2026-11-06 11:49:05
ᠥᠨᠥᠳᠦᠷ (11 ᠰᠠᠷ᠎ᠠ᠎ᠶᠢᠨ 5᠎ᠤ ᠡᠳᠦᠷ) ᠡᠴᠡ ᠡᠬᠢᠯᠡᠨ ᠤᠯᠤᠰ᠎ᠤᠨ ᠳᠣᠲᠣᠭᠠᠳᠤ᠎ᠶᠢᠨ ᠠᠭᠠᠷ᠎ᠤᠨ ᠠᠶᠠᠯᠠᠯ᠎ᠤᠨ ᠠᠶᠠᠨᠴᠢᠳ᠎ᠤᠨ ᠵᠦᠭᠡᠭᠡᠪᠦᠷᠢ᠎ᠶᠢᠨ ᠰᠢᠲᠠᠭᠠᠯᠭ᠎ᠠ᠎ᠶᠢᠨ ᠲᠣᠰᠣᠨ᠎ᠤ ᠨᠡᠮᠡᠯᠲᠡ ᠰᠦᠢᠳᠬᠡᠯ ᠬᠤᠷᠢᠶᠠᠬᠤ ᠪᠠᠷᠢᠮᠵᠢᠶ᠎ᠠ᠎ᠳᠤ ᠲᠣᠬᠢᠷᠠᠭᠤᠯᠤᠯᠲᠠ ᠬᠢᠨ᠎ᠡ᠃ 800 ᠺᠢᠯᠣᠮᠧᠲ᠋ᠷ (ᠪᠠᠭᠲᠠᠨ᠎ᠠ) ᠡᠴᠠ ᠳᠣᠷᠣᠭᠰᠢᠬᠢ ᠠᠶᠠᠯᠠᠯ᠎ᠤᠨ ᠬᠡᠰᠡᠭ᠎ᠲᠦ᠍ ᠨᠠᠰᠤᠨ᠎ᠳᠤ ᠬᠦᠷᠦᠭᠰᠡᠨ ᠠᠶᠠᠨᠴᠢᠳ᠎ᠠᠴᠠ ᠰᠢᠲᠠᠭᠠᠯᠭ᠎ᠠ᠎ᠶᠢᠨ ᠲᠣᠰᠣᠨ᠎ᠤ ᠰᠦᠢᠳᠬᠡᠯ 80 ᠲᠥᠭᠥᠷᠢᠭ ᠬᠤᠷᠢᠶᠠᠵᠤ᠂ 800 ᠺᠢᠯᠣᠮᠧᠲ᠋ᠷ᠎ᠡᠴᠡ ᠳᠡᠭᠡᠭᠰᠢᠬᠢ ᠠᠶᠠᠯᠠᠯ᠎ᠤᠨ ᠬᠡᠰᠡᠭ᠎ᠲᠦ᠍ ᠨᠠᠰᠤᠨ᠎ᠳᠤ ᠬᠦᠷᠦᠭᠰᠡᠨ ᠠᠶᠠᠨᠴᠢᠳ᠎ᠠᠴᠠ ᠰᠢᠲᠠᠭᠠᠯᠭ᠎ᠠ᠎ᠶᠢᠨ ᠲᠣᠰᠣᠨ᠎ᠤ ᠰᠦᠢᠳᠬᠡᠯ 140 ᠲᠥᠭᠥᠷᠢᠭ ᠬᠤᠷᠢᠶᠠᠵᠤ᠂ ᠲᠤᠰ ᠲᠤᠰ 30 ᠲᠥᠭᠥᠷᠢᠭ ᠪᠠ 50 ᠲᠥᠭᠥᠷᠢᠭ ᠥᠰᠴᠡᠶ᠃
ᠪᠣᠳᠠᠲᠠᠢ᠎ᠪᠠᠷ ᠬᠡᠯᠡᠪᠡᠯ ᠳᠣᠣᠷᠠᠬᠢ ᠮᠡᠲᠦ᠍᠄
ᠨᠢᠭᠡ᠂ ᠤᠯᠤᠰ᠎ᠤᠨ ᠳᠣᠲᠣᠭᠠᠳᠤ᠎ᠶᠢᠨ ᠠᠭᠠᠷ᠎ᠤᠨ ᠠᠶᠠᠯᠠᠯ᠎ᠤᠨ ᠱᠤᠭᠤᠮ᠎ᠤᠨ ᠠᠶᠠᠨᠴᠢᠳ᠎ᠤᠨ ᠵᠦᠭᠡᠭᠡᠪᠦᠷᠢ᠎ᠶᠢᠨ ᠰᠢᠲᠠᠭᠠᠯᠭ᠎ᠠ᠎ᠶᠢᠨ ᠲᠣᠰᠣᠨ ᠤ ᠨᠡᠮᠡᠯᠲᠡ ᠰᠦᠢᠳᠬᠡᠯ ᠬᠤᠷᠢᠶᠠᠬᠤ ᠪᠠᠷᠢᠮᠵᠢᠶ᠎ᠠ᠂ 800 ᠺᠢᠯᠣᠮᠧᠲ᠋ᠷ (ᠪᠠᠭᠲᠠᠨ᠎ᠠ) ᠡᠴᠠ ᠳᠣᠷᠣᠭᠰᠢᠬᠢ ᠠᠶᠠᠯᠠᠯ᠎ᠤᠨ ᠬᠡᠰᠡᠭ᠎ᠲᠦ᠍ ᠠᠶᠠᠨᠴᠢᠨ ᠨᠢᠭᠡᠪᠦᠷᠢ᠎ᠡᠴᠡ 80 ᠲᠥᠭᠥᠷᠢᠭ ᠬᠤᠷᠢᠶᠠᠨ᠎ᠠ; 800 ᠺᠢᠯᠣᠮᠧᠲ᠋ᠷ᠎ᠡᠴᠡ ᠳᠡᠭᠡᠭᠰᠢᠬᠢ ᠠᠶᠠᠯᠠᠯ᠎ᠤᠨ ᠬᠡᠰᠡᠭ᠎ᠲᠦ᠍ ᠠᠶᠠᠨᠴᠢᠨ ᠨᠢᠭᠡᠪᠦᠷᠢ ᠡᠴᠡ 140 ᠲᠥᠭᠥᠷᠢᠭ ᠬᠤᠷᠢᠶᠠᠨ᠎ᠠ᠃
ᠬᠣᠶᠠᠷ᠂ ᠤᠯᠤᠰ᠎ᠤᠨ ᠳᠣᠲᠣᠭᠠᠳᠤ᠎ᠶᠢᠨ ᠠᠷᠠᠳ᠎ᠤᠨ ᠠᠭᠠᠷ᠎ᠤᠨ ᠵᠦᠭᠡᠭᠡᠪᠦᠷᠢ᠎ᠶᠢᠨ ᠨᠠᠰᠤᠨ᠎ᠳᠤ ᠬᠦᠷᠦᠭᠰᠡᠳ᠎ᠦᠨ ᠡᠩ᠎ᠦᠨ ᠪᠢᠯᠧᠲ᠎ᠦᠨ ᠦᠨ᠎ᠡ᠎ᠶᠢᠨ 10% ᠪᠡᠷ ᠪᠤᠳᠤᠬᠤ ᠨᠢᠯᠬ᠎ᠠ ᠬᠡᠦᠬᠡᠳ᠎ᠡᠴᠡ ᠰᠢᠲᠠᠭᠠᠯᠭ᠎ᠠ᠎ᠶᠢᠨ ᠲᠣᠰᠣᠨ᠎ᠤ ᠨᠡᠮᠡᠯᠲᠡ ᠰᠦᠢᠳᠬᠡᠯ ᠬᠤᠷᠢᠶᠠᠬᠤ ᠦᠭᠡᠶ᠃
ᠭᠤᠷᠪᠠ᠂ ᠲᠣᠭᠲᠠᠭᠠᠯ ᠶᠣᠰᠣᠭᠠᠷ ᠤᠯᠤᠰ᠎ᠤᠨ ᠳᠣᠲᠣᠭᠠᠳᠤ᠎ᠶᠢᠨ ᠠᠷᠠᠳ᠎ᠤᠨ ᠠᠭᠠᠷ᠎ᠤᠨ ᠵᠦᠭᠡᠭᠡᠪᠦᠷᠢ᠎ᠶᠢᠨ ᠨᠠᠰᠤᠨ᠎ᠳᠤ ᠬᠦᠷᠦᠭᠰᠡᠳ᠎ᠦᠨ ᠡᠩ᠎ᠦᠨ ᠪᠢᠯᠧᠲ᠎ᠦᠨ ᠦᠨ᠎ᠡ᠎ᠶᠢᠨ 50% ᠪᠡᠷ ᠬᠤᠳᠠᠯᠳᠤᠨ ᠠᠪᠬᠤ ᠬᠡᠦᠬᠡᠳ (ᠪᠠᠷ᠎ᠠ ᠪᠤᠯᠬᠤ ᠭᠦᠮᠦᠨ ᠦᠭᠡᠢ ᠬᠡᠦᠬᠡᠳ ᠪᠠᠭᠲᠠᠨ᠎ᠠ)᠂ ᠵᠡᠮᠳᠡᠭ ᠴᠡᠷᠢᠭ᠂ ᠠᠯᠪᠠᠨ ᠶᠠᠪᠤᠳᠠᠯ᠎ᠢᠶᠠᠷ ᠵᠡᠮᠳᠡᠭ ᠪᠣᠯᠤᠭᠰᠠᠨ ᠠᠷᠠᠳ᠎ᠤᠨ ᠴᠠᠭᠳᠠᠭ᠎ᠠ ᠪᠣᠯᠤᠨ ᠭᠠᠯ ᠤᠨᠲᠠᠷᠠᠭᠠᠬᠤ ᠠᠪᠤᠷᠠᠨ ᠲᠤᠰᠠᠯᠠᠬᠤ ᠵᠡᠮᠳᠡᠭ ᠬᠥᠮᠦᠰ᠎ᠤᠨ ᠠᠶᠠᠨᠴᠢᠳ᠎ᠤᠨ ᠵᠦᠭᠡᠭᠡᠪᠦᠷᠢ᠎ᠶᠢᠨ ᠰᠢᠲᠠᠭᠠᠯᠭ᠎ᠠ ᠵᠢᠨ ᠲᠣᠰᠣᠨ᠎ᠤ ᠨᠡᠮᠡᠯᠲᠡ ᠰᠦᠢᠳᠬᠡᠯ ᠬᠤᠷᠢᠶᠠᠬᠤ ᠪᠠᠷᠢᠮᠵᠢᠶ᠎ᠠ ᠨᠢ 800 ᠺᠢᠯᠣᠮᠧᠲᠷ (ᠪᠠᠭᠲᠠᠨ᠎ᠠ) ᠡᠴᠠ ᠳᠣᠷᠣᠭᠰᠢᠬᠢ ᠠᠶᠠᠯᠠᠯ᠎ᠤᠨ ᠬᠡᠰᠡᠭ᠎ᠲᠦ᠍ ᠠᠶᠠᠨᠴᠢᠨ ᠨᠢᠭᠡᠪᠦᠷᠢ ᠡᠴᠡ 40 ᠲᠥᠭᠥᠷᠢᠭ ᠬᠤᠷᠢᠶᠠᠨ᠎ᠠ; 800 ᠺᠢᠯᠣᠮᠧᠲ᠋ᠷ᠎ᠡᠴᠡ ᠳᠡᠭᠡᠭᠰᠢᠬᠢ ᠠᠶᠠᠯᠠᠯ᠎ᠤᠨ ᠬᠡᠰᠡᠭ᠎ᠲᠦ᠍ ᠠᠶᠠᠨᠴᠢᠨ ᠨᠢᠭᠡᠪᠦᠷᠢ ᠡᠴᠡ 70 ᠲᠥᠭᠥᠷᠢᠭ ᠬᠤᠷᠢᠶᠠᠨ᠎ᠠ᠃
ᠢᠷᠡᠯᠲᠡ᠄ ᠲᠥᠪ ᠲᠧᠯᠸᠢᠰ᠎ᠦᠨ ᠰᠣᠨᠢᠨ ᠮᠡᠳᠡᠭᠡ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃