠢᠴᠡᠨᠡ᠃ ᠠᠳᠡ ᠬᠥᠮᠦᠨᠤ ᠬᠦᠴᠦᠪᠠᠷ ᠦᠵᠡᠮᠵᠢ ᠲᠤᠬᠢᠷᠠᠭᠤᠯᠬᠤ ᠴᠢᠬᠤᠯᠠ ᠦᠬᠡᠢ᠂ ᠬᠡᠰᠢᠭᠳᠡᠨ ᠬᠣᠰᠢᠭᠤᠨᠤ ᠰᠦᠷᠯᠢᠭ ᠰᠠᠢ᠍ᠢᠬᠠᠨ ᠪᠠᠢ᠍ᠢᠭᠠᠯᠢᠶᠢᠨ ᠦᠵᠡᠮᠵᠢᠪᠡᠷ ᠢ᠋ᠶ᠋ᠠᠨ ᠶᠡᠷᠡᠨ ᠵᠢᠯᠤᠨ ᠡᠮᠦᠨᠡᠬᠢ ᠤᠯᠠᠭᠠᠨ ᠴᠡᠷᠢᠭ ᠴᠠᠰᠤᠲᠤ ᠠᠭᠤᠯᠠᠶᠢ ᠳᠠᠪᠠᠵᠤ ᠬᠡᠳᠦᠯᠦᠭᠰᠡᠨ ᠪᠡᠷᠬᠡ ᠬᠠᠲᠠᠭᠤᠵᠢᠯᠲᠠᠢ ᠣᠷᠴᠢᠨ ᠨᠥᠬᠦᠴᠡᠯᠢ ᠠᠮᠢᠳᠤᠯᠢᠭ᠋ᠢᠶᠠᠷ ᠰᠡᠷᠭᠦᠭᠡᠵᠦ᠂ ᠪᠥᠬᠦ ᠵᠦᠴᠦᠭᠡᠶᠢᠨ ᠭᠦᠨ ᠵᠤᠵᠠᠭᠠᠨ᠂ ᠦᠨᠡᠨ ᠪᠣᠳᠠᠲᠠᠢ ᠲᠡᠤᠬᠡᠳᠤᠠᠬᠤᠢ ᠪᠠᠢᠳᠠᠯ ᠢ᠋ ᠬᠦᠢᠴᠡᠳ ᠲᠤᠰᠬᠠᠬᠤ ᠳ᠋ᠤ᠌ ᠬᠦᠴᠦᠨ ᠨᠡᠮᠡᠷᠢᠯᠡᠪᠡ ᠃
ᠤᠯᠤᠰᠤᠨ ᠲᠠᠰᠤᠨ ᠬᠤᠪᠢᠰᠬᠠᠯ ᠤ᠋ᠨ ᠰᠡᠳᠦᠪᠲᠦ ᠲᠸᠯᠸᠢᠰ ᠵᠦᠴᠦᠭᠡ ᠶ᠋ᠢᠨ ᠬᠡᠰᠡᠭ ᠦᠵᠡᠭᠳᠡᠯ ᠢ᠋ ᠬᠡᠰᠢᠭᠳᠡᠨ ᠬᠤᠰᠢᠭᠤᠨ ᠳ᠋ᠤ᠌ ᠦᠵᠡᠮᠵᠢ ᠠᠪᠴᠦ ᠰᠡᠭᠦᠳᠡᠷᠯᠡᠨ ᠰᠢᠩᠭᠡᠭᠡᠭᠰᠡᠨᠨᠢ ᠬᠡᠰᠢᠭᠳᠡᠨ ᠬᠤᠰᠢᠭᠤᠨᠤ ᠴᠢᠨᠠᠷ ᠰᠠᠢ᠍ᠢᠲᠠᠢ ᠪᠠᠢ᠍ᠢᠭᠠᠯᠢᠶᠢᠨ ᠠᠮᠢ ᠠᠬᠤᠢ᠂ ᠥᠪᠡᠷᠮᠢᠴᠡ ᠭᠠᠵᠠᠷ ᠰᠢᠨᠵᠢᠯᠡᠬᠡᠨᠤ ᠳᠦᠷᠰᠦ ᠪᠠᠢ᠍ᠢᠳᠠᠯᠢ ᠳᠡᠭᠡᠳᠦ ᠬᠡᠮᠵᠢᠶ᠎ᠡᠪᠠᠷ ᠮᠡᠳᠡᠷᠡᠭᠰᠡᠨ ᠪᠥᠭᠡᠳ ᠬᠡᠰᠢᠭᠳᠡᠨ ᠬᠤᠰᠢᠭᠤᠨᠤ ᠠᠮᠢ ᠠᠬᠤᠢᠶᠢᠨ ᠲᠡᠪᠢᠰᠭᠡᠷ ᠦᠩᠭᠡᠶᠢ ᠤᠯᠠᠮ ᠨᠢᠭᠡ ᠠᠯᠬᠤᠮ ᠭᠡᠷᠡᠯᠲᠦᠭᠦᠯᠵᠦ᠂ ᠬᠡᠰᠢᠭᠳᠡᠨ ᠬᠤᠰᠢᠭᠤᠨᠤ ᠰᠤᠶᠤᠯ ᠵᠢᠭᠤᠯᠴᠢᠯᠠᠯᠤᠨ ᠠᠵᠤ ᠦᠢᠯᠡᠰᠤᠨ ᠠᠭᠤᠰᠤᠯᠴᠠᠨ ᠬᠦᠭᠵᠢᠬᠦ ᠳ᠋ᠤ᠌ ᠴᠣ ᠰᠢᠨ᠎ᠡ ᠬᠦᠴᠦᠨ ᠨᠠᠮᠡᠷᠢᠯᠡᠭᠰᠡᠨ ᠪᠠᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃