ᠲᠡᠷᠢᠭᠦᠨ ᠨᠢᠭᠤᠷ>ᠵᠢᠷᠭᠢᠶ᠎ᠡ>ᠮᠡᠳᠡᠭᠡᠯᠡᠯ

2025-10-13 17:10:11

ᠵᠣᠬᠢᠶᠠᠭ᠍ᠴᠢ᠄ ​ ᠴᠠᠢ ᠰᠧ ᠶᠤᠸᠠᠨ ᠣᠩᠱᠢᠭ᠍ᠰᠠᠨ ᠣᠳᠠᠭ᠎ᠠ᠄ 3

10 ᠰᠠᠷ᠎ᠠ᠎ᠶᠢᠨ 12᠎ᠤᠨ ᠡᠳᠦᠷ᠂ 2025 ᠣᠨ ᠤ᠋ ᠢᠯᠢ·ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠥᠯ ᠪᠥᠮᠪᠥᠭᠡ᠎ᠶᠢᠨ ᠬᠡᠳᠤ ᠲᠠᠰ᠎ᠤᠨ ᠬᠣᠯᠪᠣᠭᠠᠲᠤ ᠤᠷᠤᠯᠳᠤᠭᠠᠨ᠎ᠤ ᠬᠠᠭᠠᠰ ᠰᠢᠢᠳᠪᠦᠷᠢᠲᠦ ᠤᠷᠤᠯᠳᠤᠭᠠᠨ᠎ᠤ ᠬᠣᠶᠠᠳᠤᠭᠠᠷ ᠡᠭᠡᠯᠵᠢ᠎ᠶᠢᠨ ᠤᠷᠤᠯᠳᠤᠭᠠᠨ ᠶᠠᠪᠤᠬᠳᠠᠵᠥ᠂ ᠬᠥᠬᠡᠬᠣᠲᠠ᠎ᠶᠢᠨ ᠠᠨᠭᠬᠢ ᠵᠤᠴᠢᠨ ᠲᠠᠯᠠᠪᠤᠷ ᠲᠤ᠌ 2᠄1 ᠪᠡᠷ ᠤᠯᠠᠭᠠᠨᠬᠠᠳᠠ᠎ᠶᠢᠨ ᠠᠩᠭᠢ᠎ᠶᠢ ᠢᠯᠠᠵᠤ᠂ ᠰᠢᠢᠳᠪᠦᠷᠢᠲᠦ ᠤᠷᠤᠯᠳᠤᠭᠠᠨ᠎ᠳᠤ ᠠᠮᠵᠢᠯᠳᠠ ᠳᠠᠢ ᠳᠡᠪᠰᠢᠪᠡ᠃ ᠨᠦᠬᠦᠭᠡ ᠨᠢᠭᠡ ᠳᠠᠯᠠᠪᠠᠢ ᠤᠷᠤᠯᠳᠤᠭᠠᠨ᠎ᠳᠤ᠂ ᠲᠦᠩᠯᠢᠶᠣᠣ᠎ᠶᠢᠨ ᠠᠩᠭᠢ ᠡᠵᠡᠨ ᠳᠠᠯᠠᠪᠤᠷ ᠲᠤ᠌ 1᠄ 0 ᠵᠢᠡᠷ ᠤᠯᠠᠭᠠᠨᠴᠠᠪ ᠎ᠤᠨ ᠠᠩᠭᠢ ᠎ᠶᠢ ᠢᠯᠠᠵᠤ᠂ ᠰᠢᠢᠳᠪᠦᠷᠢᠲᠦ ᠤᠷᠤᠯᠳᠤᠭᠠᠨ᠎ᠳᠤ ᠠᠮᠵᠢᠯᠲᠠ᠎ᠲᠠᠢ ᠳᠡᠪᠰᠢᠵᠡᠢ᠃

ᠲᠤᠬᠠᠢ᠎ᠶᠢᠨ ᠡᠳᠦᠷ᠎ᠦᠨ16 ᠴᠠᠭ᠎ᠲᠤ᠂ ᠤᠯᠠᠭᠠᠨᠬᠠᠳᠠ᠎ᠶᠢᠨ ᠠᠩᠭᠢ ᠪᠣᠯᠣᠨ ᠬᠥᠬᠡᠬᠣᠲᠠ᠎ᠶᠢᠨ ᠠᠩᠭᠢ᠎ᠶᠢᠨ ᠤᠷᠤᠯᠳᠤᠭᠠᠨ ᠬᠠᠮᠤᠭ᠎ᠤᠨ ᠲᠦᠷᠦᠭᠦᠨ᠎ᠳᠦ ᠡᠬᠢᠯᠡᠪᠡ᠃ ᠠᠩᠬᠠᠨ᠎ᠤ ᠨᠤᠭᠤᠯᠤᠭᠠᠨ᠎ᠳᠤ᠂ ᠬᠥᠬᠡᠬᠣᠲᠠ᠎ᠶᠢᠨ ᠠᠩᠭᠢ ᠡᠵᠡᠨ ᠲᠠᠯᠠᠪᠠᠢ᠎ᠳᠤ 2᠄1ᠶ᠋ᠢᠨ ᠬᠠᠷᠢᠴᠠᠯ᠎ᠢᠶᠠᠷ ᠢᠯᠠᠯᠲᠠ ᠣᠯᠪᠠ᠃ ᠤᠷᠤᠯᠳᠤᠭᠠᠨ ᠡᠬᠢᠯᠡᠭᠡᠳ ᠨᠢᠭᠡ ᠮᠢᠨᠦ᠋ᠲ ᠪᠣᠯᠣᠭ᠎ᠠ ᠦᠭᠡᠢ᠎ᠪᠡᠷ ᠬᠥᠬᠡᠬᠣᠲᠠ᠎ᠶᠢᠨ ᠠᠩᠬᠢ ᠵᠢᠨ ᠲᠠᠮᠢᠷᠴᠢᠨ ᠸᠢᠨᠢᠰᠢᠤᠰ ᠬᠤᠪᠢ ᠣᠯᠵᠥ᠂1᠄0᠎ᠢᠶᠡᠷ ᠤᠷᠢᠲᠠᠪᠠ᠃ ᠤᠷᠤᠯᠳᠤᠭᠠᠨ ᠳᠣᠣᠷ᠎ᠠ ᠬᠠᠭᠠᠰ ᠲᠠᠯᠠᠪᠤᠷ᠎ᠲᠤ ᠬᠦᠷᠬᠦ ᠦᠶ᠎ᠡ᠎ᠳᠦ᠂ ᠬᠣᠶᠠᠷ ᠲᠠᠯ᠎ᠠ᠎ᠪᠠᠷ᠎ᠢᠶᠠᠨ ᠲᠣᠰᠪᠣᠷᠢ ᠨᠢᠭᠡ ᠪᠥᠮᠪᠥᠭᠡ ᠣᠷᠣᠭᠤᠯᠵᠤ᠂ ᠡᠴᠦᠰ᠎ᠲᠡᠬᠡᠨ ᠤᠯᠠᠭᠠᠨᠬᠠᠳᠠ᠎ᠶᠢᠨ ᠠᠩᠭᠢ᠎ᠶᠢᠨ ᠡᠵᠡᠨ ᠲᠠᠯᠠᠪᠤᠷ ᠲᠤ᠌1᠄ 2 ᠎ᠢᠶᠠᠷ ᠬᠥᠬᠡᠬᠣᠲᠠ᠎ᠶᠢᠨ ᠠᠩᠭᠢ᠎ᠳᠤ ᠳᠡᠢᠯᠦᠭᠳᠡᠪᠡ᠃ ᠬᠥᠬᠡᠬᠣᠲᠠ᠎ᠶᠢᠨ ᠠᠩᠭᠢ ᠬᠣᠶᠠᠷ ᠨᠤᠭᠤᠯᠤᠭᠠᠨ᠎ᠳᠤ 4᠄2 ᠵᠢᠡᠷ ᠢᠯᠠᠵᠤ᠂ ᠰᠢᠢᠳᠪᠦᠷᠢᠲᠦ ᠤᠷᠤᠯᠳᠤᠭᠠᠨ ᠳ᠋ᠤ᠎ᠠᠮᠵᠢᠯᠳᠠ ᠳᠠᠢ ᠣᠷᠣᠪᠠ ᠃

ᠲᠤᠬᠠᠢ᠎ᠶᠢᠨ ᠡᠳᠦᠷ᠎ᠦᠨ 19 ᠴᠠᠭ᠎ᠲᠤ᠂ ᠪᠠᠰᠠ ᠨᠢᠭᠡ ᠬᠠᠭᠠᠰ ᠰᠢᠢᠳᠪᠦᠷᠢᠲᠦ ᠤᠷᠤᠯᠳᠤᠭᠠᠨ ᠲᠦᠩᠯᠢᠶᠣᠣ᠎ᠶᠢᠨ ᠠᠩᠭᠢ ᠪᠣᠯᠣᠨ ᠤᠯᠠᠭᠠᠨᠴᠠᠪ᠎ᠤᠨ ᠠᠩᠭᠢ᠎ᠶᠢᠨ ᠬᠣᠭᠣᠷᠣᠨᠳᠤ ᠶᠠᠪᠤᠭᠳᠠᠪᠠ᠃ ᠲᠦᠩᠯᠢᠶᠣᠣ᠎ᠶᠢᠨ ᠠᠩᠭᠢ ᠡᠵᠡᠨ ᠳᠠᠯᠠᠪᠤᠷ ᠲᠡᠬᠢ ᠪᠥᠮᠪᠥᠭᠡᠨ ᠬᠤᠷᠤᠬᠠᠢ᠍ᠢᠲᠠᠨ᠎ᠤ ᠤᠬᠠᠢᠯᠠᠬᠤ ᠳᠠᠭᠤᠨ ᠳᠤᠮᠳᠠ᠂ ᠲᠠᠯᠠᠪᠤᠷ᠎ᠤᠨ ᠰᠠᠨᠠᠭᠠᠴᠢᠯᠠᠭᠠᠲᠤ ᠡᠷᠬᠡ᠎ᠶᠢ ᠡᠵᠡᠯᠡᠵᠦ᠂ ᠤᠯᠠᠭᠠᠨᠴᠠᠪ᠎ᠤᠨ ᠠᠩᠭᠢ᠎ᠶᠢᠨ ᠪᠥᠮᠪᠥᠭᠡᠨ ᠡᠭᠦᠳᠡᠨ᠎ᠳᠦ ᠪᠠᠢᠨ ᠳᠠᠬᠢᠨ ᠰᠦᠷᠳᠡᠭᠦᠯᠦᠯ ᠪᠣᠯᠵᠤ᠂ 37 ᠮᠢᠨᠦ᠋ᠲ᠎ᠲᠦ ᠨᠢᠭᠡ ᠪᠥᠮᠪᠥᠭᠡ ᠣᠷᠣᠭᠤᠯᠵᠤ᠂ ᠳᠡᠭᠡᠷ᠎ᠡ ᠬᠠᠭᠠᠰ ᠲᠠᠯᠠᠪᠤᠷ᠎ᠲᠤ1᠄0 ᠎ᠢᠶᠠᠷ ᠤᠷᠢᠲᠠᠵᠤ ᠪᠠᠢᠪᠠ᠃ ᠳᠣᠣᠷ᠎ᠠ ᠬᠠᠭᠠᠰ ᠲᠠᠯᠠᠪᠤᠷ᠎ᠲᠤ ᠤᠯᠠᠭᠠᠨᠴᠠᠪ ᠎ᠤᠨ ᠠᠩᠭᠢ ᠬᠡᠳᠦᠢᠪᠡᠷ ᠬᠦᠴᠦᠯᠡᠨ ᠳᠠᠭᠠᠷᠢᠭᠰᠠᠨ ᠪᠣᠯᠪᠠᠴᠤ ᠪᠥᠮᠪᠥᠭᠡ ᠣᠷᠣᠭᠤᠯᠵᠤ ᠳᠡᠢᠯᠦᠭᠰᠡᠨ ᠦᠭᠡᠢ᠃ᠲᠦᠩᠯᠢᠶᠣᠣ᠎ᠶᠢᠨ ᠠᠩᠭᠢ1᠄0 ᠵᠢᠡᠷ ᠰᠢᠢᠳᠪᠦᠷᠢᠲᠦ ᠤᠷᠤᠯᠳᠤᠭᠠᠨ᠎ᠳᠤ ᠠᠮᠵᠢᠯᠲᠠ᠎ᠲᠠᠢ ᠳᠡᠪᠰᠢᠪᠡ᠃

ᠥᠪᠦᠷ ᠮᠣᠩᠭᠣᠯ᠎ᠤᠨ ᠬᠦᠯ ᠪᠦᠮᠪᠦᠭᠡ ᠵᠢᠨ ᠬᠡᠲᠦ ᠳᠡᠰ᠎ᠤᠨ ᠬᠣᠯᠪᠣᠭᠠᠲᠤ ᠤᠷᠤᠯᠳᠤᠭᠠᠨ᠎ᠤ ᠰᠢᠢᠳᠪᠦᠷᠢᠲᠦ ᠤᠷᠤᠯᠳᠤᠭᠠᠨ᠎ᠤ ᠠᠩᠬᠠᠨ᠎ᠤ ᠨᠤᠭᠤᠯᠤᠭᠠᠨ᠎ᠤ ᠦᠵᠡᠯᠴᠡᠭᠡᠨ 10 ᠰᠠᠷ᠎ᠠ᠎ᠶᠢᠨ 18᠎ᠤ ᠡᠳᠦᠷ ᠶᠠᠪᠤᠭᠳᠠᠵᠤ᠂ ᠬᠣᠶᠠᠳᠤᠭᠠᠷ ᠨᠤᠭᠤᠯᠤᠭᠠᠨ᠎ᠤ ᠦᠵᠡᠯᠴᠡᠭᠡᠨ 10 ᠰᠠᠷ᠎ᠠ᠎ᠶᠢᠨ 25᠎ᠤ ᠡᠳᠦᠷ ᠶᠠᠪᠤᠭᠳᠠᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面