ᠲᠡᠷᠢᠭᠦᠨ ᠨᠢᠭᠤᠷ>ᠵᠢᠷᠭᠢᠶ᠎ᠡ>ᠵᠢᠭᠤᠯᠴᠢᠯᠠᠯ

2026-11-23 17:22:50

ᠵᠣᠬᠢᠶᠠᠭ᠍ᠴᠢ᠄ ᠭᠤᠤ ᠬᠤᠢ ᠣᠩᠱᠢᠭ᠍ᠰᠠᠨ ᠣᠳᠠᠭ᠎ᠠ᠄ 3

ᠪᠦᠬᠦ᠌ ᠤᠷᠳᠤ ᠨᠢ 2666 ᠺᠢᠯᠣᠮᠧᠲᠷ  55 ᠴᠠᠭ ᠠᠶᠠᠯᠠᠨ᠎ᠠ 


ᠲᠡᠮᠦᠷ ᠵᠠᠮ᠎ᠤᠨ ᠰᠠᠯᠠᠭ᠎ᠠ ᠮᠥᠴᠢᠷ᠎ᠦᠨ ᠨᠡᠶ᠋ᠢᠲᠡᠯᠡᠭᠰᠡᠨ ᠮᠡᠳᠡᠭᠡ᠎ᠶᠢ ᠦᠨᠳᠦᠰᠦᠯᠡᠪᠡᠯ᠂ 11 ᠰᠠᠷ᠎ᠠ᠎ᠶᠢᠨ 25᠎ᠤ ᠡᠳᠦᠷ᠎ᠡᠴᠡ ᠡᠬᠢᠯᠡᠨ᠂ ᠪᠡᠭᠡᠵᠢᠩ ᠡᠴᠡ ᠤᠯᠠᠭᠠᠨᠪᠠᠭᠠᠲᠤᠷ᠂ ᠢᠷᠺᠦ᠋ᠼᠺ ᠬᠥᠷᠬᠥ᠌ ᠳᠤᠮᠳᠠᠳᠤ ᠮᠣᠩᠭᠣᠯ ᠣᠷᠣᠰ᠎ᠤᠨ ᠣᠯᠠᠨ ᠤᠯᠤᠰ᠎ᠤᠨ ᠠᠶᠠᠨᠴᠢᠳ᠎ᠤᠨ ᠭᠠᠯᠳᠦ ᠲᠡᠷᠭᠡ ᠭᠠᠷᠠᠭ᠎ᠲᠦ ᠨᠢᠭᠡ ᠢᠷᠡᠵᠦ ᠪᠤᠴᠠᠨ᠂ ᠳᠤᠮᠳᠠᠳᠤ ᠮᠣᠩᠭᠣᠯ ᠣᠷᠣᠰ ᠭᠤᠷᠪᠠᠨ ᠤᠯᠤᠰ᠎ᠤᠨ ᠬᠥᠮᠦᠰ᠎ᠦᠨ ᠶᠠᠪᠤᠯᠴᠠᠭ᠎ᠠ᠂ ᠠᠵᠤ ᠠᠬᠤᠶ ᠠᠷᠠᠯᠵᠢᠶᠠᠨ᠎ᠤ ᠬᠠᠮᠲᠤᠷᠠᠯᠴᠠᠭ᠎ᠠ ᠪᠠ ᠰᠣᠶᠣᠯ ᠢᠷᠭᠡᠨᠰᠢᠯ᠎ᠤᠨ ᠰᠣᠯᠢᠯᠴᠠᠭ᠎ᠠ᠎ᠶᠢ ᠤᠯᠠᠮ ᠨᠢᠭᠡ ᠠᠯᠬᠤᠮ ᠠᠬᠢᠭᠤᠯᠬᠤ ᠪᠣᠯᠤᠨ᠎ᠠ᠃

ᠡᠨᠡ ᠤᠳᠠᠭ᠎ᠠ V3/4 ᠡᠭᠡᠯᠵᠢ᠎ᠶᠢᠨ ᠳᠤᠮᠳᠠᠳᠤ ᠮᠣᠩᠭᠣᠯ ᠣᠷᠣᠰ᠎ᠤᠨ ᠣᠯᠠᠨ ᠤᠯᠤᠰ᠎ᠤᠨ ᠠᠶᠠᠨᠴᠢᠳ᠎ᠤᠨ ᠭᠠᠯᠳᠦ ᠲᠡᠷᠭᠡ ᠳᠤᠮᠳᠠᠳᠤ ᠤᠯᠤᠰ᠂ ᠮᠣᠩᠭᠣᠯ ᠤᠯᠤᠰ᠂ ᠣᠷᠣᠰ ᠭᠤᠷᠪᠠᠨ ᠤᠯᠤᠰ᠎ᠢ ᠳᠤᠭᠤᠯᠤᠨ᠂ ᠵᠠᠮ ᠳᠠᠭᠠᠤ ᠪᠡᠭᠡᠵᠢᠩ᠂ ᠵᠢᠨᠢᠩ᠎ᠦᠨ ᠡᠮᠦᠨ᠎ᠡ ᠦᠷᠳᠡᠭᠡ᠂ ᠡᠷᠢᠶᠡᠨ ᠬᠤᠳᠠ᠂ ᠵᠠᠮ᠎ᠤᠨ ᠡᠭᠦᠳᠡ (ᠮᠣᠩᠭᠣᠯ)᠂ ᠰᠠᠶ᠋ᠢᠨᠱᠠᠩᠳᠠ (ᠮᠣᠩᠭᠣᠯ)᠂ ᠴᠣᠶ᠋ᠢᠷ (ᠮᠣᠩᠭᠣᠯ)᠂ ᠤᠯᠠᠭᠠᠨᠪᠠᠭᠠᠲᠤᠷ (ᠮᠣᠩᠭᠣᠯ)᠂ ᠳᠠᠷᠬᠠᠨ (ᠮᠣᠩᠭᠣᠯ)᠂ ᠰᠦᠬᠡᠪᠠᠭᠠᠲᠤᠷ(ᠮᠣᠩᠭᠣᠯ)᠂ ᠨᠠᠦ᠋ᠱᠺᠢ (ᠤᠷᠤᠰ)᠂ ᠤᠯᠠᠭᠠᠠᠠᠦ᠋ᠳᠡ (ᠤᠷᠤᠰ)᠂ ᠢᠷᠺᠦ᠋ᠼᠺ (ᠣᠷᠣᠰ) ᠵᠡᠷᠭᠡ ᠥᠷᠲᠡᠭᠡᠨ᠎ᠳᠦ ᠵᠤᠭᠰᠤᠨ᠎ᠠ᠂ ᠪᠦᠬᠦ᠌ ᠤᠷᠳᠤ ᠨᠢ 2666 ᠺᠢᠯᠣᠮᠧᠲᠷ᠂ 55 ᠴᠠᠭ ᠠᠶᠠᠯᠠᠨ᠎ᠠ᠂ ᠳᠤᠮᠳᠠᠳᠤ ᠤᠯᠤᠰ᠎ᠤᠨ ᠡᠷᠢᠶᠡᠨ ᠪᠣᠭᠣᠮᠲᠠ᠂ ᠮᠣᠩᠭᠣᠯ ᠤᠯᠤᠰ᠎ᠤᠨ ᠵᠠᠮ᠎ᠤᠨ ᠡᠭᠦᠳᠡ ᠪᠣᠭᠣᠮᠲᠠ᠂ ᠰᠦᠬᠡᠪᠠᠭᠠᠲᠤᠷ ᠪᠣᠭᠣᠮᠲᠠ᠂ ᠣᠷᠣᠰ᠎ᠤᠨ ᠨᠠᠦ᠋ᠱᠺᠢ ᠪᠣᠭᠣᠮᠲᠠ᠎ᠳᠦ ᠬᠢᠯᠢ᠎ᠪᠡᠷ ᠣᠷᠣᠵᠤ ᠭᠠᠷᠬᠤ ᠭᠠᠷᠳᠠᠮ᠎ᠢ ᠭᠦᠢᠴᠡᠳᠬᠡᠨ᠎ᠡ᠃

ᠡᠭᠦᠨ᠎ᠳᠦ᠂ ᠪᠡᠭᠡᠵᠢᠩ᠎ᠡᠴᠡ ᠢᠷᠺᠦ᠋ᠼᠺ ᠬᠥᠷᠬᠥ᠌ V3 ᠡᠭᠡᠯᠵᠢ᠎ᠶᠢᠨ ᠭᠠᠯᠲᠤ᠌ ᠲᠡᠷᠭᠡ ᠨᠢ ᠭᠠᠷᠠᠭ ᠪᠦᠷᠢ᠎ᠶᠢᠨ ᠭᠤᠷᠪᠠᠨ᠎ᠤ 7 ᠴᠠᠭ 27 ᠮᠢᠨᠦ᠋ᠲ (ᠪᠡᠭᠡᠵᠢᠩ᠎ᠦᠨ ᠴᠠᠭ᠂ ᠳᠣᠷᠣᠭᠰᠢ ᠠᠳᠠᠯᠢ)᠎ᠲᠦ ᠪᠡᠭᠡᠵᠢᠩ ᠥᠷᠲᠡᠭᠡ᠎ᠡᠴᠡ ᠮᠣᠷᠳᠠᠵᠤ᠂ ᠡᠷᠢᠶᠡᠨ ᠪᠣᠭᠣᠮᠲᠠ᠎ᠪᠠᠷ ᠬᠢᠯᠢ᠎ᠡᠴᠡ ᠭᠠᠷᠴᠤ᠌᠂ ᠵᠠᠮ᠎ᠤᠨ ᠡᠭᠦᠳᠡ ᠪᠣᠭᠣᠮᠲᠠ᠎ᠪᠠᠷ ᠮᠣᠩᠭᠣᠯ ᠤᠯᠤᠰ᠎ᠲᠤ᠌ ᠣᠷᠣᠵᠤ᠂ ᠬᠢᠯᠢ᠎ᠳᠦ ᠣᠷᠣᠬᠰᠡᠨ᠎ᠦ ᠳᠠᠷᠠᠭ᠎ᠠ ᠭᠠᠯᠲᠤ᠌ ᠲᠡᠷᠭᠡ ᠨᠢ 3 ᠳ᠋ᠤᠭᠠᠷ ᠡᠭᠡᠯᠵᠢ ᠵᠢᠨ ᠭᠠᠯᠳᠦ ᠳᠡᠷᠭᠡ ᠪᠣᠯᠵᠣ᠂ ᠲᠣᠰ ᠭᠠᠷᠠᠭ᠎ᠤᠨ ᠳᠥᠷᠪᠡᠨ᠎ᠦ 14 ᠴᠠᠭ 35 ᠮᠢᠨᠦ᠋ᠲ᠎ᠲᠦ᠍ ᠤᠯᠠᠭᠠᠨᠪᠠᠭᠠᠲᠤᠷ ᠥᠷᠲᠡᠭᠡᠨ᠎ᠳᠦ ᠬᠦᠷᠴᠦ᠍᠂ ᠰᠦᠬᠡᠪᠠᠭᠠᠲᠤᠷ ᠪᠣᠭᠣᠮᠲᠠ᠎ᠪᠠᠷ ᠬᠢᠯᠢ᠎ᠡᠴᠡ ᠭᠠᠷᠴᠤ᠌᠂ ᠨᠠᠦ᠋ᠱᠺᠢ ᠪᠣᠭᠣᠮᠲᠠ᠎ᠪᠠᠷ ᠳᠡᠮᠵᠢᠨ ᠣᠷᠣᠰ᠎ᠲᠤ᠌ ᠣᠷᠣᠵᠤ᠂ ᠲᠣᠰ ᠭᠠᠷᠠᠭ᠎ᠤᠨ ᠲᠠᠪᠤᠨ᠎ᠤ 14 ᠴᠠᠭ 55 ᠮᠢᠨᠦ᠋ᠲ᠎ᠲᠦ᠍ ᠢᠷᠺᠦ᠋ᠼᠺ ᠥᠷᠲᠡᠭᠡ᠎ᠳᠦ ᠬᠦᠷᠤᠨ᠎ᠠ; ᠢᠷᠺᠦ᠋ᠼᠺ᠎ᠠᠴᠠ ᠪᠡᠭᠡᠵᠢᠩ ᠬᠥᠷᠬᠥ᠌ 4 ᠳ᠋ᠤᠭᠡᠷ ᠡᠭᠡᠯᠵᠢ᠎ᠶᠢᠨ ᠭᠠᠯᠲᠤ᠌ ᠲᠡᠷᠭᠡ ᠭᠠᠷᠠᠭ᠎ᠪᠦᠷᠢ ᠵᠢᠨ ᠵᠢᠷᠭᠤᠭᠠᠨ᠎ᠤ 6 ᠴᠠᠭ 58 ᠮᠢᠨᠦ᠋ᠲ᠎ᠲᠦ᠍ ᠢᠷᠺᠦ᠋ᠼᠺ ᠥᠷᠲᠡᠭᠡ᠎ᠡᠴᠡ ᠮᠣᠷᠳᠠᠵᠤ᠂ ᠨᠠᠦ᠋ᠱᠺᠢ ᠪᠣᠭᠣᠮᠲᠠ᠎ᠪᠠᠷ ᠬᠢᠯᠢ᠎ᠡᠴᠡ ᠭᠠᠷᠴᠤ᠌᠂ ᠰᠦᠬᠡᠪᠠᠭᠠᠲᠤᠷ ᠪᠣᠭᠣᠮᠲᠠ᠎ᠪᠠᠷ ᠮᠣᠩᠭᠣᠯ ᠤᠯᠤᠰ᠎ᠲᠤ᠌ ᠣᠷᠣᠵᠤ᠂ ᠲᠣᠰ ᠭᠠᠷᠠᠭ᠎ᠤᠨ ᠡᠳᠦᠷ᠎ᠦᠨ 6 ᠴᠠᠭ 38 ᠮᠢᠨᠦ᠋ᠲ᠎ᠲᠦ᠍ ᠤᠯᠠᠭᠠᠨᠪᠠᠭᠠᠲᠤᠷ ᠥᠷᠲᠡᠭᠡ᠎ᠳᠦ ᠬᠦᠷᠴᠦ᠍᠂ ᠵᠠᠮ᠎ᠤᠨ ᠡᠭᠦᠳᠡ ᠪᠣᠭᠣᠮᠲᠠ᠎ᠪᠠᠷ ᠬᠢᠯᠢ᠎ᠡᠴᠡ ᠭᠠᠷᠴᠤ᠌᠂ ᠡᠷᠢᠶᠡᠨ ᠪᠣᠭᠣᠮᠲᠠ᠎ᠪᠠᠷ ᠳᠤᠮᠳᠠᠳᠤ ᠤᠯᠤᠰ᠎ᠲᠤ᠌ ᠣᠷᠣᠵᠤ᠂ ᠬᠢᠯᠢ᠎ᠳᠦ ᠣᠷᠣᠵᠤ ᠢᠷᠡᠭᠰᠡᠨ᠎ᠦ ᠳᠠᠷᠠᠭ᠎ᠠ V4 ᠡᠭᠡᠯᠵᠢ᠎ᠶᠢᠨ ᠭᠠᠯᠲᠤ᠌ ᠲᠡᠷᠭᠡ ᠪᠣᠯᠵᠣ᠂ ᠳᠠᠷᠠᠭ᠎ᠠ ᠭᠠᠷᠠᠭ᠎ᠤᠨ ᠨᠢᠭᠡᠨ᠎ᠦ ᠭᠢᠨᠢ 14 ᠴᠠᠭ 35 ᠮᠢᠨᠦ᠋ᠲ᠎ᠲᠦ᠍ ᠪᠡᠭᠡᠵᠢᠩ ᠥᠷᠲᠡᠭᠡ᠎ᠳᠦ ᠬᠥᠷᠬᠥ᠌ ᠪᠣᠯᠤᠨ᠎ᠠ᠃

ᠳᠤᠮᠳᠠᠳᠤ ᠮᠣᠩᠭᠣᠯ ᠣᠷᠣᠰ᠎ᠤᠨ ᠣᠯᠠᠨ ᠤᠯᠤᠰ᠎ᠤᠨ ᠠᠶᠠᠨᠴᠢᠳ᠎ᠤᠨ ᠭᠠᠯᠳᠦ ᠲᠡᠷᠭᠡ ᠪᠥᠬᠥ᠌ ᠶᠠᠪᠤᠴᠠ᠎ᠳᠤ᠎ᠪᠠᠨ 25G ᠬᠡᠯᠪᠡᠷᠢ᠎ᠶᠢᠨ ᠠᠭᠠᠷ ᠲᠣᠬᠢᠷᠠᠭᠤᠯᠤᠭᠴᠢ᠎ᠶᠢ ᠬᠡᠷᠡᠭᠯᠡᠵᠦ᠍᠂ ᠬᠠᠲᠠᠭᠤ ᠣᠷᠣ᠂ ᠳᠡᠭᠡᠳᠦ ᠳᠠᠰ᠎ᠤᠨ ᠵᠥᠭᠡᠯᠡᠨ ᠣᠷᠣ᠂ ᠴᠠᠬᠢᠯᠭᠠᠨ ᠭᠠᠷᠭᠠᠬᠤ ᠲᠡᠷᠭᠡ᠂ ᠬᠣᠭᠣᠯᠠᠨ᠎ᠤ ᠲᠡᠷᠭᠡ ᠵᠡᠷᠭᠡ ᠲᠡᠷᠭᠡ ᠬᠥᠰᠬᠡ᠎ᠪᠡᠷ ᠪᠦᠷᠢᠯᠳᠦᠵᠡᠶ᠃ ᠭᠠᠯᠲᠤ᠌ ᠲᠡᠷᠭᠡ ᠪᠡᠯᠡᠳᠬᠡᠯ ᠲᠥᠬᠥᠭᠡᠷᠦᠮᠵᠢ᠎ᠪᠡᠨ ᠰᠢᠯᠢᠳᠡᠭᠵᠢᠭᠦᠯᠵᠦ᠍᠂ ᠬᠠᠯᠠᠭᠤᠨ ᠳᠤᠯᠠᠭᠠᠨ ᠲᠠᠭᠠᠯᠠᠮᠵᠢᠲᠠᠶ ᠲᠡᠷᠭᠡᠨ᠎ᠳᠦ ᠰᠠᠭᠤᠬᠤ ᠣᠷᠴᠢᠨ ᠲᠣᠭᠣᠷᠢᠨ᠎ᠢ ᠪᠣᠶ ᠪᠣᠯᠭᠠᠨ᠂ ᠬᠢᠲᠠᠳ ᠬᠣᠭᠣᠯᠠ᠂ ᠧᠦ᠋ᠷᠣᠫᠠ ᠬᠣᠭᠣᠯᠠ ᠵᠡᠷᠭᠡ ᠡᠯ᠎ᠡ ᠲᠥᠷᠥᠯ᠎ᠦᠨ ᠬᠣᠭᠣᠯᠠ ᠪᠤᠳᠠᠭ᠎ᠠ ᠬᠠᠩᠭᠠᠵᠤ᠂ ᠠᠶᠠᠨᠴᠢᠳ᠎ᠤᠨ ᠣᠯᠠᠨ ᠡᠰᠢᠵᠢᠭᠰᠡᠨ ᠶᠠᠪᠤᠵᠤ ᠰᠠᠭᠤᠬᠤ ᠬᠡᠷᠡᠭᠴᠡᠭᠡ ᠱᠠᠭᠠᠷᠳᠠᠯᠭ᠎ᠠ᠎ᠶᠢ ᠬᠠᠩᠭᠠᠬᠤ ᠪᠤᠯᠤᠨ᠎ᠠ᠃

ᠣᠳᠣᠬᠠᠨ᠎ᠳᠤ᠂ ᠪᠡᠭᠡᠵᠢᠩ ᠡᠴᠡ ᠤᠯᠠᠭᠠᠨᠪᠠᠭᠠᠲᠤᠷ ᠢᠷᠺᠦ᠋ᠼᠺ ᠬᠥᠷᠬᠥ᠌ V3/4 ᠡᠭᠡᠯᠵᠢ᠎ᠶᠢᠨ ᠳᠤᠮᠳᠠᠳᠤ ᠮᠣᠩᠭᠣᠯ ᠣᠷᠣᠰ᠎ᠤᠨ ᠣᠯᠠᠨ ᠤᠯᠤᠰ᠎ᠤᠨ ᠠᠶᠠᠨᠴᠢᠳ᠎ᠤᠨ ᠭᠠᠯᠲᠤ᠌ ᠲᠡᠷᠭᠡᠨ᠎ᠦ ᠪᠢᠯᠧᠲ᠎ᠢ ᠨᠢᠭᠡᠨᠲᠡ ᠬᠤᠳᠠᠯᠳᠤᠵᠤ ᠡᠬᠢᠯᠡᠭᠰᠡᠨ ᠪᠥᠭᠡᠳ ᠠᠶᠠᠨᠴᠢᠳ ᠪᠡᠭᠡᠵᠢᠩ᠂ ᠡᠷᠢᠶᠡᠨ ᠬᠣᠲᠠ᠎ᠶᠢᠨ ᠣᠯᠠᠨ ᠤᠯᠤᠰ᠎ᠤᠨ ᠬᠠᠮᠲᠤᠷᠠᠭᠰᠠᠨ ᠲᠡᠭᠡᠭᠡᠪᠦᠷᠢ᠎ᠶᠢᠨ ᠣᠷᠣᠯᠠᠨ ᠬᠤᠳᠠᠯᠳᠤᠬᠤ ᠭᠠᠵᠠᠷ᠎ᠲᠤ᠌ ᠭᠠᠯᠲᠤ ᠲᠡᠷᠭᠡᠨ ᠪᠢᠯᠧᠲ ᠬᠤᠳᠠᠯᠳᠤᠨ ᠠᠪᠴᠤ᠌ ᠪᠣᠯᠤᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面