ᠲᠡᠷᠢᠭᠦᠨ ᠨᠢᠭᠤᠷ>ᠵᠢᠷᠭᠢᠶ᠎ᠡ

2026-11-05 17:13:54

ᠵᠣᠬᠢᠶᠠᠭ᠍ᠴᠢ᠄ ᠤᠷᠢᠬᠠᠨ ᠣᠩᠱᠢᠭ᠍ᠰᠠᠨ ᠣᠳᠠᠭ᠎ᠠ᠄ 3

ᠤᠷᠴᠢᠮ ᠲᠥᠪ ᠲᠧᠯᠸᠢᠰ᠎ᠢᠶᠠᠷ ᠶᠠᠭ ᠰᠠᠶᠢᠬᠠᠨ ᠨᠡᠪᠲᠡᠷᠡᠭᠦᠯᠵᠦ ᠪᠠᠶ᠋ᠢᠭ᠎ᠠ 《ᠠᠭᠤᠤ ᠶᠡᠬᠡ ᠤᠷᠲᠤ ᠵᠠᠮ᠎ᠤᠨ ᠠᠶᠠᠨ ᠳᠠᠶ᠋ᠢᠨ》 ᠬᠡᠬᠦ᠎ᠲᠸᠯᠸᠢᠰ ᠵᠦᠴᠦᠭᠡ ᠨᠢ ᠠᠤᠭ᠎ᠠ ᠵᠢᠷᠤᠭᠯᠠᠯ᠂ ᠭᠦᠨ ᠵᠤᠵᠠᠭᠠᠨ ᠲᠡᠦᠬᠡ᠎ᠶᠢᠨ ᠠᠭᠤᠯᠤᠭᠳᠠᠬᠤᠨ ᠢ᠋ᠶ᠋ᠠᠷ ᠢ᠋ᠶ᠋ᠠᠨ ᠥᠷᠭᠡᠨ᠎ᠤᠯᠠᠨ ᠤ᠋ ᠠᠩᠬᠠᠷᠤᠯ᠎ᠢ ᠲᠠᠲᠠᠪᠠ᠃ ᠲᠤᠰ ᠵᠦᠴᠦᠭᠡ ᠶ᠋ᠢᠨ 36 ᠳ᠋ᠤᠭᠠᠷ ᠪᠦᠯᠦᠭ ᠲᠡᠬᠢ ᠤᠯᠠᠭᠠᠨ ᠴᠡᠷᠢᠭ᠎ᠤᠨ ᠳᠠᠷᠤᠭ᠎ᠠ ᠪᠠᠶ᠋ᠢᠯᠳᠤᠭ᠍ᠴᠢᠳ ᠴᠠᠰᠤ ᠰᠢᠭᠤᠷᠭ᠎ᠠ ᠶ᠋ᠢ ᠰᠦᠷᠦᠨ᠂ ᠪᠠᠷᠲᠠᠭᠠᠲᠤ ᠣᠷᠭᠢᠯ ᠎ᠳᠤ ᠠᠪᠠᠷᠢᠵᠤ᠂ ᠴᠠᠰᠤᠲᠤ ᠠᠭᠤᠯᠠ᠎ᠶᠢ ᠲᠤᠭᠤᠯᠤᠭᠰᠠᠨ ᠰᠦᠷᠯᠢᠭ ᠠᠬᠤᠢ ᠪᠠᠶ᠋ᠢᠳᠠᠯ ᠢ᠋ ᠬᠡᠰᠢᠭᠳᠡᠨ ᠬᠣᠰᠢᠭᠤᠨ᠎ᠤ ᠬᠤᠩᠭᠤ ᠶ᠋ᠢᠨ ᠲᠠᠪᠠᠭ᠎ᠠ ᠪᠠ ᠠᠪᠳᠠᠷᠠᠳᠤ ᠠᠭᠤᠯᠠ ᠶ᠋ᠢᠨ ᠦᠵᠡᠮᠵᠢ ᠶ᠋ᠢᠨ ᠤᠷᠤᠨ ᠳ᠋ᠤ᠌ ᠰᠡᠭᠦᠳᠡᠷᠯᠡᠭᠰᠡᠨ ᠪᠠᠢᠨ᠎ᠠ᠃



ᠬᠡᠰᠢᠭᠳᠡᠨ ᠬᠤᠰᠢᠭᠤ ᠨᠢ ᠶᠡᠭᠡ ᠬᠢᠩᠭᠠᠨ ᠳᠠᠪᠠᠭ᠎ᠠ ᠬᠢᠭᠡᠳ ᠶᠠᠨ ᠱᠠᠨ ᠠᠭᠤᠯᠠ᠎ᠶᠢᠨ ᠠᠭᠤᠯᠵᠠᠷ ᠣᠷᠤᠨ᠎ᠳᠤ ᠪᠠᠢ᠍ᠢᠷᠢᠯᠠᠵᠤ᠂ ᠰᠦᠷᠯᠢᠭ ᠰᠠᠢ᠍ᠢᠬᠠᠨ ᠠᠭᠤᠯᠠ ᠤᠰᠤᠨ ᠤ᠋ ᠦᠩᠬᠡ ᠦᠵᠡᠮᠵᠢ᠂ ᠬᠠᠬᠢᠷ ᠬᠦᠢᠲᠡᠨ ᠠᠭᠤᠯᠠᠷᠬᠠᠭ ᠤᠷᠤᠨ ᠤ᠋ ᠭᠠᠵᠠᠷ ᠤ᠋ᠨ ᠭᠠᠳᠠᠷᠭᠤ᠂ ᠤᠩᠭᠤᠨ ᠪᠠᠢ᠍ᠢᠭᠠᠯᠢᠯᠢᠭ᠋ ᠠᠮᠢ ᠠᠬᠤᠢ᠎ᠶᠢᠨ ᠠᠭᠤᠯᠠᠨ ᠣᠢ᠎ᠶᠢᠨ ᠳᠦᠷᠰᠦ ᠪᠠᠢ᠍ᠢᠳᠠᠯ ᠨᠢ ᠤᠷᠲᠤ ᠵᠠᠮ᠎ᠤᠨ ᠠᠶᠠᠨ ᠳᠠᠢ᠍ᠢᠨ ᠤ᠋ ᠦᠶ᠎ᠡ ᠶ᠋ᠢᠨ ᠴᠠᠰᠤᠲᠤ ᠠᠭᠤᠯᠠᠠ ᠳ᠋ᠡᠬᠢ ᠠᠬᠤᠢ ᠪᠠᠢ᠍ᠢᠳᠠᠯ᠎ᠲᠠᠢ ᠲᠤᠩ ᠨᠡᠶ᠋ᠢᠴᠡᠨ᠎ᠡ᠃ ᠠᠳᠡ ᠬᠥᠮᠦᠨ᠎ᠤ ᠬᠦᠴᠦ᠎ᠪᠠᠷ ᠦᠵᠡᠮᠵᠢ ᠲᠤᠬᠢᠷᠠᠭᠤᠯᠬᠤ ᠴᠢᠬᠤᠯᠠ ᠦᠬᠡᠢ᠂ ᠬᠡᠰᠢᠭᠳᠡᠨ ᠬᠣᠰᠢᠭᠤᠨ᠎ᠤ ᠰᠦᠷᠯᠢᠭ ᠰᠠᠢ᠍ᠢᠬᠠᠨ ᠪᠠᠢ᠍ᠢᠭᠠᠯᠢ᠎ᠶᠢᠨ ᠦᠵᠡᠮᠵᠢ᠎ᠪᠡᠷ ᠢ᠋ᠶ᠋ᠠᠨ ᠶᠡᠷᠡᠨ ᠵᠢᠯ᠎ᠤᠨ ᠡᠮᠦᠨᠡᠬᠢ ᠤᠯᠠᠭᠠᠨ ᠴᠡᠷᠢᠭ ᠴᠠᠰᠤᠲᠤ ᠠᠭᠤᠯᠠ᠎ᠶᠢ ᠳᠠᠪᠠᠵᠤ ᠬᠡᠳᠦᠯᠦᠭᠰᠡᠨ ᠪᠡᠷᠬᠡ ᠬᠠᠲᠠᠭᠤᠵᠢᠯᠲᠠᠢ ᠣᠷᠴᠢᠨ ᠨᠥᠬᠦᠴᠡᠯ᠎ᠢ ᠠᠮᠢᠳᠤᠯᠢᠭ᠋᠎ᠢᠶᠠᠷ ᠰᠡᠷᠭᠦᠭᠡᠵᠦ᠂ ᠪᠥᠬᠦ ᠵᠦᠴᠦᠭᠡ᠎ᠶᠢᠨ ᠭᠦᠨ ᠵᠤᠵᠠᠭᠠᠨ᠂ ᠦᠨᠡᠨ ᠪᠣᠳᠠᠲᠠᠢ ᠲᠡᠤᠬᠡᠳᠤ᠎ᠠᠬᠤᠢ ᠪᠠᠢᠳᠠᠯ ᠢ᠋ ᠬᠦᠢᠴᠡᠳ ᠲᠤᠰᠬᠠᠬᠤ ᠳ᠋ᠤ᠌ ᠬᠦᠴᠦᠨ ᠨᠡᠮᠡᠷᠢᠯᠡᠪᠡ ᠃

ᠤᠯᠤᠰ᠎ᠤᠨ ᠲᠠᠰ᠎ᠤᠨ ᠬᠤᠪᠢᠰᠬᠠᠯ ᠤ᠋ᠨ ᠰᠡᠳᠦᠪᠲᠦ ᠲᠸᠯᠸᠢᠰ ᠵᠦᠴᠦᠭᠡ ᠶ᠋ᠢᠨ ᠬᠡᠰᠡᠭ ᠦᠵᠡᠭᠳᠡᠯ ᠢ᠋ ᠬᠡᠰᠢᠭᠳᠡᠨ ᠬᠤᠰᠢᠭᠤᠨ ᠳ᠋ᠤ᠌ ᠦᠵᠡᠮᠵᠢ ᠠᠪᠴᠦ ᠰᠡᠭᠦᠳᠡᠷᠯᠡᠨ ᠰᠢᠩᠭᠡᠭᠡᠭᠰᠡᠨ᠎ᠨᠢ ᠬᠡᠰᠢᠭᠳᠡᠨ ᠬᠤᠰᠢᠭᠤᠨ᠎ᠤ ᠴᠢᠨᠠᠷ ᠰᠠᠢ᠍ᠢᠲᠠᠢ ᠪᠠᠢ᠍ᠢᠭᠠᠯᠢ᠎ᠶᠢᠨ ᠠᠮᠢ ᠠᠬᠤᠢ᠂ ᠥᠪᠡᠷᠮᠢᠴᠡ ᠭᠠᠵᠠᠷ ᠰᠢᠨᠵᠢᠯᠡᠬᠡᠨ᠎ᠤ ᠳᠦᠷᠰᠦ ᠪᠠᠢ᠍ᠢᠳᠠᠯ᠎ᠢ ᠳᠡᠭᠡᠳᠦ ᠬᠡᠮᠵᠢᠶ᠎ᠡ᠎ᠪᠠᠷ ᠮᠡᠳᠡᠷᠡᠭᠰᠡᠨ ᠪᠥᠭᠡᠳ ᠬᠡᠰᠢᠭᠳᠡᠨ ᠬᠤᠰᠢᠭᠤᠨ᠎ᠤ ᠠᠮᠢ ᠠᠬᠤᠢ᠎ᠶᠢᠨ ᠲᠡᠪᠢᠰᠭᠡᠷ ᠦᠩᠭᠡ᠎ᠶᠢ ᠤᠯᠠᠮ ᠨᠢᠭᠡ ᠠᠯᠬᠤᠮ ᠭᠡᠷᠡᠯᠲᠦᠭᠦᠯᠵᠦ᠂ ᠬᠡᠰᠢᠭᠳᠡᠨ ᠬᠤᠰᠢᠭᠤᠨ᠎ᠤ ᠰᠤᠶᠤᠯ ᠵᠢᠭᠤᠯᠴᠢᠯᠠᠯ᠎ᠤᠨ ᠠᠵᠤ ᠦᠢᠯᠡᠰ᠎ᠤᠨ ᠠᠭᠤᠰᠤᠯᠴᠠᠨ ᠬᠦᠭᠵᠢᠬᠦ ᠳ᠋ᠤ᠌ ᠴᠣ ᠰᠢᠨ᠎ᠡ ᠬᠦᠴᠦᠨ ᠨᠠᠮᠡᠷᠢᠯᠡᠭᠰᠡᠨ ᠪᠠᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面